| ᠳᠤᠬᠠᠢ ᠶᠢᠨ ᠦᠶ᠎ᠠ ᠶᠢᠨ ᠴᠠᠭᠠᠨᠪᠤᠯᠠᠭ ᠰᠤᠮᠤ ᠨᠢ ᠠᠯᠠᠱᠠ ᠵᠡᠬᠦᠨ ᠬᠤᠰᠢᠭᠤᠨ ᠤ ᠪᠠᠷᠠᠭᠤᠨ ᠡᠮᠦᠨᠡᠳᠤ ᠭᠡᠰᠡᠭ ᠲᠤ | ᠪᠠᠶᠢᠷᠢᠰᠢᠵᠤ᠂ ᠵᠡᠬᠦᠨ ᠳᠠᠯ᠎ᠠ ᠪᠠᠷ ᠢᠶᠠᠨ ᠳᠤᠩᠭᠠᠯᠠᠭ ᠨᠠᠭᠤᠷ ᠰᠤᠮᠤ᠂ ᠴᠤᠭᠳᠤᠬᠦ᠋ᠷᠢᠶ᠎ᠡ ᠰᠤᠮᠤ ᠲᠠᠢ ᠵᠠᠯᠭᠠᠯᠳᠤᠨ᠂ | ᠡᠮᠦᠨ᠎ᠡ ᠳᠠᠯ᠎ᠠ ᠪᠠᠷ ᠢᠶᠠᠨ ᠤᠨᠳᠤᠷᠤᠯᠳᠤ ᠪᠠᠯᠭᠠᠰᠤ᠂ ᠳᠡᠭᠷᠢ ᠡᠯᠡᠰᠤ ᠰᠤᠮᠤ ᠲᠠᠢ ᠨᠡᠶᠢᠯᠡᠵᠤ᠂ ᠪᠠᠷᠠᠭᠤᠨ ᠳᠠᠯ᠎ᠠ ᠪᠠᠷ | ᠢᠶᠠᠨ ᠡᠷᠬᠡᠬᠠᠰᠢᠬ᠎ᠠ ᠰᠤᠮᠤ ᠪᠤᠯᠤᠨ ᠭᠠᠨᠰᠤ ᠮᠤᠵᠢ ᠶᠢᠨ ᠮᠢᠨᠴᠢᠨ ᠰᠢᠶᠠᠨ ᠲᠠᠢ ᠬᠦᠷᠰᠢᠯᠡᠨ᠂ ᠬᠤᠶᠢᠳᠤ ᠳᠠᠯ᠎ᠠ ᠪᠠᠷ | ᠢᠶᠠᠨ ᠬᠤᠤᠰᠪᠦ᠋ᠷᠢᠳᠤ ᠰᠤᠮᠤᠨ ᠳᠤ ᠳᠤᠯᠵᠤ ᠪᠠᠶᠢᠵᠡᠢ᠃ ᠶᠡᠷᠦᠩᠬᠡᠢ ᠳᠠᠯᠠᠪᠡᠢ ᠨᠢ 5462 ᠬᠠᠪᠳᠠᠭᠠᠢ ᠲᠦᠷᠪᠡᠯᠵᠢᠨ | ᠺᠢᠯᠤᠮᠧᠲᠷ ᠲᠤ ᠬᠦᠷᠴᠤ᠂ ᠰᠤᠮᠤᠨ ᠤ ᠵᠠᠰᠠᠭ ᠤᠨ ᠤᠷᠳᠤᠨ ᠨᠢ ᠴᠠᠭᠠᠨᠭᠤᠤᠯ ᠬᠡᠳᠡᠭ ᠭᠠᠵᠡᠷ ᠰᠠᠭᠤᠷᠢᠰᠢᠵᠤ᠂ | ᠴᠠᠭᠠᠨᠨᠠᠭᠤᠷ ᠭᠠᠴᠠᠭ᠎ᠠ᠂ ᠳᠤᠤᠯᠠᠨᠳᠡᠢ ᠭᠠᠴᠠᠭ᠎ᠠ᠂ ᠰᠢᠷ᠎ᠠ ᠬᠤᠯᠤᠰᠤ ᠭᠠᠴᠠᠭ᠎ᠠ᠂ ᠪᠠᠶᠠᠨ ᠬᠦᠯ ᠭᠠᠴᠠᠭ᠎ᠠ᠂ ᠭᠡᠳᠡᠩ | ᠭᠠᠴᠠᠭ᠎ᠠ ᠵᠡᠷᠭᠡ ᠳᠠᠪᠤᠨ ᠭᠠᠴᠠᠭ᠎ᠠ ᠲᠠᠢ ᠪᠠᠶᠢᠵᠡᠢ᠃ ᠰᠤᠮᠤᠨ ᠤ ᠨᠠᠷᠡᠶᠢᠳᠤᠯ ᠨᠢ ᠴᠠᠭᠠᠨᠪᠤᠯᠠᠭ ᠤᠨ ᠳᠠᠪᠤᠰᠤᠨ ᠨᠠᠭᠤᠷ | ᠠᠴᠠ ᠢᠷᠡᠯᠳᠡ ᠲᠠᠢ᠃ | ᠤᠤᠯ ᠤᠨ ᠴᠠᠭᠠᠨᠪᠤᠯᠠᠭ ᠰᠤᠮᠤ ᠨᠢ ᠤᠷᠢᠳ ᠬᠤᠵᠢᠳ ᠬᠤᠶᠡᠷ ᠤᠳᠠᠭᠠᠨ ᠤ ᠨᠡᠷᠡᠶᠢᠳᠤᠯ ᠵᠢᠴᠢ ᠤᠷᠤᠨ ᠨᠤᠳᠤᠭ ᠤ | ᠰᠤᠯᠢᠭᠳᠠᠯ ᠬᠤᠪᠢᠶᠡᠯᠳᠡ ᠶᠢ ᠦᠡᠭᠬᠡᠷᠡᠬᠦᠯᠦᠭᠰᠡᠨ ᠶᠤᠮ᠃ ᠰᠡᠬᠦᠯᠴᠢ ᠶᠢᠨ ᠴᠠᠭᠠᠨᠪᠤᠯᠠᠭ ᠰᠤᠮᠤᠨ ᠤ ᠬᠠᠷᠢᠶᠠᠨ ᠭᠠᠵᠡᠷ | ᠨᠢ ᠮᠠᠨᠵᠤ ᠴᠢᠩ ᠤᠨ ᠰᠠᠶᠢᠰᠢᠶᠠᠯᠳᠤ ᠢᠷᠦᠬᠡᠯᠳᠤ ᠶᠢᠨ ᠬᠤᠷᠢᠨ ᠤᠨ ︵1815 ᠤᠨ︶ ᠠᠴᠠ ᠡᠬᠢᠯᠠᠨ | ᠴᠠᠭᠠᠨᠪᠤᠯᠠᠭ ᠤᠨ ᠪᠠᠭ ᠪᠤᠯᠤᠨ ᠳᠤᠤᠯᠠᠨᠳᠡᠢ ᠶᠢᠨ ᠪᠠᠭ ᠲᠤ ᠬᠠᠷᠢᠶᠠᠯᠠᠭᠳᠠᠵᠤ ᠪᠠᠶᠢᠭᠰᠠᠨ ᠶᠤᠮ᠃ 1958 ᠤᠨ ᠤ | 3 ᠰᠠᠷ᠎ᠠ ᠳᠤ᠂ ᠤᠤᠯ ᠤᠨ ᠴᠠᠭᠠᠨᠪᠤᠯᠠᠭ ᠤᠨ ᠪᠠᠭ ᠪᠤᠯᠤᠨ ᠡᠷᠭᠡᠬᠠᠰᠢᠬ᠎ᠠ ᠶᠢᠨ ᠪᠠᠭ ᠢ ᠨᠠᠶᠢᠯᠡᠬᠦᠯᠦᠬᠡᠳ ᠴᠠᠭᠠᠨᠪᠤᠯᠠᠭ | ᠰᠤᠮᠤ ᠭᠡᠵᠤ ᠪᠠᠶᠢᠭᠤᠯᠤᠭᠰᠠᠨ ᠪᠡ ᠮᠦᠨ ᠵᠢᠯ ᠤᠨ 9 ᠰᠠᠷ᠎ᠠ ᠳᠤ ᠰᠤᠮᠤ ᠶᠢ ᠬᠦᠡᠭᠱᠧ ᠬᠡᠵᠤ ᠦᠬᠡᠷᠡᠴᠢᠯᠡᠨ | ᠳᠠᠭᠤᠳᠠᠬᠤ ᠪᠤᠯᠵᠡᠢ᠃ 1959 ᠤᠨ ᠤ 11 ᠰᠠᠷ᠎ᠠ ᠳᠤ᠂ ᠤᠤᠯ ᠤᠨ ᠳᠤᠤᠯᠠᠨᠳᠡᠢ ᠬᠦᠡᠭᠱᠧ ᠶᠢᠨ ᠪᠠᠶᠢᠭᠤᠯᠤᠮᠵᠢ | ᠶᠢᠨ ᠬᠠᠰᠤᠵᠤ ᠭᠠᠵᠠᠷ ᠨᠤᠳᠤᠭ ᠢ ᠨᠢ ᠴᠠᠭᠠᠨᠪᠤᠯᠠᠭ ᠰᠤᠮᠤᠨ ᠳᠤ ᠨᠡᠶᠢᠯᠡᠬᠦᠯᠦᠭᠰᠡᠨ ᠪᠠᠶᠢᠨ᠎ᠠ᠃ 1961 ᠤᠨ | ᠪᠤᠯᠬᠤ ᠳᠤ᠂ ᠴᠠᠭᠠᠨᠪᠤᠯᠠᠭ ᠰᠤᠮᠤᠨ ᠠᠴᠠ ᠭᠡᠰᠡᠭ ᠭᠠᠵᠡᠷ ᠢ ᠬᠤᠪᠢᠶᠠᠷᠢᠯᠠᠨ ᠭᠠᠷᠭᠠᠵᠤ ᠢᠬᠡᠷ᠎ᠠ ᠬᠦᠡᠭᠱᠧ ᠬᠡᠵᠤ | ᠪᠠᠶᠢᠭᠤᠯᠵᠡᠢ᠃ 1983 ᠤᠨ ᠤ 1 ᠰᠠᠷ᠎ᠡ ᠳᠤ᠂ ᠤᠤᠯ ᠤᠨ ᠴᠠᠭᠠᠨᠪᠤᠯᠠᠭ ᠬᠦᠡᠭᠱᠧ ᠶᠢᠨ ᠵᠠᠰᠠᠭ ᠤᠨ ᠤᠷᠳᠤᠨ ᠤ | ᠰᠠᠭᠤᠭ᠎ᠠ ᠭᠠᠵᠡᠷ ᠢ ᠲᠸᠤ ᠳᠤᠤ ᠬᠤ᠋ ︵ᠡᠮᠦᠨ᠎ᠡ ᠭᠤᠤᠯ︶ ᠳᠤ ᠰᠢᠯᠵᠢᠬᠦᠯᠦᠬᠡᠳ ᠬᠦᠡᠭᠱᠧ ᠶᠢᠨ ᠨᠡᠷ᠎ᠡ ᠶᠢ ᠨᠢ | ᠴᠤᠭᠳᠤᠬᠦ᠋ᠷᠢᠶ᠎ᠡ ᠬᠦᠡᠭᠱᠧ ᠬᠡᠵᠤ ᠬᠠᠯᠠᠭᠰᠠᠨ ᠪᠡ ᠤᠤᠯ ᠳᠠᠭᠠᠨ ᠴᠠᠭᠠᠨᠪᠤᠯᠠᠭ ᠬᠦᠡᠭᠱᠧ ᠳᠤ ᠬᠠᠷᠢᠶᠠᠯᠠᠭᠳᠠᠵᠤ | ᠪᠠᠶᠢᠭᠰᠠᠨ ᠵᠠᠭᠳᠤ᠂ ᠳᠤᠮᠳᠠ ᠭᠤᠤᠯ᠂ ᠬᠤᠶᠢᠳᠤ ᠭᠤᠤᠯ ᠵᠡᠷᠬᠡ ᠪᠠᠷᠢᠭᠠᠳᠠ ᠶᠢ ᠴᠤᠭᠳᠤᠬᠦ᠋ᠷᠢᠶ᠎ᠡ ᠬᠦᠡᠭᠱᠧ ᠳᠤ | ᠬᠠᠷᠢᠶᠠᠯᠠᠭᠤᠯᠵᠤ᠂ ᠴᠠᠭᠠᠨᠪᠤᠯᠠᠭ᠂ ᠤᠭᠤᠨᠤᠳᠤ ᠵᠡᠷᠭᠡ ᠪᠠᠷᠢᠭᠠᠳᠠ ᠶᠢ ᠨᠢ ᠢᠬᠡᠷ᠎ᠡ ᠬᠦᠡᠭᠱᠧ ᠳᠤ ᠬᠠᠷᠢᠶᠠᠯᠠᠭᠤᠯᠤᠭᠠᠳ | ᠂ ᠢᠬᠡᠷ᠎ᠡ ᠬᠦᠡᠭᠱᠧ ᠶᠢᠨ ᠨᠡᠷᠡᠶᠢᠳᠤᠯ ᠢ ᠨᠢ ᠴᠠᠭᠠᠨᠪᠤᠯᠠᠭ ᠬᠦᠡᠭᠱᠧ ᠬᠡᠵᠤ ᠦᠬᠡᠷᠡᠴᠢᠯᠡᠨ ᠳᠠᠭᠤᠳᠠᠬᠤ ᠪᠤᠯᠵᠡᠢ᠃ | ᠮᠦᠨ ᠵᠢᠯ ᠳᠤ ᠬᠦᠡᠭᠱᠧ ᠬᠡᠬᠦ ᠳᠠᠭᠤᠳᠠᠯᠭ᠎ᠠ ᠶᠢ ᠳᠠᠬᠢᠨ ᠰᠤᠮᠤ ᠬᠡᠵᠤ ᠰᠡᠷᠬᠦᠬᠡᠨ ᠳᠠᠭᠤᠳᠠᠬᠤ ᠪᠤᠯᠤᠭᠰᠠᠨ ᠶᠤᠮ᠃ | 200 ᠤᠨ ᠤ 6 ᠰᠠᠷ᠎ᠠ ᠳᠤ᠂ ᠤᠤᠯ ᠤᠨ ᠴᠠᠭᠠᠨᠪᠤᠯᠠᠭ ᠰᠤᠮᠤᠨ ᠤ ᠪᠠᠶᠢᠭᠤᠯᠤᠮᠵᠢ ᠶᠢ ᠬᠠᠰᠤᠨ ᠴᠤᠮᠬᠠᠳᠬᠠᠵᠤ᠂ | ᠬᠠᠷᠢᠶᠠᠨ ᠭᠠᠵᠡᠷ ᠢ ᠨᠢ ᠡᠷᠬᠡᠬᠠᠰᠢᠬ᠎ᠠ ᠰᠤᠮᠤᠨ ᠳᠤ ᠨᠠᠶᠢᠯᠡᠬᠦᠯᠦᠬᠡᠳ ᠤᠳᠤ ᠶᠢᠨ ᠪᠠᠶᠢᠳᠠᠯ ᠳᠤ ᠲᠦᠯᠦᠪᠰᠢᠷᠡᠭᠰᠡᠨ | ᠪᠢᠯᠡ᠃ | ᠳᠡᠭᠷᠢ ᠡᠯᠡᠰᠤᠨ ᠴᠦᠯ ᠨᠢ ᠴᠠᠭᠠᠨᠪᠤᠯᠠᠭ ᠰᠤᠮᠤᠨ ᠤ ᠪᠦᠬᠦ ᠬᠢᠵᠠᠭᠠᠷ ᠢ ᠪᠦᠷᠬᠦᠵᠤ ᠪᠠᠶᠢᠭᠰᠠᠨ ᠪᠤᠯᠪᠠᠴᠤ ᠮᠠᠰᠢ | ᠤᠯᠠᠨ ᠨᠠᠭᠤᠷ ᠤᠰᠤ᠂ ᠭᠤᠤᠯ ᠭᠠᠵᠡᠷ ᠨᠢ ᠮᠠᠰᠢ ᠰᠠᠶᠢᠨ ᠪᠠᠯᠴᠢᠬᠡᠷ ᠲᠠᠢ ᠪᠤᠯᠬᠤᠷ ᠳᠤᠬᠠᠢ ᠶᠢᠨ ᠦᠶ᠎ᠡ ᠳᠡᠭᠡᠨ | ᠬᠤᠶᠡᠷ ᠲᠦᠮᠡ ᠰᠢᠬᠠᠭᠤ ᠪᠤᠳᠠ ᠪᠤᠭ ᠮᠠᠯ ᠲᠠᠢ ᠮᠠᠯᠵᠢᠬᠤ ᠰᠤᠮᠤ ᠪᠠᠶᠢᠵᠡᠢ᠃ ᠡᠯᠡᠰᠤᠨ ᠳᠤᠮᠳᠠᠬᠢ ᠴᠡᠩᠭᠡᠭ | ᠤᠰᠤᠳᠤ ᠨᠠᠭᠤᠷ ᠪᠦᠷᠢᠳᠤ ᠳᠤᠨᠢ ᠵᠢᠭᠠᠰᠤ ᠳᠡᠵᠢᠬᠡᠵᠤ ᠪᠤᠯᠬᠤ ᠪᠦᠬᠡᠳ ᠤᠯᠠᠭᠠᠨ ᠭᠤᠶᠤᠤ ᠵᠡᠷᠭᠡ ᠨᠤᠳᠤᠭ ᠤᠨ | ᠤᠨᠴᠠ ᠭᠠᠷᠤᠯᠳᠠ ᠲᠠᠢ᠃ ᠰᠤᠮᠤᠨ ᠤ ᠬᠢᠵᠠᠭᠠᠷ ᠲᠤ ᠳᠠᠪᠤᠰᠤ᠂ ᠱᠤᠤ ᠵᠡᠷᠭᠡ ᠡᠯᠪᠡᠭ ᠪᠠᠶᠠᠯᠢᠭ ᠪᠠᠶᠢᠳᠠᠭ ᠪᠤᠯᠬᠤᠷ | ᠠᠯᠠᠱᠠ ᠵᠡᠬᠦᠨ ᠬᠤᠰᠢᠭᠤᠨ ᠤ ᠭᠤᠤᠯᠳᠠᠯᠭᠠᠳᠤ ᠳᠠᠪᠤᠰᠤ ᠬᠢᠮᠢ ᠶᠢᠨ ᠠᠵᠤ ᠦᠢᠯᠡᠳᠪᠦᠷᠢ ᠶᠢᠨ ᠰᠠᠭᠤᠷᠢᠨ ᠭᠠᠵᠡᠷ | ᠪᠤᠯᠵᠤ᠂ ᠬᠤᠰᠢᠭᠤᠨ ᠤ ᠳᠠᠪᠤᠰᠤ ᠬᠢᠮᠢ ᠶᠢᠨ ᠲᠦᠷᠪᠡᠨ ᠳᠤᠯᠭᠠᠭᠤᠷᠢ ᠠᠵᠤ ᠠᠬᠤᠢᠢᠯᠠᠯ — — | ᠴᠠᠭᠠᠨᠪᠤᠯᠠᠭ ᠤᠨ ᠳᠠᠪᠤᠰᠤᠨ ᠦᠢᠯᠡᠰ ᠤᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠂ ᠳᠡᠭᠷᠢ ᠶᠢᠨ ᠬᠢᠮᠢ ᠶᠢᠨ ᠠᠵᠤ | ᠦᠢᠯᠡᠳᠪᠦᠷᠢ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠂ ᠴᠠᠭᠠᠨᠪᠤᠯᠠᠭ ᠤᠨ ᠳᠠᠪᠤᠰᠤᠨ ᠳᠠᠯᠠᠪᠡᠢ ᠶᠢᠨ ᠨᠠᠷᠢᠯᠢᠬ | ᠳᠠᠪᠤᠰᠤᠨ ᠤ ᠦᠢᠯᠡᠳᠪᠦᠷᠢ ᠪᠤᠯᠤᠨ ᠲᠦᠩ ᠬᠤᠸᠠ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠵᠡᠷᠭᠡ ᠨᠢ ᠪᠦᠷ | ᠴᠠᠭᠠᠨᠪᠤᠯᠠᠭ ᠰᠤᠮᠤ ᠳᠤ ᠪᠠᠶᠢᠷᠢᠯᠠᠵᠤ ᠪᠠᠶᠢᠭᠰᠠᠨ ᠶᠤᠮ᠃ |