ᠢᠩᠭᠡᠨ ᠰᠤᠮᠤ ᠢᠩᠭᠡᠨ ᠰᠣᠮᠣ ᠠᠯᠠᠱᠠ ᠵᠡᠬᠦᠨ ᠬᠤᠰᠢᠭᠤᠨ ᠤ ᠬᠤᠶᠢᠳᠤ ᠭᠡᠰᠡᠭ ᠲᠤ ᠪᠠᠶᠢᠷᠢᠯᠠᠵᠤ᠂ ᠵᠡᠬᠦᠨᠰᠢ | ᠪᠠᠨ ᠪᠠᠶᠠᠨᠨᠠᠭᠤᠷ ᠬᠤᠳᠠ ᠲᠠᠢ ᠬᠦᠷᠰᠢᠯᠡᠵᠤ᠂ ᠤᠷᠤᠭᠰᠢ ᠪᠠᠨ ᠵᠢᠷᠠᠳᠠᠢ ᠪᠠᠯᠭᠠᠰᠣ ᠲᠠᠢ᠂ ᠪᠠᠷᠠᠭᠤᠨᠰᠢ ᠪᠠᠨ ᠥᠯᠵᠡᠢ | ᠰᠤᠮᠤ ᠲᠠᠢ ᠵᠠᠯᠭᠠᠯᠳᠤᠵᠤ᠂ ᠬᠤᠶᠢᠰᠢ ᠪᠠᠨ ᠮᠤᠩᠭᠤᠯ ᠤᠯᠤᠰ ᠤᠨ ᠡᠮᠦᠨᠡᠭᠤᠪᠢ ᠠᠶᠢᠮᠠᠭ ᠲᠠᠢ ᠬᠢᠯᠢᠯᠢᠵᠤ ᠪᠣᠢ᠂ | ᠬᠢᠯᠢ ᠶᠢᠨ ᠱᠣᠭᠤᠮ ᠤᠨ ᠤᠷᠳᠤ 103.129 ᠺᠢᠯᠣᠮᠧᠲᠷ ᠪᠠᠶᠢᠵᠤ᠂ ᠨᠤᠲᠤᠭ ᠳᠡᠪᠢᠰᠬᠡᠷ ᠤᠨ ᠶᠡᠷᠤᠩᠭᠡᠢ ᠲᠠᠯᠠᠪᠠᠢ | ᠨᠢ 6573 ᠲᠡᠭᠰᠢ ᠳᠦᠷᠪᠡᠯᠵᠢᠨ ᠺᠢᠯᠤᠮᠧᠲᠷ᠃ ᠴᠢᠯᠤᠭᠡᠯᠡᠭᠳᠡᠬᠦ ᠠᠴᠠ ᠡᠮᠤᠨ᠎ᠠ ᠲᠤᠰ ᠰᠣᠮᠣ ᠲᠥᠬᠦᠮ ᠪᠠᠭ ᠲᠤ | ᠬᠠᠷᠢᠶᠠᠯᠠᠭᠳᠠᠵᠤ᠂ ᠴᠢᠯᠥᠭᠡᠯᠡᠭᠳᠡᠭᠰᠡᠨ ᠤ ᠳᠠᠷᠠᠭ᠎ᠠ ᠬᠤᠩᠭᠤᠷᠠᠥᠯᠦ᠋ᠩ ᠭᠦᠩᠱᠧ ᠲᠤ ᠬᠠᠷᠢᠶᠠᠯᠠᠭᠳᠠᠪᠠ᠃ 1983 | ᠣᠨ ᠳᠤ ᠢᠩᠭᠡᠨ ᠭᠦᠩᠱᠧ ᠢ ᠰᠤᠮᠤ ᠪᠠᠷ ᠥᠭᠡᠷᠡᠴᠢᠯᠡᠵᠡᠢ᠃ 2006 ᠣᠨ ᠳᠤ ᠰᠣᠮᠣ ᠶᠢ ᠦᠬᠡᠶᠢᠰᠬᠢᠵᠤ᠂ | ᠬᠠᠷᠢᠶᠠᠯᠠᠭᠳᠠᠵᠤ ᠪᠠᠶᠢᠭ᠎ᠠ 3 ᠭᠠᠴᠠᠭ᠎ᠠ ᠨᠢ ᠥᠯᠵᠡᠢ ᠰᠣᠮᠣᠨ ᠳᠤ ᠬᠠᠷᠢᠶᠠᠯᠠᠭᠳᠠᠪᠠ᠃ 2012 ᠣᠨ ᠳᠤ | ᠠᠰᠢᠭᠯᠠᠵᠤ ᠪᠤᠯᠬᠤᠶᠢᠴᠠ ᠨᠣᠳᠤᠭ ᠳᠡᠪᠢᠰᠭᠡᠷ ᠨᠢ 673 ᠲᠥᠮᠡᠨ ᠮᠣ᠋᠂ ᠪᠠᠶᠢᠭᠠᠯᠢ ᠶᠢᠨ ᠤᠷᠴᠢᠨ ᠲᠤᠭᠤᠷᠢᠨ ᠤ | ᠨᠥᠬᠦᠴᠡᠯ ᠮᠠᠭᠤ᠂ ᠭᠠᠩ ᠬᠠᠭᠤᠷᠠᠢ ᠬᠤᠷ᠎ᠠ ᠲᠤᠨᠳᠠᠰᠤ ᠴᠥᠭᠡᠨ ᠪᠠᠶᠢᠵᠤ᠂ ᠡᠯᠡᠰᠣ᠂ ᠪᠡᠰᠡᠷᠡᠭ ᠠᠭᠤᠯᠠ᠂ ᠳᠤᠪᠤ | ᠲᠤᠯᠤᠭᠠᠢ᠂ ᠭᠤᠪᠢ ᠵᠡᠷᠭᠡ ᠭᠠᠵᠠᠷ ᠤᠨ ᠪᠠᠶᠢᠴᠠ ᠲᠠᠢ᠃ ᠬᠠᠴᠢᠨ ᠴᠢᠯᠠᠭᠤᠨ ᠤ ᠡᠬᠢ ᠪᠠᠶᠠᠯᠢᠭ ᠡᠯᠪᠡᠭ ᠲᠡᠯᠪᠡᠭ᠂ | ᠠᠯᠠᠱᠠᠨ ᠤ ᠮᠠᠨᠤ ᠴᠢᠯᠠᠭᠤ᠂ ᠭᠤᠪᠢ ᠴᠢᠯᠠᠭᠤ᠂ ᠥᠩᠭᠡᠳᠤ ᠬᠠᠰ ᠵᠡᠷᠭᠡ ᠴᠢᠯᠠᠭᠤᠨ ᠤ ᠭᠤᠤᠯ ᠭᠠᠷᠤᠯᠳᠠ ᠶᠢᠨ | ᠭᠠᠵᠠᠷ ᠮᠥᠨ᠃ ᠠᠭᠤᠷᠬᠠᠢ ᠶᠢᠨ ᠡᠬᠢ ᠪᠠᠶᠠᠯᠢᠭ ᠲᠤ ᠠᠯᠳᠠ᠂ ᠵᠡᠰ᠂ ᠪᠤᠷᠵᠢᠨ ᠴᠢᠯᠠᠭᠤ ᠵᠡᠷᠭᠡ ᠪᠠᠶᠢᠵᠤ᠂ | ᠤᠷᠭᠤᠮᠠᠯ ᠤᠨ ᠲᠥᠷᠤᠯ ᠵᠥᠢᠯ ᠳᠤ ᠭᠤᠤᠯᠳᠠᠭᠤ ᠴᠠᠭᠠᠨ ᠭᠤᠶᠤᠤ᠂ ᠤᠯᠠᠭᠠᠨ ᠭᠤᠶᠤᠤ᠂ ᠵᠠᠭ ᠮᠣᠳᠣ᠂ ᠬᠠᠷᠮᠠᠭ | ᠵᠡᠷᠭᠡ ᠲᠥᠷᠤᠯ ᠵᠥᠢᠯ ᠪᠠᠶᠢᠳᠠᠭ᠃ ᠨᠡᠶᠢᠳᠠ 329 ᠡᠷᠤᠬᠡ 941 ᠬᠥᠮᠤᠨ ᠲᠠᠢ᠂ 2017 ᠣᠨ ᠤ ᠡᠴᠤᠰ ᠲᠤ | ᠮᠠᠯᠴᠢᠨ ᠲᠠᠷᠢᠶᠠᠴᠢᠨ ᠤ ᠲᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 18120 ᠲᠥᠭᠦᠷᠢᠭ ᠲᠤ | ᠬᠥᠷᠴᠡᠢ᠃ | ᠴᠠᠭᠠᠭᠵᠠᠳᠠᠭᠠᠢ ᠭᠠᠴᠠᠭ᠎ᠠ ᠢᠩᠭᠡᠨ ᠰᠣᠮᠣᠨ ᠠᠴᠠ ᠬᠤᠶᠢᠰᠢ 20 ᠺᠢᠯᠣᠮᠧᠲᠷ ᠵᠠᠶᠢᠲᠠᠢ ᠪᠠᠶᠢᠷᠢᠯᠠᠵᠤ᠂ ᠶᠡᠷᠤᠩᠭᠡᠢ | ᠲᠠᠯᠠᠪᠠᠢ 3271 ᠲᠡᠭᠰᠢ ᠳᠦᠷᠪᠡᠯᠵᠢᠨ ᠺᠢᠯᠤᠮᠧᠲᠷ ᠪᠣᠢ᠃ ᠭᠠᠴᠠᠭᠠᠨ ᠳᠤ ᠨᠡᠶᠢᠳᠠ 101ᠡᠷᠤᠬᠡ 302 ᠬᠥᠮᠤᠨ | ᠠᠮᠠ ᠲᠠᠢ᠂ ᠲᠤᠰ ᠭᠠᠴᠠᠭ᠎ᠠ ᠴᠤᠯ ᠮᠠᠯᠵᠢᠬᠤ ᠪᠠᠷ ᠭᠤᠤᠯᠯᠠᠵᠤ᠂ ᠨᠤᠤᠯᠤᠷ ᠤᠨ ᠴᠠᠭᠠᠨ ᠢᠮᠠᠭ᠎ᠠ ᠲᠡᠵᠢᠭᠡᠨ | ᠥᠷᠡᠵᠢᠬᠦᠯᠬᠦ ᠪᠠ ᠴᠠᠭᠠᠨ ᠭᠤᠶᠤᠤ ᠶᠢ ᠲᠠᠷᠢᠵᠤ᠂ ᠤᠨᠴᠠᠯᠢᠭᠳᠤ ᠵᠢᠭᠤᠯᠴᠢᠯᠠᠯ ᠤᠨ ᠥᠢᠯᠡᠰ ᠢᠶᠠᠷ ᠴᠢᠬᠤᠯᠠ | ᠬᠥᠭᠵᠢᠯᠳᠠ ᠶᠢᠨ ᠬᠠᠨᠳᠣᠰᠢ ᠪᠠᠨ ᠪᠤᠯᠭᠠᠳᠠᠭ᠃2015 ᠣᠨ ᠳᠤ ᠮᠠᠯ ᠤᠨ ᠪᠥᠬᠦ ᠲᠤᠭ᠎ᠠ 1.5 ᠲᠥᠮᠡᠨ ᠲᠤᠯᠤᠭᠠᠢ | ᠳᠤ ᠬᠥᠷᠴᠤ᠂ ᠡᠬᠦᠨ ᠳᠤ ᠲᠡᠮᠡᠭᠡ 1551 ᠪᠥᠬᠦ᠂ ᠢᠮᠠᠭ᠎ᠠ 1.2 ᠲᠥᠮᠡ᠂ ᠬᠤᠨᠢ 1453 ᠲᠤᠯᠤᠭᠠᠢ ᠶᠢ | ᠡᠵᠡᠯᠡᠵᠤ ᠪᠤᠢ᠃ 2015 ᠣᠨ ᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ | 11891ᠲᠥᠭᠦᠷᠢᠭ ᠲᠤ ᠬᠥᠷᠴᠡᠢ᠃ | ᠳᠠᠯᠠᠨᠲᠦ᠋ᠷᠤᠭᠦᠤ ᠭᠠᠴᠠᠭ᠎ᠠ ᠢᠩᠭᠡᠨ ᠰᠤᠮᠤᠨ ᠤ ᠵᠠᠰᠠᠭ ᠤᠨ ᠤᠷᠳᠤᠨ ᠤ ᠰᠠᠭᠤᠷᠢᠨ ᠭᠠᠵᠠᠷ ᠪᠣᠯᠣᠨ᠎ᠠ᠂ ᠶᠡᠷᠤᠩᠭᠡᠢ | ᠲᠠᠯᠠᠪᠠᠢ 1440 ᠲᠡᠭᠰᠢ ᠳᠦᠷᠪᠡᠯᠵᠢᠨ ᠺᠢᠯᠤᠮᠧᠲᠷ ᠪᠣᠢ᠃ ᠭᠠᠴᠠᠭᠠᠨ ᠳᠤ ᠨᠡᠶᠢᠳᠠ 105 ᠡᠷᠤᠬᠡ 295 | ᠬᠥᠮᠤᠨ ᠠᠮᠠ ᠲᠠᠢ᠂ ᠬᠤᠷᠢᠵᠤ ᠪᠢᠳᠡᠬᠦᠮᠵᠢᠯᠡᠭᠰᠡᠨ ᠪᠡᠯᠴᠢᠭᠡᠷ 10.31 ᠲᠥᠮᠡᠨ ᠮᠣ᠋᠂ ᠴᠤᠯ ᠮᠠᠯᠵᠢᠬᠤ ᠪᠠᠷ | ᠭᠤᠤᠯᠯᠠᠭᠰᠠᠨ ᠭᠠᠴᠠᠭ᠎ᠠ ᠪᠠᠶᠢᠵᠤ᠂ ᠮᠠᠯ ᠤᠨ ᠨᠡᠶᠢᠲᠠ ᠲᠤᠭ᠎ᠠ 13300 ᠲᠤᠯᠤᠭᠠᠢ᠂ 2014 ᠣᠨ ᠤ ᠳᠤᠮᠳᠠᠴᠢ | ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11116 ᠲᠥᠭᠦᠷᠢᠭ ᠲᠤ ᠭᠥᠷᠴᠡᠢ᠃ | ᠬᠥᠪᠡᠭᠡ ᠭᠠᠴᠠᠭ᠎ᠠ ᠢᠩᠭᠡᠨ ᠰᠤᠮᠤᠨ ᠠᠴᠠ ᠪᠠᠷᠠᠭᠤᠨ ᠬᠤᠶᠢᠰᠢ 18 ᠺᠢᠯᠣᠮᠧᠲᠷ ᠵᠠᠶᠢᠲᠠᠢ ᠪᠠᠶᠢᠷᠢᠯᠠᠵᠤ᠂ | ᠶᠡᠷᠤᠩᠭᠡᠢ ᠲᠠᠯᠠᠪᠠᠢ 1872 ᠲᠡᠭᠰᠢ ᠳᠦᠷᠪᠡᠯᠵᠢᠨ ᠺᠢᠯᠤᠮᠧᠲᠷ᠂ ᠭᠠᠴᠠᠭᠠᠨ ᠳᠤ ᠨᠡᠶᠢᠳᠠ 91 ᠡᠷᠤᠬᠡ | 259ᠬᠥᠮᠤᠨ ᠠᠮᠠ ᠲᠠᠢ᠂ ᠬᠤᠷᠢᠵᠤ ᠪᠢᠳᠡᠬᠦᠮᠵᠢᠯᠡᠭᠰᠡᠨ ᠪᠡᠯᠴᠢᠭᠡᠷ 90817 ᠮᠣ᠋᠂ ᠴᠤᠯ ᠮᠠᠯᠵᠢᠬᠤ ᠪᠠᠷ | ᠭᠤᠤᠯᠯᠠᠭᠰᠠᠨ ᠭᠠᠴᠠᠭ᠎ᠠ ᠪᠠᠶᠢᠵᠤ᠂ ᠮᠠᠯ ᠤᠨ ᠨᠡᠶᠢᠲᠠ ᠲᠤᠭ᠎ᠠ 9656 ᠲᠤᠯᠤᠭᠠᠢ᠂ 2014 ᠣᠨ ᠤ ᠳᠤᠮᠳᠠᠴᠢ | ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11064 ᠲᠥᠭᠦᠷᠢᠭ ᠲᠤ ᠬᠥᠷᠴᠡᠢ᠃ |