ᠴᠣᠭᠲᠤᠬᠦ᠋ᠷᠢᠶ᠎ᠡ ᠰᠣᠮᠣ ᠠᠯᠠᠱᠠ ᠵᠡᠬᠦᠨ ᠬᠤᠰᠢᠭᠤᠨ ᠤ ᠡᠮᠤᠨᠡᠳᠤ ᠭᠡᠰᠡᠭ ᠲᠤ ᠪᠠᠶᠢᠷᠢᠯᠠᠵᠤ᠂ ᠪᠠᠶᠠᠨᠬᠤᠳᠠ | ᠪᠠᠯᠭᠠᠰᠤ ᠠᠴᠠ 135 ᠺᠢᠯᠣᠮᠧᠲᠷ ᠵᠠᠶᠢᠲᠠᠢ᠃ ᠶᠡᠷᠥᠩᠭᠡᠢ ᠲᠠᠯᠠᠪᠠᠢ 4287 ᠲᠡᠭᠰᠢ ᠳᠦᠷᠪᠡᠯᠵᠢᠨ ᠺᠢᠯᠤᠮᠧᠲᠷ ᠂ | 7 ᠴᠤᠯ ᠮᠠᠯᠵᠢᠯ ᠤᠨ ᠬᠠᠷᠢᠶᠠᠳᠤ ᠭᠠᠴᠠᠭ᠎ᠠ ᠲᠠᠢ᠃ ᠨᠡᠶᠢᠲᠠ 602 ᠡᠷᠤᠬᠡ 1265 ᠬᠥᠮᠤᠨ ᠠᠮᠠ ᠲᠠᠢ᠂ ᠡᠬᠦᠨ | ᠳᠤ ᠮᠤᠩᠭᠤᠯ ᠥᠨᠳᠤᠰᠤᠳᠡᠨ 829 ᠬᠥᠮᠤᠨ ᠪᠠᠶᠢᠵᠤ᠂ ᠪᠥᠬᠦ ᠬᠥᠮᠤᠨ ᠠᠮᠠ ᠶᠢᠨ 65 % ᠠᠴᠠ ᠳᠡᠭᠡᠭᠰᠢ | ᠡᠵᠡᠯᠡᠵᠤ ᠪᠤᠢ᠃ ᠡᠯᠡᠰᠤᠨ ᠵᠢᠭᠤᠯᠴᠢᠯᠠᠯ ᠪᠠ ᠰᠣᠶᠣᠯ ᠵᠢᠭᠤᠯᠴᠢᠯᠠᠯ ᠤᠨ ᠡᠬᠢ ᠪᠠᠶᠠᠯᠢᠭ ᠡᠯᠪᠡᠭ ᠳᠡᠯᠪᠡᠭ᠂ | ᠰᠣᠶᠣᠯ ᠢ ᠬᠡᠶᠢᠬᠦᠯᠤᠭ᠍ᠴᠢ ᠰᠥᠮ᠎ᠡ ᠪᠠ ᠢᠷᠤᠭᠡᠯ ᠢ ᠳᠠᠭᠠᠭᠠᠭᠴᠢ ᠰᠥᠮ᠎ᠡ ᠨᠢ ᠠᠯᠠᠱᠠ ᠶᠢᠨ ᠨᠠᠢᠮᠠᠨ ᠶᠡᠭᠡ ᠰᠥᠮ᠎ᠡ | ᠬᠡᠶᠢᠳ ᠤᠨ ᠨᠢᠭᠡ ᠪᠤᠯᠤᠨ᠎ᠠ᠂ ᠣᠯᠣᠰ ᠤᠨ4A ᠳᠡᠰ ᠤᠨ ᠡᠯᠡᠰᠣᠨ ᠴᠥᠯ ᠤᠨ ᠳᠡᠯᠡᠭᠡᠢ ᠶᠢᠨ ᠭᠠᠵᠠᠷ ᠰᠢᠨᠵᠢᠯᠡᠭᠡᠨ ᠤ | ᠴᠡᠴᠡᠷᠯᠢᠭ ᠤᠨ ᠬᠠᠯᠳᠠᠷ ᠨᠠᠭᠤᠷ ᠤᠨ ᠥᠵᠡᠮᠵᠢ ᠶᠢᠨ ᠤᠷᠤᠨ ᠵᠢᠴᠢ ᠴᠤᠯ ᠠᠬᠤᠶᠢᠴᠢᠯᠠᠭᠰᠠᠨ ᠨᠠᠭᠤᠷᠳᠤ ᠨᠠᠭᠤᠷ | ᠪᠠᠶᠢᠳᠠᠭ᠃ ᠠᠭᠤᠷᠬᠠᠢ ᠶᠢᠨ ᠡᠬᠢ ᠪᠠᠶᠠᠯᠢᠭ ᠲᠤ ᠳᠠᠪᠤᠰᠤ ᠠᠭᠤᠷᠯᠠᠭᠳᠠᠵᠤ᠂ ᠤᠷᠭᠤᠮᠠᠯ ᠳᠤ ᠭᠤᠤᠯᠳᠠᠭᠤ ᠴᠠᠭᠠᠨ | ᠭᠤᠶᠤᠤ᠂ ᠤᠯᠠᠭᠠᠨ ᠭᠤᠶᠤᠤ᠂ ᠬᠠᠷᠮᠠᠭ ᠵᠡᠷᠭᠡ ᠲᠥᠷᠤᠯ ᠵᠥᠢᠯ ᠪᠠᠶᠢᠳᠠᠭ᠃ ᠮᠠᠯ ᠤᠨ ᠨᠡᠶᠢᠲᠠ ᠲᠤᠭ᠎ᠠ 43289 | ᠲᠤᠯᠤᠭᠠᠢ᠂ 2015 ᠣᠨ ᠤ ᠮᠠᠯᠴᠢᠨ ᠲᠠᠷᠢᠶᠠᠴᠢᠨ ᠤ ᠴᠡᠪᠡᠷ ᠤᠷᠤᠯᠭ᠎ᠠ ᠨᠢ 11597 ᠲᠥᠭᠦᠷᠢᠭ ᠲᠤ | ᠬᠥᠷᠴᠡᠢ᠃ | ᠡᠮᠤᠨᠡᠭᠤᠤᠯ ᠭᠠᠴᠠᠭ᠎ᠠ ᠭᠠᠴᠠᠭᠠᠨ ᠳᠤ ᠨᠡᠶᠢᠳᠠ 108 ᠡᠷᠤᠬᠡ 196 ᠬᠥᠮᠤᠨ ᠲᠠᠢ᠂ ᠡᠭᠦᠨ ᠳᠤ ᠪᠠᠶᠢᠩᠭᠤ | ᠰᠠᠭᠤᠭᠠᠯᠢ ᠡᠷᠤᠬᠡ 34 ᠡᠷᠤᠬᠡ 81 ᠬᠥᠮᠤᠨ ᠪᠣᠢ᠃ ᠶᠡᠷᠤᠩᠭᠡᠢ ᠨᠣᠳᠤᠭ ᠳᠡᠪᠢᠰᠭᠡᠷ 246794.54 ᠮᠣ᠋᠂ | ᠡᠬᠦᠨ ᠳᠤ ᠪᠡᠯᠴᠢᠭᠡᠷ ᠤᠨ ᠲᠠᠯᠠᠪᠠᠢ 221316.671 ᠮᠣ᠋ ᠶᠢ ᠡᠵᠡᠯᠡᠵᠤ ᠪᠣᠢ᠃ | ᠤᠯᠠᠭᠠᠨᠴᠤᠨᠵᠢ ᠭᠠᠴᠠᠭ᠎ᠠ ᠲᠤᠰ ᠭᠠᠴᠠᠭᠠᠨ ᠳᠤ ᠨᠡᠶᠢᠳᠠ 118 ᠡᠷᠤᠬᠡ 220 ᠬᠥᠮᠤᠨ ᠲᠠᠢ᠂ ᠡᠬᠦᠨ ᠳᠤ | ᠪᠠᠶᠢᠩᠭᠤ ᠰᠠᠭᠤᠭᠠᠯᠢ ᠡᠷᠤᠬᠡ 42 ᠡᠷᠤᠬᠡ 73 ᠬᠥᠮᠤᠨ ᠪᠠᠶᠢᠵᠤ᠂ ᠶᠡᠷᠤᠩᠭᠡᠢ ᠲᠠᠯᠠᠪᠠᠢ 671702.97 ᠮᠣ᠋᠂ | ᠪᠡᠯᠴᠢᠭᠡᠷ ᠤᠨ ᠲᠠᠯᠠᠪᠠᠢ 411427.33 ᠮᠣ᠋ ᠶᠢ ᠡᠵᠡᠯᠡᠵᠤ ᠪᠠᠶᠢᠨ᠎ᠠ᠃ | ᠳᠤᠮᠳᠠᠭᠤᠤᠯ ᠭᠠᠴᠠᠭ᠎ᠠ ᠲᠤᠰ ᠭᠠᠴᠠᠭᠠᠨ ᠳᠤ ᠨᠡᠶᠢᠳᠠ 91 ᠡᠷᠤᠬᠡ 184 ᠬᠥᠮᠤᠨ ᠲᠠᠢ᠂ ᠡᠬᠦᠨ ᠳᠤ | ᠪᠠᠶᠢᠩᠭᠤ ᠰᠠᠭᠤᠭᠠᠯᠢ ᠡᠷᠤᠬᠡ ᠨᠢ 28 ᠡᠷᠤᠬᠡ 68 ᠬᠥᠮᠤᠨ ᠪᠠᠶᠢᠵᠤ᠂ ᠶᠡᠷᠥᠩᠭᠡᠢ ᠲᠠᠯᠠᠪᠠᠢ 1042218.17 | ᠮᠣ᠋᠂ ᠪᠡᠯᠴᠢᠭᠡᠷ111250.43 ᠮᠣ᠋ ᠶᠢ ᠡᠵᠡᠯᠡᠵᠤ ᠪᠠᠶᠢᠨ᠎ᠠ᠃ | ᠴᠠᠭᠠᠨᠪᠤᠯᠠᠭ ᠭᠠᠴᠠᠭ᠎ᠠ ᠲᠤᠰ ᠭᠠᠴᠠᠭᠠᠨ ᠳᠤ ᠨᠡᠶᠢᠲᠠ 86 ᠡᠷᠤᠬᠡ 212 ᠬᠥᠮᠤᠨ ᠲᠠᠢ᠂ ᠡᠬᠦᠨ ᠳᠤ | ᠪᠠᠶᠢᠩᠭᠤ ᠰᠠᠭᠤᠭᠠᠯᠢ ᠡᠷᠤᠬᠡ ᠨᠢ 22 ᠡᠷᠤᠬᠡ 67 ᠬᠥᠮᠤᠨ ᠪᠠᠶᠢᠵᠤ᠂ ᠶᠡᠷᠥᠩᠭᠡᠢ ᠲᠠᠯᠠᠪᠠᠢ 1721798.02 | ᠮᠣ᠋᠂ ᠪᠡᠯᠴᠢᠭᠡᠷ 257702.52 ᠮᠣ᠋ ᠶᠢ ᠡᠵᠡᠯᠡᠵᠤ ᠪᠣᠢ᠂ ᠭᠠᠴᠠᠭᠠᠨ ᠳᠤ ᠬᠠᠷᠢᠶᠠᠯᠠᠭᠳᠠᠵᠤ ᠪᠠᠶᠢᠭ᠎ᠠ ᠠᠯᠠᠱᠠ ᠶᠢᠨ | ᠴᠠᠭᠠᠨ ᠳᠠᠪᠤᠰᠤᠨ ᠤ ᠬᠢᠵᠠᠭᠠᠷᠳᠤ ᠺᠤᠮᠫᠠᠨᠢ ᠨᠢ ᠵᠢᠯ ᠳᠤ15-18 ᠲᠤᠨ ᠳᠠᠪᠤᠰᠤ ᠥᠢᠯᠡᠳᠪᠤᠷᠢᠯᠡᠳᠡᠭ᠃ | ᠬᠤᠶᠢᠳᠤᠭᠤᠤᠯ ᠭᠠᠴᠠᠭ᠎ᠠ ᠲᠤᠰ ᠭᠠᠴᠠᠭᠠᠨ ᠳᠤ ᠨᠡᠶᠢᠳᠠ 57 ᠡᠷᠤᠬᠡ 127 ᠬᠥᠮᠤᠨ ᠲᠠᠢ᠂ ᠡᠬᠦᠨ ᠳᠤ | ᠪᠠᠶᠢᠩᠭᠤ ᠰᠠᠭᠤᠭᠠᠯᠢ ᠡᠷᠤᠬᠡ 19 ᠡᠷᠤᠬᠡ 53 ᠬᠥᠮᠤᠨ ᠪᠠᠶᠢᠵᠤ᠂ ᠢᠷᠤᠭᠡᠯ ᠢ ᠳᠠᠭᠠᠭᠠᠭᠴᠢ ᠰᠥᠮ᠎ᠡ ᠪᠠᠶᠢᠭ᠎ᠠ | ᠭᠠᠵᠠᠷ᠂ ᠲᠤᠰ ᠰᠥᠮ᠎ᠡ ᠶᠢ ᠵᠢᠷᠭᠤᠳᠤᠭᠠᠷ ᠥᠶ᠎ᠡ ᠶᠢᠨ ᠲᠠᠯᠠᠢ ᠯᠠᠮᠠ ᠽᠠᠩᠶᠠᠩᠵᠠᠮᠴᠤ ᠡᠷᠬᠢᠯᠡᠨ ᠪᠠᠶᠢᠭᠤᠯᠵᠤ᠂ | ᠮᠥᠨᠴᠤ ᠲᠡᠬᠦᠨ ᠤ ᠳᠠᠭᠠᠯ ᠲᠡᠬᠦᠰᠤᠭ᠍ᠰᠡᠨ ᠭᠠᠵᠠᠷ ᠮᠥᠨ᠃ ᠶᠡᠷᠤᠩᠭᠡᠢ ᠲᠠᠯᠠᠪᠠᠢ 801221.39 ᠮᠣ᠋᠂ | ᠪᠡᠯᠴᠢᠭᠡᠷ ᠤᠨ ᠲᠠᠯᠠᠪᠠᠢ 118377.1078 ᠮᠣ᠋ ᠪᠣᠢ᠃ | ᠵᠠᠭᠳᠣ ᠭᠠᠴᠠᠭ᠎ᠠ ᠲᠤᠰ ᠭᠠᠴᠠᠭᠠᠨ ᠳᠤ ᠨᠡᠶᠢᠲᠠ 90 ᠡᠷᠤᠬᠡ 213 ᠬᠥᠮᠤᠨ ᠲᠠᠢ᠂ ᠡᠭᠦᠨ ᠳᠤ ᠪᠠᠶᠢᠩᠭᠤ | ᠰᠠᠭᠤᠭᠠᠯᠢ ᠡᠷᠤᠬᠡ 41 ᠡᠷᠤᠬᠡ 114 ᠬᠥᠮᠤᠨ ᠪᠣᠢ᠃ ᠶᠡᠷᠤᠩᠭᠡᠢ ᠲᠠᠯᠠᠪᠠᠢ 1174254.28 ᠮᠣ᠋᠂ | ᠪᠡᠯᠴᠢᠭᠡᠷ ᠤᠨ ᠲᠠᠯᠠᠪᠠᠢ ᠨᠢ 97421.33 ᠮᠣ᠋ ᠪᠣᠢ᠃ | ᠤᠭᠤᠨᠤᠳᠤ ᠭᠠᠴᠠᠭ᠎ᠠ ᠲᠤᠰ ᠭᠠᠴᠠᠭᠠᠨ ᠳᠤ ᠨᠠᠶᠢᠳᠠ 52 ᠡᠷᠤᠬᠡ 113 ᠬᠥᠮᠤᠨ ᠲᠠᠢ᠂ ᠡᠬᠦᠨ ᠳᠤ ᠪᠠᠶᠢᠩᠭᠤ | ᠰᠠᠭᠤᠭᠠᠯᠢ ᠡᠷᠤᠬᠡ16 ᠡᠷᠤᠬᠡ 40 ᠬᠥᠮᠤᠨ ᠪᠣᠢ᠃ ᠶᠡᠷᠤᠩᠭᠡᠢ ᠲᠠᠯᠠᠪᠠᠢ 701552.79 ᠮᠣ᠋᠂ ᠪᠡᠯᠴᠢᠭᠡᠷ | 155285.148 ᠮᠣ᠋ ᠪᠣᠢ᠃ |