ᠮᠠᠯ ᠰᠥᠷᠥᠭ ᠰᠢᠨᠡᠯᠡᠬᠦᠯᠬᠦ ᠵᠠᠩ ᠤᠶᠢᠯᠡ ᠶᠢᠨ ᠲᠤᠬᠠᠢ
ᠨᠡᠶᠢᠲᠡᠯᠡᠭᠰᠡᠨ ᠴᠠᠭ᠄
2019/12/11
ᠮᠤᠩᠭᠤᠯᠴᠤᠤᠡ ᠰᠢᠨ᠎ᠡ ᠵᠢᠯ ᠴᠠᠭᠠᠨ ᠰᠠᠷ᠎ᠠ ᠳᠠᠭᠠᠨ ᠦᠪᠡᠷᠰᠡᠤᠡ ᠢᠶᠠᠨ ᠰᠠᠶᠢᠨ‌‍ᠰᠠᠶᠢᠬᠠᠨ ᠰᠢᠨᠡᠯᠡᠬᠦ ᠪᠠᠷ ᠪᠠᠷᠠᠬᠤ ᠥᠬᠡᠢ ᠠᠮᠢᠳᠤᠷᠠᠯ ᠤᠨ ᠢᠶᠠᠨ ᠡᠬᠢ ᠥᠨᠳᠥᠰᠥ ᠪᠤᠯᠬᠤ ᠮᠠᠯ ᠰᠥᠷᠥᠭ ᠢᠶᠠᠨ ᠴᠦ ᠰᠠᠶᠢᠬᠠᠨ ᠰᠢᠨᠡᠯᠡᠬᠦᠯᠵᠤ ᠪᠠᠶᠠᠰᠬᠠᠳᠠᠭ ᠵᠠᠩ ᠤᠶᠢᠯᠡ ᠲᠠᠢ ᠪᠢᠯᠡ᠃ ᠮᠤᠩᠭᠤᠯᠴᠤᠤᠡ ᠮᠠᠯ ᠰᠥᠷᠥᠭ ᠢᠶᠠᠨ ᠰᠢᠨᠡᠯᠡᠬᠦᠯᠬᠦ ᠳᠡᠭᠡᠨ ᠭᠤᠤᠯᠳᠠᠭᠤ ᠭᠠᠷ ᠮᠠᠯ ᠢᠶᠠᠨ ᠰᠢᠨᠡᠯᠡᠬᠦᠯᠵᠤ᠂ ᠬᠡᠬᠡᠷ᠎ᠡ  ᠶᠢᠨ ᠮᠠᠯ ᠰᠥᠷᠥᠭ ᠢᠶᠠᠨ ᠤᠨᠤᠭᠠᠷᠢ ᠶᠢᠨ ᠮᠤᠷᠢ᠂ ᠠᠳᠠ ᠪᠠᠷ ᠢᠶᠠᠨ ᠲᠦᠯᠦᠬᠡᠯᠡᠬᠦᠯᠳᠡᠭ ᠪᠠᠶᠢᠨ᠎ᠠ᠃ ᠮᠠᠯ ᠰᠥᠷᠥᠭ ᠢᠶᠠᠨ ᠰᠢᠨᠡᠯᠡᠬᠦᠯᠬᠦ ᠳᠡᠭᠡᠨ ᠤᠷᠢᠳᠠᠪᠡᠷ ᠮᠠᠯ ᠰᠥᠷᠥᠭ ᠤᠨ ᠢᠶᠠᠨ ᠬᠠᠰᠢᠶ᠎ᠠ ᠰᠠᠷᠠᠪᠴᠢᠨ ᠤ ᠪᠠᠨ ᠡᠮᠤᠨ᠎ᠡ ᠰᠢᠷᠡᠭᠡ ᠵᠠᠰᠠᠵᠤ᠂ ᠲᠡᠬᠡᠷ᠎ᠡ ᠨᠢ ᠢᠳᠡᠬᠡᠨ ᠤ ᠲᠡᠬᠡᠵᠢ ᠰᠥ ᠴᠠᠭᠠᠨ ᠢᠳᠡᠭᠡ᠂ ᠪᠤᠤᠪᠤ ᠪᠤᠭᠤᠷᠰᠤᠭ᠂ ᠪᠤᠷᠠᠮ ᠰᠢᠬᠢᠷ᠂ ᠠᠯᠢᠮ᠎ᠠ ᠵᠢᠮᠢᠰ ᠦᠷᠦᠵᠤ ᠲᠠᠯᠪᠢᠭᠠᠤᠡ ᠬᠤᠪᠤᠩ ᠰᠠᠪᠠᠨ ᠳᠤ ᠰᠠᠩ ᠲᠠᠯᠪᠢᠨ᠎ᠠ︔ ᠬᠡᠷ ᠤᠨ ᠡᠵᠡᠨ ᠬᠠᠰᠢᠶ᠎ᠠ ᠰᠠᠷᠠᠪᠴᠢ ᠪᠠᠨ ᠨᠠᠷᠠᠨ ᠤ ᠡᠷᠬᠢᠯᠳᠡ ᠪᠠᠷ ᠭᠤᠷᠪᠠᠨᠳᠠ ᠲᠤᠭᠤᠷᠢᠵᠤ ᠷᠠᠰᠢᠶᠠᠨ ᠡᠷᠬᠦᠨ᠎ᠡ︔ ᠵᠠᠯᠠᠭᠤ ᠪᠠᠭᠠᠴᠤᠤᠡ ᠪᠤᠬ᠎ᠠ᠂ ᠬᠤᠴᠠ᠂ ᠤᠬᠤᠨ᠎ᠠ᠂ ᠤᠨᠤᠭᠠᠷᠡᠢ ᠶᠢᠨ ᠮᠤᠷᠢ᠂ ᠠᠳᠠ ᠪᠠᠨ ᠵᠠᠰᠠᠭᠰᠠᠨ ᠰᠢᠷᠡᠬᠡᠨ ᠤ ᠵᠠᠬ᠎ᠠ ᠬᠦᠳᠦᠯᠦᠨ ᠢᠷᠡᠬᠦ ᠳᠤ᠂ ᠬᠡᠷ ᠤᠨ ᠡᠵᠡᠨ ᠰᠥ ᠴᠠᠭᠠᠨ ᠢᠳᠡᠭᠡ ᠪᠠᠷ ᠨᠢᠬᠡ ᠨᠢᠬᠡ ᠪᠠᠷ ᠮᠢᠯᠢᠶᠠᠵᠤ᠄ ᠲᠠᠪᠤᠨ ᠬᠤᠰᠢᠭᠤ ᠮᠠᠯ ᠰᠥᠷᠥᠭ ᠮᠢᠨᠢ᠂ ᠲᠠᠯ᠎ᠠ ᠲᠥᠬᠦᠷᠡᠩ ᠦᠰᠦᠷᠡᠢ︕ ᠭᠠᠢ ᠭᠠᠮᠰᠢᠭ ᠥᠬᠡᠢ᠂ ᠭᠠᠵᠠᠭ ᠬᠡᠮ ᠥᠬᠡᠢ ᠪᠠᠶᠢᠭᠠᠰᠡᠢ ᠬᠡᠵᠤ ᠢᠷᠥᠬᠡᠨ ᠵᠦᠭᠨᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号