ᠱᠠᠩ ᠤᠨ ᠳᠠᠯᠠᠢ ᠰᠤᠮᠤ
ᠨᠡᠶᠢᠲᠡᠯᠡᠭᠰᠡᠨ ᠴᠠᠭ᠄
2019/12/13
ᠳᠤᠬᠠᠢ ᠶᠢᠨ ᠦᠶ᠎ᠠ ᠶᠢᠨ ᠱᠠᠩ ᠤᠨ ᠳᠠᠯᠠᠢ ᠰᠤᠮᠤ ᠨᠢ ᠠᠯᠠᠱᠠ ᠵᠡᠬᠦᠨ ᠬᠤᠰᠢᠭᠤᠨ ᠤ ᠡᠮᠦᠨ᠎ᠡ ᠭᠡᠰᠡᠭ ᠲᠤ ᠪᠠᠶᠢᠷᠢᠰᠢᠵᠤ᠂ ᠵᠡᠬᠦᠨ ᠳᠠᠯ᠎ᠡ ᠪᠠᠷ ᠢᠶᠠᠨ ᠨᠢᠩᠰᠢᠶᠠ ᠶᠢᠨ ᠬᠤᠳᠤᠩ ᠦᠨᠳᠤᠰᠤᠳᠡᠨ ᠤ ᠦᠪᠡᠷᠳᠡᠬᠡᠨ ᠵᠠᠰᠠᠬᠤ ᠤᠷᠤᠨ ᠎ ᠲᠠᠢ ᠵᠠᠭᠠᠭᠯᠠᠵᠤ᠂ ᠦᠷᠢᠳᠤᠭᠤᠷ ᠢᠶᠠᠨ ᠵᠢᠷᠭᠠᠯᠰᠠᠶᠢᠬᠠᠨ ᠪᠠᠯᠭᠠᠰᠤ ᠲᠠᠢ ᠨᠡᠶᠢᠯᠡᠨ᠂ ᠪᠠᠷᠠᠭᠤᠨ ᠳᠠᠯ᠎ᠠ ᠪᠠᠷ ᠢᠶᠠᠨ ᠴᠤᠭᠳᠤᠬᠦ᠋ᠷᠢᠶ᠎ᠡ ᠰᠤᠮᠤᠨ ᠳᠤ ᠳᠤᠯᠵᠤ᠂ ᠬᠤᠶᠢᠳᠤ ᠳᠠᠯ᠎ᠠ ᠪᠠᠷ ᠢᠶᠠᠨ ᠳᠤᠩᠭᠠᠯᠠᠭ ᠨᠠᠭᠤᠷ ᠰᠤᠮᠤ᠂ ᠪᠠᠷᠠᠭᠤᠨ ᠪᠡᠯ ᠪᠠᠯᠭᠠᠰᠤ ᠲᠠᠢ ᠵᠠᠯᠭᠠᠯᠳᠤᠵᠤ ᠪᠠᠶᠢᠵᠡᠢ᠃ ᠭᠠᠵᠡᠷ ᠤᠨ ᠪᠠᠶᠢᠴᠠ ᠨᠢ ᠵᠡᠬᠦᠨ ᠳᠠᠯ᠎ᠠ ᠪᠠᠷ ᠢᠶᠠᠨ ᠦᠨᠳᠤᠷ᠂ ᠪᠠᠷᠠᠭᠤᠨ ᠳᠠᠯ᠎ᠠ ᠪᠠᠷ ᠢᠶᠠᠨ ᠨᠠᠮᠬᠠᠨ ᠪᠠᠶᠢᠵᠤ᠂ ᠵᠡᠬᠦᠨ ᠪᠡᠶ᠎ᠡ ᠪᠠᠷ ᠢᠶᠠᠨ ᠪᠤᠭᠤᠨᠢ ᠠᠭᠤᠯᠠ ᠳᠤᠪᠤᠷᠴᠠᠭ ᠭᠤᠤᠯᠳᠠᠵᠤ᠂ ᠪᠠᠷᠠᠭᠤᠨ ᠭᠡᠰᠡᠭ ᠨᠢ ᠳᠡᠭᠷᠢ ᠡᠯᠡᠰᠤᠨ ᠤ ᠬᠦᠪᠡᠭᠡᠨ ᠳᠤ ᠳᠤᠯᠵᠤ᠂ ᠶᠡᠷᠦᠩᠬᠡᠢ ᠳᠠᠯᠠᠪᠡᠢ ᠨᠢ 1913 ᠺᠢᠯᠤᠮᠧᠲᠷ ᠬᠠᠪᠳᠠᠭᠠᠢ ᠳᠦᠷᠪᠡᠯᠵᠢᠨ ᠺᠢᠯᠤᠮᠧᠲᠷ ᠲᠤ ᠬᠦᠷᠴᠤ ᠪᠠᠶᠢᠭᠰᠠᠨ ᠪᠠᠶᠢᠨ᠎ᠠ᠃ ᠱᠠᠩ ᠤᠨ ᠳᠠᠯᠠᠢ ᠰᠤᠮᠤ ᠪᠤᠯ ᠤᠤᠯ ᠤᠨ ᠱᠠᠩ ᠤᠨ ᠳᠠᠯᠠᠢ ᠶᠢᠨ ᠪᠠᠭ ᠠᠴᠠ ᠡᠬᠦᠰᠦᠯᠳᠡᠢ ᠶᠤᠮ᠃ 1958 ᠤᠨ ᠤ 3 ᠰᠠᠷ᠎ᠠ ᠳᠤ᠂ ᠤᠤᠯ ᠤᠨ ᠱᠠᠩ ᠤᠨ ᠳᠠᠯᠠᠢ ᠶᠢᠨ ᠪᠠᠭ ᠪᠤᠯᠤᠨ ᠬᠤᠶᠠᠷᠬᠤᠳᠳᠤᠭ ᠤᠨ ᠪᠠᠭ ᠢ ᠨᠠᠶᠢᠯᠡᠬᠦᠯᠦᠭᠡᠳ ᠵᠢᠷᠭᠠᠯᠰᠠᠶᠢᠬᠠᠨ ᠰᠤᠮᠤ ᠬᠡᠵᠤ ᠪᠠᠶᠢᠭᠤᠯᠤᠭᠰᠠᠨ ᠢᠶᠠᠨ 1961 ᠤᠨ ᠤ 10 ᠰᠠᠷ᠎ᠡ ᠪᠤᠯᠬᠤ ᠳᠤ ᠭᠡᠰᠡᠭ ᠭᠠᠵᠡᠷ ᠢ ᠨᠢ ᠬᠤᠪᠢᠶᠠᠷᠢᠯᠠᠨ ᠭᠠᠷᠭᠠᠵᠤ ᠳᠤᠰ ᠲᠤᠨᠢ ᠨᠢᠬᠡ ᠬᠦᠡᠭᠱᠧ ᠪᠠᠶᠢᠭᠤᠯᠤᠭᠠᠳ ᠤᠤᠯ ᠤᠨ ᠪᠠᠭ ᠤᠨ ᠨᠡᠷᠡᠶᠢᠳᠤᠯ ᠢᠶᠠᠷ ᠨᠢ ᠱᠠᠩ ᠤᠨ ᠳᠠᠯᠠᠢ ᠬᠦᠡᠭᠱᠧ ᠬᠡᠮᠡᠨ ᠨᠡᠷᠡᠶᠢᠳᠴᠡᠢ᠃ 1983 ᠤᠨ ᠤ 11 ᠰᠠᠷ᠎ᠡ ᠳᠤ ᠬᠦᠡᠭᠱᠧ ᠬᠡᠬᠦ ᠨᠡᠷᠡᠶᠢᠳᠤᠯ ᠢ ᠰᠤᠮᠤ ᠬᠡᠵᠤ ᠰᠡᠷᠬᠦᠭᠡᠭᠰᠡᠨ ᠪᠦᠭᠡᠳ ᠳᠤᠬᠠᠢ ᠶᠢᠨ ᠦᠶ᠎ᠡ ᠶᠢᠨ ᠱᠠᠩ ᠤᠨ ᠳᠠᠯᠠᠢ ᠰᠤᠮᠤ ᠨᠢ ᠨᠡᠶᠢᠳᠡ ᠳᠦᠷᠪᠡᠨ ᠭᠠᠴᠠᠭ᠎ᠠ ᠲᠠᠢ ᠪᠠᠶᠢᠵᠤ᠂ ᠰᠤᠮᠤᠨ ᠤ ᠵᠠᠰᠠᠭ ᠤᠨ ᠤᠷᠳᠤᠨ ᠤ ᠰᠠᠭᠤᠭ᠎ᠠ ᠭᠠᠵᠡᠷ ᠢ ᠨᠢ ᠮᠤᠭᠠᠢᠢᠳᠤ ᠬᠤᠳᠳᠤᠭ ᠭᠡᠳᠡᠭ᠃ ᠳᠦᠷᠪᠡᠨ ᠭᠠᠴᠠᠭ᠎ᠠ ᠨᠢ ᠳᠤᠰᠪᠤᠷᠢ ᠪᠠᠶᠠᠨᠴᠤᠭᠳᠤ ᠭᠠᠴᠠᠭ᠎ᠠ᠂ ᠱᠠᠩᠬᠠᠢ ᠭᠠᠴᠠᠭ᠎ᠠ ᠂ ᠪᠠᠶ᠋ᠬᠠᠦ᠋ᠨᠳᠤᠷ ᠭᠠᠴᠠᠭ᠎ᠠ᠂ ᠬᠠᠭ ᠤᠨ ᠭᠤᠤᠯ ᠭᠠᠴᠠᠭ᠎ᠠ ᠵᠡᠷᠭᠡ ᠪᠤᠯᠤᠨ᠎ᠠ᠃ 2001 ᠤᠨ ᠤ 5 ᠰᠠᠷ᠎ᠠ ᠳᠤ᠂ ᠤᠤᠯ ᠤᠨ ᠱᠠᠩ ᠤᠨ ᠳᠠᠯᠠᠢ ᠰᠤᠮᠤᠨ ᠤ ᠪᠠᠶᠢᠭᠤᠯᠤᠮᠵᠢ ᠶᠢ ᠬᠠᠰᠤᠨ ᠴᠤᠮᠬᠠᠳᠬᠠᠵᠤ ᠪᠠᠷᠠᠭᠤᠨ ᠪᠡᠯ ᠪᠠᠯᠭᠠᠰᠤᠨ ᠳᠤ ᠨᠡᠶᠢᠯᠡᠬᠦᠯᠦᠭᠰᠡᠨ ᠠᠴᠠ ᠤᠳᠤ ᠶᠢᠨ ᠪᠠᠶᠢᠳᠠᠯ ᠳᠤ ᠲᠦᠯᠦᠪᠰᠢᠷᠡᠵᠡᠢ᠃ ᠴᠤᠯ ᠮᠠᠯᠵᠢᠬᠤ ᠪᠠᠶᠢᠭᠰᠠᠨ ᠱᠠᠩ ᠤᠨ ᠳᠠᠯᠠᠢ ᠰᠤᠮᠤ ᠨᠢ ᠬᠠᠮᠤᠭ ᠠᠷᠪᠢᠨ ᠳᠠᠭᠠᠨ ᠠᠷᠪᠠᠨ ᠲᠦᠮᠡ ᠰᠢᠬᠠᠭᠤ ᠮᠠᠯ ᠎ ᠲᠠᠢ ᠪᠠᠶᠢᠵᠤ᠂ ᠡᠬᠦᠨ ᠳᠤ 46.6%᠎ ᠨᠢ ᠢᠮᠠᠭ᠎ᠠ ᠪᠤᠯᠤᠨ᠎ᠠ᠃ ᠮᠠᠯᠵᠢᠯ ᠤᠨ ᠳᠠᠯ᠎ᠠ ᠳᠤ ᠤᠯᠠᠮᠵᠢᠯᠠᠯᠳᠤ ᠠᠷᠭ᠎ᠠ ᠬᠡᠯᠪᠡᠷᠢ ᠪᠠᠨ ᠬᠤᠪᠢᠷᠠᠭᠤᠯᠵᠤ ᠲᠦᠯ ᠮᠠᠯ ᠤᠨ ᠭᠠᠷᠭᠠᠯᠳᠠ ᠶᠢ ᠨᠡᠮᠡᠭᠳᠡᠬᠦᠯᠦᠭᠰᠡᠨ ᠠᠴᠠ ᠠᠵᠤ ᠠᠬᠤᠢ ᠶᠢᠨ ᠦᠷ᠎ᠠ ᠠᠰᠢᠭ ᠨᠢ ᠢᠯᠡᠳᠳᠡ ᠳᠡᠭᠡᠭᠰᠢᠯᠡᠵᠤ᠂ 1999 ᠤᠨ ᠤ ᠪᠦᠬᠦ ᠰᠤᠮᠤᠨ ᠤ ᠡᠳ᠋ ᠤᠨ ᠵᠠᠰᠠᠭ ᠤᠨ ᠤᠷᠤᠯᠭ᠎ᠠ ᠨᠢ 60.3 ᠲᠦᠮᠡᠨ ᠲᠦᠬᠦᠷᠢᠭ ᠲᠤ ᠬᠦᠷᠴᠤ᠂ ᠠᠯᠠᠱᠠ ᠵᠡᠬᠦᠨ ᠬᠤᠰᠢᠭᠤᠨ ᠤ ᠡᠮᠦᠨ᠎ᠡ ᠭᠡᠰᠡᠭ ᠤᠨ ᠰᠤᠮᠤ ᠪᠠᠯᠭᠠᠰᠤᠨ ᠤ ᠳᠤᠳᠤᠷᠡᠬᠢ ᠮᠠᠯ ᠠᠵᠤ ᠠᠬᠤᠢ ᠶᠢᠨ ᠭᠠᠶᠢᠯᠢ ᠶᠢᠨ ᠬᠤᠷᠢᠶᠠᠯᠳᠠ ᠬᠠᠮᠤᠭ ᠦᠨᠳᠤᠷ ᠰᠤᠮᠤ ᠪᠤᠯᠵᠤ ᠪᠠᠶᠢᠵᠡᠢ᠃ ᠳᠤᠰ ᠰᠤᠮᠤ ᠨᠢ ᠪᠠᠰᠠ ᠭᠡᠷ ᠤ ᠪᠦᠯᠢ ᠶᠢᠨ ᠡᠪᠡᠰᠤ ᠪᠤᠷᠳᠤᠭᠠᠨ ᠤ ᠰᠠᠭᠤᠷᠢᠨ ᠭᠠᠵᠡᠷ ᠤᠨ ᠪᠦᠳᠦᠬᠡᠨ ᠪᠠᠶᠢᠭᠤᠯᠤᠯᠳᠠ ᠶᠢ ᠰᠠᠶᠢᠳᠤᠷ ᠠᠳᠬᠤᠵᠤ ᠪᠠᠶᠢᠭᠰᠠᠨ ᠠᠴᠠ ᠨᠠᠶᠢᠳᠡ 1000 ᠭᠠᠷᠤᠢ ᠮᠤ᠋ ᠶᠢᠨ ᠡᠪᠡᠰᠤ ᠪᠤᠷᠳᠤᠭᠠᠨ ᠤ ᠰᠠᠭᠤᠷᠢᠨ ᠭᠠᠵᠡᠷ ᠤᠨ ᠲᠠᠢ ᠪᠠᠶᠢᠵᠤ᠂ ᠪᠠᠶᠢᠷᠢ ᠪᠠᠯᠴᠢᠭᠡᠷ ᠤᠨ ᠠᠰᠢᠭᠯᠠᠯᠳᠠ ᠶᠢᠨ ᠨᠤᠷᠮ᠎ᠠ ᠶᠢ ᠳᠡᠭᠡᠭᠰᠢᠯᠡᠬᠦᠯᠵᠤ ᠪᠠᠶᠢᠵᠡᠢ᠃ ᠰᠤᠮᠤᠨ ᠤ ᠬᠢᠵᠠᠭᠠᠷ ᠲᠤᠨᠢ ᠴᠠᠭᠠᠨ ᠭᠤᠶᠤᠤ᠂ ᠭᠠᠵᠡᠷ ᠤᠨ ᠦᠰᠤ ︵ᠬᠡᠵᠢᠬᠡ ᠡᠪᠡᠰᠤᠨ︶ ᠵᠡᠷᠭᠡ ᠨᠤᠳᠤᠭ ᠤᠨ ᠤᠨᠴᠠ ᠭᠠᠷᠤᠯᠳᠠ ᠲᠠᠢ᠂ ᠵᠠᠮ ᠬᠠᠷᠢᠯᠴᠠᠭ᠎ᠠ ᠮᠠᠰᠢ ᠳᠦᠬᠦᠮ ᠳᠦᠳᠡ ᠪᠠᠶᠢᠵᠤ᠂ ᠪᠠᠶᠠᠨᠬᠤᠳᠠ᠂ ᠢᠷᠭᠠᠢ ᠵᠡᠷᠭᠡ ᠭᠠᠵᠡᠷ ᠲᠠᠢ ᠵᠠᠰᠠᠮᠯ ᠵᠡᠮ ᠢᠶᠠᠷ ᠨᠡᠪᠳᠡᠷᠡᠵᠤ ᠪᠠᠶᠢᠭᠰᠠᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号