ᠫᠠᠷᠵᠢ ᠨᠠᠭᠠᠳᠣᠮ  ᠤᠨ ᠮᠣᠷᠢ ᠣᠷᠣᠯᠳᠣᠬᠤ ᠶᠣᠰᠣ
ᠨᠡᠶᠢᠲᠡᠯᠡᠭᠰᠡᠨ ᠴᠠᠭ᠄
2019/12/11
ᠮᠦᠷᠦᠶᠢᠴᠡᠭᠴᠢᠳ᠂ ᠡᠨᠡ ᠨᠢ ᠭᠤᠷᠭᠤᠯᠵᠢᠨ ᠦᠷᠢᠯ ᠣᠷᠭᠢᠭᠠᠳ ᠣᠯᠣᠭᠰᠠᠨ ᠬᠤᠪᠢ ᠶᠢᠨ ᠲᠤᠭ᠎ᠠ ᠶᠣᠰᠣᠭᠠᠷ ᠫᠠᠷᠵᠢ ᠶᠢᠨ ᠪᠠᠭᠤᠳᠠᠯ ᠤᠨ ᠣᠷᠣᠯᠳᠣᠭᠠᠨ ᠤ ᠵᠠᠮ ᠤᠨ ᠲᠦᠷᠪᠡᠯᠵᠢᠨ ᠨᠢᠲᠦ ᠶᠢ ᠲᠣᠭᠠᠯᠠᠨ ᠦᠪᠡᠷ ᠦᠪᠡᠷ ᠤᠨ ᠮᠣᠷᠢ ᠶᠢ ᠦᠰᠦᠷᠭᠡᠨ ᠣᠷᠣᠭᠰᠢᠯᠠᠬᠤ ᠰᠡᠭᠦᠯᠴᠢ ᠶᠢᠨ ᠲᠤᠭ᠎ᠠ ᠲᠡᠭᠠᠷᠠᠬᠤ ᠨᠢᠳᠣᠨ ᠳᠡᠭᠡᠷ᠎ᠡ ᠪᠠᠭᠤᠬᠤ ᠶᠢ ᠮᠣᠷᠢ ᠣᠷᠣᠯᠳᠣᠬᠤ ᠭᠡᠨ᠎ᠡ᠃ ᠢᠩᠬᠢᠵᠣ ᠣᠷᠣᠯᠳᠣᠬᠤ ᠶᠠᠪᠣᠴᠠ ᠳᠤ ᠪᠠᠰᠠ ᠲᠣᠣᠷᠠᠬᠢ ᠮᠠᠲᠦ ᠨᠠᠷᠢᠨ ᠶᠣᠰᠣ ᠵᠢᠷᠣᠮ ᠲᠠᠢ᠃ 1. ᠣᠷᠣᠯᠳᠣᠬᠤ ᠵᠠᠮ᠃ ᠣᠷᠣᠯᠳᠣᠭᠠᠨ ᠡᠬᠢᠯᠡᠭᠦ ᠠᠴᠠ ᠡᠮᠦᠨ᠎ᠡ᠂ ᠮᠦᠷᠦᠶᠢᠴᠡᠭᠴᠢ ᠬᠦᠮᠦᠨ ᠪᠦᠷᠢ ᠶᠢᠨ ᠮᠣᠷᠢ  ᠪᠠᠨ ᠪᠦᠬᠦᠳᠡ ᠶᠢ ᠨᠡᠶᠢᠯᠡᠭᠦᠯᠦᠨ ᠪᠠᠭᠤᠳᠠᠯ ᠤᠨ ᠭᠤᠣᠯ ᠲᠣᠮᠳᠠᠬᠢ ︽ᠮᠣᠷᠢᠨ ᠬᠤᠷᠢᠶᠠᠨ︾ ︵ᠬᠠᠰᠢᠶ᠎ᠠ︶ ᠲᠣᠳᠣᠷ᠎ᠠ ᠲᠡᠯᠪᠢᠨ᠎ᠠ᠃ ᠫᠠᠷᠵᠢ ᠶᠢᠨ ᠪᠠᠭᠤᠳᠠᠯ ᠳᠤ ᠬᠡᠳᠦᠶᠢᠪᠡᠷ ᠲᠦᠷᠪᠡᠨ ᠡᠭᠦᠳᠡ ᠲᠠᠢ ᠪᠣᠯᠪᠠᠴᠣ ᠡᠬᠢᠯᠡᠵᠣ ᠣᠷᠭᠢᠭᠰᠠᠨ ᠬᠦᠮᠦᠨ ᠤ ᠮᠣᠷᠢ ᠠᠯᠢ ᠡᠭᠦᠳᠡ ᠪᠠᠷ ︵ᠶᠡᠷᠦ ᠳᠡᠭᠡᠨ ᠦᠪᠡᠷ ᠤᠨ ᠡᠮᠦᠨᠡᠬᠢ ᠡᠭᠦᠳᠡ ᠪᠠᠷ ᠣᠷᠣᠳᠠᠭ ᠶᠣᠰᠣ ᠲᠠᠢ ᠪᠣᠶᠣ︶ ᠡᠬᠢᠯᠡᠵᠣ ᠣᠷᠣᠭᠰᠠᠨ ᠪᠣᠯ ᠪᠣᠰᠣᠳ ᠬᠦᠮᠦᠰ ᠤᠨ ᠮᠣᠷᠢ ᠪᠦᠭᠦᠳᠡᠭᠡᠷ ᠮᠦᠨ ᠲᠡᠷᠡ ᠡᠭᠦᠳᠡ ᠪᠠᠷ ᠠᠷᠦ ᠠᠷᠦ ᠠᠴᠠ ᠪᠠᠨ ᠴᠣᠪᠣᠵᠣ ᠵᠠᠮ ᠳᠤ ᠣᠷᠣᠳᠠᠭ᠃ ᠢᠩᠬᠢᠵᠣ ᠡᠬᠢᠯᠡᠭᠦ ᠳᠡᠭᠡᠨ ᠡᠭᠦᠳᠡᠨ ᠵᠡᠷᠭᠡᠭᠴᠡᠭᠡ ᠬᠤᠶᠠᠷ ᠵᠠᠮ ᠤᠨ ᠵᠠᠭᠦᠨ ᠵᠠᠮ  ᠢᠶᠠᠷ ᠣᠷᠣᠵᠣ ᠨᠠᠷᠠ ᠵᠦᠪ ᠡᠷᠭᠢᠨ ᠣᠷᠣᠯᠳᠣᠨ᠎ᠠ᠃ ᠣᠳᠣᠯᠳᠣᠬᠤ ᠳᠠᠭᠠᠨ ᠪᠠᠭᠤᠳᠠᠯ ᠤᠨ ᠨᠦᠭᠦᠭᠡ ᠭᠤᠷᠪᠠᠨ ᠡᠭᠦᠳᠡᠨ ᠤ ᠵᠠᠮ ᠣᠷᠣᠭᠤ ᠭᠡᠨ ᠴᠣ᠋ ᠣᠷᠣᠵᠣ ᠪᠣᠯᠬᠤ ᠦᠭᠡᠢ᠂ ᠪᠦᠭᠦᠳᠡᠭᠡᠷ ᠪᠠᠭᠤᠳᠠᠯ ᠤᠨ ᠬᠦᠪᠡᠭᠡᠨ ᠤ ᠵᠠᠮ ᠤᠨ ᠨᠢᠲᠦ ᠶᠢ ᠲᠠᠭᠠᠵᠣ ᠪᠦᠲᠦᠨ ᠨᠢᠭᠡ ᠲᠣᠭᠤᠷᠢᠭᠠᠳ ᠡᠬᠢᠯᠡᠵᠣ ᠵᠠᠮ ᠳᠤ ᠣᠷᠣᠭᠰᠠᠨ ᠲᠡᠷᠡ ᠡᠭᠦᠳᠡᠨ ᠤ ᠪᠠᠷᠠᠭᠤᠨ ᠲᠠᠯ᠎ᠠ ᠶᠢᠨ ᠵᠠᠮ ᠢᠶᠠᠷ ᠪᠣᠴᠠᠵᠣ ᠡᠭᠦᠳᠡᠨ ᠤ ᠮᠣᠬᠤᠷ ᠢᠶᠠᠷ ᠲᠡᠮᠵᠢᠵᠣ ᠪᠠᠭᠤᠳᠠᠯ ᠠᠴᠠ ᠭᠠᠷᠴᠣ ᠵᠣᠭᠰᠣᠨ᠎ᠠ᠃ ᠦᠭᠡᠷ᠎ᠡ ᠪᠠᠷ ᠬᠡᠯᠡᠪᠡᠯ᠂ ᠬᠦᠮᠦᠨ ᠪᠦᠷᠢ ᠶᠢᠨ ᠬᠤᠶᠠᠷ ᠮᠣᠷᠢ ᠲᠣᠰ ᠲᠣᠰ ᠶᠠᠷᠠᠨ ᠨᠠᠢᠮᠠᠨ ᠲᠦᠷᠪᠡᠯᠵᠢᠨ ᠢ ᠨᠢᠲᠦ ᠲᠣᠭᠠᠯᠠᠨ ᠲᠡᠮᠵᠢᠵᠣ ᠦᠰᠦᠷᠦᠭᠡᠳ ᠶᠡᠷᠡᠨ ᠶᠢᠰᠦᠳᠦᠭᠡᠷ ᠣᠳᠠᠭ᠎ᠠ ᠦᠰᠦᠷᠭᠦ ᠳᠡᠭᠡᠨ ᠪᠠᠭᠤᠳᠠᠯ ᠤᠨ ᠭᠠᠳᠠᠨ᠎ᠠ ᠭᠠᠷᠣᠨ᠎ᠠ᠃ ᠡᠨᠡ ᠮᠡᠲᠦ ᠪᠠᠷ ᠬᠠᠮᠤᠭ ᠲᠡᠷᠢᠭᠦᠨ ᠳᠤ ᠪᠠᠭᠤᠳᠠᠯ ᠠᠴᠠ ᠭᠠᠷᠣᠭᠰᠠᠨ ᠨᠢ ᠲᠡᠷᠢᠭᠦᠨ ᠰᠠᠶᠢᠨ ᠮᠣᠷᠢ ᠪᠣᠯᠵᠣ ᠱᠦᠭᠦᠭᠡᠳ ᠡᠴᠦᠰ ᠲᠤ ᠰᠡᠭᠦᠯᠳᠡᠭᠰᠡᠨ ᠪᠣᠶᠣ ᠬᠤᠷᠢᠶᠠᠨ ᠳᠠᠭᠠᠨ ᠬᠤᠴᠣᠷᠣᠭᠰᠠᠨ ᠨᠢ ᠠᠳᠠᠭ ᠤᠨ ᠮᠣᠷᠢ ᠪᠣᠯᠵᠣ ᠱᠦᠭᠦᠭᠳᠡᠳᠡᠭ᠃ 2. ᠡᠬᠢᠯᠡᠵᠣ ᠵᠠᠮ ᠳᠤ ᠣᠷᠣᠬᠤ᠃ ᠮᠣᠷᠢ ᠪᠠᠨ ᠡᠬᠢᠯᠡᠵᠣ ᠵᠠᠮ ᠤᠨ ᠡᠭᠦᠳᠡ ᠪᠠᠷ ᠣᠷᠣᠭᠤᠯᠬᠤ ᠳᠤ ᠬᠦᠮᠦᠨ ᠪᠦᠷᠢ ᠬᠤᠷᠢᠨ ᠲᠠᠪᠣᠨ ᠬᠤᠪᠢ ᠣᠯᠣᠮᠠᠨᠵᠢᠨ ᠰᠠᠶ᠋ᠢ ᠡᠬᠢᠯᠡᠨ ᠦᠰᠦᠷᠭᠡᠵᠣ ᠪᠣᠯᠣᠨ᠎ᠠ᠃ ᠡᠭᠦᠨ ᠠᠴᠠ ᠪᠣᠰᠣᠳ ᠬᠡᠳᠦᠢ ᠬᠤᠪᠢ ᠣᠯᠣᠭᠰᠠᠨ ᠴᠣ᠋ ᠬᠦᠴᠦᠨ ᠦᠭᠡᠢ ᠲᠣᠯᠠ ᠮᠣᠷᠢ ᠭᠦᠳᠡᠯᠭᠡᠵᠣ ᠴᠢᠳᠠᠬᠤ ᠦᠭᠡᠢ᠃ 3. ᠮᠣᠷᠢ ᠴᠣᠬᠢᠬᠤ᠃ ᠡᠮᠦᠨᠡᠬᠢ ᠮᠣᠷᠢᠨ ᠤ ᠪᠠᠭᠤᠭᠰᠠᠨ ᠨᠢᠳᠣᠨ ᠳᠡᠭᠡᠷ᠎ᠡ ᠠᠷᠦ ᠠᠴᠠ ᠦᠰᠦᠷᠦᠭᠰᠡᠨ ᠮᠣᠷᠢᠨ ᠤ ᠪᠠᠭᠤᠬᠤ ᠲᠤᠭ᠎ᠠ ᠲᠠᠭᠠᠷᠠᠪᠠᠯ ᠨᠦᠭᠦᠭᠡ ᠡᠮᠦᠨᠡᠬᠢ ᠮᠣᠷᠢ ᠶᠢ ᠠᠪᠴᠣ ︽ᠮᠣᠷᠢᠨ ᠬᠤᠷᠢᠶᠠᠨ︾ ᠳᠤᠨᠢ ᠪᠣᠴᠠᠭᠠᠵᠣ ᠬᠠᠶᠠᠭᠠᠳ ᠦᠪᠡᠷ ᠢᠶᠠᠨ ᠪᠠᠭᠤᠨ᠎ᠠ᠃ ᠡᠭᠦᠨ ᠢ ︽ᠮᠣᠷᠢ ᠴᠣᠬᠢᠬᠤ︾ ᠭᠡᠳᠡᠭ᠃ ᠨᠢᠭᠡ ᠬᠦᠮᠦᠨ ᠤ ᠬᠤᠶᠠᠷ ᠮᠣᠷᠢ  ᠨᠢ ᠨᠢᠭᠡ ᠨᠢᠳᠣᠨ ᠳᠡᠭᠡᠷ᠎ᠡ ᠬᠠᠮᠲᠦ ᠪᠠᠭᠤᠵᠣ ᠪᠣᠯᠬᠤ ᠪᠦᠭᠡᠳ ᠠᠷᠦ ᠠᠴᠠ ᠦᠰᠦᠷᠦᠭᠰᠡᠨ ᠦᠭᠡᠷ᠎ᠡ ᠭᠦᠮᠦᠨ ᠤ ᠮᠣᠷᠢ ᠢᠷᠡᠵᠣ ᠪᠠᠭᠤᠬᠤ ᠨᠢ ᠲᠠᠭᠠᠷᠠᠪᠠᠯ ᠮᠦᠨ ᠲᠡᠭᠡᠷᠡᠭᠢ ᠮᠡᠲᠦ ᠬᠤᠶᠠᠭᠤᠯᠠ ᠶᠢ ᠬᠠᠮᠲᠦ ᠳᠤᠨᠢ ᠴᠣᠬᠢᠵᠣ ᠪᠣᠴᠠᠭᠠᠨ᠎ᠠ᠃ ᠢᠩᠬᠢᠵᠣ ᠪᠣᠰᠣᠳ ᠤᠨ ᠮᠣᠷᠢ ᠶᠢ ᠴᠣᠬᠢᠭᠰᠠᠨ ᠬᠦᠮᠦᠨ ᠳᠤ ︽ᠮᠣᠷᠢ ᠴᠣᠬᠢᠭᠰᠠᠨ ᠱᠠᠩᠨᠠᠯ︾ ᠬᠡᠮᠡᠵᠣ ᠲᠡᠬᠢᠵᠣ ᠨᠢᠭᠡ ᠣᠳᠠᠭ᠎ᠠ ᠣᠷᠬᠢᠭᠤᠯᠳᠠᠭ ᠶᠣᠰᠣᠳᠠᠢ᠃ ᠴᠣᠬᠢᠭᠳᠠᠭᠰᠠᠨ ᠮᠣᠷᠢ ᠪᠠᠰᠠ ᠠᠷᠪᠠᠨ ᠨᠢᠭᠡ ᠪᠣᠶᠣ ᠬᠤᠷᠢᠨ ᠲᠠᠪᠣᠨ ᠬᠤᠪᠢ ᠣᠯᠳᠠᠪᠠᠯ ᠰᠠᠶ᠋ᠢ ᠲᠡᠬᠢᠵᠣ ᠵᠠᠮ ᠳᠤ ᠣᠷᠣᠵᠣ ᠪᠣᠯᠣᠨ᠎ᠠ᠃ 4. ᠪᠠᠲᠣᠯᠠᠬᠤ᠃ ᠣᠷᠣᠯᠳᠣᠭᠠᠨ ᠤ ᠵᠠᠮ ᠳᠠᠬᠢ ᠲᠡᠮᠳᠡᠭ ᠲᠠᠢ ᠨᠢᠳᠣᠨ ᠲᠠᠭᠠᠷᠠᠵᠣ ᠪᠠᠭᠤᠭᠰᠠᠨ ᠮᠣᠷᠢ ᠶᠢ ᠠᠷᠦ  ᠠᠴᠠ ᠨᠢ ᠢᠷᠡᠭᠰᠡᠨ ᠶᠠᠮᠠᠷ ᠴᠦ ᠮᠣᠷᠢ ᠴᠣᠬᠢᠵᠣ ᠪᠣᠯᠬᠤ ᠦᠭᠡᠢ ᠲᠣᠯᠠ ᠲᠡᠭᠦᠨ ᠢ ︽ᠪᠠᠲᠦ ᠪᠠᠭᠤᠳᠠᠯ︾ ᠭᠡᠭᠦ ᠪᠦᠭᠡᠳ ᠡᠨᠡ ᠨᠢᠳᠦᠨ ᠳᠡᠭᠡᠷ᠎ᠡ ᠲᠠᠭᠠᠷᠠᠵᠣ ᠪᠠᠭᠤᠬᠤ ᠶᠢ ︽ᠪᠠᠳᠣᠯᠠᠬᠤ︾ ᠭᠡᠨ᠎ᠡ᠃ ︽ᠪᠠᠲᠦ ᠪᠠᠭᠤᠳᠠᠯ︾ ᠳᠡᠭᠡᠷ᠎ᠡ ᠭᠦᠮᠦᠨ ᠤ ᠦᠪᠡᠷ ᠤᠨ ᠢᠯᠭᠠᠯ ᠦᠭᠡᠢ ᠭᠡᠳᠦᠨ ᠮᠣᠷᠢ ᠴᠣ᠋ ᠬᠠᠮᠲᠦ ᠪᠠᠭᠤᠵᠣ ᠪᠣᠯᠣᠨ᠎ᠠ᠃ 5. ᠰᠠᠶᠢᠨ ᠮᠣᠷᠢ ᠱᠠᠩᠨᠠᠬᠤ ᠪᠠ ᠣᠬᠤᠷᠢᠵᠣ ᠵᠣᠭᠰᠣᠬᠤ᠃ ᠡᠭᠢᠯᠡᠵᠣ ᠵᠠᠮ ᠳᠤ ᠣᠷᠣᠭᠰᠠᠨ ᠤ ᠳᠠᠷᠠᠭ᠎ᠠ ᠬᠤᠶᠠᠳᠣᠭᠠᠷ ᠣᠳᠠᠭ᠎ᠠ ᠠᠴᠠ ᠬᠤᠶᠢᠰᠢᠬᠢ ᠣᠷᠭᠢᠯᠳᠠ ᠳᠤ ᠭᠡᠷᠪᠡ ᠠᠷᠪᠠᠨ ᠨᠢᠭᠡ ᠪᠣᠶᠣ ᠬᠤᠷᠢᠨ ᠲᠠᠪᠣᠨ ᠬᠤᠪᠢ  ᠶᠢᠨ ᠨᠢᠭᠡ ᠶᠢ ᠣᠯᠪᠠᠯ ︽ᠰᠠᠶᠢᠨ ᠮᠣᠷᠢᠨ ᠤ ᠱᠠᠩᠨᠠᠯ︾ ᠭᠡᠮᠡᠨ ᠲᠡᠷᠡ ᠬᠦᠮᠦᠨ ᠢᠶᠠᠷ ᠪᠠᠰᠠ ᠨᠢᠭᠡ ᠣᠳᠠᠭ᠎ᠠ ᠣᠷᠭᠢᠭᠤᠯᠣᠨ᠎ᠠ᠃ ᠢᠩᠬᠢᠭᠦ ᠳᠤ ᠵᠠᠯᠭᠠᠭᠠᠳ ᠪᠠᠰᠠ ᠠᠷᠪᠠᠨ ᠨᠢᠭᠡ ᠪᠣᠶᠣ ᠬᠤᠷᠢᠨ ᠲᠡᠪᠣᠨ ᠬᠤᠪᠢ ᠣᠯᠪᠠᠯ ᠲᠡᠬᠢᠨ ᠭᠤᠷᠪᠠᠳᠠᠬᠢ ᠣᠳᠠᠭ᠎ᠠ ᠣᠷᠬᠢᠵᠣ ᠪᠣᠯᠣᠨ᠎ᠠ᠃ ᠭᠡᠪᠡᠴᠦ ᠡᠨᠡ ᠭᠤᠷᠪᠠᠳᠣᠭᠠᠷ ᠣᠳᠠᠭ᠎ᠠ ᠳᠤ ᠪᠠᠰᠠ ᠲᠠᠭᠢᠭᠠᠳ ᠠᠷᠪᠠᠨ ᠨᠢᠭᠡ ᠪᠣᠶᠣ ᠬᠤᠷᠢᠨ ᠲᠠᠪᠣᠨ ᠬᠤᠪᠢ ᠣᠯᠬᠤ ᠳᠤ ᠭᠦᠷᠪᠡᠯ ᠦᠪᠡᠷ ᠤᠨ ᠮᠣᠷᠢ ᠪᠠᠨ ᠣᠷᠣᠭᠰᠢ ᠦᠰᠦᠷᠭᠡᠵᠣ ᠪᠣᠯᠬᠤ ᠦᠭᠡᠢ᠂ ᠬᠠᠷᠢᠨ ᠬᠤᠶᠢᠰᠢ ︵ᠬᠡᠳᠦᠨ ᠬᠤᠪᠢ ᠣᠯᠣᠭᠰᠠᠨ ᠪᠣᠯ ᠭᠡᠳᠦᠢ ᠪᠠᠷ︶ ᠣᠬᠤᠷᠢᠭᠤᠯᠵᠣ ᠲᠡᠯᠪᠢᠨ᠎ᠠ᠃ ᠡᠭᠦᠨ  ᠢ ︽ᠡᠴᠡᠭᠰᠡᠨ ᠮᠣᠷᠢ ᠣᠬᠤᠷᠢᠵᠣ ᠵᠣᠭᠰᠣᠬᠤ︾ ᠭᠡᠨ᠎ᠡ᠃ 6. ᠲᠣᠭᠯᠠᠬᠤ᠃ ︵ᠡᠨᠡ ᠨᠠᠭᠠᠳᠣᠮ ᠤᠨ ᠲᠣᠰᠬᠠᠢ ᠦᠭᠡ︶᠃ ᠣᠷᠣᠯᠳᠣᠭᠰᠠᠨ ᠮᠣᠷᠢ ᠪᠦᠲᠦᠨ ᠨᠢᠭᠡ ᠲᠣᠭᠤᠷᠢᠭᠠᠳ ᠵᠠᠮ ᠤᠨ ᠡᠭᠦᠳᠡᠨ ᠤ ᠪᠡᠷᠡᠭᠤᠨ ᠲᠠᠯ᠎ᠠ ᠶᠢᠨ ᠠᠷᠪᠠᠳᠣᠭᠠᠷ ᠨᠢᠲᠦ ︵ᠡᠭᠦᠳᠡᠨ ᠤ ᠮᠣᠷᠢ ᠠᠴᠠ ᠴᠢᠨᠠᠭᠰᠢ ᠨᠢᠭᠡᠳᠦᠭᠡᠷ ᠦᠨᠴᠦᠭ ᠲᠠᠬᠢ + ᠲᠡᠮᠳᠡᠭ ᠤᠨ ᠡᠮᠦᠨᠡᠬᠢ︶ ᠠᠴᠠ ᠲᠣᠳᠣᠭᠰᠢ ᠣᠷᠣᠭᠰᠠᠨ ᠮᠣᠷᠢ ᠲᠡᠬᠢᠵᠣ ᠬᠤᠷᠢᠨ ᠲᠠᠪᠣᠨ ᠬᠤᠪᠢ ᠣᠯᠪᠠᠯ ᠲᠣᠰ ᠪᠦᠷᠢ ᠵᠦᠪᠭᠡᠨ ᠭᠠᠭᠴᠠ ᠠᠯᠬᠤᠮ ᠠᠴᠠ ᠢᠯᠡᠭᠦᠣ ᠦᠰᠦᠷᠴᠦ ᠪᠣᠯᠬᠤ ᠦᠭᠡᠢ᠂ ᠢᠩᠬᠢᠵᠣ ᠲᠠᠭᠠᠷᠠᠬᠤ ᠶᠢ ︽ᠲᠣᠭᠯᠠᠬᠤ︾ ᠭᠡᠨ᠎ᠡ᠃ ᠢᠩᠬᠢᠵᠣ ᠲᠣᠭᠯᠠᠪᠠᠯ ᠲᠡᠭᠢᠭᠠᠳ ᠣᠷᠬᠢᠨ᠎ᠠ᠃ ᠬᠡᠷᠪᠡ ᠪᠠᠰᠠ ᠠᠷᠪᠠᠨ ᠨᠢᠭᠡ ᠪᠣᠶᠣ ᠬᠤᠷᠢᠨ ᠲᠠᠪᠣᠨ ᠬᠤᠪᠢ ᠣᠯᠪᠠᠯ ᠮᠦᠨ ᠯᠠ ᠭᠠᠭᠴᠠ ᠠᠯᠬᠤᠮ ᠦᠰᠦᠷᠦᠭᠡᠳ ᠭᠤᠷᠪᠠᠳᠣᠭᠠᠷ ᠣᠳᠠᠭ᠎ᠠ ᠣᠷᠬᠢᠵᠣ ᠪᠣᠯᠣᠨ᠎ᠠ᠃ ᠭᠡᠳᠡᠯ᠎ᠡ ᠭᠤᠷᠪᠠᠳᠣᠭᠠᠷ ᠣᠳᠠᠭ᠎ᠠ ᠳᠤ ᠪᠠᠰᠠ ᠠᠷᠪᠠᠨ ᠨᠢᠭᠡ ᠪᠣᠶᠣ ᠬᠤᠷᠢᠨ ᠲᠠᠪᠣᠨ ᠬᠤᠪᠢ ᠣᠯᠬᠤ ᠳᠤ ᠭᠦᠷᠪᠡᠯ ᠬᠠᠷᠢᠨ ᠦᠪᠡᠷ ᠤᠨ ᠮᠣᠷᠢ ᠪᠠᠨ ᠣᠭ ᠣᠷᠣᠨ ᠳᠤᠨᠢ ᠣᠬᠤᠷᠢᠭᠤᠯᠵᠣ ᠲᠠᠯᠪᠢᠨ᠎ᠠ᠃ ᠲᠣᠭᠯᠠᠭᠰᠠᠨ ᠮᠣᠷᠢ ᠮᠦᠨ ᠬᠡᠪ ᠤᠨ ᠶᠣᠰᠣᠭᠠᠷ ᠪᠣᠰᠣᠳ ᠤᠨ ᠮᠣᠷᠢ ᠶᠢ ᠴᠣᠬᠢᠵᠣ ᠪᠣᠯᠣᠨ᠎ᠠ᠃ 7. ᠭᠡᠢ ᠳᠡᠭᠡᠨ ᠭᠠᠷᠬᠤ᠃ ᠣᠷᠣᠯᠳᠣᠭᠰᠠᠨ ᠮᠣᠷᠢ ᠪᠦᠲᠦᠨ ᠨᠢᠭᠡ ᠲᠣᠭᠤᠷᠢᠭᠠᠳ ᠵᠠᠮ ᠤᠨ ᠡᠭᠦᠳᠡᠨ ᠤ ᠪᠠᠷᠠᠭᠤᠨ ᠲᠠᠯ᠎ᠠ ᠶᠢᠨ ᠠᠷᠪᠠᠨ ᠨᠢᠭᠡᠳᠦᠭᠡᠷ ᠨᠢᠳᠦᠨ ︵ᠡᠭᠦᠳᠡᠨ ᠮᠣᠬᠤᠷ ᠠᠴᠠ ᠴᠢᠨᠠᠭᠰᠢ ᠨᠢᠭᠡᠳᠦᠭᠡᠷ ᠦᠨᠴᠦᠭ ᠲᠠᠬᠢ + ᠲᠡᠮᠳᠡᠭ ᠲᠡᠭᠡᠷ᠎ᠡ︶ ᠳᠤ ᠪᠠᠭᠤᠭᠰᠠᠨ ᠮᠣᠷᠢ ᠲᠡᠬᠢᠭᠠᠳ ᠠᠷᠪᠠᠨ ᠨᠢᠭᠡ ᠬᠤᠪᠢ ᠣᠯᠬᠤ ᠪᠣᠶᠣ ᠬᠤᠷᠢᠨ ᠲᠠᠪᠣᠳᠣᠭᠠᠷ ᠨᠢᠳᠣᠨ ︵ᠡᠭᠦᠳᠡᠨ ᠮᠣᠬᠤᠷ ᠠᠴᠠ ᠴᠢᠨᠠᠭᠰᠢ ᠭᠤᠷᠪᠠᠳᠣᠭᠠᠷ ᠦᠨᠴᠦᠭ ᠲᠠᠬᠢ + ᠲᠡᠮᠳᠡᠭ ᠳᠡᠭᠡᠷ᠎ᠡ︶ ᠳᠤ ᠪᠠᠭᠤᠭᠰᠠᠨ ᠮᠣᠷᠢ ᠲᠠᠬᠢᠭᠠᠳ ᠬᠤᠷᠢᠨ ᠲᠠᠪᠣᠨ ᠬᠤᠪᠢ ᠣᠯᠪᠠᠯ ᠲᠣᠰ ᠲᠣᠰ ᠡᠭᠦᠳᠡᠨ ᠮᠣᠬᠤᠷ ᠠᠴᠠ ᠴᠢᠨᠠᠭᠰᠢ ᠶᠠᠭ ᠨᠢᠭᠡ ᠠᠯᠬᠤᠮ ᠢᠯᠡᠭᠦᠣ ᠲᠠᠭᠠᠷᠠᠵᠣ ᠰᠠᠭᠠᠳ ᠦᠭᠡᠢ ᠪᠠᠷ ᠪᠠᠭᠤᠳᠠᠯ ᠠᠴᠠ ᠭᠠᠷᠬᠤ ᠲᠣᠯᠠ ᠲᠡᠭᠦᠨ ᠢ ᠠᠷᠪᠠᠨ ᠨᠢᠭᠡ ᠪᠣᠶᠣ ᠬᠤᠷᠢᠨ ᠲᠠᠪᠤ ᠪᠠᠷ ︽ᠭᠡᠢ ᠳᠡᠭᠡᠨ ᠭᠠᠷᠬᠤ︾ ᠭᠡᠳᠡᠭ᠃ 8. ᠰᠡᠭᠦᠯ ᠤᠨ ᠦᠰᠦᠷᠦᠯᠳᠡ᠃ ᠣᠷᠣᠯᠳᠣᠭᠰᠠᠨ ᠮᠣᠷᠢ ᠪᠦᠭᠦ ᠵᠠᠮ ᠢ ᠲᠣᠭᠤᠯᠣᠭᠠᠳ ᠶᠠᠷᠠᠨ ᠶᠢᠰᠦᠳᠦᠭᠡᠷ ᠣᠳᠠᠭ᠎ᠠ ᠦᠰᠦᠷᠦᠭᠡᠳ ᠪᠠᠭᠤᠳᠠᠯ ᠠᠴᠠ ᠭᠠᠷᠬᠤ ᠶᠢ ︽ᠰᠡᠭᠦᠯ ᠤᠨ ᠦᠰᠦᠷᠦᠯᠳᠡ︾ ᠭᠡᠨ᠎ᠡ᠃ ᠢᠩᠬᠢᠭᠦ ᠳᠤ᠂ ᠡᠭᠦᠳᠡᠨ ᠤ ᠲᠣᠯᠣᠭᠠᠨ ᠨᠢᠳᠦᠨ ᠤ ᠲᠣᠳᠣᠷ᠎ᠠ ᠣᠷᠣᠭᠰᠠᠨ ᠤ ᠳᠠᠷᠠᠭ᠎ᠠ ᠦᠷᠢᠯ ᠢᠶᠠᠨ ᠣᠷᠬᠢᠭᠠᠳ ᠣᠯᠬᠤ ᠬᠤᠪᠢ ᠨᠢ ᠡᠷᠭᠡᠪᠰᠢ ᠡᠭᠦᠳᠡᠨ ᠮᠣᠬᠤᠷ ᠠᠴᠠ ᠴᠢᠨᠠᠭᠰᠢ ᠨᠢᠭᠡ ᠯᠠ ᠠᠯᠬᠤᠮ ᠢᠯᠡᠭᠦᠣ ᠪᠠᠶᠢᠬᠤ ᠪᠠᠷ ᠲᠠᠭᠠᠷᠠᠬᠤ ᠭᠡᠷᠡᠭᠲᠠᠢ᠃ ᠢᠩᠭᠢᠪᠡᠯ ᠰᠠᠶ᠋ᠢ ᠰᠡᠭᠦᠯ ᠤᠨ ᠦᠰᠦᠷᠦᠯᠳᠡ ᠬᠢᠵᠣ ᠪᠠᠭᠤᠳᠠᠯ ᠠᠴᠠ ᠭᠠᠷᠴᠣ ᠪᠣᠯᠳᠠᠭ᠃ ᠭᠡᠷᠪᠡ ᠡᠭᠦᠳᠡᠨ ᠮᠣᠬᠤᠷ ᠠᠴᠠ ᠴᠢᠨᠠᠭᠰᠢ ᠬᠤᠶᠠᠷ ᠠᠴᠠ ᠢᠯᠡᠭᠦᠣ ᠠᠯᠬᠤᠮ ᠲᠠᠭᠠᠷᠠᠬᠤ ᠬᠤᠪᠢ ᠣᠯᠪᠠᠯ ᠵᠦᠪᠭᠡᠨ ᠨᠢᠭᠡ ᠯᠠ ᠠᠯᠬᠤᠮ ᠦᠰᠦᠷᠴᠣ ᠪᠣᠯᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号