︽ᠵᠤᠭᠰᠤ︾ ᠪᠤᠯ ᠮᠤᠩᠭᠤᠯᠴᠤᠳ ᠤᠨ ᠠᠮᠳᠠᠳᠠᠶᠢᠬᠠᠨ ᠢᠳᠡᠳᠡᠭ ᠪᠠᠩᠰᠢ ᠶᠢᠨ ᠮᠤᠩᠭᠤᠯ ᠨᠠᠷᠠᠶᠢᠳᠤᠯ ᠪᠤᠯᠬᠤ ᠶᠤᠮ
ᠨᠡᠶᠢᠲᠡᠯᠡᠭᠰᠡᠨ ᠴᠠᠭ᠄
2019/12/11
ᠬᠤᠪᠢᠯᠠᠢ ᠬᠠᠭᠠᠨ ᠶᠡᠭᠡ ᠶᠤᠸᠠᠨ ᠤᠯᠤᠰ ᠢ ᠪᠠᠶᠢᠭᠤᠯᠤᠭᠰᠠᠨ ᠤ ᠲᠠᠷᠠᠭ᠎ᠠ ᠲᠦᠷᠦ ᠲᠦᠪᠰᠢᠨ᠂ ᠲᠦᠮᠠᠨ ᠠᠮᠤᠭᠤᠯᠠᠩ ᠪᠤᠯᠤᠭᠰᠠᠨ ᠪᠤᠯᠬᠤᠷ ᠨᠢᠭᠡᠨ ᠤᠳᠠᠭ᠎ᠠ ᠵᠠᠩᠵᠤᠨ ᠴᠡᠷᠢᠭ ᠢᠶᠠᠨ ᠪᠠᠶᠠᠰᠬᠠᠬᠤ ᠶᠡᠭᠡ ᠠᠪᠠ ᠬᠤᠮᠤᠷᠠᠭ᠎ᠠ ᠲᠠᠯᠪᠢᠭᠰᠠᠨ ᠭᠡᠨ᠎ᠠ᠃ ᠬᠤᠪᠢᠯᠠᠢ ᠬᠠᠭᠠᠨ ᠵᠠᠩᠵᠤᠨ ᠴᠡᠷᠢᠭ ᠢᠶᠠᠨ ᠲᠠᠭᠠᠭᠤᠯᠤᠨ ᠤᠮᠠᠷᠠᠰᠢ ᠮᠤᠷᠳᠠᠨ ᠶᠠᠪᠤᠵᠤ ᠪᠠᠶᠢᠳᠠᠯ᠎ᠠ ᠪᠠᠨ ᠠᠯᠤᠰ ᠤᠨ ᠦᠵᠤᠭᠦᠷ ᠢᠶᠠᠷ ᠨᠢᠭᠡᠨ ᠦᠨᠳᠡᠭᠡᠨ ᠴᠠᠭᠠᠨ ᠮᠤᠩᠭᠤᠯ ᠭᠡᠷ ᠬᠠᠷᠠᠭᠳᠠᠪᠠ᠃ ᠭᠡᠷ ᠲᠤᠨᠢ ᠪᠠᠭᠤᠬᠤᠯᠠᠷ ᠡᠪᠤᠭᠡᠨ ᠡᠮᠡᠭᠡᠨ ᠬᠤᠶᠠᠭᠤᠯᠠ ᠠᠮᠢᠳᠤᠷᠠᠵᠤ ᠪᠠᠶᠢᠭᠰᠠᠨ ᠭᠡᠨ᠎ᠠ᠃ ᠡᠪᠤᠭᠡᠨ ᠡᠮᠡᠭᠡᠨ ᠬᠤᠶᠠᠭᠤᠯᠠ ᠠᠳᠠᠭᠠᠷ ᠲᠦᠭᠦᠷᠡᠩ ᠪᠠᠩᠰᠢ ᠪᠠᠷᠢᠭᠠᠳ ᠪᠠᠶᠢᠭᠰᠠᠨ ᠶᠤᠮ ᠪᠠᠶᠢᠨ᠎ᠠ᠃ ᠲᠠᠭᠡᠭᠡᠳ ᠪᠠᠩᠰᠢ ᠪᠠᠨ ᠴᠢᠨᠠᠭᠠᠳ ᠬᠤᠪᠢᠯᠠᠢ ᠬᠠᠭᠠᠨ ᠳᠤ ᠪᠠᠷᠢᠭᠰᠠᠨ ᠳᠤ ᠬᠠᠭᠠᠨ ᠠᠮᠰᠠᠵᠤ ᠦᠵᠡᠭᠡᠳ᠄ ︽ᠠ ᠳ᠋ᠠ︕ ᠦᠨᠡᠭᠡᠷ ᠲᠠᠯᠠᠭᠡᠢ ᠳᠤ ᠬᠤᠤᠰ ᠦᠭᠡᠢ ᠠᠮᠳᠠᠳᠤ ᠬᠤᠭᠤᠯᠠ ᠪᠠᠶᠢᠨ᠎ᠠ︾ ᠭᠡᠵᠤ ᠱᠠᠭᠰᠢᠬᠤ ᠶᠢᠨ ᠲᠠᠭᠠᠤ᠄ ︽ᠡᠨᠡ ᠴᠢᠨᠢ ᠶᠠᠮᠠᠷ ᠬᠤᠭᠤᠯᠠ ᠪᠤᠢ︾ ᠭᠡᠵᠤ ᠠᠰᠠᠭᠤᠭᠰᠠᠨ ᠳᠤ ᠡᠪᠤᠭᠡᠨ ᠡᠮᠡᠭᠡᠨ ᠬᠤᠶᠠᠷ᠄ ︽ᠡᠭᠦᠨ ᠢ ᠵᠤᠭᠰᠤ ᠭᠡᠳᠡᠭ ᠶᠤᠮ᠃ ᠨᠢᠭᠡ ᠨᠢᠭᠡ ᠪᠠᠷ ᠪᠠᠷᠢᠭᠠᠳ ᠵᠤᠭᠰᠤᠭᠠᠵᠤ ᠲᠠᠯᠪᠢᠳᠠᠭ ᠪᠤᠯᠬᠤᠷ ᠢᠡᠭᠭᠢᠵᠤ ᠨᠠᠷᠠᠯᠠᠵᠠᠢ︾ ᠭᠡᠪᠡ᠃ ᠬᠠᠭᠠᠨ ᠪᠠᠰᠠ᠄ ︽ᠵᠤᠭᠰᠤ ᠶᠢᠨ ᠳᠤᠳᠤᠷᠠᠭᠢ ᠠᠮᠳᠠᠳᠤ ᠢᠳᠡᠭᠡᠨ ᠢ ᠨᠢ ᠶᠠᠭᠤ ᠪᠠᠷ ᠭᠢᠪᠠ︖︾ ᠭᠡᠵᠤ ᠨᠢᠭᠳᠠᠯᠠᠨ ᠠᠰᠠᠭᠤᠭᠰᠠᠨ ᠳᠤ ᠡᠪᠤᠭᠡᠨ᠄ ︽ᠵᠤᠭᠰᠤ ᠶᠢᠨ ᠳᠤᠳᠤᠷᠠᠭᠢ ᠪᠤᠭᠤᠵᠤ ᠭᠢᠭᠰᠡᠨ ᠢ ᠰᠢᠮᠡᠰ ︵ᠰᠢᠮ᠎ᠠ ᠭᠡᠭᠦ ᠤᠳᠬ᠎ᠠ ᠲᠠᠢ︶ ᠭᠡᠳᠡᠭ᠃ ᠬᠤᠨᠢᠨ ᠮᠢᠬ᠎ᠠ ᠪᠠᠷ ᠭᠢᠪᠠᠯ ᠬᠤᠨᠢᠨ ᠮᠢᠬᠠᠨ ᠤ ᠰᠢᠮᠠᠰ ᠲᠠᠢ ᠵᠤᠭᠰᠤ ᠭᠡᠵᠤ᠂ ᠦᠭᠡᠷ ᠤᠨ ᠮᠢᠬ᠎ᠠ ᠪᠠᠷ ᠭᠢᠪᠠᠯ ᠦᠭᠡᠷ ᠤᠨ ᠮᠢᠬᠠᠨ ᠤ ᠰᠢᠮᠠᠰ ᠲᠠᠢ ᠵᠤᠭᠰᠤ ᠭᠡᠳᠡᠭ︾ ᠭᠡᠵᠤ ᠲᠠᠶᠢᠯᠪᠤᠷᠢᠯᠠᠪᠠ᠃ ᠬᠤᠵᠢᠮ ᠨᠢ ᠬᠤᠪᠢᠯᠠᠢ ᠬᠠᠭᠠᠨ ᠠᠴᠠ ᠡᠪᠤᠭᠡᠨ ᠡᠮᠡᠭᠡᠨ ᠬᠤᠶᠠᠷ ᠢ ᠨᠠᠶᠢᠰᠯᠠᠯ ᠳᠠᠭᠠᠨ ᠠᠪᠴᠢᠷᠠᠨ ᠳᠤᠰᠬᠠᠢᠢᠯᠠᠨ ︽ᠵᠤᠭᠰᠤ︾ ᠭᠢᠯᠭᠡᠭᠦ ᠪᠤᠯᠤᠭᠰᠠᠨ ᠪᠦᠭᠡᠳ ︽ᠵᠤᠭᠰᠤ︾ ᠪᠠᠷ ᠤᠷᠳᠤᠨ ᠤ ᠪᠠᠨ ᠭᠤᠤᠯ ᠢᠳᠡᠭᠡᠨ ᠤ ᠨᠢᠭᠡ ᠶᠢ ᠪᠤᠯᠭᠠᠭᠰᠠᠨ ᠭᠡᠳᠡᠭ᠃ ᠢᠡᠭᠭᠢᠭᠡᠳ ᠲᠠᠶᠠᠩ ᠳᠤ ᠠᠯᠳᠠᠷᠰᠢᠭᠰᠠᠨ ᠪᠡᠭᠡᠵᠢᠩ ᠪᠠᠩᠰᠢ ᠢ ᠪᠤᠢ ᠪᠤᠯᠭᠠᠵᠠᠢ᠃ ︽ᠵᠤᠭᠰᠤ︾ ᠪᠤᠯ ᠮᠤᠩᠭᠤᠯᠴᠤᠳ ᠤᠨ ᠠᠮᠳᠠᠳᠠᠶᠢᠬᠠᠨ ᠢᠳᠡᠳᠡᠭ ᠪᠠᠩᠰᠢ ᠶᠢᠨ ᠮᠤᠩᠭᠤᠯ ᠨᠠᠷᠠᠶᠢᠳᠤᠯ ᠪᠤᠯᠬᠤ ᠶᠤᠮ᠃ ᠲᠠᠭᠡᠭᠡᠳ ᠭᠡᠳᠤᠨ ᠵᠠᠭᠤᠨ ᠵᠢᠯ ᠤᠨ ᠲᠦᠷᠦ ᠭᠦᠷᠤᠨ ᠤ ᠰᠤᠯᠢᠭᠳᠠᠯ᠂ ᠨᠠᠶᠢᠭᠡᠮ ᠤᠨ ᠬᠤᠪᠢᠰᠤᠯᠳᠠ ᠶᠢ ᠲᠠᠭᠠᠯᠳᠤᠨ ᠭᠢᠳᠠᠳ ᠦᠨᠳᠤᠰᠤᠳᠠᠨ ᠤ ᠭᠡᠯᠡ ᠠᠪᠢᠶᠠᠨ ᠳᠤ ᠢᠵᠢᠯᠢᠰᠢᠨ ᠠᠭᠤᠰᠴᠤ ︽ᠵᠤᠭᠰᠤ︾ ᠭᠡᠰᠡᠨ ᠮᠤᠩᠭᠤᠯ ᠦᠭᠡ ︽ᠵᠢᠶᠤᠤᠽᠢ︾ ᠭᠡᠵᠤ ᠲᠠᠭᠤᠳᠠᠭᠳᠠᠵᠤ᠂ ︽ᠰᠢᠮᠠᠰ︾ ᠭᠡᠰᠡᠨ ᠮᠤᠩᠭᠤᠯ ᠦᠭᠡ ︽ᠰᠢᠶᠠᠨᠽᠢ︾ ᠭᠡᠵᠤ ᠲᠠᠭᠤᠳᠠᠭᠳᠠᠨ ᠤᠳᠤ ᠪᠤᠯᠬᠤ ᠳᠤ ︽ᠵᠤᠭᠰᠤ︾ ᠭᠡᠭᠦ ᠮᠤᠩᠭᠤᠯ ᠨᠠᠷ᠎ᠠ ᠦᠭᠡᠢ ᠪᠤᠯᠤᠭᠰᠠᠨ ᠪᠠᠶᠢᠨ᠎ᠠ᠃ ᠤᠳᠤ ᠶᠢᠨ ᠮᠤᠩᠭᠤᠯᠴᠤᠳ ᠤᠨ ᠨᠠᠷᠠᠯᠠᠵᠤ ᠲᠠᠳᠤᠭᠰᠠᠨ ᠪᠠᠩᠰᠢ ︵ᠪᠢᠶᠠᠨᠰᠢ︶ ᠪᠤᠯ ᠭᠢᠳᠠᠳ ᠭᠡᠯᠡᠨ ᠤ ᠲᠦᠭᠦᠮ ᠢᠳᠡᠭᠡᠨ ᠭᠡᠰᠡᠨ ᠦᠭᠡ ᠪᠤᠯᠤᠨ᠎ᠠ᠃ ᠮᠤᠩᠭᠤᠯ ᠤᠷᠤᠨ ᠳᠤ ᠡᠪᠤᠯ ᠤᠨ ᠡᠭᠢ ᠢᠷᠡᠵᠤ᠂ ᠬᠠᠭᠢᠷ ᠭᠦᠢᠳᠠᠨ ᠪᠤᠯᠬᠤ ᠲᠠᠢ ᠵᠡᠷᠭᠡ ᠪᠤᠭᠤᠳᠠᠢ ᠶᠢᠨ ᠭᠤᠯᠢᠷ ᠢᠶᠠᠨ ᠨᠤᠬᠤᠵᠤ᠂ ᠬᠤᠨᠢᠨ ᠮᠢᠬᠠᠨ ᠤ ᠰᠢᠮᠠᠰ ᠪᠠᠵᠠᠭᠠᠭᠠᠳ ᠲᠠᠭᠠᠷᠴᠤᠭ ᠢᠶᠠᠷ ︽ᠵᠤᠭᠰᠤ︾ ᠪᠠᠷᠢᠵᠤ ᠭᠦᠯᠳᠡᠭᠡᠵᠤ ᠠᠪᠤᠭᠠᠳ ᠡᠪᠤᠯ ᠬᠠᠪᠤᠷ ᠲᠠᠭᠠᠨ ᠨᠦᠭᠡᠴᠢᠯᠠᠵᠤ ᠢᠳᠡᠳᠡᠭ ᠨᠠᠭᠦᠳᠠᠯ ᠠᠮᠢᠳᠤᠷᠠᠯ ᠤᠨ ᠤᠨᠴᠠᠯᠢᠭ ᠲᠤ ᠳᠤᠭᠢᠷᠠᠭᠰᠠᠨ ᠲᠦᠭᠦᠮ ᠢᠳᠡᠭᠡᠨ ᠪᠤᠯᠭᠠᠳᠠᠭ ᠪᠦᠭᠡᠳ ᠴᠡᠷᠢᠭ ᠲᠠᠶᠢᠨ ᠤ ᠪᠠᠴᠢᠮ ᠦᠶᠡᠰ ᠲᠤ ᠭᠡᠭᠡᠷ᠎ᠠ ᠭᠠᠳᠠᠨ᠎ᠠ ᠵᠦᠭᠡᠭᠡᠪᠤᠷᠢᠯᠡᠭᠦ ᠳᠤ ᠠᠮᠠᠷᠬᠠᠨ ᠪᠤᠯᠬᠤᠷ ᠮᠤᠩᠭᠤᠯᠴᠤᠳ ᠪᠠᠰᠠ ︽ᠲᠦᠭᠦᠮ ᠢᠳᠡᠭᠡᠨ︾ ᠭᠡᠵᠤ ᠨᠠᠷᠠᠯᠠᠵᠤ ᠪᠠᠶᠢᠭᠰᠠᠨ ᠢᠶᠠᠷ ᠰᠠᠭᠦᠯ ᠤᠨ ᠦᠶ᠎ᠠ ᠳᠤ ᠭᠢᠳᠠᠳ ᠤᠷᠴᠢᠭᠤᠯᠭ᠎ᠠ ᠶᠢᠨ ᠪᠢᠶᠠᠨᠰᠢ ᠭᠡᠵᠤ ᠨᠠᠷᠠᠯᠡᠭᠦ ᠪᠤᠯᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号