| | | ᠮᠤᠩᠭᠤᠯ ᠦᠨᠳᠦᠰᠦᠳᠠᠨ ᠤ ᠠᠯᠳᠠᠷᠳᠦ ᠬᠤᠭᠤᠷᠴᠢ᠂ ᠠᠪᠤᠷᠭᠤ ᠲᠤᠤᠯᠢᠴᠢ ᠫᠠᠵᠠᠢ 1902 ᠤᠨ ᠤ ᠬᠤᠶᠠᠳᠤᠭᠠᠷ | ᠰᠠᠷ᠎ᠠ ᠶᠢᠨ ᠠᠷᠪᠠᠨ ᠭᠤᠷᠪᠠᠨ ᠳᠤ ᠤᠤᠯ ᠤᠨ ᠵᠤᠤ ᠤᠳᠠ ᠴᠢᠭᠤᠯᠭᠠᠨ ᠤ ᠵᠠᠬᠦᠨ ᠭᠠᠷ ᠵᠠᠷᠤᠤᠨ ᠬᠤᠰᠢᠭᠤᠨ ᠤ | ᠬᠦᠢᠰᠦ ᠶᠢᠨ ᠠᠶᠢᠯ ᠤᠨ ᠮᠠᠯᠴᠢᠨ ᠵᠢᠭᠮᠡᠳᠰᠠᠩᠪᠤ ᠶᠢᠨ ᠭᠡᠷ ᠲᠤ ᠲᠦᠷᠦᠵᠠᠢ᠃ ᠫᠠᠵᠠᠢ ᠶᠢᠨ ᠤᠭ ᠨᠠᠷᠠ ᠨᠢ | ᠫᠠᠫᠠᠭᠵᠠᠪ ᠭᠡᠳᠡᠭ᠂ ᠦᠶ᠎ᠠ ᠶᠢᠨ ᠭᠡᠤᠭᠡᠤᠨ ᠨᠢ ᠲᠦᠬᠦᠮᠴᠢᠯᠠᠵᠦ ᠲᠠᠭᠤᠳᠠᠭᠰᠠᠭᠠᠷ ᠫᠠᠵᠠᠢ ᠪᠤᠯᠭᠠᠵᠠᠢ᠃ ᠬᠦᠮᠤᠰ | ᠪᠠᠰᠠ ᠮᠠᠮᠠ ᠭᠡᠵᠦ ᠲᠠᠭᠤᠳᠠᠳᠠᠭ ᠨᠢ ᠪᠠᠭ᠎ᠠ ᠳᠠᠭᠠᠨ ᠰᠦᠮ᠎ᠠ ᠳᠤ ᠰᠠᠭᠤᠭᠰᠠᠨ ᠲᠠᠢ ᠬᠤᠯᠪᠤᠭ᠎ᠠ ᠲᠠᠢ᠃ 1911 | ᠤᠨ ᠳᠤ᠂ ᠵᠠᠬᠦᠨ ᠭᠠᠷ ᠵᠠᠷᠤᠤᠨ ᠸᠠᠩ ᠤᠨ ᠬᠦᠦ ᠨᠢ ᠬᠦᠨᠳᠦ ᠡᠪᠠᠳᠴᠢᠯᠠᠵᠦ᠂ ᠪᠠᠨᠴᠢᠨ ᠪᠤᠭᠳᠠ ᠠᠴᠠ ᠠᠪᠤᠷᠠᠯ | ᠭᠤᠶᠤᠭᠰᠠᠨ ᠴᠢᠨᠢ᠄ ᠠᠷᠪᠠᠨ ᠴᠤᠪᠤᠭᠤ ᠭᠡᠤᠭᠡᠤᠨ ᠢ ᠠᠭᠤᠢ ᠰᠦᠮ᠎ᠠ ᠳᠤ ᠭᠠᠷᠭᠠᠵᠦ᠂ ᠠᠯᠳᠠᠨ ᠰᠤᠪᠤᠷᠭ᠎ᠠ | ᠪᠠᠶᠢᠭᠤᠯᠪᠠᠯ ᠰᠠᠶ᠋ᠢ ᠴᠢᠳᠬᠦᠷ ᠠᠷᠢᠯᠤᠨ᠎ᠠ ᠭᠡᠵᠦ ᠠᠯᠳᠠᠨ ᠭᠤᠷᠪᠠᠨ ᠱᠤ ᠳᠤᠨᠢ ᠠᠪᠤᠷᠠᠯ ᠤᠨ ᠲᠠᠷᠨᠢ ᠪᠠᠭᠤᠵᠦ ᠭᠡᠨ᠎ᠠ᠃ | ᠫᠠᠵᠠᠢ ᠲᠠᠭᠡᠭᠡᠤᠨ ᠶᠢᠰᠤᠨ ᠨᠠᠰᠤᠳᠠᠢ ᠳᠠᠭᠠᠨ ᠲᠠᠳᠠᠭᠡᠷ ᠭᠡᠤᠭᠡᠤᠨ ᠤᠨ ᠲᠤᠭᠠᠨ ᠳᠤ ᠤᠷᠤᠵᠦ᠂ ᠨᠠᠭᠠᠴᠦ ᠯᠠᠮᠠ | ᠰᠠᠷᠳᠠᠭ ᠤᠨ ᠬᠦᠳᠦᠯᠦᠯᠭᠡ ᠪᠠᠷ ᠬᠤᠰᠢᠭᠤᠨ ᠸᠠᠩ ᠤᠨ ᠰᠢᠳᠦᠭᠡᠨ ᠰᠦᠮ᠎ᠠ ᠪᠣᠯᠬᠤ ᠨᠤᠶᠠᠨ ᠰᠦᠮ᠎ᠠ ᠳᠤ ᠪᠠᠨᠳᠢ | ᠪᠤᠯᠵᠠᠢ᠃ ᠫᠠᠵᠠᠢ ᠰᠤᠳᠤᠷ ᠤᠩᠰᠢᠵᠦ ᠨᠤᠮ ᠴᠠᠭᠡᠵᠢᠯᠠᠬᠦ ᠳᠡᠭᠡᠨ ᠲᠦᠢᠯ ᠤᠨ ᠬᠤᠷᠴᠠ ᠰᠠᠷᠬᠦᠯᠠᠩ ᠪᠤᠯᠪᠠᠴᠦ | ᠦᠬᠦᠮᠠᠯ ᠢᠶᠠᠷ ᠰᠤᠷᠬᠤ ᠳᠤ ᠲᠤᠷ᠎ᠠ ᠦᠭᠡᠢ᠃ ᠨᠢᠭᠡᠨ ᠤᠳᠠᠭ᠎ᠠ᠂ ᠪᠠᠭᠰᠢ ᠯᠠᠮᠠ ᠨᠢ ᠦᠴᠦᠭᠡᠳᠤᠷ ᠤᠨ ᠨᠤᠮ ᠢᠶᠠᠨ | ᠴᠠᠭᠡᠵᠢ ᠪᠠᠷ ᠤᠩᠰᠢᠭᠤᠯᠬᠤ ᠭᠡᠰᠠᠨ ᠳᠤ᠄ ᠰᠠᠷᠵᠢᠨ ᠨᠤᠷᠵᠢᠤᠨ ᠴᠢᠤᠢ ᠢ ᠲᠦᠪᠳᠠᠭᠠᠩ᠂ ᠰᠠᠷᠳᠠᠭ ᠬᠠᠯᠵᠠᠨ ᠭᠡᠪᠬᠦᠢ | ᠲᠦᠪᠳᠠᠭᠠᠩ ︵ᠰᠠᠴᠤᠯᠢ ᠶᠦᠭᠡᠨ ᠲᠦᠷᠪᠠᠨ ᠵᠦᠭ ᠲᠤ ᠤᠯᠠᠨᠳᠠ ᠡᠷᠬᠦᠵᠦ ᠰᠠᠷᠵᠢᠮᠯᠠᠪᠠᠴᠦ᠂ ᠰᠠᠷᠳᠠᠭ ᠬᠠᠯᠵᠠᠨ | ᠵᠠᠰᠠᠭ ᠯᠠᠮᠠ ᠳᠤ ᠵᠢᠭᠠᠬᠠᠨ ᠴᠤ ᠦᠭᠬᠦ ᠦᠭᠡᠢ ᠭᠡᠰᠠᠨ ᠤᠳᠬ᠎ᠠ ᠲᠠᠢ︶ ᠭᠡᠵᠦ ᠨᠠᠭᠠᠴᠦ ᠯᠠᠮᠠ ᠪᠠᠨ ᠲᠠᠭᠠᠷᠢᠭᠤᠯᠤᠨ | ᠤᠩᠰᠢᠵᠦ ᠰᠠᠪ ᠮᠠᠳᠡᠭᠳᠠᠭᠡᠤᠨ ᠬᠦᠨᠳᠦ ᠵᠠᠨᠴᠢᠭᠳᠠᠵᠠᠢ᠃ ᠫᠠᠵᠠᠢ ᠠᠷᠪᠠᠨ ᠲᠦᠷᠪᠠᠳᠠᠢ ᠳᠡᠭᠡᠨ ᠰᠦᠮ᠎ᠠ ᠶᠢᠨ | ᠤᠩᠰᠢᠯᠭ᠎ᠠ ᠶᠢ ᠪᠦᠷᠢᠨ ᠲᠠᠬᠦᠰᠦᠭᠰᠠᠨ ᠪᠦᠬᠡᠳ ᠬᠤᠭᠤᠯᠠᠢ ᠨᠢ ᠬᠦᠩᠬᠢᠨᠠᠮᠠ ᠲᠤᠯᠠ ᠤᠩᠰᠠᠤᠨ ︵ᠨᠤᠮ | ᠡᠬᠢᠯᠠᠬᠦᠯᠦᠭᠴᠢ︶ ᠴᠤᠯᠠ ᠬᠦᠷᠳᠠᠪᠠ᠃ ᠭᠡᠪᠡᠴᠦ ᠲᠠᠷᠠ ᠰᠦᠮ᠎ᠠ ᠶᠢᠨ ᠠᠮᠢᠳᠤᠷᠠᠯ ᠳᠤ ᠶᠠᠷᠤᠨᠢ ᠲᠤᠷ᠎ᠠ ᠦᠭᠡᠢ ᠲᠤᠯᠠ | ᠠᠯᠪᠠ ᠶᠢᠨ ᠲᠠᠳᠤᠢ ᠰᠠᠭᠤᠪᠠᠴᠦ ᠠᠰᠳᠠᠭᠠᠨ ᠬᠤᠶᠠᠷ ᠵᠦᠢᠯ ᠤᠨ ᠶᠠᠭᠤᠮ᠎ᠠ ᠳᠤ ᠰᠠᠳᠬᠢᠯ ᠲᠠᠯᠪᠢᠳᠠᠭ ᠪᠠᠶᠢᠵᠠᠢ᠄ | ᠨᠢᠭᠡ ᠨᠢ᠂ ᠬᠤᠭᠤᠷ ᠪᠠᠷᠢᠵᠦ ᠦᠯᠢᠭᠡᠷ ᠭᠡᠯᠠᠬᠦ ᠪᠠᠨ ᠬᠠᠶᠠᠭᠰᠠᠨ ᠦᠭᠡᠢ᠃ ᠲᠤᠬᠠᠢ ᠶᠢᠨ ᠦᠶ᠎ᠠ ᠳᠤ ᠴᠦᠢᠪᠠᠩ | ᠬᠤᠭᠤᠷᠴᠢ ᠪᠤᠯᠤᠨ ᠭᠡᠨᠳᠤᠨ ᠮᠠᠩᠭᠤᠰ ᠰᠦᠮ᠎ᠠ ᠠᠴᠠ ᠤᠶᠢᠷᠠᠯᠴᠠᠭ᠎ᠠ ᠰᠠᠭᠤᠳᠠᠭ ᠲᠤᠯᠠ ᠦᠯᠢᠭᠡᠷ ᠭᠡᠯᠠᠬᠦ ᠦᠳᠠᠰᠢ | ᠪᠦᠷᠢ ᠫᠠᠵᠠᠢ ᠨᠢᠭᠤᠵᠦ ᠲᠠᠯᠳᠠᠯᠠᠨ ᠤᠴᠢᠭᠠᠤᠨ ᠰᠤᠨᠤᠰᠳᠠᠭ ᠶᠤᠮ᠃ ᠴᠢᠩᠬᠢᠭᠡᠤᠨ ᠦᠪᠠᠷ ᠤᠨ ᠭᠡᠷ ᠠᠴᠠ ᠪᠠᠨ | ᠱᠦᠯᠦ ᠶᠢᠨ ᠲᠤᠰᠤ ᠠᠪᠴᠦ ︵ᠳ᠋ᠧᠩ ᠳᠤ ᠨᠠᠮᠠᠬᠦ ᠲᠤᠰᠤ︶ ᠤᠶᠢᠷ᠎ᠠ ᠬᠠᠪᠢ ᠶᠢᠨ ᠤᠳᠤᠷ ᠨᠠᠬᠦᠳᠠᠯ ᠲᠠᠭᠡᠷ᠎ᠠ ᠰᠤᠷᠴᠦ | ᠮᠠᠳᠡᠭᠰᠠᠨ ᠦᠯᠢᠭᠡᠷ ᠢᠶᠠᠨ ᠭᠡᠯᠠᠵᠦ ᠦᠭᠳᠡᠭ᠃ ᠲᠠᠬᠦᠨ ᠳᠤ ᠬᠤᠭᠤᠷ ᠦᠭᠡᠢ ᠲᠤᠯᠠ ᠬᠠᠭᠤᠷᠠᠢ ᠬᠤᠶᠠᠷ ᠮᠤᠳᠤ ᠶᠢ | ᠬᠢᠷᠤᠭᠡᠳᠠᠵᠦ᠂ ᠴᠦᠢᠪᠠᠩ ᠭᠡᠨᠳᠤᠨ ᠢ ᠲᠠᠭᠤᠷᠢᠶᠠᠨ ᠴᠤᠬᠤᠮ ᠴᠤ ᠲᠦᠷᠰᠦᠯᠢᠭ ᠠᠷᠠᠨᠰᠢᠯᠠᠵᠦ ᠲᠦᠩᠬᠢᠨᠠᠳᠠᠯᠠ | ᠪᠠᠷᠬᠢᠷᠠᠨ ᠭᠡᠯᠠᠵᠦ ᠪᠠᠶᠢᠯ᠎ᠠ᠃ ᠬᠤᠵᠢᠮ ᠨᠢ ᠬᠤᠭᠤᠷ ᠲᠠᠢ ᠪᠤᠯᠴᠢᠭᠬᠠᠰᠠᠨ ᠴᠢᠨᠢ ᠶᠤᠰᠤᠳᠠᠢ ᠪᠠᠷᠰ ᠲᠤ ᠵᠢᠬᠦᠷ | ᠤᠷᠭᠤᠭᠰᠠᠨ ᠠᠳᠠᠯᠢ ᠪᠤᠯᠵᠦ᠂ ᠪᠠᠷᠤᠭ ᠤᠨ ᠬᠦᠮᠤᠨ ᠤ ᠬᠤᠷᠢᠭᠯᠠᠵᠦ ᠬᠠᠰᠢᠬᠤ ᠶᠢ ᠶᠠᠷᠤᠨᠢ ᠰᠤᠨᠤᠰᠬᠤ ᠦᠭᠡᠢ | ᠭᠠᠵᠠᠷ ᠪᠤᠯᠭᠠᠨ ᠳᠤ ᠨᠢᠭᠤᠵᠦ ᠬᠠᠪᠴᠢᠨ ᠦᠯᠢᠭᠡᠷ ᠭᠡᠯᠠᠵᠦ ᠶᠠᠪᠤᠬᠤ ᠳᠤ ᠬᠦᠷᠴᠠᠢ᠃ ᠰᠠᠬᠦᠯᠠᠷ ᠨᠢ ᠰᠦᠮ᠎ᠠ ᠶᠢᠨ | ᠯᠠᠮᠠ ᠨᠠᠷ ᠲᠤ ᠰᠠᠷᠡᠭᠳᠡᠭᠰᠠᠨ ᠢᠶᠠᠷ ᠰᠤᠭᠤᠨᠳᠤᠢ ᠶᠢᠨ ᠬᠤᠷᠠᠯ ᠤᠨ ᠰᠢᠳᠭᠡᠯ ᠤᠯᠵᠦ᠂ ᠫᠠᠵᠠᠢ ᠠᠷᠪᠠᠨ ᠲᠠᠪᠤᠳᠠᠢ | ᠳᠠᠭᠠᠨ ᠭᠡᠷ ᠲᠡᠭᠡᠨ ᠤᠷᠭᠤᠵᠦ ᠬᠠᠷᠢᠪᠠ᠃ ᠡᠨᠠ ᠶᠠᠪᠤᠳᠠᠯ ᠢ ᠳ᠋ᠠ ᠯᠠᠮᠠ ᠨᠢ ᠬᠤᠰᠢᠭᠤ ᠵᠠᠰᠠᠭ ᠲᠠᠭᠠᠨ ᠵᠠᠭᠠᠯᠳᠤᠭᠰᠠᠨ | ᠳᠤ ︽ᠫᠠᠵᠠᠢ ᠰᠦᠮ᠎ᠠ ᠶᠢᠨ ᠯᠠᠮᠠ ᠨᠠᠷ ᠲᠤ ᠤᠰᠤᠯ ᠬᠦᠯᠢᠶᠠᠨ ᠮᠠᠩᠵᠠ ᠪᠠᠷᠢᠬᠤ ᠠᠴᠠ ᠭᠠᠳᠠᠨ᠎ᠠ᠂ ᠬᠠᠷᠠᠴᠦ ᠪᠤᠯᠵᠦ | ᠪᠤᠯᠬᠤ ᠦᠭᠡᠢ᠂ ᠡᠮ᠎ᠠ ᠠᠪᠴᠦ ᠪᠤᠯᠬᠤ ᠦᠭᠡᠢ᠂ ᠦᠬᠦᠳᠠᠯᠠ ᠵᠤᠭᠤᠰ ᠦᠭᠡᠢ ᠪᠠᠷ ᠯᠤᠰᠤᠷ ᠬᠦᠢᠴᠠᠳᠭᠡᠬᠦ ᠭᠡᠷᠡᠭᠳᠠᠢ︾ | ᠭᠡᠰᠠᠨ ᠶᠠᠯ᠎ᠠ ᠲᠤᠭᠳᠠᠭᠠᠪᠠ᠃ ᠯᠤᠰᠤᠷ ᠭᠡᠳᠡᠭ ᠨᠢ ᠰᠦᠮ᠎ᠠ ᠶᠢᠨ ᠭᠤᠷᠪᠠᠨ ᠴᠠᠭ ᠤᠨ ᠪᠠᠶᠠᠷ ᠢ ᠵᠢᠭᠠᠵᠦ ᠪᠤᠢ᠃ | ᠯᠤᠰᠤᠷ ᠬᠦᠢᠴᠠᠳᠭᠡᠬᠦ ᠭᠡᠳᠡᠭ ᠨᠢ ᠰᠦᠮ᠎ᠠ ᠶᠢᠨ ᠭᠤᠷᠪᠠᠨ ᠴᠠᠭ ᠤᠨ ᠪᠠᠶᠠᠷ ᠲᠤ ᠦᠯᠢᠭᠡᠷ ᠭᠡᠯᠠᠵᠦ ᠦᠭᠬᠦ ᠶᠠᠪᠤᠳᠠᠯ | ᠪᠤᠯᠤᠨ᠎ᠠ᠃ ᠦᠨ᠎ᠠ ᠦᠷᠳᠡᠭ ᠦᠭᠡᠢ ᠦᠯᠢᠭᠡᠷ ᠭᠡᠯᠠᠬᠦᠯᠬᠦ ᠭᠡᠰᠠᠨ ᠭᠤᠷᠢᠳᠠᠯᠭ᠎ᠠ ᠨᠢ ᠫᠠᠵᠠᠢ ᠶᠢᠨ ᠲᠤᠷ᠎ᠠ ᠪᠠᠬ᠎ᠠ ᠶᠢ | ᠮᠢᠳᠠᠷᠠᠭᠤᠯᠵᠦ ᠴᠢᠳᠠᠭᠰᠠᠨ ᠦᠭᠡᠢ ᠪᠦᠬᠡᠳ ᠲᠦᠪᠠᠤᠨ ᠦᠯᠢᠭᠡᠷ ᠤᠨ ᠨᠤᠮ ᠤᠩᠰᠢᠵᠦ ᠰᠤᠷᠬᠤ᠂ ᠬᠢᠳᠠᠤᠨ | ᠦᠯᠢᠭᠡᠷ ᠢ ᠮᠤᠩᠭᠤᠯᠴᠢᠯᠠᠵᠦ ᠭᠡᠯᠠᠬᠦ ᠴᠠᠭ ᠲᠤᠬᠢᠶᠠᠯ ᠢ ᠤᠯᠭᠤᠵᠦ᠂ ᠰᠠᠶᠢᠨ ᠬᠤᠭᠤᠷᠴᠢ ᠪᠤᠯᠬᠤ ᠰᠦᠰᠦ ᠵᠤᠷᠢᠭ ᠢ | ᠨᠢ ᠬᠦᠪᠴᠢᠯᠡᠵᠦ᠂ ᠠᠪᠢᠶᠠᠰ ᠪᠢᠯᠢᠭ ᠢᠶᠠᠨ ᠲᠠᠪᠳᠠᠨ ᠪᠤᠯᠪᠠᠰᠤᠷᠠᠭᠤᠯᠬᠤ ᠳᠤᠨᠢ ᠲᠦᠯᠬᠢᠴᠠ ᠬᠦᠴᠤᠨ ᠦᠭᠪᠠ᠃ | ᠫᠠᠵᠠᠢ ᠶᠢᠨ ᠰᠡᠳᠬᠢᠯ ᠲᠠᠯᠪᠢᠲᠠᠬ ᠨᠦᠬᠦᠭᠡ ᠵᠦᠢᠯ ᠨᠢ ᠰᠦᠮ᠎ᠠ ᠳᠤ ᠪᠠᠶᠢᠬᠤ ᠬᠤᠭᠤᠴᠠᠭᠠᠨ ᠳᠠᠭᠠᠨ ᠪᠢᠷ ᠪᠤᠳᠤᠭ | ᠲᠠᠢ ᠨᠦᠬᠦᠷᠯᠠᠵᠦ᠂ ᠵᠢᠷᠤᠭ ᠪᠠᠷᠢᠮᠠᠯ ᠢ ᠤᠷᠤᠯᠳᠤᠵᠦ ᠰᠤᠷᠴᠠᠢ᠃ ᠲᠠᠷᠠ ᠭᠠᠷ ᠤᠷᠠᠨ ᠲᠠᠷᠢᠬᠢ ᠰᠠᠷᠭᠡᠢ ᠯᠠᠮᠠ ᠨᠠᠷ | ᠢᠶᠠᠷ ᠵᠢᠭᠠᠯᠭᠠᠵᠦ᠂ ᠪᠤᠷᠬᠠᠨ ᠤ ᠬᠦᠷᠦᠭ ᠵᠢᠷᠤᠭ ᠭᠡᠷ ᠪᠠᠷᠢᠯᠭ᠎ᠠ ᠶᠢᠨ ᠵᠢᠷᠤᠭ ᠲᠦᠷᠰᠦ ᠵᠢᠴᠢ ᠠᠮᠢᠳᠤᠷᠠᠯ ᠤᠨ | ᠲᠤᠮᠳᠠᠬᠢ ᠠᠯᠢ ᠤᠯᠠᠨ ᠲᠤᠬᠢᠶᠠᠯᠳᠤᠬᠤ ᠭᠠᠷ ᠤᠷᠠᠯᠠᠯ ᠳᠤ ᠰᠤᠨᠢᠭᠤᠴᠢ ᠬᠢᠨᠠᠭᠤᠷ ᠪᠠᠶᠢᠵᠦ᠂ ᠵᠠᠪᠰᠠᠷ ᠵᠠᠢ ᠤᠯᠳᠠᠪᠠᠯ | ᠵᠢᠷᠤᠵᠦ ᠲᠠᠳᠠᠯᠠᠳᠠᠭ ᠪᠠᠶᠢᠵᠠᠢ᠃ ᠨᠢᠭᠡᠨ ᠤᠳᠠᠭ᠎ᠠ ᠫᠠᠵᠠᠢ ᠶᠢᠨ ᠡᠭᠡᠴᠢ ᠨᠢ ᠲᠦᠷᠬᠦᠮᠴᠢᠯᠠᠵᠦ ᠢᠷᠠᠭᠡᠤᠨ ᠭᠤᠳᠤᠯ | ᠪᠦᠳᠦᠭᠡᠬᠦ ᠭᠡᠤᠨ ᠮᠤᠩᠭᠠᠨᠢᠵᠦ ᠪᠠᠶᠢᠯ᠎ᠠ᠃ ᠫᠠᠵᠠᠢ ᠭᠤᠳᠤᠯ ᠤᠨ ᠴᠢᠨᠢ ᠵᠢᠷᠤᠭ ᠢ ᠵᠢᠷᠤᠵᠦ ᠲᠦᠯᠦᠪᠯᠠᠵᠦ ᠦᠭᠬᠦᠶ᠎ᠠ | ᠭᠡᠰᠠᠨ ᠳᠤ᠄ ︽ᠴᠢ ᠪᠠᠰᠠ ᠵᠢᠷᠤᠭ ᠵᠢᠷᠤᠵᠦ ᠴᠢᠳᠠᠳᠠᠭ ᠶᠤᠮ ᠤᠤ︖︾ ᠭᠡᠵᠦ ᠡᠭᠡᠴᠢ ᠨᠢ ᠠᠰᠠᠭᠤᠬᠤᠯᠠᠷ᠄ | ︽ᠭᠤᠷᠪᠠᠨ ᠰᠤᠳᠤᠷ ᠢ ᠴᠠᠭᠡᠵᠢᠯᠠᠬᠦ ᠦᠭᠡᠢ ᠪᠤᠯ | ᠤᠩᠰᠠᠤᠨ ᠰᠠᠭᠤᠭᠠᠤᠨ ᠶᠠᠭᠠᠬᠢᠬᠤ ᠪᠤᠢ | ᠭᠤᠳᠤᠯ ᠤᠨ ᠵᠢᠷᠤᠭ ᠢ ᠴᠢᠳᠠᠬᠤ ᠦᠭᠡᠢ ᠪᠤᠯ | ᠤᠷᠠᠨ ᠰᠠᠨᠠᠭ᠎ᠠ ᠬᠠᠮᠢᠭ᠎ᠠ ᠪᠤᠢ︾ ᠭᠡᠤᠨ ᠠᠭᠤᠯᠠ ᠴᠠᠩᠭᠡᠷᠯᠠᠵᠦ ᠤᠰᠦ ᠲᠤᠨᠤᠯᠵᠠᠭᠰᠠᠨ᠂ ᠤᠯᠠᠭᠠᠨ ᠨᠤᠭᠤᠭᠠᠨ | ᠴᠠᠴᠡᠭ ᠨᠠᠪᠴᠢ ᠰᠤᠯᠤᠩᠭᠠᠷᠠᠭᠰᠠᠨ ᠦᠪᠴᠢ ᠨᠠᠭᠠᠮᠠᠯ ᠲᠠᠢ ᠭᠤᠳᠤᠯ ᠤᠨ ᠵᠢᠷᠤᠭ ᠢ ᠵᠢᠷᠤᠵᠦ ᠲᠦᠯᠦᠪᠯᠠᠨ ᠦᠭᠴᠠᠢ᠃ | ᠡᠭᠡᠴᠢ ᠨᠢ ᠭᠤᠳᠤᠯ ᠢᠶᠠᠨ ᠪᠦᠳᠦᠭᠡᠵᠦ ᠡᠮᠦᠰᠦᠭᠡᠤᠨ ᠬᠠᠳᠠᠮ ᠳᠠᠭᠠᠨ ᠪᠤᠴᠠᠬᠤ ᠳᠤᠨᠢ ᠤᠶᠢᠷ᠎ᠠ ᠰᠠᠳᠤᠨ ᠨᠢ | ᠦᠵᠠᠭᠡᠤᠨ ᠦᠪᠠᠷ ᠤᠨ ᠡᠷᠭᠡ ᠦᠭᠡᠢ ᠲᠤᠭᠤᠵᠦ ᠪᠢᠰᠢᠷᠠᠭᠡᠤᠨ ᠶᠠᠮᠠᠷ ᠬᠦᠮᠤᠨ ᠶᠠᠭᠠᠬᠢᠵᠦ ᠪᠤᠳᠤᠵᠦ ᠲᠦᠯᠦᠪᠯᠡᠭᠰᠠᠨ | ᠪᠤᠢ ᠭᠡᠵᠦ ᠶᠠᠭᠡᠯᠠ ᠮᠠᠭᠳᠠᠭᠰᠠᠨ ᠭᠡᠲᠡᠭ᠃ | 1920 ᠤᠨ ᠠᠴᠠ 1947 ᠤᠨ ᠤ ᠬᠤᠭᠤᠷᠤᠨᠳᠦ ᠪᠤᠯ ᠫᠠᠵᠠᠢ ᠶᠢᠨ ᠨᠢᠭᠡ ᠨᠠᠰᠣᠨ ᠳᠠᠬᠢ ᠬᠠᠮᠤᠭ ᠠᠴᠠ | ᠬᠦᠴᠢᠷ ᠪᠠᠷᠭᠡᠰᠢᠶᠠᠯᠳᠠᠢ ᠴᠠᠬ ᠦᠶ᠎ᠠ ᠮᠦᠨ᠃ ᠲᠠᠷᠠ ᠬᠤᠭᠤᠷ ᠢᠶᠠᠨ ᠡᠬᠦᠷᠴᠦ ᠵᠠᠷᠤᠤᠨ᠂ ᠠᠷᠤ ᠬᠤᠷᠴᠢᠨ᠂ | ᠦᠵᠦᠮᠦᠴᠢᠨ᠂ ᠬᠤᠶᠠᠷ ᠪᠠᠭᠠᠷᠢᠨ᠂ ᠲᠦᠰᠢᠶᠠᠳᠦ᠂ ᠲᠠᠷᠬᠠᠨ ᠬᠤᠰᠢᠭᠤ ᠪᠠᠷ ᠲᠤᠭᠤᠷᠢᠨ ᠦᠯᠢᠭᠡᠷ ᠭᠡᠯᠠᠵᠦ᠂ | ᠭᠡᠳᠠᠰᠦ ᠪᠠᠨ ᠲᠦᠬᠦᠷᠭᠡᠵᠦ ᠭᠡᠷ ᠡᠷᠦᠭᠡ ᠪᠠᠨ ᠲᠠᠵᠢᠭᠡᠵᠦ ᠶᠠᠪᠤᠭᠰᠠᠨ ᠮᠦᠷᠳᠠᠭᠡᠨ ᠮᠤᠩᠭᠤᠯ ᠦᠭᠡᠰ ᠤᠨ ᠰᠠᠩ ᠠᠴᠠ | ᠮᠤᠨᠳᠠᠭ ᠤᠯᠠᠨ ᠰᠢᠮ᠎ᠠ ᠲᠠᠵᠢᠭᠡᠯ ᠬᠦᠷᠳᠠᠵᠦ᠂ ᠦᠪᠠᠷᠮᠢᠴᠠ ᠤᠨᠴᠠᠯᠢᠭ ᠤᠷᠠᠨ ᠠᠪᠢᠶᠠᠰᠯᠢᠭ ᠭᠡᠪ ᠨᠠᠮᠪᠠ ᠪᠠᠨ | ᠪᠦᠷᠢᠳᠦᠬᠦᠯᠦᠭᠰᠡᠨ ᠪᠠᠶᠢᠨ᠎ᠠ᠃ ᠡᠨᠠᠬᠦ ᠬᠤᠷᠢᠭᠠᠤᠨ ᠵᠢᠯ ᠤᠨ ᠬᠤᠭᠤᠴᠠᠭᠠᠨ ᠳᠤ ᠦᠯᠢᠭᠡᠷ ᠬᠤᠯᠪᠤᠭ᠎ᠠ ᠭᠡᠯᠠᠬᠦ ᠪᠠᠷ | ᠲᠠᠮᠵᠢᠭᠤᠯᠵᠦ ᠲᠡᠷᠡ ᠦᠷᠭᠡᠨ ᠠᠭᠤᠳᠠᠮ ᠮᠤᠩᠭᠤᠯ ᠤᠷᠤᠨ ᠢᠶᠠᠷ ᠦᠵᠠᠬᠦ ᠵᠦᠴᠦᠭᠡ ᠦᠭᠡᠢ᠂ ᠰᠤᠨᠤᠰᠬᠤ ᠬᠦᠭᠵᠢᠮ | ᠦᠭᠡᠢ᠂ ᠤᠩᠰᠢᠬᠤ ᠨᠤᠮ ᠦᠭᠡᠢ ᠪᠠᠶᠢᠭᠰᠠᠨ ᠰᠤᠶᠤᠯ ᠤᠨ ᠭᠠᠴᠢᠭ ᠲᠤ ᠦᠨᠳᠤᠰᠤᠨ ᠬᠤᠪᠢᠷᠠᠯᠳᠠ ᠭᠠᠷᠭᠠᠵᠦ᠂ | ᠦᠢ ᠲᠦᠮᠠᠨ ᠮᠤᠩᠭᠤᠯᠴᠤᠤᠨ ᠤᠨ ᠤᠭᠳᠤᠯᠭ᠎ᠠ ᠬᠦᠷᠢᠶᠠᠯᠠᠯ ᠢ ᠤᠯᠵᠠᠢ᠃ ᠨᠠᠩ ᠢᠯᠠᠩᠭᠤᠶ᠎ᠠ ᠬᠢᠳᠠᠤᠨ ᠤᠨ ᠲᠤᠤᠯᠢ | ᠷᠤᠮᠠᠨ ︽ᠭᠤᠷᠪᠠᠨ ᠤᠯᠤᠰ ᠤᠨ ᠦᠯᠢᠭᠡᠷ︾᠂ ︽ᠱᠦᠢ ᠬᠤ᠋︾᠂ ︽ᠵᠠᠬᠦᠨ ᠯᠢᠶᠤᠤ︾᠂ ︽ᠪᠠᠷᠠᠭᠤᠨ ᠬᠠᠨ︾᠂ | ︽ᠰᠠᠬᠢᠭᠤᠯᠰᠤᠨ ᠡᠷᠬᠦᠮᠵᠢᠯᠡᠭᠰᠠᠨ ᠦᠯᠢᠭᠡᠷ︾ ᠵᠠᠷᠭᠡ ᠪᠠ ᠲᠦᠪᠠᠤᠨ ᠨᠤᠮ ᠤᠨ ︽ᠭᠡᠰᠠᠷ ᠪᠠᠭᠠᠳᠤᠷ︾ ︵ᠮᠠᠩᠭᠤᠰ ᠤᠨ | ᠦᠯᠢᠭᠡᠷ︶ ᠵᠢᠴᠢ ᠮᠤᠩᠭᠤᠯ ᠠᠷᠠᠤᠨ ᠤᠨ ᠠᠮᠠᠨ ᠵᠤᠬᠢᠶᠠᠯ ︽ᠴᠢᠩᠬᠢᠰ ᠬᠠᠭᠠᠨ︾ ᠢ ᠭᠡᠯᠠᠵᠦ ᠬᠠᠶᠢᠯᠬᠤ ᠳᠠᠭᠠᠨ | ᠰᠤᠨᠤᠰᠤᠭᠴᠢᠤᠨ ᠤᠨ ᠤᠨᠴᠠᠯᠢᠭ ᠲᠤ ᠲᠤᠬᠢᠷᠠᠭᠤᠯᠵᠦ᠂ ᠴᠢᠮᠠᠵᠦ ᠵᠠᠰᠠᠬᠤ ᠪᠤᠶᠤ ᠰᠢᠯᠦᠭᠯᠠᠨ ᠤᠶᠠᠩᠭᠠᠯᠠᠭᠠᠤᠨ ᠴᠤ᠋ | ᠰᠢᠨ᠎ᠠ ᠮᠤᠩᠭᠤᠯ ᠦᠯᠢᠭᠡᠷ ᠵᠤᠬᠢᠶᠠᠯ ᠪᠤᠯᠭᠠᠵᠠᠢ᠃ | ᠫᠠᠵᠠᠢ ᠶᠢᠨ ᠦᠯᠢᠭᠡᠷ ᠬᠤᠯᠪᠤᠭ᠎ᠠ ᠨᠢ ᠠᠮᠢᠳᠤ ᠲᠦᠷᠰᠦᠯᠢᠭ᠂ ᠴᠠᠪᠠᠷ ᠪᠤᠷᠤᠭᠵᠢᠭᠤᠨ᠂ ᠱᠤᠭ ᠶᠦᠮᠦᠷᠯᠢᠭ ᠪᠦᠭᠡᠤᠨ | ᠲᠤᠬᠠᠢ ᠶᠢᠨ ᠬᠦᠮᠤᠨ ᠶᠠᠪᠤᠳᠠᠯ ᠳᠤ ᠲᠤᠬᠢᠷᠠᠭᠤᠯᠤᠨ ᠬᠤᠱᠤᠩᠨᠠᠨ ᠬᠤᠯᠪᠤᠳᠠᠭ ᠲᠤᠯᠠ ᠰᠠᠳᠬᠢᠯ ᠳᠡᠭᠡᠨ ᠰᠠᠪ ᠲᠠᠢ | ᠬᠦᠮᠤᠰ ᠪᠤᠶᠤ ᠰᠠᠶᠢᠨ ᠨᠠᠶᠢᠵᠢ ᠨᠠᠷ ᠨᠢ ᠭᠡᠤᠨ ᠲᠠᠷᠭᠡᠳᠠ ᠨᠢ ᠰᠠᠭᠤᠵᠦ ᠰᠤᠨᠤᠰᠬᠤ ᠠᠴᠠ ᠪᠠᠷᠭᠡᠰᠢᠶᠠᠳᠡᠭ᠃ ᠨᠢᠭᠡᠨ | ᠤᠳᠠᠭ᠎ᠠ᠂ ᠦᠯᠢᠭᠡᠷ ᠤᠨ ᠶᠠᠪᠤᠴᠠ ᠳᠤ ᠶᠡᠭᠡ ᠴᠠᠰᠦ ᠤᠷᠤᠵᠦ᠂ ᠠᠮᠢᠳᠠᠨ ᠠᠷᠢᠶᠠᠳᠠᠨ ᠬᠦᠯᠳᠡᠵᠦ ᠦᠬᠦᠮᠠᠷ ᠪᠠᠶᠢᠬᠤ | ᠦᠶᠠᠰ ᠲᠤ᠂ ᠲᠠᠬᠦᠨ ᠤ ᠰᠠᠶᠢᠨ ᠨᠠᠶᠢᠵᠢ ︽ᠡᠯᠢᠶ᠎ᠠ ᠰᠠᠩᠪᠤᠣ︾ ᠪᠠ ︽ᠦᠬᠢᠨ ᠬᠦᠯᠦᠭᠡ︾᠂ ︽ᠭᠠᠭ᠋ᠠᠢ ᠬᠠᠷ᠎ᠠ︾ ᠨᠠᠷ | ᠲᠠᠯᠳᠠ ᠰᠠᠭᠤᠵᠦ ᠪᠠᠶᠢᠬᠤ ᠶᠢ ᠤᠯᠵᠦ ᠦᠵᠠᠮᠡᠭᠴᠠ᠄ ︽ᠲᠡᠭᠷᠢ ᠭᠠᠵᠠᠷ ᠲᠠᠢ ᠦᠷᠬᠦᠯᠵᠢᠯᠡᠭᠰᠠᠨ / ᠲᠠᠷᠠ ᠶᠡᠭᠡ | ᠴᠠᠰᠤᠨ ᠳᠤ / ᠲᠠᠭᠡᠬᠦᠷ ᠨᠢᠰᠳᠠᠭ ᠡᠯᠢᠶ᠎ᠠ ᠰᠢᠪᠠᠭᠤ / ᠲᠠᠪᠳᠠᠷᠢᠨ ᠨᠢᠰᠴᠦ ᠴᠢᠳᠠᠬᠤ ᠦᠭᠡᠢ ᠪᠤᠯᠵᠠᠢ / ᠲᠦᠷᠪᠠᠨ | ᠬᠦᠯ ᠲᠠᠢ ᠨᠤᠬᠠᠢ ᠭᠠᠭ᠋ᠠᠢ ᠴᠤ / ᠲᠦᠩᠭᠡᠵᠢ ᠠᠮᠢ ᠲᠠᠢ ᠭᠠᠷᠴᠠᠢ︾ ᠭᠡᠵᠦ ᠬᠤᠯᠪᠤᠭᠠᠤᠨ ᠬᠦᠮᠤᠰ ᠢ ᠬᠦᠰᠢᠳᠠᠯᠠ | ᠢᠨᠢᠶᠠᠯᠭᠡᠵᠠᠢ᠃ ᠰᠢᠨ᠎ᠠ ᠲᠣᠮᠲᠠᠲᠣ ᠤᠯᠤᠰ ᠪᠠᠶᠢᠭᠤᠯᠤᠭᠳᠠᠬᠤ ᠶᠢᠨ ᠡᠬᠢᠨ ᠳᠤ᠂ ᠵᠠᠷᠤᠤᠨ ᠬᠤᠰᠢᠭᠤᠨ ᠤ ᠲᠠᠷᠤᠭ᠎ᠠ | ᠰᠠᠶᠢᠨᠪᠠᠶᠠᠷ ᠠᠴᠠ ᠮᠡᠶᠢᠷᠡᠨ ᠰᠦᠮ᠎ᠠ ᠶᠢᠨ ᠭᠡᠭᠡᠨ ᠯᠤᠪᠰᠠᠩᠳᠤᠷᠵᠢ ᠪᠠ ᠨᠠᠷᠠᠳᠣ ᠡᠮᠴᠢ ᠯᠠᠮᠠᠵᠠᠪ ᠬᠢᠭᠡᠤᠨ ᠬᠤᠭᠤᠷᠴᠢ | ᠫᠠᠵᠠᠢ ᠨᠠᠷ ᠢ ᠵᠤᠬᠢᠶᠠᠨ ᠪᠠᠶᠢᠭᠤᠯᠵᠦ᠂ ᠡᠯ᠎ᠠ ᠲᠠᠪᠬᠤᠷᠭ᠎ᠠ ᠳᠤ ᠭᠠᠵᠠᠷ ᠰᠢᠷᠤᠢ ᠶᠢᠨ ᠦᠭᠡᠷᠠᠴᠢᠯᠠᠯᠳᠠ ᠶᠢ | ᠤᠬᠠᠭᠤᠯᠤᠨ ᠲᠤᠭᠤᠷᠢᠵᠠᠢ᠃ ᠲᠡᠲᠡ ᠨᠢᠭᠡᠨ ᠪᠠᠶᠠᠨ ᠠᠶᠢᠯ ᠳᠤ ᠬᠦᠷᠬᠦ ᠳᠤ ᠪᠤᠰᠤᠤᠨ ᠬᠡᠲᠦᠬᠦᠯᠡ ᠶᠢᠨ ᠬᠢᠨᠢ ᠮᠤᠷᠢ | ᠶᠢ ᠲᠤᠰᠴᠦ ᠭᠡᠷ ᠲᠡᠭᠡᠨ ᠵᠠᠯᠠᠬᠰᠠᠨ ᠪᠣᠯᠪᠠᠴᠣ ᠮᠠᠭᠤ ᠰᠢᠬ ᠠᠯᠠᠭ ᠮᠤᠷᠢ ᠤᠨᠤᠵᠦ᠂ ᠡᠮᠦᠰᠭᠡᠯ ᠵᠠᠰᠠᠯ ᠨᠢ ᠪᠠᠷᠤᠭᠳᠠᠢ | ᠫᠠᠵᠠᠢ ᠶᠢ ᠭᠡᠷ ᠲᠡᠭᠡᠨ ᠵᠠᠯᠠᠭᠰᠠᠨ ᠬᠦᠮᠤᠨ ᠦᠭᠡᠢ ᠪᠠᠶᠢᠯ᠎ᠠ᠃ ᠲᠡᠭᠡᠭᠡᠳ ᠤᠷᠤᠢ ᠨᠢ ᠦᠯᠢᠭᠡᠷ ᠭᠡᠯᠠᠬᠦ ᠪᠠᠷ ᠬᠤᠭᠤᠷ | ᠢᠶᠠᠨ ᠠᠳᠬᠤᠮᠠᠭᠴᠠ᠄ ︽ᠲᠠᠪᠢᠰ ᠤᠨ ᠰᠠᠶᠢᠬᠠᠨ ᠢ ᠦᠵᠠᠭᠡᠤᠨ ᠮᠤᠷᠢ ᠶᠢ ᠨᠢ ᠠᠪᠳᠠᠭ ᠶᠢᠷᠳᠢᠨᠴᠦ / ᠲᠠᠪᠠᠯ ᠤᠨ | ᠰᠠᠶᠢᠬᠠᠨ ᠢ ᠬᠠᠷᠭᠠᠤᠨ ᠲᠠᠭᠡᠭᠰᠢ ᠵᠠᠯᠠᠳᠠᠭ ᠶᠢᠷᠳᠢᠨᠴᠦ / ᠡᠮᠠᠭᠡᠯ ᠤᠨ ᠰᠠᠶᠢᠠᠬᠨ ᠢ ᠦᠵᠠᠭᠡᠤᠨ ᠤᠨᠤᠭ᠎ᠠ ᠶᠢ ᠨᠢ | ᠲᠤᠰᠳᠠᠭ ᠶᠢᠷᠳᠢᠨᠴᠦ / ᠡᠮᠦᠰᠭᠡᠯ ᠰᠠᠶᠢᠠᠬᠨ ᠢ ᠦᠵᠠᠭᠡᠤᠨ ᠲᠤᠳᠤᠭᠰᠢ ᠵᠠᠯᠠᠳᠠᠬ ᠶᠢᠷᠳᠢᠨᠴᠦ︾ ᠭᠡᠵᠦ ᠭᠡᠷ ᠤᠨ | ᠡᠵᠠᠨ ᠢ ᠬᠤᠱᠤᠩᠨᠠᠨ ᠬᠤᠯᠪᠤᠵᠠᠢ᠃ 1947 ᠤᠨ ᠳᠤ᠂ ᠫᠠᠵᠠᠢ ᠠᠶᠢᠯ ᠳᠠᠭᠠᠨ ᠲᠠᠷᠢᠶᠠᠴᠢᠨ ᠤ ᠡᠪᠯᠠᠯ ᠤᠨ | ᠲᠠᠷᠢᠬᠦᠯᠡᠭᠴᠢ ᠪᠠᠶᠢᠬᠤ ᠦᠶ᠎ᠡ ᠳᠤ ᠮᠤᠯᠤᠨ ᠭᠡᠳᠡᠭ ᠡᠪᠦᠭᠡᠨ ᠲᠠᠢ ᠨᠤᠭᠤᠭ᠎ᠠ ᠴᠠᠭ᠎ᠠ ᠲᠠᠷᠢᠭᠠᠤᠨ ᠮᠠᠰᠢ ᠡᠯᠪᠡᠭ | ᠬᠤᠷᠢᠶᠠᠵᠠᠢ᠃ ᠤᠨᠴᠠᠭᠠᠶᠢᠯᠠᠨ ᠨᠠᠪᠴᠢᠨ ᠲᠠᠮᠠᠬᠢ ᠨᠢ ᠶᠡᠭᠡ ᠰᠠᠶᠢᠨ ᠲᠤᠯᠠ ᠨᠠᠮᠤᠷ ᠲᠤᠨᠢ ᠭᠡᠳᠤᠨ ᠠᠷᠪᠠᠨ ᠲᠠᠭᠡᠰᠦ | ᠬᠤᠷᠢᠶᠠᠵᠦ ᠬᠠᠳᠠᠭᠠᠬᠰᠠᠨ ᠪᠠᠶᠢᠨ᠎ᠠ᠃ ᠲᠠᠮᠠᠬᠢ ᠲᠠᠳᠠᠳᠠᠭ ᠦᠶᠠᠴᠤᠤᠨ ᠨᠢ ᠲᠠᠳᠠᠵᠤ ᠦᠵᠠᠭᠡᠤᠨ ᠦᠨᠠᠭᠡᠷ ᠢᠳᠠ | ᠲᠠᠢ ᠭᠡᠬᠦ ᠳᠤᠨᠢ᠄ ︽ᠬᠠᠳᠬᠤᠮᠠᠯ ᠱᠤᠤᠳᠠᠢ ᠵᠠᠬᠦᠬᠦ ᠭᠡᠪᠠᠯ / ᠬᠠᠨᠢᠯᠠᠭᠰᠠᠨ ᠬᠦᠮᠤᠨ ᠢᠶᠠᠷ ᠢᠶᠠᠨ ᠤᠶᠤᠭᠤᠯ / ᠬᠠᠳᠠᠭᠤ | ᠲᠠᠮᠠᠬᠢ ᠲᠠᠳᠠᠬᠤ ᠭᠡᠪᠠᠯ / ᠯᠠᠮᠠ ᠬᠦᠮᠤᠨ ᠢᠶᠠᠷ ᠲᠠᠷᠢᠭᠤᠯ / ᠮᠠᠩᠨᠤᠭ ᠱᠤᠤᠳᠠᠢ ᠵᠠᠬᠦᠬᠦ ᠭᠡᠪᠠᠯ / ᠭᠡᠤᠭᠡᠨ ᠬᠦᠮᠤᠨ | ᠢᠶᠠᠷ ᠤᠶᠤᠭᠤᠯ / ᠮᠠᠨᠠᠷᠠᠭᠰᠠᠨ ᠲᠠᠮᠠᠬᠢ ᠲᠠᠳᠠᠬᠤ ᠭᠡᠪᠠᠯ / ᠮᠠᠮᠠ ᠬᠦᠮᠤᠨ ᠢᠶᠠᠷ ᠲᠠᠷᠢᠭᠤᠯ︾ ᠭᠡᠵᠦ ᠬᠤᠯᠪᠤᠬᠤ ᠳᠤᠨᠢ | ︽ᠮᠠᠮᠠ ᠮᠢᠨᠢ ᠶᠠᠭᠤ ᠬᠢᠪᠠᠯ ᠶᠠᠭᠤᠨ ᠳᠤ ᠬᠠᠰᠢᠷ ᠲᠤᠬᠢ︾ ᠭᠡᠰᠠᠨ ᠦᠭᠡᠨ ᠤ ᠬᠠᠷᠢᠭᠤ ᠳᠤᠨᠢ᠄ ︽ᠨᠤᠶᠠᠨ ᠰᠦᠮ᠎ᠠ | ᠳᠤ ᠰᠠᠭᠤᠬᠤ ᠳᠤ / ᠯᠤᠰᠤᠷ ᠲᠠᠭᠠᠭᠠᠤᠨ ᠶᠠᠪᠤᠵᠦ ᠪᠠᠶᠢᠭᠰᠠᠨ / ᠨᠤᠮᠳᠦ ᠬᠤᠭᠤᠷ ᠢᠶᠠᠨ ᠡᠬᠦᠷᠦᠭᠡᠤᠨ / ᠬᠤᠰᠢᠭᠤ | ᠭᠡᠰᠦᠭᠡᠤᠨ ᠲᠤᠭᠤᠷᠢᠵᠦ ᠪᠠᠶᠢᠭᠰᠠᠨ / ᠲᠠᠮᠠᠷᠠᠤ ᠬᠤᠩᠬ᠎ᠠ ᠡᠷᠬᠢᠬᠦᠯᠦᠭᠡᠤᠨ / ᠲᠠᠯᠠᠯᠭ᠎ᠠ ᠠᠪᠤᠭᠠᠤᠨ ᠶᠠᠪᠤᠵᠦ | ᠪᠠᠶᠢᠭᠰᠠᠨ / ᠲᠠᠮᠠᠬᠢ ᠲᠠᠷᠢᠵᠦ ᠰᠤᠷᠴᠢᠬᠠᠭᠠᠤᠨ / ᠲᠠᠪᠠᠭᠤ ᠴᠤ ᠲᠠᠷᠢᠶᠠᠴᠢᠨ ᠪᠤᠯᠴᠢᠬᠠᠭᠰᠠᠨ︾ ᠭᠡᠵᠦ ᠬᠤᠯᠪᠤᠵᠦ | ᠰᠢᠯᠦᠭᠯᠠᠭᠡᠤᠨ ᠬᠦᠮᠤᠰ ᠢ ᠢᠨᠢᠶᠠᠯᠭᠡᠵᠦ ᠪᠢᠯᠠ᠃ | ᠫᠠᠵᠠᠢ ᠦᠯᠢᠭᠡᠷ ᠭᠡᠯᠠᠬᠦ ᠠᠴᠠ ᠭᠠᠳᠠᠨ᠎ᠠ ᠪᠠᠰᠠ ᠲᠠᠯᠠᠯᠭ᠎ᠠ ᠠᠪᠬᠤ᠂ ᠢᠷᠤᠭᠡᠯ ᠤᠩᠰᠢᠬᠤ᠂ ᠭᠠᠯ ᠪᠤᠷᠬᠠᠨ ᠢ ᠲᠠᠬᠢᠬᠤ | ᠂ ᠮᠠᠯ ᠲᠠᠰᠠᠷᠯᠠᠬᠦ ᠵᠢᠴᠢ ᠨᠦᠭᠴᠢᠭᠰᠡᠤᠨ ᠲᠤ ᠨᠤᠮ ᠬᠦᠷᠢᠮ ᠦᠢᠯᠠᠳᠬᠦ ᠵᠠᠷᠭᠡ ᠶᠢ ᠭᠠᠷᠮᠠᠭᠠᠢ ᠰᠠᠶᠢᠬᠠᠨ ᠬᠢᠵᠦ᠂ | ᠤᠯᠠᠨ ᠲᠦᠮᠠᠨ ᠤ ᠬᠦᠴᠢᠷᠳᠠᠢ ᠶᠠᠪᠤᠳᠠᠯ ᠳᠤ ᠲᠠᠮᠵᠢᠭᠡᠤᠨ ᠵᠤᠪᠠᠭᠤᠷᠢ ᠲᠠᠢ ᠴᠠᠭ ᠲᠤᠨᠢ ᠲᠤᠰᠠᠯᠠᠵᠦ ᠪᠠᠶᠢᠪᠠ᠃ | ᠨᠢᠭᠡᠨ ᠡᠪᠤᠯ᠂ ᠲᠠᠷᠠ ᠶᠠᠮᠠᠷ ᠴᠤ ᠪᠠᠯᠡᠭ ᠰᠠᠯᠳᠠ ᠠᠪᠬᠤ ᠦᠭᠡᠢ ᠪᠠᠷ ᠠᠶᠢᠯ ᠭᠤᠤᠯ ᠳᠠᠭᠠᠨ ᠡᠷᠦᠭᠡ ᠲᠠᠷᠠᠭᠠᠯᠠᠨ | ︽ᠦᠬᠢᠨ ᠲᠡᠭᠷᠢ ᠪᠤᠷᠬᠠᠨ ᠤ ᠦᠯᠢᠭᠡᠷ︾ ᠢ ᠲᠦᠴᠢ ᠬᠤᠨᠤᠭ ᠭᠡᠯᠠᠪᠠ᠃ 1947 ᠤᠨ ᠤ ᠨᠠᠮᠤᠷ᠂ ᠵᠠᠷᠤᠤᠨ | ᠬᠤᠰᠢᠭᠤ ᠰᠠᠶ᠋ᠢ ᠴᠢᠯᠦᠭᠯᠡᠭᠳᠠᠵᠦ᠂ ᠬᠤᠶᠢᠳᠦ ᠬᠠᠨ ᠠᠭᠤᠯᠠᠨ ᠤ ᠬᠤᠯᠠᠭᠠᠢ ᠲᠠᠭᠡᠷᠠᠮ ᠢ ᠤᠰᠠᠳᠬᠠᠬᠤ ᠪᠠᠷ | ᠪᠠᠶᠠᠷᠮᠠᠩᠯᠠᠢ ᠭᠡᠭᠴᠢ ᠰᠤᠮᠤᠨ ᠲᠠᠷᠤᠭ᠎ᠠ ᠴᠡᠷᠢᠭ ᠮᠤᠷᠢ ᠠᠪᠴᠦ ᠮᠤᠷᠳᠠᠵᠠᠢ᠃ ᠲᠠᠳᠠᠨ ᠤ ᠮᠤᠷᠢᠨ ᠲᠠᠷᠭᠡ ᠨᠢ | ᠬᠠᠪᠢᠷᠭ᠎ᠠ ᠲᠠᠪᠠᠭᠠᠨ ᠳᠤ ᠤᠩᠬᠤᠯᠢᠵᠦ ᠨᠢᠭᠡᠨ ᠪᠠᠶᠢᠯᠳᠤᠭᠴᠢ ᠦᠷᠡᠭᠳᠡᠭᠰᠠᠨ ᠳᠤ᠂ ᠫᠠᠵᠠᠢ ᠶᠢᠨ ᠠᠶᠢᠯ ᠳᠤ ᠪᠤᠴᠠᠵᠦ | ᠪᠠᠭᠤᠳᠠᠯᠯᠠᠭᠠᠤᠨ ᠴᠡᠷᠢᠭ ᠤᠨ ᠰᠠᠳᠬᠢᠯ ᠢᠶᠠᠨ ᠲᠠᠶᠢᠳᠬᠤᠷᠠᠭᠤᠯᠬᠤ ᠭᠡᠵᠦ ᠦᠯᠢᠭᠡᠷ ᠭᠡᠯᠠᠵᠦ ᠦᠭᠬᠦ ᠶᠢ ᠭᠤᠶᠤᠪᠠ᠃ | ᠲᠠᠭᠡᠬᠦ ᠳᠤ ᠫᠠᠵᠠᠢ ᠲᠤᠷᠠᠳᠠᠶ ᠬᠦᠯᠢᠶᠠᠨ ᠠᠪᠴᠦ᠄ ︽ᠬᠠᠪᠢᠷᠭ᠎ᠠ ᠲᠠᠪᠠᠭᠠᠨ ᠤ ᠡ᠊ ᠡᠳᠡᠯ ᠠᠴᠠ / ᠬᠠᠷᠢᠭᠠᠤᠨ | ᠢᠷᠡᠭᠰᠠᠨ ᠪᠠᠶᠢᠯᠳᠤᠭᠴᠢᠤᠨ ᠮᠢᠨᠢ / ᠬᠠᠶᠢᠷᠠᠳᠦ ᠨᠠᠶᠢᠵᠢ ᠪᠠᠨ ᠠᠯᠳᠠᠭᠠᠤᠨ / ᠪᠤᠴᠠᠭᠠᠤᠨ ᠢᠷᠡᠭᠰᠠᠨ ᠴᠡᠷᠢᠭ ᠮᠢᠨᠢ / | ᠨᠢᠭᠡᠨ ᠬᠦᠮᠤᠨ ᠤ ᠦᠷᠡᠭᠳᠠᠯ ᠳᠤ / ᠨᠠᠶᠢᠳᠠ ᠶᠢᠨ ᠵᠢᠷᠦᠭᠡ ᠡᠮᠳᠠᠷᠠᠪᠠᠴᠦ / ᠨᠢᠭᠳᠠᠷᠠᠭᠰᠠᠨ ᠰᠠᠳᠬᠢᠯ ᠢᠶᠠᠷ | ᠪᠦᠯᠬᠦᠮᠳᠠᠵᠦ / ᠨᠠᠭᠡᠮᠵᠢᠯᠡᠭᠰᠠᠨ ᠲᠠᠭᠡᠷᠠᠮ ᠢ ᠤᠰᠠᠳᠬᠤ ᠶᠤᠮ /᠁︾ ᠭᠡᠵᠦ ᠵᠤᠷᠢᠬᠵᠢᠭᠤᠯᠤᠨ ᠬᠤᠯᠪᠤᠭᠠᠤᠨ | ︽ᠬᠠᠳᠠᠨᠪᠠᠭᠠᠳᠤᠷ︾ ᠭᠡᠬᠦ ᠰᠢᠨ᠎ᠠ ᠦᠯᠢᠭᠡᠷ ᠵᠤᠬᠢᠶᠠᠵᠦ᠂ ᠭᠤᠷᠪᠠᠨ ᠰᠦᠨᠢ ᠭᠡᠯᠠᠵᠦ ᠦᠭᠬᠦᠭᠡᠤᠨ ᠴᠡᠷᠢᠭ ᠪᠠᠶᠢᠯᠳᠤᠭᠴᠢ | ᠶᠢ ᠤᠮᠤᠭᠰᠢᠭᠤᠯᠤᠨ ᠮᠤᠷᠳᠠᠭᠤᠯᠪᠠ᠃ | ᠫᠠᠵᠠᠢ ᠤᠨᠠᠭᠰᠠᠨ ᠰᠢᠷᠤᠢ ᠪᠠᠨ ᠠᠯᠳᠠ ᠪᠠᠷ ᠦᠵᠠᠵᠦ᠂ ᠤᠬᠢᠶᠠᠭᠰᠠᠨ ᠤᠰᠦ ᠪᠠᠨ ᠷᠠᠰᠢᠶᠠᠨ ᠢᠶᠠᠷ ᠪᠤᠳᠤᠵᠦ | ᠶᠠᠪᠤᠳᠠᠭ ᠲᠤᠯᠠ ᠲᠦᠷᠦᠭᠰᠠᠨ ᠨᠤᠳᠤᠭ ᠤᠨ ᠢᠶᠠᠨ ᠠᠭᠤᠯᠠ ᠤᠰᠦ ᠪᠠᠨ ᠨᠢᠳᠤᠨ ᠳᠤ ᠦᠵᠡᠭᠳᠡᠵᠦ ᠭᠠᠷ ᠲᠤ | ᠪᠠᠷᠢᠭᠳᠠᠮ᠎ᠠ ᠲᠦᠷᠰᠦᠯᠠᠨ ᠵᠢᠷᠤᠭᠯᠠᠵᠦ᠂ ᠬᠠᠮᠢᠭ᠎ᠠ ᠤᠴᠢᠪᠠᠯ ᠲᠠᠨᠳᠠ ᠬᠤᠯᠪᠤᠵᠦ ᠮᠠᠭᠳᠠᠳᠠᠭ ᠶᠤᠮ᠃ ᠨᠢᠭᠡᠨ | ᠤᠳᠠᠭ᠎ᠠ᠂ ᠫᠠᠵᠠᠢ ᠵᠠᠬᠦᠨ ᠦᠵᠦᠮᠦᠴᠢᠨ ᠢᠶᠠᠷ ᠬᠦᠷᠴᠦ ᠦᠯᠢᠭᠡᠷ ᠭᠡᠯᠠᠬᠦ ᠳᠤᠨᠢ᠂ ᠬᠦᠮᠤᠰ ᠲᠠᠬᠦᠨ ᠳᠤ ᠲᠦᠷᠦᠭᠰᠠᠨ | ᠨᠤᠳᠤᠭ ᠢᠶᠠᠨ ᠬᠤᠯᠪᠤᠭᠠᠤᠨ ᠠᠯᠢ ᠭᠡᠬᠦ ᠳᠤ | ︽ᠡᠷᠢᠶᠠᠨ ᠪᠠᠷᠰ ᠤᠨ ᠰᠢᠨᠵᠢᠳᠠᠢ / ᠡᠷᠳᠠᠨᠢ ᠠᠭᠤᠯᠠᠨ ᠤ ᠪᠠᠷ᠎ᠠ ᠮᠢᠨᠢ / ᠢᠳᠠᠯᠡᠬᠦ ᠶᠢᠨ ᠬᠤᠰᠢᠭᠤ ᠲᠦᠷᠰᠦ ᠲᠠᠢ / | ᠱᠠᠩᠳᠠ ᠶᠢᠨ ᠰᠤᠭᠤ ᠶᠢᠨ ᠡᠩᠭᠡᠷ ᠮᠢᠨᠢ / ᠶᠢᠰᠤᠨ ᠯᠤᠤ ᠶᠢᠨ ᠮᠤᠰᠬᠢᠶ᠎ᠠ ᠲᠠᠢ / ᠲᠠᠩᠭᠡᠯᠢᠭ ᠭᠤᠤᠯ ᠤᠨ ᠤᠷᠤᠰᠬᠠᠯ | ᠮᠢᠨᠢ / ᠡᠩᠭᠡ ᠪᠤᠶᠠᠨ ᠤ ᠬᠤᠷᠦ᠋ᠢᠯᠠᠭ᠎ᠠ ᠲᠠᠢ / ᠪᠠᠶ᠋ᠬᠠᠦ᠋ᠯᠵᠡᠢ ᠤᠪᠤᠭ᠎ᠠ ᠮᠢᠨᠢ / ᠪᠠᠷᠳᠠᠭ᠎ᠠ ᠰᠦᠷ ᠢᠶᠠᠨ | ᠮᠠᠨᠳᠤᠭᠤᠯᠤᠭᠰᠠᠨ / ᠪᠠᠶᠠᠨ ᠱᠤᠷᠤᠩ ᠤᠨ ᠤᠷᠬᠢᠯ ᠮᠢᠨᠢ / ᠪᠤᠷᠭᠠᠰᠦ ᠤᠨᠤᠵᠦ ᠲᠤᠬᠯᠠᠭᠰᠠᠨ / ᠬᠦᠢᠰᠦ ᠶᠢᠨ ᠲᠠᠯ᠎ᠠ | ᠶᠢᠨ ᠮᠠᠩᠬ᠎ᠠ ᠮᠢᠨᠢ / ᠪᠠᠯᠠᠷ ᠤᠢ ᠨᠢ ᠴᠠᠩᠭᠡᠷᠯᠡᠭᠰᠠᠨ / ᠪᠠᠶᠠᠨ ᠰᠠᠩ ᠤᠨ ᠮᠤᠳᠤᠳᠦ ᠮᠢᠨᠢ / ᠪᠠᠭ᠎ᠠ ᠨᠠᠰᠤᠨ ᠳᠤ | ᠵᠠᠶᠠᠭᠠᠭᠰᠠᠨ / ᠫᠠᠵᠠᠢ ᠮᠢᠨᠦ ᠨᠤᠳᠤᠭ ᠮᠢᠨᠢ᠁︾ ᠭᠡᠵᠦ ᠨᠢᠭᠡ ᠯᠠ ᠠᠮᠢᠰᠬᠤᠭ᠎ᠠ ᠪᠠᠷ ᠴᠠᠭ ᠰᠢᠬᠠᠮ ᠬᠤᠯᠪᠤᠭᠰᠠᠨ | ᠭᠡᠳᠡᠭ᠃ 1949 ᠤᠨ ᠳᠤ ᠪᠦᠬᠦ ᠤᠷᠤᠨ ᠤ ᠬᠤᠭᠤᠷᠴᠢ ᠶᠢᠨ ᠬᠤᠷᠠᠯᠳᠤᠭᠠᠨ ᠤᠯᠠᠭᠠᠨᠬᠤᠳᠠ ᠳᠤ ᠨᠠᠭᠡᠭᠡᠭᠳᠠᠵᠦ᠂ | ᠲᠠᠪᠢ ᠵᠢᠷᠠᠨ ᠨᠠᠷᠠ ᠬᠦᠨᠳᠦᠳᠠᠢ ᠬᠤᠭᠤᠷᠴᠢᠤᠨ ᠤᠷᠤᠯᠴᠠᠪᠠ᠃ ᠬᠤᠷᠠᠯ ᠡᠷᠬᠢᠯᠡᠭᠴᠢ ᠠᠴᠠ ᠵᠢᠷᠢᠮ ᠤᠨ ᠫᠠᠵᠠᠢ | ᠬᠤᠭᠤᠷᠴᠢ ᠠᠴᠠ ᠬᠤᠯᠪᠤᠭ᠎ᠠ ᠦᠯᠢᠭᠡᠷ ᠭᠡᠯᠠᠬᠦ ᠪᠠᠷ ᠪᠤᠢ ᠭᠡᠬᠦ ᠳᠤ ᠲᠠᠷᠠ ᠨᠢᠵᠢᠬᠢᠨᠠᠮᠠ ᠠᠯᠠᠭ᠎ᠠ ᠲᠠᠰᠢᠯᠳᠠ ᠶᠢᠨ | ᠲᠤᠮᠳᠠ ᠤᠷᠢᠳᠠᠪᠠᠷ ᠲᠦᠷᠦᠭᠰᠠᠨ ᠨᠤᠳᠤᠭ ᠵᠠᠷᠤᠤᠨ ᠢᠶᠠᠨ ᠢᠩᠬᠢᠵᠦ ᠮᠠᠭᠳᠠᠵᠠᠢ ︽ᠵᠠᠷᠤᠤᠨ ᠤᠨ ᠵᠠᠬ᠎ᠠ ᠪᠠᠷ | ᠤᠷᠤᠬᠤᠯᠠᠷ / ᠵᠠᠭᠤᠨ ᠴᠠᠴᠡᠭ ᠮᠢᠷᠠᠯᠵᠠᠨ᠎ᠠ / ᠵᠢᠪᠠᠷ ᠤᠨ ᠲᠤᠭᠤᠣᠷ ᠨᠢ ᠭᠠᠷᠬᠤᠯᠠᠷ / ᠵᠠᠭᠠᠷ ᠤᠨ ᠦᠨᠤᠷ | ᠠᠩᠬᠢᠯᠤᠨ᠎ᠠ / ᠲᠡᠭᠡ ᠶᠢᠨ ᠬᠠᠨ ᠳᠤᠨᠢ ᠤᠴᠢᠬᠤᠯᠠᠷ / ᠲᠡᠭᠷᠢ ᠶᠢᠨ ᠡᠬᠦᠯᠠ ᠲᠠᠢ ᠦᠷᠬᠦᠯᠵᠢᠯᠠᠨ᠎ᠠ / ᠲᠠᠩᠭᠡᠯᠢᠭ ᠤᠨ | ᠭᠤᠤᠯ ᠳᠤᠨᠢ ᠬᠦᠷᠦᠬᠦᠯᠠᠷ / ᠲᠦᠮᠠᠨ ᠰᠦᠷᠦᠭ ᠨᠢ ᠢᠷᠠᠯᠵᠠᠨ᠎ᠠ / ᠯᠦᠪᠸᠢ ᠪᠠᠯᠭᠠᠰᠤᠨ ᠳᠤᠨᠢ ᠲᠤᠭᠤᠷᠢᠬᠤᠯᠠᠷ / | ᠨᠢᠳᠦ ᠲᠤᠯᠬᠤ ᠦᠭᠡᠢ ᠰᠤᠯᠤᠩᠭᠠᠷᠠᠨ᠎ᠠ / ᠨᠠᠢᠮᠠᠨ ᠵᠠᠭᠡᠯᠢ ᠪᠠᠷ ᠨᠢ ᠦᠵᠠᠬᠦᠯᠠᠷ / ᠨᠠᠶᠢᠷ ᠬᠦᠷ ᠢᠶᠠᠷ ᠪᠢᠯᠬᠠᠷᠠᠨ᠎ᠠ᠁ | ︾ ᠭᠡᠵᠦ ᠲᠤᠭᠰᠢᠨ ᠪᠤᠷᠤᠭᠠᠨ ᠤ ᠲᠣᠰᠣᠯ ᠰᠢᠬ᠂ ᠲᠤᠪᠳᠤᠯᠬᠤ ᠮᠤᠷᠢᠨ ᠤ ᠲᠠᠪᠬᠢᠭ᠎ᠠ ᠰᠢᠬ ᠲᠤᠤᠷ᠎ᠠ ᠨᠢ ᠬᠤᠯᠪᠤᠨ | ᠮᠠᠭᠳᠠᠬᠤ ᠳᠤ᠂ ᠰᠤᠨᠤᠰᠤᠭᠰᠠᠨ ᠪᠦᠬᠦᠨ ᠠᠮᠢᠰᠬᠤᠯ ᠢᠶᠠᠨ ᠲᠠᠷᠤᠵᠦ᠂ ᠨᠢᠳᠦ ᠪᠠᠨ ᠲᠤᠳᠦ᠋ᠢᠯᠭᠠᠨ ᠠᠵᠢᠬᠤ ᠳᠤ | ᠶᠡᠭᠡ ᠲᠢᠩᠬᠢᠮ ᠳᠤ ᠶᠠᠮᠠᠷ ᠴᠤ ᠴᠢᠮᠡᠭᠡ ᠨᠠᠶᠢᠷ ᠦᠭᠡᠢ ᠪᠠᠶᠢᠯ᠎ᠠ᠃ ᠲᠤᠭᠯᠠᠯᠳᠠ ᠲᠠᠬᠦᠰᠦᠭᠰᠠᠨ ᠤ ᠲᠠᠷᠠᠭ᠎ᠠ ︽ᠵᠠᠷᠤᠤᠨ | ᠭᠡᠳᠡᠭ ᠶᠠᠮᠠᠷ ᠰᠢᠬ ᠭᠤᠶᠤᠬᠠᠨ ᠭᠠᠵᠠᠷ ᠶᠤᠮ︖︾᠂ ︽ᠯᠦᠪᠸᠢ ᠭᠡᠳᠡᠭ ᠭᠡᠴᠢᠨᠠᠨ ᠶᠡᠭᠡ ᠬᠤᠳᠠ ᠪᠢᠯᠠ︖ | ᠤᠴᠢᠵᠦ ᠦᠵᠡᠭᠰᠠᠨ ᠶᠤᠮ ᠪᠤᠯ ᠳ᠋ᠠ︾ ᠭᠡᠵᠦ ᠬᠦᠮᠤᠰ ᠠᠮᠨ ᠠᠮᠠᠨ ᠳᠠᠭᠠᠨ ᠶᠠᠷᠢᠵᠦ ᠪᠠᠶᠢᠯ᠎ᠠ ᠭᠡᠯᠴᠡᠳᠡᠭ᠃ | ᠫᠠᠵᠠᠢ ᠪᠤᠯ ᠠᠷᠠᠤᠨ ᠤᠨ ᠠᠮᠠᠨ ᠵᠤᠬᠢᠶᠠᠯ ᠤᠨ ᠦᠩ ᠰᠢᠮᠡᠯᠢᠭ ᠬᠦᠷᠤᠰᠤᠨ ᠲᠠᠭᠡᠷ᠎ᠠ ᠦᠢᠯᠠᠰ ᠢᠶᠠᠨ ᠲᠠᠯᠭᠡᠷᠠᠬᠦᠯᠵᠦ᠂ | ᠵᠣᠬᠢᠶᠠᠨ ᠪᠦᠳᠦᠭᠡᠬᠦ ᠵᠠᠮ ᠢᠶᠠᠷ ᠵᠤᠷᠢᠭᠳᠠᠢ ᠵᠠᠮᠨᠠᠭᠰᠠᠨ ᠲᠠᠷᠬᠠᠨ ᠬᠤᠭᠤᠷᠴᠢ ᠮᠦᠨ᠃ ᠡᠬᠦᠨ ᠤ ᠬᠠᠮᠳᠦ ᠲᠡᠷᠡ | ᠠᠷᠠᠤᠨ ᠤᠨ ᠲᠠᠭᠤᠤ ᠵᠤᠬᠢᠶᠠᠵᠦ ᠪᠦᠳᠦᠭᠡᠬᠦ ᠲᠠᠯ᠎ᠠ ᠪᠠᠷ ᠤᠤᠯ ᠤᠨ ᠤᠷᠳᠦ ᠶᠢᠨ ᠲᠠᠭᠤᠤ ᠪᠠ ᠲᠦᠷᠦ ᠶᠢᠨ ᠲᠠᠭᠤᠤ | ᠶᠢᠨ ᠬᠦᠷᠢᠶ᠎ᠠ ᠭᠡᠪᠴᠢᠶ᠎ᠠ ᠶᠢ ᠵᠤᠷᠢᠭᠳᠠᠢ ᠰᠢᠪᠳᠤᠯᠵᠦ᠂ ᠠᠰᠤᠷᠤ ᠤᠯᠠᠨ ᠤᠶᠠᠩᠭᠠᠳᠦ ᠠᠷᠠᠤᠨ ᠤᠨ ᠲᠠᠭᠤᠤ | ᠵᠤᠬᠢᠶᠠᠪᠠ᠃ ᠲᠠᠬᠦᠨ ᠤ ᠵᠤᠬᠢᠶᠠᠭᠰᠠᠨ ᠲᠠᠭᠤᠤ ᠨᠤᠭᠤᠳ ᠨᠢ ᠦᠨᠠᠨ ᠶᠠᠪᠤᠳᠠᠯ ᠪᠤᠳᠠᠳᠠᠢ ᠬᠦᠮᠤᠨ ᠢᠶᠠᠷ ᠰᠠᠳᠤᠪᠯᠠᠵᠦ | ᠂ ᠦᠭᠡ ᠨᠢ ᠢᠳᠡᠯᠢᠭ ᠤᠨᠤᠪᠴᠢᠳᠠᠢ᠂ ᠠᠶᠠᠯᠭᠤ ᠨᠢ ᠢᠷᠠᠭᠤ ᠰᠠᠶᠢᠬᠠᠨ ᠪᠠᠶᠢᠳᠠᠭ ᠲᠤᠯᠠ ᠬᠦᠮᠤᠰ ᠤᠨ ᠰᠤᠷᠴᠦ | ᠴᠠᠭᠡᠵᠢᠯᠠᠬᠦ ᠲᠤᠷ᠎ᠠ ᠪᠠᠬ᠎ᠠ ᠶᠢ ᠶᠠᠭᠡᠯᠠ ᠲᠠᠳᠠᠳᠠᠭ ᠶᠤᠮ᠃ ᠲᠣᠬᠠᠢᠢᠯᠠᠪᠠᠯ ᠦᠪᠤᠷ ᠮᠤᠩᠭᠤᠯ ᠲᠠᠶᠠᠭᠠᠷ ᠲᠠᠭᠤᠯᠠᠬᠲᠠᠵᠦ | ᠲᠡᠯᠭᠡᠷᠡᠭᠰᠡᠨ ︽ᠪᠠᠢ ᠬᠣ᠋ ᠭᠡᠭᠡ︾ ᠭᠡᠳᠡᠭ ᠲᠠᠭᠤᠤ ᠪᠤᠯ ᠲᠡᠭᠡᠷ᠎ᠡ ᠵᠠᠭᠤᠨ ᠭᠤᠴᠢᠭᠠᠤᠨ ᠤᠨ ᠤ ᠡᠬᠢ ᠪᠠᠷ | ᠵᠤᠬᠢᠶᠠᠭᠰᠠᠨ ᠲᠠᠬᠦᠨ ᠤ ᠰᠤᠳᠤᠨ ᠪᠦᠳᠦᠭᠡᠯ ᠪᠣᠯᠣᠨ᠎ᠠ᠃ ᠲᠤᠰ ᠲᠠᠭᠤᠤ ᠳᠤ ᠪᠠᠢ ᠬᠣ᠋ ᠭᠡᠭᠡ ᠪᠤᠯᠤᠨ ᠷᠦᠶ᠋ᠢᠮ᠎ᠠ | ᠬᠤᠶᠠᠭᠤᠯᠠ ᠶᠢᠨ ᠢᠨᠠᠭ ᠬᠠᠶᠢᠷ᠎ᠠ ᠶᠢ ᠲᠤᠰᠬᠠᠵᠦ᠂ ᠡᠷᠭᠡ ᠴᠢᠯᠦᠭᠡ ᠦᠭᠡᠢ ᠹᠸᠤᠳᠠᠯ ᠤᠨ ᠤᠷᠤᠭ ᠬᠤᠷᠢᠮ ᠤᠨ | ᠶᠤᠰᠦ ᠶᠢ ᠢᠯᠠᠴᠢᠯᠠᠨ ᠰᠢᠬᠦᠮᠵᠢᠯᠠᠪᠠ᠃ ᠲᠣᠰ ᠲᠠᠭᠤᠤ ᠳᠤ | ︽ᠲᠠᠰᠠᠷᠠᠩ ᠤᠨ ᠤᠷᠤᠢ ᠲᠠᠭᠡᠷ᠎ᠠ ᠲᠠᠯ᠎ᠠ ᠲᠠᠯᠠᠭᠡᠢ ᠮᠠᠨᠳᠤᠯ᠎ᠠ / ᠲᠠᠪᠠᠭ ᠭᠡᠵᠢᠭᠡ ᠪᠠᠨ ᠬᠠᠶᠢᠷᠠᠯᠠᠭᠰᠠᠨ ᠦᠭᠡᠢ ᠪᠠᠢ | ᠬᠣ᠋ ᠭᠡᠭᠡ ᠲᠠᠢ ᠰᠠᠭᠤᠭᠰᠠᠨ ᠶᠤᠮ / ᠲᠠᠪᠠᠭ ᠭᠡᠵᠢᠭᠡ ᠪᠠᠨ ᠬᠠᠶᠢᠷᠠᠯᠠᠬᠤ ᠦᠭᠡᠢ ᠰᠠᠭᠤᠭᠰᠠᠨ ᠢ ᠮᠢᠨᠢ ᠪᠤᠳᠤᠪᠠᠯ / | ᠲᠠᠮᠤ ᠶᠢᠨ ᠢᠷᠤᠭᠠᠷ ᠲᠤ ᠬᠦᠷᠪᠠᠴᠦ ᠮᠠᠷᠳᠠᠵᠦ ᠪᠤᠯᠬᠤ ᠦᠭᠡᠢ ᠪᠠᠢ ᠬᠣ᠋ ᠭᠡᠭᠡ︾ ᠭᠡᠵᠦ ᠷᠦᠶ᠋ᠢᠮ᠎ᠠ ᠲᠠᠭᠤᠯᠠᠬᠤ ᠳᠤ | ︽ᠨᠠᠢᠮᠠᠨ ᠫᠢᠶᠤᠤᠳᠠᠢ ᠲᠠᠢ ᠤᠭᠤᠳᠠ ᠶᠢ ᠨᠢ ᠠ ᠷᠦᠶ᠋ᠢ / ᠨᠠᠭᠠᠮᠠᠯ ᠬᠠᠳᠬᠤᠮᠠᠯ ᠢ ᠨᠢ ᠪᠠᠷᠠᠳᠠᠯ᠎ᠠ ᠬᠠᠳᠠᠭᠠᠯᠠᠵᠦ | ᠶᠠᠪᠤᠶ᠎ᠠ ᠭᠡᠭᠡ ᠨᠢ / ᠨᠢᠭᠤᠵᠦ ᠪᠠᠶᠢᠭᠠᠤᠨ ᠭᠡᠯᠡᠭᠰᠠᠨ ᠭᠡᠳᠤᠨ ᠴᠢᠬᠤᠯᠠ ᠦᠭᠡ ᠶᠢ ᠴᠢᠨᠢ / ᠨᠤᠭᠤᠭᠠᠨ ᠳ᠋ᠠᠷᠬᠢ ᠶᠢᠨ | ᠨᠤᠮ ᠠᠳᠠᠯᠢ ᠴᠠᠭᠡᠵᠢᠯᠠᠵᠦ ᠶᠠᠪᠤᠶ᠎ᠠ ᠭᠡᠭᠡ ᠨᠢ︾ ᠭᠡᠵᠦ ᠪᠠᠢ ᠬᠣ᠋ ᠡᠯᠬᠦᠵᠦ ᠲᠠᠭᠤᠯᠠᠳᠠᠭ᠃ ᠡᠴᠤᠰ ᠲᠡᠭᠡᠨ ᠷᠦᠶ᠋ᠢᠮ᠎ᠠ | ᠶᠢ ᠬᠠᠷᠢ ᠠᠯᠤᠰ ᠲᠤ ᠦᠭᠴᠦ᠂ ᠬᠠᠶᠢᠷᠠᠳᠦ ᠬᠦᠮᠤᠨ ᠲᠠᠢ ᠪᠠᠨ ᠬᠠᠮᠳᠤᠷᠠᠨ ᠰᠠᠭᠤᠵᠦ ᠲᠠᠶᠢᠯᠬᠦ ᠦᠭᠡᠢ ᠪᠣᠯᠣᠬᠰᠠᠨ | ᠳᠤ ︽ᠵᠢᠷᠭᠤᠭᠠᠨ ᠴᠤ ᠫᠢᠶᠤᠤᠳᠠᠢ ᠲᠠᠢ ᠤᠭᠤᠳᠠ ᠶᠤᠮ ᠡ ᠪᠠᠢ ᠬᠣ᠋ ᠭᠡᠭᠡ / ᠵᠢᠷᠭᠤᠭᠠᠨ ᠰᠠᠷ᠎ᠠ ᠶᠢᠨ ᠬᠠᠯᠠᠭᠤᠨ ᠳᠤ | ᠰᠠᠭᠤᠵᠦ ᠪᠠᠶᠢᠭᠠᠤᠨ ᠤᠶᠤᠭᠰᠠᠨ ᠶᠤᠮ / ᠵᠢᠷᠤᠮᠳᠠᠢ ᠬᠦᠮᠤᠨ ᠪᠠᠢ ᠬᠣ᠋ ᠭᠡᠭᠡ ᠳᠡᠭᠡᠨ ᠵᠠᠬᠦᠯᠭᠡᠶᠠ ᠭᠡᠬᠦ ᠳᠤ / | ᠵᠠᠭᠤᠷᠮᠠᠭ ᠨᠠᠰᠤᠯᠠᠭᠰᠠᠨ ᠠᠯᠳᠠᠨᠪᠠᠭᠠᠨ᠎ᠠ ᠳᠤ ᠵᠠᠬᠦᠯᠭᠡᠴᠢᠵᠢ ᠮᠠᠨ ᠤ ᠮᠦᠮᠤ ᠡ︾ ᠭᠡᠵᠦ ᠬᠤᠷᠤᠰᠴᠦ ᠬᠠᠷᠠᠮᠰᠠᠭᠰᠠᠨ | ᠰᠠᠳᠬᠢᠯᠭᠡ ᠪᠠᠷ ᠰᠢᠯᠦᠭᠯᠠᠨ ᠤᠶᠠᠩᠭᠠᠯᠠᠭᠰᠠᠨ ᠪᠢᠯᠠ᠃ ᠡᠬᠦᠨ ᠠᠴᠠ ᠭᠠᠳᠠᠨ᠎ᠠ ︽ᠰᠦᠮᠦᠷᠤ ᠠᠩᠭ᠎ᠠ︾᠂ ︽ᠲᠤᠭᠤᠰ | ᠠᠩᠭ᠎ᠠ︾᠂ ︽ᠲᠤᠷᠵᠢ ᠱᠤ᠋ ᠵᠠᠩ︾᠂ ︽ᠮᠠᠨᠢ ᠲᠠᠷᠢᠶᠠᠴᠢ︾᠂ ︽ᠰᠧᠪᠵᠢᠩᠭᠠ︾ ᠮᠠᠳᠦ ᠶᠢᠨ ᠮᠠᠰᠢ ᠤᠯᠠᠨ ᠠᠷᠠᠤᠨ ᠤᠨ | ᠲᠠᠭᠤᠤ ᠨᠢ ᠬᠤᠯᠠ ᠤᠶᠢᠷ᠎ᠠ ᠬᠤᠰᠢᠭᠤ ᠨᠤᠳᠤᠭ᠂ ᠬᠤᠷᠢᠮ ᠨᠠᠶᠢᠷ ᠲᠠᠭᠡᠷ᠎ᠠ ᠲᠠᠭᠤᠯᠠᠭᠳᠠᠭᠰᠠᠭᠠᠷ ᠪᠤᠢ᠃ ᠲᠤᠬᠠᠢ | ᠶᠢᠨ ᠦᠶ᠎ᠠ ᠳᠤ ᠵᠠᠷᠤᠤᠨ ᠨᠤᠳᠤᠭ ᠲᠤ ᠠᠪᠢᠶᠠᠰ ᠪᠢᠯᠢᠭ ᠲᠠᠢ ᠠᠯᠢ ᠤᠯᠠᠨ ᠵᠠᠯᠠᠭᠤᠴᠤᠤᠨ ᠬᠤᠭᠤᠷᠴᠢ ᠫᠠᠵᠠᠢ ᠶᠢ | ᠪᠢᠰᠢᠷᠠᠨ ᠰᠢᠳᠤᠵᠦ᠂ ᠬᠤᠭᠤᠷᠴᠢ ᠪᠤᠯᠬᠤ ᠬᠦᠰᠠᠯ ᠡᠪᠦᠷᠯᠠᠨ ᠲᠠᠬᠦᠨ ᠳᠤ ᠱᠠᠪᠢ ᠪᠤᠯᠵᠠᠭᠠᠪᠠ᠃ ᠡᠬᠦᠨ ᠳᠤ | ᠰᠠᠷᠠᠨᠮᠠᠨᠳᠤᠯ᠎ᠠ᠂ ᠲᠤᠷᠵᠢ᠂ ᠴᠦᠢᠵᠢᠺᠠᠸ᠋ᠨ᠂ ᠨᠠᠳᠮᠢᠤᠨ᠂ ᠨᠠᠮᠵᠢᠯ᠂ ᠲᠤᠪᠳᠠᠨᠵᠠᠮᠠᠰᠦ᠂ ᠲᠤᠮᠳᠠᠬᠤᠢᠭᠡᠢ᠂ ᠬᠠᠯᠢᠭᠠᠤᠨ | ᠪᠠᠯᠵᠤᠤᠷ᠂ ᠭᠠᠸᠠ ᠨᠠᠷ ᠢ ᠲᠤᠷᠠᠳᠴᠦ ᠪᠤᠯᠤᠨ᠎ᠠ᠃ | 1956 ᠤᠨ ᠤ ᠡᠪᠤᠯ ᠵᠠᠷᠤᠤᠨ ᠬᠤᠰᠢᠭᠤᠨ ᠤ ᠬᠤᠪᠤᠯᠳᠦ ᠶᠢᠨ ᠠᠶᠢᠯ ᠤᠨ ᠭᠠᠴᠠᠭᠠᠨ ᠤ ᠭᠡᠷ ᠲᠤ ᠦᠯᠢᠭᠡᠷ | ᠰᠤᠨᠤᠰᠬᠤ ᠬᠦᠮᠤᠰ ᠲᠦᠬᠦᠷᠴᠦ᠂ ᠬᠢᠰᠠ ᠳᠠᠭᠠᠨ ᠭᠠᠯ ᠬᠢᠭᠰᠡᠨ ᠦᠭᠡᠢ ᠲᠠᠭᠠᠷᠠᠵᠦ ᠰᠠᠭᠤᠵᠦ ᠪᠠᠶᠢᠵᠠᠢ᠃ ᠲᠠᠷᠠ | ᠦᠶ᠎ᠠ ᠳᠤ ᠡᠷᠦᠭᠡ ᠪᠤᠯᠭᠠᠨ ᠳᠤ ᠨᠤᠬᠠᠢ ᠲᠠᠵᠢᠭᠡᠵᠦ ᠪᠠᠶᠢᠬᠤ ᠪᠤᠯᠬᠤᠷ ᠬᠦᠮᠤᠨ ᠪᠦᠷᠢ ᠮᠤᠳᠤ ᠪᠠᠷᠢᠵᠦ ᠢᠷᠠᠬᠦ ᠳᠡᠭᠡᠨ | ᠡᠬᠦᠳᠠᠨ ᠭᠠᠳᠠᠨ᠎ᠠ ᠪᠠᠨ ᠬᠠᠶᠠᠳᠠᠭ ᠪᠠᠶᠢᠵᠠᠢ᠃ ᠬᠤᠭᠤᠷᠴᠢ ᠦᠯᠢᠭᠡᠷ ᠤᠨ ᠲᠤᠮᠳᠠ ᠪᠠᠨ ᠠᠮᠤᠰᠭᠢᠵᠦ᠂ ᠭᠠᠳᠠᠨ᠎ᠠ | ᠭᠠᠷᠴᠦ ᠢᠷᠠᠭᠡᠤᠨ ᠰᠤᠨᠤᠰᠤᠭᠴᠢᠤᠨ ᠲᠠᠭᠠᠷᠠᠵᠦ ᠪᠠᠶᠢᠬᠤ ᠶᠢ ᠬᠠᠷᠠᠭᠠᠳ ︽ᠪᠠᠷᠢᠭᠰᠠᠨ ᠮᠤᠳᠤ ᠪᠠᠨ ᠲᠠᠬᠦᠶᠠ ᠳ᠋ᠠ / | ᠲᠦᠯᠡᠰᠢᠨ ᠤ ᠤᠷᠤᠨ ᠳᠤ ᠰᠢᠳᠠᠭᠠᠬᠤ ᠦᠭᠡᠢ ᠤᠤ ᠳ᠋ᠠ / ᠪᠠᠢ ᠯᠠ ᠴᠢ ︵ᠬᠢᠰᠠ︶ ᠳᠡᠭᠡᠨ ᠬᠢᠶ᠎ᠠ ᠳ᠋ᠠ / ᠪᠠᠶᠢᠰᠢᠩ | ᠭᠡᠷ ᠴᠢᠨᠢ ᠲᠤᠯᠠᠭᠠᠨ ᠦᠭᠡᠢ ᠤᠤ ᠳ᠋ᠠ / ᠭᠠᠳᠠᠨ᠎ᠠ ᠶᠢᠨ ᠮᠤᠳᠤ ᠪᠠᠨ ᠴᠤᠭᠯᠠᠭᠤᠯᠪᠠᠯ ᠳ᠋ᠠ / ᠭᠠᠯ ᠳᠠᠭᠠᠨ ᠬᠢᠪᠠᠯ | ᠲᠤᠯᠠᠭᠠᠨ ᠦᠭᠡᠢ ᠤᠤ ᠳ᠋ᠠ / ᠭᠠᠷ ᠬᠦᠯ ᠴᠢᠨᠢ ᠲᠠᠭᠠᠷᠠᠬᠤ ᠢᠶᠠᠷ ᠢᠶᠠᠨ / ᠭᠠᠴᠢᠭᠳᠠᠵᠦ ᠰᠠᠭᠤᠬᠤ ᠠᠴᠠ ᠲᠠᠭᠡᠷ᠎ᠠ | ᠦᠭᠡᠢ ᠤᠤ ᠳ᠋ᠠ︾ ᠭᠡᠵᠦ ᠬᠤᠯᠪᠤᠭᠰᠠᠨ ᠭᠡᠨ᠎ᠠ᠃ | 1962 ᠤᠨ ᠤ 4 ᠰᠠᠷ᠎ᠠ ᠶᠢᠨ 7 ᠤ ᠡᠳᠤᠷ ᠠᠯᠳᠠᠷᠳᠦ ᠬᠤᠭᠤᠷᠴᠢ᠂ ᠠᠪᠤᠷᠭᠤ ᠳᠤᠤᠯᠢᠴᠢ ᠫᠠᠵᠠᠢ ᠨᠦᠢᠷ ᠤᠨ | ᠪᠤᠯᠴᠢᠷᠬᠠᠢ ᠶᠢᠨ ᠦᠮᠠᠨ ᠢᠶᠠᠷ ᠪᠡᠭᠡᠵᠢᠩ ᠤᠨ ᠰᠢᠶ᠋ᠧ ᠡᠾᠧ ᠡᠮᠨᠠᠯᠭᠡ ᠶᠢᠨ ᠬᠤᠷᠢᠶᠠᠨ ᠳᠤ ᠨᠠᠰᠤ ᠨᠦᠭᠴᠢᠪᠠ᠃ | ᠮᠤᠩᠭᠤᠯ ᠦᠨᠳᠦᠰᠦᠳᠠᠨ ᠤ ᠮᠤᠨᠳᠠᠭ ᠭᠡᠷᠠᠯᠳᠠᠢ ᠨᠢᠭᠡᠨ ᠶᠡᠭᠡ ᠤᠳᠤᠨ ᠤᠨᠠᠭᠰᠠᠨ ᠵᠤᠯ ᠪᠤᠰᠦ ᠶᠢᠨ ᠮᠠᠳᠡᠭᠡ ᠨᠢ᠂ | ᠲᠠᠷᠠ ᠲᠠᠷᠤᠢ ᠳᠤ ᠲᠤᠮᠳᠠᠳᠦ ᠣᠯᠣᠰ ᠤᠨ ᠤᠳᠬ᠎ᠠ ᠤᠷᠠᠯᠢᠭ ᠤᠨ ᠬᠤᠯᠪᠤᠭ᠎ᠠ ᠪᠤᠯᠤᠨ ᠪᠦᠬᠦ᠋ᠢᠯᠠ ᠦᠪᠤᠷ | ᠮᠤᠩᠭᠤᠯ ᠢ ᠰᠤᠴᠢᠭᠠᠪᠠ᠃ ᠲᠤᠬᠠᠢ ᠶᠢᠨ ᠦᠶ᠎ᠠ ᠶᠢᠨ ᠲᠤᠮᠳᠠᠳᠦ ᠤᠯᠤᠰ ᠤᠨ ᠲᠠᠭᠤᠤᠷᠢᠯᠢᠬ ᠤᠨ ᠨᠠᠶᠢᠭᠡᠮᠯᠢᠭ ᠤᠨ | ᠲᠠᠷᠢᠬᠦᠯᠡᠭᠴᠢ ᠲᠤᠤ ᠳ᠋ᠦᠨ᠂ ᠮᠠᠯᠴᠢᠬᠦᠦ ᠵᠠᠷᠭᠡ ᠠᠯᠳᠠᠷᠳᠦ ᠵᠤᠬᠢᠶᠠᠯᠴᠢᠤᠨ ᠪᠠ ᠡᠷᠳᠠᠮᠳᠠᠤᠨ ᠵᠢᠴᠢ ᠦᠪᠤᠷ ᠮᠤᠩᠭᠤᠯ | ᠤᠨ ᠨᠠᠮ ᠤᠨ ᠬᠤᠷᠢᠶᠠᠨ ᠤ ᠤᠤᠯ ᠤᠨ ᠲᠠᠳ᠋ ᠱᠦᠵᠢ ᠵᠠᠶᠠᠭᠠᠳᠠᠢ ᠵᠠᠷᠭᠡ ᠨᠠᠷᠠ ᠬᠦᠨᠳᠦᠳᠦ ᠬᠦᠮᠤᠰ ᠫᠠᠵᠠᠢ ᠶᠢᠨ | ᠴᠢᠨᠳᠠᠷ ᠲᠤ ᠴᠠᠭᠠᠷᠢᠬᠳᠦ ᠴᠠᠴᠡᠭ ᠬᠦᠷᠭᠡᠵᠦ ᠰᠠᠯᠬᠤ ᠶᠤᠰᠤᠯᠠᠯ ᠬᠢᠵᠠᠢ᠃ ᠫᠠᠵᠠᠢ ᠶᠢᠨ ᠴᠢᠨᠳᠠᠷ ᠢ ᠬᠦᠭᠡᠬᠤᠳᠠ ᠳᠤ | ᠬᠦᠷᠭᠡᠵᠦ ᠤᠴᠢᠬᠤ ᠳᠤ ᠪᠦᠭᠡ᠂ ᠡᠷᠳᠠᠨᠢᠳᠦᠭᠳᠠᠬᠤ᠂ ᠨᠠ᠊ ᠊ ᠰᠠᠶᠢᠨᠴᠤᠭᠳᠦ ᠨᠠᠷ ᠭᠠᠯᠳᠦ ᠲᠠᠷᠭᠡᠨ ᠦᠷᠳᠠᠭᠡᠨ ᠠᠴᠠ | ᠲᠤᠰᠴᠦ᠂ ᠦᠯᠢᠭᠡᠷ ᠭᠡᠯᠠᠳᠡᠭ ᠮᠤᠩᠭᠤᠯ ᠭᠡᠷ ᠲᠤᠨᠢ ᠲᠠᠯᠪᠢᠪᠠ᠃ ᠭᠠᠰᠢᠭᠤᠳᠠᠯ ᠤᠨ ᠬᠤᠷᠠᠯ ᠤᠨ ᠡᠷᠬᠢᠯᠡᠭᠴᠢ ᠨᠢ | ᠬᠠᠹᠦ᠋ᠩᠭ᠎ᠠ᠂ ᠲᠠᠳ᠋ ᠡᠷᠬᠢᠯᠡᠭᠴᠢ ᠨᠢ ᠪᠦᠭᠡ ᠪᠠᠶᠢᠭᠰᠠᠨ ᠪᠦᠭᠡᠤᠨ ᠦᠪᠤᠷ ᠮᠤᠩᠭᠤᠯ ᠤᠨ ᠤᠳᠬ᠎ᠠ ᠤᠷᠠᠯᠢᠭ ᠤᠨ | ᠡᠳᠠᠭᠡᠤᠨ ᠤᠨ ᠬᠢᠨ ᠭᠤᠷᠪᠠᠨ ᠡᠳᠤᠷ ᠤᠨ ᠰᠠᠯᠬᠤ ᠶᠤᠰᠤᠯᠠᠯ ᠬᠢᠵᠦ ᠬᠦᠨᠳᠦ ᠪᠠᠯᠪᠠᠰᠤᠷᠠᠯ ᠢ ᠬᠦᠢᠴᠠᠳᠭᠡᠵᠠᠢ᠃ | ᠤᠤᠯ ᠨᠢ ᠫᠠᠵᠠᠢ ᠶᠢᠨ ᠴᠢᠨᠳᠠᠷ ᠢ ᠬᠦᠭᠡᠬᠤᠳᠠ ᠶᠢᠨ ᠨᠦᠭᠴᠢᠭᠰᠡᠨ ᠪᠠᠭᠠᠳᠤᠷᠴᠤᠤᠨ ᠤᠨ ᠪᠤᠩᠬᠤᠨ ᠳᠤ | ᠤᠷᠤᠰᠢᠭᠤᠯᠬᠤ ᠪᠠᠷ ᠪᠠᠶᠢᠪᠠ᠃ ᠭᠡᠪᠠᠴᠦ ᠨᠤᠳᠤᠭ ᠤᠨ ᠬᠢᠨᠢ ᠬᠤᠶᠠᠷ ᠲᠠᠬᠦᠦ ᠠᠯᠳᠠᠷᠳᠦ ᠬᠤᠭᠤᠷᠴᠢ ᠮᠤᠤᠠᠦ᠋ᠬᠢᠨ | ᠪᠤᠯᠤᠨ ᠲᠤᠷᠵᠢ ᠳᠤ ᠭᠡᠯᠡᠭᠰᠠᠨ ᠭᠡᠷᠢᠶᠠᠰ ᠦᠭᠡ ᠶᠢ ᠨᠢ ᠮᠦᠷᠳᠠᠵᠦ᠂ ᠶᠠᠰᠦ ᠶᠢ ᠨᠢ ᠵᠠᠷᠤᠤᠨ ᠲᠤ ᠠᠪᠠᠴᠢᠨ | ᠤᠷᠤᠰᠢᠭᠤᠯᠵᠦ᠂ ᠭᠡᠷᠡᠭᠯᠠᠵᠦ ᠪᠠᠶᠢᠭᠰᠠᠨ ᠠᠷᠠᠯᠳᠦ ᠬᠤᠭᠤᠷ ᠢ ᠨᠢ ᠠᠴᠢ ᠬᠦᠤ ᠳᠤᠨᠢ ᠦᠭᠬᠦ ᠪᠠᠷ ᠪᠤᠯᠤᠭᠠᠤᠨ 4 | ᠰᠠᠷ᠎ᠠ ᠶᠢᠨ 15 ᠤ ᠡᠳᠤᠷ ᠲᠤᠰᠬᠠᠢ ᠬᠦᠮᠤᠰ ᠬᠦᠭᠡᠬᠤᠳᠠ ᠠᠴᠠ ᠬᠦᠷᠭᠡᠵᠦ ᠭᠠᠷᠴᠠᠢ᠃ ᠤᠤᠯ ᠤᠨ ᠵᠢᠷᠢᠮ ᠠᠶᠢᠮᠠᠭ | ᠪᠠ ᠵᠠᠷᠤᠤᠨ ᠬᠤᠰᠢᠭᠤᠨ ᠳᠤ ᠬᠦᠷᠴᠦ ᠤᠴᠢᠬᠤ ᠳᠤ ᠨᠠᠮ ᠵᠠᠰᠠᠭ ᠤᠨ ᠤᠳᠤᠷᠢᠳᠤᠯᠭ᠎ᠠ ᠪᠠ ᠨᠠᠶᠢᠭᠡᠮ ᠤᠨ ᠡᠯ᠎ᠠ | ᠲᠠᠪᠬᠤᠷᠭ᠎ᠠ ᠶᠢᠨ ᠬᠦᠮᠦᠰ ᠫᠠᠵᠠᠢ ᠶᠢᠨ ᠴᠢᠨᠳᠠᠷ ᠲᠤ ᠬᠦᠨᠳᠦ ᠪᠠᠯᠪᠠᠰᠤᠷᠠᠵᠦ ᠭᠠᠰᠢᠭᠤᠳᠠᠨ ᠰᠠᠯᠤᠯᠴᠠᠪᠠ᠃ | ᠫᠠᠵᠠᠢ ᠭᠤᠸᠠᠢ ᠶᠢᠷᠳᠢᠨᠴᠦ ᠠᠴᠠ ᠰᠠᠯᠤᠭᠠᠤᠨ 50 ᠵᠢᠯ ᠪᠤᠯᠪᠡ᠃ ᠲᠠᠷᠠ ᠪᠤᠯ ᠲᠠᠯᠠᠭᠡᠢ ᠶᠢᠨ ᠤᠳᠬ᠎ᠠ ᠵᠤᠬᠢᠶᠠᠯ | ᠤᠨ ᠬᠦᠷᠢᠶᠠᠯᠠᠩ ᠳᠤ ᠪᠠᠳᠠᠷᠠᠨ ᠲᠠᠯᠭᠡᠷᠡᠭᠰᠠᠨ ᠦᠨᠢᠳᠠ ᠵᠤᠯᠭᠠᠷᠠᠰᠢ ᠦᠭᠡᠢ ᠦᠩᠭᠡ ᠰᠤᠷᠭᠤᠭ ᠨᠢᠭᠡᠨ ᠪᠤᠳᠠ ᠴᠠᠴᠡᠭ | ᠶᠤᠮᠰᠠᠨ᠃ ᠶᠠᠭ ᠮᠤᠩᠭᠤᠯ ᠦᠨᠳᠦᠰᠦᠳᠠᠨ ᠤ ᠠᠯᠳᠠᠷᠳᠦ ᠰᠢᠯᠦᠭᠴᠢᠨ ᠨᠠ᠊ · ᠰᠠᠶᠢᠨᠴᠤᠭᠳᠦ ᠶᠢᠨ᠄ ︽ᠠᠮᠢ ᠴᠢᠨᠢ | ᠰᠠᠯᠤᠭᠰᠠᠨ ᠴᠤ ᠪᠦᠳᠦᠭᠡᠯ ᠴᠢᠨᠢ ᠰᠠᠯᠤᠭ᠎ᠠ ᠦᠭᠡᠢ᠂ ᠠᠷᠠᠤᠨ ᠤᠨ ᠵᠢᠷᠤᠭᠡᠨ ᠳᠤ ᠲᠠᠭᠤᠷᠢᠰᠤᠯᠳᠠᠢ︾ ᠭᠡᠵᠦ | ᠦᠨᠡᠯᠡᠭᠰᠡᠨ ᠰᠢᠭ ᠳᠡᠬᠦᠨ ᠤ ᠠᠯᠳᠠᠷ ᠭᠠᠪᠢᠶ᠎ᠠ ᠶᠢ ᠬᠡᠨ ᠴᠤ ᠦᠨᠢ ᠮᠠᠷᠳᠠᠬᠤ ᠦᠭᠡᠢ ᠁ | | |