ᠴᠣᠶᠢᠵᠢᠡᠣᠳᠰᠡᠷ
ᠨᠡᠶᠢᠲᠡᠯᠡᠭᠰᠡᠨ ᠴᠠᠭ᠄
2019/2/18
ᠪᠠᠷᠤᠭ 1260 ᠣᠨ ᠤ ᠦᠶ᠎ᠡ ᠪᠠᠷ ᠰᠢᠨᠵᠢᠶᠠᠩ᠂ ᠲᠥᠪᠡᠳ᠂ ᠬᠥᠬᠡᠨᠠᠭᠤᠷ ᠭᠤᠷᠪᠠᠨ ᠤᠷᠠᠨ ᠤ ᠠᠭᠤᠯᠵᠠᠷ ᠲᠤ ᠨᠤᠲᠤᠭᠯᠠᠵᠤ ᠪᠠᠶᠢᠭᠰᠠᠨ᠂ ᠪᠤᠷᠬᠠᠨ ᠤ ᠨᠣᠮ ᠢ ᠭᠦᠨ ᠪᠢᠰᠢᠯᠭᠠᠵᠤ᠂ ᠰᠢᠳᠢ ᠶᠢ ᠣᠯᠣᠭᠰᠠᠨ ᠱᠢᠷᠲᠡᠭᠪᠡ ᠵᠠᠯᠠᠭᠤ ᠭᠡᠷᠡᠯ ᠭᠡᠳᠡᠭ ᠬᠥᠮᠥᠨ ᠤ ᠭᠡᠷ ᠲᠤ ᠲᠥᠷᠥᠵᠡᠢ᠃ ᠲᠡᠭᠦᠨ ᠤ ᠪᠠᠭ᠎ᠠ ᠶᠢᠨ ᠨᠡᠷ᠎ᠡ ᠨᠢ ᠳ᠋ᠮᠢᠳᠳᠣᠷᠵᠢ ᠭᠡᠳᠡᠭ ᠪᠥᠭᠡᠳ ᠲᠦᠢᠨ ᠪᠣᠯᠣᠭᠰᠠᠨ ᠤ ᠬᠤᠶᠢᠨ᠎ᠠ ᠴᠣᠶᠢᠭᠦᠡᠣᠳᠰᠡᠷ ᠬᠡᠮᠡᠨ ᠨᠡᠷᠡᠯᠡᠪᠡ᠃ ᠤᠯᠤᠰ ᠤᠨ ᠪᠠᠭᠰᠢ ᠪᠠᠶᠢᠭᠰᠠᠨ ᠫᠠᠭᠪᠠ ᠲᠡᠭᠦᠨ ᠤ ᠨᠡᠷ᠎ᠡ ᠶᠢ ᠴᠣᠶᠢᠵᠢᠡᠣᠳᠰᠡᠷ ᠭᠡᠵᠦ ᠬᠠᠯᠠᠨ ᠥᠩᠭᠡᠷᠡᠭᠰᠡᠨ ᠪᠥᠭᠡᠳ ᠵᠠᠷᠢᠮ ᠨᠣᠮ ᠰᠤᠳᠤᠷ ᠲᠤ ᠪᠠᠰᠠ ︽ᠨᠣᠮ ᠤᠨ ᠭᠡᠷᠡᠯ — ᠨᠣᠮᠣᠨᠭᠡᠷᠡᠯ︾ ᠭᠡᠵᠦ ᠣᠷᠴᠢᠭᠤᠯᠤᠨ ᠠᠪᠤᠭᠰᠠᠨ ᠪᠠᠶᠢᠳᠠᠭ ᠶᠤᠮ᠃1265 ᠣᠨ ᠳᠤ ᠴᠣᠶᠢᠵᠢᠡᠣᠳᠰᠡᠷ ᠲᠠᠪᠤᠨ ᠨᠠᠰᠤᠲᠠᠢ ᠳᠤ ᠪᠠᠨ ᠰᠦᠮ᠎ᠡ ᠳᠤ ᠰᠠᠭᠤᠵᠤ ᠨᠣᠮ ᠰᠤᠷᠤᠭᠠᠳ᠂ 1295 ᠣᠨ ᠪᠣᠯᠬᠤ ᠳᠤ ᠡᠷᠳᠡᠮ ᠨᠣᠮ ᠳᠤ ᠶᠡᠬᠡᠳᠡ ᠴᠠᠭᠠᠷᠠᠵᠤ᠂ ᠲᠠᠪᠤᠨ ᠤᠬᠠᠭᠠᠨ ᠳᠤ ᠨᠡᠪᠲᠡᠷᠡᠭᠡᠳ ᠪᠠᠷᠠᠭᠤᠨ ᠲᠥᠪᠡᠳ ᠲᠤ ᠠᠯᠳᠠᠷᠰᠢᠵᠠᠢ᠃1295 ᠣᠨ ᠳᠤ ᠥᠯᠵᠡᠶᠢᠲᠦ ᠬᠠᠭᠠᠨ ᠲᠡᠮᠦᠷ ᠤᠨ ᠤᠷᠢᠯᠭ᠎ᠠ ᠪᠠᠷ ᠮᠣᠩᠭᠤᠯ ᠳᠤ ᠢᠷᠡᠵᠦ᠂ ᠵᠠᠷᠯᠢᠭ ᠰᠠᠱᠲᠢᠷ᠂ ᠰᠤᠳᠤᠷ ᠳ᠋ᠡᠨᠳᠡᠷᠧᠰ ︽ᠪᠣᠳᠢᠴᠡᠷ᠎ᠡ ᠠᠸᠠᠲᠡᠷ᠎ᠡ︾ ᠵᠡᠷᠭᠡ ᠣᠯᠠᠨ ᠨᠣᠮ ᠪᠢᠴᠢᠭ ᠢ ᠣᠷᠴᠢᠭᠤᠯᠵᠤ ᠨᠠᠶᠢᠷᠠᠭᠤᠯᠪᠠ᠃1308 — 1311 ᠣᠨ ᠤ ᠬᠤᠭᠤᠷᠣᠨᠳᠤ᠂ ᠬᠠᠶᠢᠰᠠᠩ ᠬᠠᠭᠠᠨ ᠳᠤ ᠬᠦᠨᠳᠦ ᠪᠠᠷ ᠬᠡᠷᠡᠭᠯᠡᠭᠳᠡᠵᠦ ︽ᠪᠠᠵᠠᠷᠠᠭᠴᠠ︾ ︵ᠲᠠᠪᠤᠨ ᠰᠠᠬᠢᠶ᠎ᠠ︶ ᠵᠡᠷᠭᠡ ᠶᠢ ᠣᠷᠴᠢᠭᠤᠯᠵᠤ᠂ ︽ᠪᠣᠳᠢᠴᠡᠷ᠎ᠡ ᠠᠸᠠᠲᠡᠷ᠎ᠡ ᠶᠢᠨ ᠲᠠᠶᠢᠯᠪᠤᠷᠢ︾ ᠪᠠ ︽ᠵᠢᠷᠦᠬᠡᠨ ᠤ ᠲᠤᠯᠳᠣ︾ ᠵᠡᠷᠭᠡ ᠨᠣᠮ ᠢᠶᠠᠨ ᠪᠢᠴᠢᠭᠡᠳ ᠶᠡᠭᠡ ᠨᠡᠶᠢᠰᠯᠡᠯ ᠳ᠋ᠠᠳᠦ᠋ ᠳᠤ ᠬᠡᠪᠯᠡᠭᠦᠯᠵᠡᠢ᠃1312 ᠣᠨ 10 ᠰᠠᠷ᠎ᠠ ᠳᠤ ᠴᠣᠶᠢᠵᠢᠡᠣᠳᠰᠡᠷ᠂ ᠪᠤᠶᠠᠨᠲᠤ ᠬᠠᠭᠠᠨ ᠠᠶᠤᠷᠪᠠᠷᠪᠠᠳᠠ ᠶᠢᠨ ᠰᠢᠳᠢᠷ ᠯᠠᠮᠠ ᠪᠣᠯᠵᠤ ᠤᠯᠤᠰ ᠤᠨ ᠪᠠᠭᠰᠢ ᠡᠷᠭᠦᠮᠵᠢᠯᠡᠭᠳᠡᠪᠡ᠃ᠴᠣᠶᠢᠵᠢᠡᠣᠳᠰᠡᠷ ᠪᠣᠯ ᠮᠣᠩᠭᠤᠯ ᠬᠡᠯᠡᠨ ᠤ ᠵᠦᠢ᠂ ᠠᠪᠢᠶᠠᠨ ᠤ ᠵᠦᠢ᠂ ᠦᠭᠡᠰ ᠤᠨ ᠰᠠᠩ ᠤᠨ ᠰᠣᠳᠣᠯᠠᠯ ᠳᠤ ᠴᠥᠮ᠎ᠡ ᠠᠩᠬ᠎ᠠ ᠠᠯᠬᠤᠮ ᠤᠨ ᠰᠠᠭᠤᠷᠢ ᠵᠠᠢ ᠲᠠᠯᠪᠢᠵᠤ ᠥᠭᠭᠦᠭᠰᠡᠨ ᠬᠥᠮᠥᠨ ᠶᠤᠮ᠃ ᠲᠡᠷᠡ ᠫᠠᠭᠪᠠ ᠯᠠᠮᠠ ᠶᠢᠨ ᠵᠣᠬᠢᠶᠠᠭᠰᠠᠨ ᠳᠥᠷᠪᠡᠯᠵᠢᠨ ᠦᠰᠦᠭ ᠢ ︽ᠪᠤᠷᠬᠠᠨ ᠤ ᠨᠣᠮ ᠢ ᠣᠷᠴᠢᠭᠤᠯᠵᠤ ᠡᠰᠡ ᠪᠣᠯᠣᠭᠰᠠᠨ︾ ᠭᠡᠳᠡᠭ ᠨᠡᠷ᠎ᠡ ᠪᠠᠷ ᠣᠷᠬᠢᠭᠤᠯᠤᠭᠰᠠᠨ ᠪᠥᠭᠡᠳ ᠤᠶᠢᠭᠤᠷᠵᠢᠨ ᠮᠣᠩᠭᠤᠯ ᠦᠰᠦᠭ ᠢ ᠴᠦ ᠨᠢᠭᠡ ᠠᠯᠬᠤᠮ ᠰᠢᠨᠡᠴᠢᠯᠡᠨ ᠰᠠᠶᠢᠵᠢᠷᠠᠭᠤᠯᠵᠠᠢ᠃ ᠲᠡᠷᠡ ᠤᠶᠢᠭᠤᠷ ᠦᠰᠦᠭ ᠤᠨ ᠳᠤᠲᠠᠭᠤ ᠶᠢ ᠨᠥᠬᠦᠵᠦ᠂ ᠮᠣᠩᠭᠤᠯ ᠦᠰᠦᠭ ᠲᠤ ᠦᠭᠡᠢ ᠪᠠᠶᠢᠭᠰᠠᠨ ︵ᠣᠳᠣᠬᠢ ᠫᠠ᠊᠂ ᠱ᠊︶᠎ ᠶᠢ ᠨᠡᠮᠡᠨ ᠵᠣᠬᠢᠶᠠᠵᠤ᠂ ︽ᠵᠠ᠊᠂ ᠶᠠ᠊︾᠎ ᠶᠢᠨ ᠳᠦᠷᠰᠦ ᠶᠢ ᠶᠢ ᠰᠠᠯᠭᠠᠨ᠂ ᠨᠡᠶᠢᠲᠡ 123 ᠦᠶᠡᠲᠦ ᠦᠰᠦᠭ ᠪᠣᠯᠭᠠᠨ ᠵᠢᠭᠰᠠᠭᠠᠭᠠᠳ᠂ ᠠᠩᠬ᠎ᠠ ᠠᠯᠬᠤᠮ ᠮᠣᠩᠭᠤᠯ ᠬᠡᠯᠡᠨ ᠳᠤ ᠬᠡᠷᠡᠭᠯᠡᠭᠳᠡᠭᠦ ᠴᠠᠭᠠᠨ ᠲᠣᠯᠣᠭᠠᠢ ᠶᠢᠨ ᠦᠰᠦᠭ ᠢ ᠪᠦᠷᠢᠳᠦᠭᠦᠯᠵᠦ᠂ ᠮᠣᠩᠭᠤᠯ ᠬᠡᠯᠡᠨ ᠤ ᠦᠭᠡᠰ ᠤᠨ ᠤᠳᠬ᠎ᠠ ᠶᠢ ᠢᠯᠭᠠᠬᠤ ᠳᠤ ᠬᠡᠷᠡᠭᠯᠡᠭᠳᠡᠬᠦ ᠭᠤᠣᠯ ᠠᠪᠢᠶ᠎ᠠ ︵ᠠᠪᠢᠶᠠᠯᠠᠪᠤᠷᠢ︶᠎ ᠨᠤᠭᠤᠳ ᠢ ᠢᠯᠡᠷᠬᠡᠶᠢᠯᠡᠭᠰᠡᠨ ᠦᠰᠦᠭ ᠤᠨ ᠰᠢᠰᠲ᠋ᠧᠮ ᠢ ᠥᠭᠡᠷᠡᠴᠢᠯᠡᠨ ᠵᠣᠬᠢᠶᠠᠪᠠ᠃ ᠵᠠᠷᠢᠮ ᠡᠷᠳᠡᠮᠲᠡᠳ ᠲᠡᠭᠦᠨ ᠤ ᠵᠣᠬᠢᠶᠠᠭᠰᠠᠨ 123 ᠦᠶᠡᠲᠦ ᠦᠰᠦᠭ ᠤᠨ ᠴᠠᠭᠠᠨ ᠲᠣᠯᠣᠭᠠᠢ ᠶᠢᠨ ᠳᠠᠪᠬᠤᠷᠳᠠᠭᠰᠠᠨ ︽ᠴᠠ᠂ ‍ᠵᠠ᠂ ‍ᠵᠠᠢ᠂ ‍ᠵᠤ᠋᠂ ‍ᠵᠣ᠋᠂ ‍ᠵᠦ᠋᠂ ‍ᠵᠦ᠋︾ ᠪᠠ ︽᠎ ᠢᠶᠠᠷ︾ ᠳᠠᠭᠠᠪᠤᠷᠢ ᠶᠢ ᠭᠠᠷᠭᠠᠭᠠᠳ ᠬᠡᠷᠡᠭ ᠳᠡᠭᠡᠷ᠎ᠡ ᠪᠠᠨ 115 ᠭᠡᠵᠦ ᠦᠵᠡᠵᠦ ᠪᠣᠢ᠃ᠴᠣᠶᠢᠵᠢᠡᠣᠳᠰᠡᠷ ᠡᠩ ᠲᠡᠷᠢᠭᠦᠨ ᠳᠤ ᠮᠣᠩᠭᠤᠯ ᠦᠰᠦᠭ ᠢ ᠴᠢᠩᠭ᠎ᠠ ᠬᠥᠨᠳᠡᠢ a ᠰᠠᠭᠠᠷᠮᠠᠭ ᠭᠡᠵᠦ ᠭᠤᠷᠪᠠ ᠬᠤᠪᠢᠶᠠᠭᠰᠠᠨ ᠪᠥᠭᠡᠳ ᠮᠣᠩᠭᠤᠯ ᠬᠡᠯᠡᠨ ᠤ ᠠᠪᠢᠶ᠎ᠠ ᠵᠣᠬᠢᠶᠠᠬᠤ ᠶᠣᠰᠣ ᠶᠢ ᠠᠩᠬ᠎ᠠ ᠠᠯᠬᠤᠮ ᠵᠥᠪ ᠲᠠᠶᠢᠯᠪᠤᠷᠢᠯᠠᠵᠠᠢ ᠃ ᠲᠡᠷᠡ ᠪᠠᠰᠠ ᠡᠨᠡᠳᠬᠡᠭ ᠬᠡᠯᠡᠨ ᠤ ᠰᠢᠨᠵᠢᠯᠡᠯ ᠤᠨ ᠮᠠᠬᠠᠪᠤᠳ ᠢᠶᠠᠷ ᠢᠯᠭᠠᠬᠤ ᠵᠡᠷᠭᠡ ᠵᠢᠷᠤᠮ ᠭᠤᠷᠣᠮ ᠢ ᠠᠰᠢᠭᠯᠠᠵᠤ ᠮᠣᠩᠭᠤᠯ ᠬᠡᠯᠡᠨ ᠤ ᠠᠪᠢᠶᠠᠯᠠᠪᠤᠷᠢ ᠶᠢ ᠨᠡᠯᠢᠶᠡᠳ ᠣᠨᠣᠪᠴᠢᠲᠠᠢ ᠲᠠᠶᠢᠯᠪᠤᠷᠢᠯᠠᠭᠰᠠᠨ ᠶᠤᠮ᠃ ᠴᠣᠶᠢᠵᠢᠡᠣᠳᠰᠡᠷ ︽ᠳᠠᠭᠤᠳᠠᠬᠤᠢ ᠶᠢᠨ ᠲᠡᠶᠢᠨ ᠢᠯᠭᠠᠯ ᠯᠤᠭ᠎ᠠ ᠬᠠᠮᠲᠤ︾ ᠨᠠᠢᠮᠠᠨ ᠲᠡᠶᠢᠨ ᠢᠯᠭᠠᠯ ᠭᠠᠷᠭᠠᠭᠰᠠᠨ ᠪᠥᠭᠡᠳ ᠲᠡᠶᠢᠨ ᠢᠯᠭᠠᠯ ᠤᠨ ᠳᠠᠭᠠᠪᠤᠷᠢ ᠳᠠᠭᠠᠭᠤᠯᠬᠤ ᠳᠦᠷᠢᠮ ᠢ ᠨᠡᠯᠢᠶᠡᠳ ᠰᠠᠶᠢᠨ ᠵᠠᠳᠠᠯᠤᠨ ᠰᠢᠨᠵᠢᠯᠡᠭᠰᠡᠨ ᠪᠠᠶᠢᠯ᠎ᠠ ᠴᠣᠶᠢᠵᠢᠡᠣᠳᠰᠡᠷ ᠪᠠᠰᠠ ᠦᠰᠦᠭ ᠤᠨ ᠳᠦᠷᠢᠮ ᠤᠨ ᠵᠥᠪ ᠪᠢᠴᠢᠯᠭᠡ᠂ ᠵᠥᠪ ᠳᠠᠭᠤᠳᠠᠯᠭ᠎ᠠ ᠶᠢᠨ ᠲᠠᠯ᠎ᠠ ᠪᠠᠷ ᠨᠠᠷᠢᠨ ᠳᠦᠷᠢᠮ ᠪᠣᠯᠪᠠᠰᠤᠷᠠᠭᠤᠯᠵᠤ ᠮᠥᠷᠳᠡᠯᠡᠭᠡ ᠪᠠᠷᠢᠮᠳᠠᠯᠠᠯ ᠪᠣᠯᠬᠤ ︽ᠭᠤᠣᠯ ᠶᠣᠰᠣᠨ︾᠎ ᠢ ᠨᠡᠭᠡᠭᠡᠵᠡᠢ᠃ ᠲᠡᠭᠦᠨ ᠤ ᠲᠡᠷᠡ ︽ᠳᠤᠮᠳᠠ ᠰᠤᠯᠠ ᠪᠠᠷ ᠡᠬᠢ ᠠᠳᠠᠭ ᠢ ᠮᠡᠳᠡᠬᠦᠢ᠂ ᠠᠯᠳᠠᠷᠰᠢᠭᠰᠠᠨ ᠢᠶᠠᠷ ᠮᠡᠳᠡᠬᠦᠢ᠂ ᠳᠡᠪᠢᠰᠬᠡᠷ ᠢᠶᠠᠷ ᠮᠡᠳᠡᠬᠦᠢ ᠂ ᠤᠳᠬᠠᠰ ᠤᠨ ᠬᠦᠴᠦᠨ ᠢᠶᠠᠷ ᠢᠯᠭᠠᠨ ᠲᠣᠳᠣᠯᠠᠬᠤᠢ︾ ᠵᠡᠷᠭᠡ ᠳᠦᠷᠪᠡᠨ ᠵᠠᠷᠴᠢᠮ ᠪᠣᠯ ᠬᠡᠷᠡᠭ ᠳᠡᠭᠡᠷ᠎ᠡ ᠪᠠᠨ ᠮᠣᠩᠭᠤᠯ ᠬᠡᠯᠡᠨ ᠤ ᠦᠰᠦᠭ ᠤᠨ ᠳᠦᠷᠢᠮ ᠤᠨ ᠦᠭᠡ ᠶᠢᠨ ᠵᠦᠢ᠂ ᠠᠪᠢᠶᠠᠨ ᠤ ᠵᠦᠢ ᠪᠠ ᠤᠯᠠᠮᠵᠢᠯᠠᠯ ᠤᠨ ᠪᠤᠶᠤ ᠲᠡᠣᠬᠡᠨ ᠤ ᠵᠡᠷᠭᠡ ᠭᠤᠣᠯ ᠭᠤᠣᠯ ᠵᠠᠷᠴᠢᠮ ᠤᠳ ᠪᠣᠯᠣᠨ᠎ᠠ᠃ ᠡᠭᠦᠨ ᠳᠤ ᠳᠦᠷᠰᠦ ᠢᠯᠭᠠᠬᠤ ᠵᠡᠷᠭᠡ ᠳᠦᠷᠢᠮ ᠢ ︽ᠡᠳ᠋︾ ᠦᠭᠡ ᠪᠠᠷ ᠡᠰᠢᠯᠡᠨ ᠲᠠᠶᠢᠯᠪᠤᠷᠢᠯᠠᠪᠠ᠃ᠲᠡᠭᠦᠨ ᠤ ᠲᠣᠭᠲᠠᠭᠠᠭᠰᠠᠨ ︽ᠠᠨ ᠠᠪ ᠠᠭ ᠠᠮ ᠠᠯ ᠠᠢ ᠠᠷ ᠠᠰ ᠠᠳ ᠠᠤ ᠬᠢᠭᠡᠳ ᠠᠩ ᠯᠤᠭ᠎ᠠ ᠠᠷᠪᠠᠨ ᠨᠢᠭᠡᠨ ᠳ᠋ᠠᠩ ᠲᠡᠪᠢᠰᠭᠡᠷ︾ ᠪᠠ ︽ᠠᠶᠢᠯ︾ ︽ᠡᠶᠢᠨ︾ ᠭᠡᠬᠦ ᠮᠡᠲᠦ ᠳᠠᠪᠬᠤᠷ ᠳᠡᠪᠢᠰᠬᠡᠷ ᠪᠠᠶᠢᠬᠤ ᠶᠢ ᠲᠣᠳᠣᠯᠠᠭᠰᠠᠨ ︽ᠳᠡᠪᠢᠰᠬᠡᠷ ᠶᠣᠰᠣᠨ︾ ᠠᠨᠤ ᠡᠳᠦᠭᠡ ᠴᠦ ᠭᠡᠰᠡᠨ ᠮᠠᠰᠢ ᠶᠡᠭᠡ ᠰᠤᠳᠤᠯᠬᠤ ᠠᠴᠢ ᠬᠤᠯᠪᠣᠭᠳᠠᠯ ᠎ ᠲᠠᠢ ᠪᠠᠶᠢᠭᠰᠠᠭᠠᠷ ᠪᠠᠶᠢᠨ᠎ᠠ᠃ᠴᠣᠶᠢᠵᠢᠡᠣᠳᠰᠡᠷ ᠮᠣᠩᠭᠤᠯ ᠪᠢᠴᠢᠭ ᠤᠨ ᠬᠡᠯᠡ ᠶᠢ ᠠᠩᠬ᠎ᠠ ᠳᠦᠷᠢᠮᠵᠢᠭᠦᠯᠵᠦ ︽ᠭᠠᠨᠵᠤᠤᠷ ᠳ᠋ᠠᠨᠵᠣᠣᠷ︾ ᠵᠡᠷᠭᠡ ᠠᠪᠤᠷᠭᠤ ᠲᠣᠮᠣ ᠨᠣᠮ ᠰᠤᠳᠤᠷ ᠤᠳ ᠢ ᠣᠷᠴᠢᠭᠤᠯᠵᠤ ᠲᠠᠶᠢᠯᠪᠤᠷᠢᠯᠠᠬᠤ᠂ ᠵᠢᠴᠢ ᠪᠤᠰᠤᠳ ᠨᠣᠮ ᠰᠤᠳᠤᠷ ᠢ ᠨᠠᠶᠢᠷᠠᠭᠤᠯᠤᠨ ᠵᠣᠬᠢᠶᠠᠵᠤ ᠰᠤᠷᠲᠠᠯᠴᠢᠯᠠᠨ ᠳᠡᠯᠭᠡᠷᠡᠭᠦᠯᠬᠦ ᠳᠤ ᠶᠢᠨ ᠶᠡᠬᠡᠬᠡᠨ ᠭᠠᠪᠢᠶ᠎ᠠ ᠵᠢᠳᠬᠦᠯ ᠭᠠᠷᠭᠠᠵᠤ ᠪᠢᠯᠡ᠃ᠴᠣᠶᠢᠵᠢᠡᠣᠳᠰᠡᠷ ᠪᠣᠯ ᠮᠣᠩᠭᠤᠯ ᠬᠡᠯᠡᠨ ᠤ ᠤᠤᠭᠠᠨ ᠣᠷᠴᠢᠭᠤᠯᠤᠭᠴᠢ ᠶᠢᠨ ᠨᠢᠭᠡ ᠨᠢ ᠪᠣᠯᠣᠨ᠎ᠠ᠃ ᠲᠡᠷᠡ ᠪᠣᠯ ︽ᠰᠤᠳᠤᠷ ᠲᠡᠷᠨᠢ ᠶᠢ ᠣᠷᠴᠢᠭᠤᠯᠬᠤ ᠵᠢᠷᠤᠮ ᠢ ᠭᠠᠷᠭᠠᠭᠰᠠᠨ︾ ᠣᠷᠴᠢᠭᠤᠯᠤᠭᠴᠢ ᠶᠢᠨ ᠤᠬᠠᠭᠠᠨᠲᠠᠨ ᠶᠤᠮ᠃ ᠡᠨᠡᠳᠬᠡᠭ ᠲᠥᠪᠡᠳ ᠬᠡᠯᠡᠨ ᠠᠴᠠ ᠨᠣᠮ ᠰᠤᠳᠤᠷ ᠣᠷᠴᠢᠭᠤᠯᠬᠤ ᠶᠠᠪᠤᠳᠠᠯ ᠲᠡᠭᠦᠨ ᠤ ᠦᠶ᠎ᠡ ᠠᠴᠠ ᠡᠬᠢᠯᠡᠭᠰᠡᠨ ᠪᠥᠭᠡᠳ ᠵᠥᠪᠬᠡᠨ ᠱᠠᠰᠢᠨ ᠤ ᠨᠣᠮ ᠰᠤᠳᠤᠷ ᠣᠷᠴᠢᠭᠤᠯᠤᠭᠰᠠᠨ ᠪᠢᠰᠢ᠂ ᠬᠠᠷᠢᠨ ᠲᠠᠪᠤᠨ ᠤᠬᠠᠭᠠᠨ ᠤ ᠨᠣᠮ ᠰᠤᠳᠤᠷ ᠢ ᠨᠡᠶᠢᠳᠡᠮ ᠣᠷᠴᠢᠭᠤᠯᠵᠤ ᠳᠡᠯᠭᠡᠷᠡᠭᠦᠯᠦᠭᠰᠡᠨ ᠪᠠᠶᠢᠵᠠᠢ᠃ ᠡᠨᠡ ᠲᠠᠯ᠎ᠠ ᠪᠠᠷ ᠲᠡᠭᠦᠨ ᠢ ᠬᠢᠲᠠᠳ ᠤᠨ ᠣᠷᠴᠢᠭᠤᠯᠭ᠎ᠠ ᠶᠢᠨ ᠣᠨᠣᠯᠲᠠ ᠪᠥᠭᠡᠳ ᠭᠦᠨ ᠤᠬᠠᠭᠠᠨᠲᠠᠨ ᠲᠠᠩᠰᠤᠭ ᠯᠠᠮᠠ ᠲᠠᠢ ᠠᠳᠠᠯᠢᠳᠬᠠᠵᠤ ᠪᠣᠯᠬᠤᠷ ᠶᠤᠮ᠃ᠴᠣᠶᠢᠵᠢᠡᠣᠳᠰᠡᠷ ᠪᠠᠰᠠ ᠪᠣᠳᠣᠯᠭᠠᠲᠠᠨ ᠪᠥᠭᠡᠳ ᠭᠦᠨ ᠤᠬᠠᠭᠠᠨᠲᠠᠨ ᠪᠢᠯᠡ᠃ ᠲᠡᠷᠡ ᠬᠡᠳᠦᠨ ᠦᠶ᠎ᠡ ᠶᠢᠨ ᠬᠠᠭᠠᠳ ᠤᠨ ᠰᠢᠳᠠᠷ ᠯᠠᠮᠠ ᠶᠠᠪᠤᠵᠤ᠂ ᠱᠠᠰᠢᠨ ᠤ ᠵᠠᠩ ᠦᠢᠯᠡ ᠰᠠᠬᠢᠯ ᠰᠠᠨᠸᠠᠷ ᠢ ᠤᠯᠠᠮ ᠪᠦᠷᠢᠨ ᠲᠡᠭᠦᠯᠳᠡᠷ ᠪᠣᠯᠭᠠᠵᠤ ᠪᠤᠳ᠋ᠳ᠋ᠾᠠ ᠶᠢᠨ ᠱᠠᠰᠢᠨ ᠢ ᠳᠡᠯᠭᠡᠷᠡᠭᠦᠯᠵᠦ ᠪᠥᠬᠡ ᠮᠥᠷᠭᠦᠯ ᠢ ᠤᠰᠠᠳᠬᠠᠵᠤ ᠪᠠᠷ ᠴᠢᠷᠮᠠᠶᠢᠨ ᠲᠡᠮᠡᠴᠡᠪᠡ᠃ ᠲᠡᠷᠡ ᠪᠣᠯ ᠡᠷᠲᠡᠨ ᠤ ᠡᠨᠡᠳᠬᠡᠭ ᠳ᠋ᠡᠬᠢᠨ ᠤ ᠭᠦᠨ ᠤᠬᠠᠭᠠᠨ ᠪᠣᠯᠤᠨ ᠱᠠᠰᠢᠨ ᠤ ᠭᠦᠨ ᠤᠬᠠᠭᠠᠨ ᠢ ᠰᠤᠳᠤᠯᠤᠨ ᠰᠢᠨᠵᠢᠯᠡᠵᠦ ᠰᠤᠷᠲᠠᠯᠴᠢᠯᠠᠨ ᠨᠡᠪᠲᠡᠷᠡᠭᠦᠯᠵᠦ ᠪᠠᠶᠢᠭᠰᠠᠨ ᠠᠬᠠᠮᠠᠳ ᠡᠷᠳᠡᠮᠲᠡᠨ ᠤ ᠨᠢᠭᠡ ᠨᠢ ᠪᠣᠯᠣᠨ᠎ᠠ᠃ ᠲᠡᠭᠦᠨ ᠤ ᠪᠢᠴᠢᠭᠰᠡᠨ ︽ᠪᠣᠳᠢᠨᠴᠢᠷ᠎ᠡ ᠠᠸᠠᠲᠠᠷ᠎ᠠ ᠶᠢᠨ ᠲᠠᠶᠢᠯᠪᠤᠷᠢ︾ ᠪᠣᠯ ᠭᠦᠨ ᠤᠬᠠᠭᠠᠨ ︵ᠱᠠᠰᠢᠨ ᠤ ᠭᠦᠨ ᠤᠬᠠᠭᠠᠨ ᠪᠠᠭᠲᠠᠵᠤ ᠪᠣᠢ︶᠎ ᠤ ᠵᠣᠬᠢᠶᠠᠯ ᠪᠣᠯᠬᠤ ᠪᠥᠭᠡᠳ ︽ᠠᠷᠪᠠᠨ ᠬᠤᠶᠠᠷ ᠵᠣᠬᠢᠶᠠᠩᠭᠤᠢ︾᠎ ᠨᠢ ᠴᠦ ᠱᠠᠰᠢᠨ ᠤ ᠭᠦᠨ ᠤᠬᠠᠭᠠᠨ ᠤ ᠨᠡᠯᠢᠶᠡᠳ ᠴᠢᠬᠤᠯᠠ ᠵᠣᠬᠢᠶᠠᠯ ᠪᠣᠯᠬᠤ ᠶᠤᠮ᠃ᠴᠣᠶᠢᠵᠢᠡᠣᠳᠰᠡᠷ ᠵᠢᠷᠭᠤᠭᠠᠨ ᠨᠠᠰᠤᠯᠠᠭᠠᠳ ᠪᠠᠷᠤᠭ 1320 ᠣᠨ ᠳᠤ ᠨᠠᠰᠤ ᠪᠠᠷᠠᠵᠠᠢ᠃ᠴᠣᠶᠢᠵᠢᠡᠣᠳᠰᠡᠷ ᠪᠣᠯ ᠮᠣᠩᠭᠤᠯ᠂ ᠤᠶᠢᠭᠤᠷ᠂ ᠡᠨᠡᠳᠬᠡᠭ ︵ᠰᠠᠨᠰᠺᠷᠢᠲ︶᠂ ᠲᠥᠪᠡᠳ ᠵᠡᠷᠭᠡ ᠤᠯᠠᠨ ᠬᠡᠯᠡᠨ ᠳᠤ ᠨᠡᠪᠲᠡᠷᠡᠭᠰᠡᠨ ᠮᠣᠩᠭᠤᠯ ᠬᠡᠯᠡᠨ ᠤ ᠤᠤᠭᠠᠨ ᠰᠢᠨᠵᠢᠯᠡᠭᠡᠲᠡᠨ ᠪᠣᠯᠬᠤ ᠪᠥᠭᠡᠳ ᠮᠣᠩᠭᠤᠯ ᠦᠨᠳᠦᠰᠦᠲᠡᠨ ᠤ ᠰᠣᠶᠣᠯ ᠤᠨ ᠶᠡᠭᠡ ᠵᠢᠳᠬᠦᠯᠲᠡᠨ ᠪᠣᠯᠬᠤ ᠶᠤᠮᠰᠠᠨ᠃                                                                    ᠨᠠ᠊᠂ ᠠᠯᠲᠠᠨᠱᠠ ᠶᠢᠨ ︿︿ ᠮᠣᠩᠭᠤᠯᠴᠤᠳ ᠤᠨ ᠥᠴᠥᠭᠡᠳᠦᠷ ᠤᠨ ᠮᠥᠷ﹀﹀
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号