ᠯᠾᠠᠸᠠᠩᠫᠦ᠋ᠷᠦᠭᠵᠢᠯ ᠤᠨ ᠲᠤᠬᠠᠢ
ᠨᠡᠶᠢᠲᠡᠯᠡᠭᠰᠡᠨ ᠴᠠᠭ᠄
2019/12/13
ᠯᠾᠠᠸᠠᠩᠫᠦ᠋ᠷᠦᠭᠵᠢᠯ ᠸᠠᠩ ᠪᠣᠯ ᠲᠣᠯᠣᠳᠰᠦ᠋ᠷᠦᠩ ᠤᠨ ᠠᠬᠠᠮᠠᠳ ᠬᠦᠪᠡᠭᠦᠨ ᠪᠦᠭᠡᠳ ᠲᠡᠳᠡ ᠠᠬ᠎ᠠ ᠳᠡᠭᠦᠦ ᠵᠢᠷᠭᠤᠭ᠎ᠠ ᠪᠠᠶᠢᠵᠡᠢ᠃ ᠪᠠᠳᠠᠷᠠᠭᠤᠯᠲᠤ ᠲᠦᠷᠦ ᠶᠢᠨ ᠳᠣᠯᠣᠳᠤᠭᠠᠷ ᠣᠨ ︵1881 ᠣᠨ︶᠎ ᠳᠤ᠂ ᠴᠢᠨ ᠸᠠᠩ ᠤᠨ ᠰᠠᠭᠤᠷᠢᠨ ᠢ ᠵᠠᠯᠭᠠᠮᠵᠢᠯᠠᠭᠤᠯᠬᠤ ᠪᠠᠷ ᠤᠷᠢᠳᠤ ᠠᠴᠠ ᠨᠡᠷ᠎ᠡ ᠲᠡᠮᠳᠡᠭᠯᠡᠵᠦ᠂ ᠭᠦᠩ ᠤᠨ ᠵᠡᠷᠭᠡ ᠲᠠᠶᠢᠵᠢ ᠪᠣᠯᠤᠭᠠᠳ ᠮᠦᠨ ᠬᠠᠭᠠᠨ ᠤ ᠬᠤᠷᠢᠳᠤᠭᠠᠷ ᠣᠨ ︵1894 ᠣᠨ︶᠎ ᠳᠤ᠂ ᠲᠦᠷᠦ ᠶᠢᠨ ᠪᠡᠶᠢᠯᠡ ᠪᠣᠯᠵᠡᠢ᠃ ᠲᠡᠷᠡ᠂ 1905 ᠣᠨ ᠳᠤ ᠴᠢᠨ ᠸᠠᠩ ᠤᠨ ᠰᠠᠭᠤᠷᠢᠨ ᠳᠤ ᠰᠠᠭᠤᠭᠠᠳ 1931 ᠣᠨ ᠬᠦᠷᠲᠡᠯ᠎ᠡ 27 ᠵᠢᠯ ᠶᠡᠭᠡ ᠵᠤᠷᠭᠠᠨ ᠳᠤ ᠵᠢᠰᠢᠶᠡᠯᠡᠵᠡᠢ᠃ ᠲᠡᠭᠦᠨ ᠤ ᠲᠤᠰᠢᠶᠠᠯ ᠪᠣᠯᠪᠠᠰᠤ᠂ ᠨᠢᠭᠡᠳᠦᠭᠡᠷ ᠵᠡᠷᠭᠡ ᠶᠡᠭᠡ ᠴᠠᠴᠤᠭᠲᠤ ᠵᠢᠶᠠ ᠬᠤᠸᠠ ᠵᠠᠩ᠂ ᠨᠢᠭᠡᠳᠦᠭᠡᠷ ᠵᠡᠷᠭᠡ ᠸᠧᠨ ᠡᠾᠸᠤ ᠢ ᠸᠧᠢ ᠵᠠᠩᠵᠦᠨ᠂ ᠣᠯᠠᠨ ᠴᠢᠭᠤᠯᠭᠠᠨ ᠬᠤᠰᠢᠭᠤᠳ ᠤᠨ ᠢᠯᠪᠢᠨ ᠨᠠᠶᠢᠷᠠᠯᠳᠤᠬᠤ ᠬᠡᠷᠡᠭ ᠶᠠᠪᠤᠳᠠᠯ ᠢ ᠪᠣᠳᠤᠯᠴᠠᠨ ᠪᠡᠯᠡᠳᠬᠡᠭᠴᠢ ᠤᠯᠤᠰ ᠤᠨ ᠬᠡᠷᠡᠭ ᠤᠨ ᠶᠠᠮᠤᠨ ᠤ ᠬᠠᠷᠠᠨ ᠠᠰᠠᠭᠤᠭᠴᠢ ᠲᠦᠰᠢᠮᠡᠯ ᠵᠡᠷᠭᠡ ᠪᠣᠯᠣᠨ᠎ᠠ᠃ ᠳᠤᠮᠳᠠᠳᠤ ᠢᠷᠭᠡᠨ ᠤᠯᠤᠰ ᠤᠨ ᠵᠢᠷᠭᠤᠳᠤᠭᠠᠷ ᠣᠨ ︵1917 ᠣᠨ︶᠎ ᠳᠤ᠂ ᠪᠠᠷᠠᠭᠤᠨ ᠮᠣᠩᠭᠤᠯ ᠤᠨ ᠳᠡᠯᠭᠡᠷᠡᠭᠦᠯᠦᠨ ᠲᠣᠬᠤᠨᠢᠭᠤᠯᠬᠤ ᠰᠠᠶᠢᠳ᠂ ᠨᠢᠭᠡᠳᠦᠭᠡᠷ ᠵᠡᠷᠭᠡ ᠸᠧᠨ ᠡᠾᠸᠤ ᠵᠠᠩ᠂ ᠵᠢᠶᠠ ᠬᠤᠸᠠ ᠵᠠᠩ ᠵᠡᠷᠭᠡ ᠶᠢᠨ ᠲᠤᠰᠢᠶᠠᠯ ᠳᠤ ᠳᠡᠪᠰᠢᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号