| | ᠴᠦᠯᠬᠡᠳᠡᠢ ᠪᠤᠯ ᠰᠦᠯᠳᠦᠰᠦᠨ ᠤᠪᠤᠭ ᠤᠨ ᠬᠦᠮᠦᠨ᠃ ᠳᠡᠮᠦᠵᠢᠨ 1181 ᠤᠨ ᠳᠤ ᠵᠠᠮᠤᠬ᠎ᠠ ᠠᠴᠠ ᠬᠠᠭᠠᠴᠠᠨ | ᠰᠠᠯᠵᠦ ᠨᠡᠬᠦᠬᠡᠳ ᠰᠦᠨᠢ ᠳᠤᠷᠰᠢ ᠶᠠᠪᠤᠵᠦ ᠡᠳᠦᠷ ᠬᠡᠶᠢᠬᠦ ᠳᠤ ᠦᠵᠡᠪᠡᠯ ᠳᠡᠮᠦᠵᠢᠨ ᠢ ᠳᠦᠰᠢᠨ ᠳᠠᠭᠠᠬᠤ ᠪᠠᠷ | ᠢᠷᠡᠭᠰᠡᠨ ᠪᠠᠶᠢᠵᠠᠢ᠃ ᠡᠶᠢᠨ ᠬᠦ ᠴᠦᠯᠬᠡᠳᠡᠢ ᠵᠦᠪ ᠵᠠᠮ ᠢᠶᠠᠨ ᠤᠯᠵᠠᠢ᠃ ︵ᠨᠢᠭᠤᠴᠠ ᠳᠤᠪᠴᠢᠶ᠎ᠠ 120 ᠵᠦᠢᠯ | ᠳᠤ ᠦᠵᠡ︶ | ᠴᠦᠯᠬᠡᠳᠡᠢ 1189 ᠤᠨ ᠳᠤ ᠳᠡᠮᠦᠵᠢᠨ ᠴᠢᠩᠬᠢᠰ ᠤᠨ ᠵᠠᠷᠯᠢᠭ ᠢᠶᠠᠷ ᠢᠯᠳᠤ ᠠᠭᠰᠠᠵᠦ ᠶᠠᠪᠤᠬᠤ ᠪᠠᠷ | ᠳᠤᠮᠢᠯᠠᠭᠳᠠᠵᠦ ᠶᠡᠭᠡ ᠢᠳᠡᠬᠡᠯ ᠤᠯᠵᠠᠢ᠃ ︵ᠨᠢᠭᠤᠴᠠ ᠳᠤᠪᠴᠢᠶ᠎ᠠ 124 ᠵᠦᠢᠯ ᠳᠤ ᠦᠵᠡ︶ | ᠴᠢᠩᠬᠢᠰ ᠬᠠᠭᠠᠨ 1206 ᠤᠨ ᠳᠤ ᠤᠯᠤᠰ ᠳᠦᠷᠦ ᠶᠢ ᠪᠠᠶᠢᠭᠤᠯᠬᠤ ᠳᠤ ᠮᠢᠳᠠᠷᠠᠯ ᠦᠬᠡᠢ ᠵᠢᠳᠬᠦᠭᠰᠡᠨ | ᠰᠦᠯᠳᠦᠰᠦᠨ ᠤᠪᠤᠭ ᠤᠨ ᠴᠦᠯᠬᠡᠳᠡᠢ ᠳᠤ ᠨᠠᠶᠠᠨ ᠨᠠᠢᠮᠠᠨ ᠭᠠᠪᠢᠶᠠᠳᠠᠨ ᠤ ᠠᠷᠪᠠᠨ ᠳᠦᠷᠪᠡᠳᠡᠬᠢ ᠭᠠᠪᠢᠶᠠᠳᠤ ᠪᠠᠷ | ᠰᠤᠶᠤᠷᠬᠠᠵᠦ ᠶᠡᠷᠡᠨ ᠳᠠᠪᠤᠨ ᠮᠢᠩᠭᠠᠨ ᠤ ᠠᠷᠪᠠᠨ ᠳᠦᠷᠪᠡᠳᠡᠬᠢ ᠮᠢᠩᠭᠠᠨ ᠤ ᠨᠤᠶᠠᠨ ᠢᠶᠠᠷ ᠳᠤᠮᠢᠯᠠᠵᠦ᠂ ᠤᠭᠰᠠᠭᠠᠳᠤ | ᠨᠤᠶᠠᠨ ᠳᠤ ᠡᠷᠬᠦᠮᠵᠢᠯᠡᠵᠡᠢ᠃ | | |