| ᠤᠯᠠᠨᠪᠤᠯᠠᠭ ᠪᠠᠯᠭᠠᠰᠤ ᠠᠯᠠᠱᠠ ᠵᠡᠬᠦᠨ ᠬᠤᠰᠢᠭᠤᠨ ᠤ ᠵᠡᠬᠦᠨ ᠬᠤᠶᠢᠳᠣ ᠬᠡᠰᠡᠭ ᠲᠤ ᠪᠠᠶᠢᠷᠢᠯᠠᠵᠤ᠂ ᠵᠡᠬᠦᠨ ᠲᠠᠯ᠎ᠠ | ᠪᠠᠷ ᠪᠠᠶᠠᠨᠨᠠᠭᠤᠷ ᠬᠤᠳᠠ ᠶᠢᠨ ᠳ᠋ᠡᠩ ᠺᠧᠦ ᠰᠢᠶᠠᠨ ᠪᠠ ᠪᠠᠶᠠᠨᠮᠥ᠋ᠷᠡᠨ ᠰᠤᠮᠤ ᠶᠢ ᠲᠥᠰᠢᠵᠤ᠂ ᠡᠮᠤᠨᠡᠰᠢ ᠪᠠᠨ ᠵᠢᠷᠠᠳᠠᠢ | ᠪᠠᠯᠭᠠᠰᠤ ᠲᠠᠢ ᠵᠡᠷᠭᠡᠯᠳᠡᠨ᠂ ᠪᠠᠷᠠᠭᠤᠨᠰᠢ ᠥᠯᠵᠡᠢ ᠰᠤᠮᠤ ᠲᠠᠢ ᠬᠤᠯᠪᠤᠯᠳᠠᠵᠤ᠂ ᠬᠤᠶᠢᠰᠢ ᠪᠠᠨ ᠪᠠᠶᠠᠨᠨᠠᠭᠤᠷ | ᠬᠤᠳᠠ ᠶᠢᠨ ᠤᠷᠠᠳ ᠤᠨ ᠬᠤᠶᠢᠳᠣ ᠬᠤᠰᠢᠭᠤ ᠲᠠᠢ ᠵᠠᠯᠭᠠᠯᠳᠣᠨ᠂ ᠶᠡᠷᠥᠩᠭᠡᠢ ᠲᠠᠯᠠᠪᠠᠢ 4791 ᠲᠡᠭᠰᠢ | ᠲᠥᠷᠪᠡᠯᠵᠢᠨ ᠺᠢᠯᠤᠮᠧᠲᠷ ᠪᠣᠢ᠃ 9 ᠬᠠᠷᠢᠶᠠᠳᠤ ᠭᠠᠴᠠᠭ᠎ᠠ᠂ 2 ᠨᠡᠶᠢᠬᠡᠮ ᠲᠤᠭᠤᠷᠢᠭ ᠤᠨ ᠰᠠᠭᠤᠭᠠᠯᠢ ᠠᠷᠠᠳ ᠤᠨ | ᠵᠥᠪᠯᠡᠯ ᠲᠠᠢ᠂ ᠨᠡᠶᠢᠳᠠ ᠬᠥᠮᠤᠨ ᠠᠮᠠ1284 ᠡᠷᠤᠬᠡ 3725 ᠬᠥᠮᠤᠨ ᠪᠠᠶᠢᠵᠤ᠂ ᠡᠬᠦᠨ ᠳᠤ ᠮᠤᠩᠭᠤᠯ | ᠥᠨᠳᠤᠰᠤᠳᠡᠨ1080 ᠬᠥᠮᠤᠨ᠂ ᠬᠢᠲᠠᠳ ᠥᠨᠳᠤᠰᠤᠳᠡᠨ 2347 ᠬᠥᠮᠤᠨ᠂ ᠬᠤᠳᠤᠩ ᠥᠨᠳᠤᠰᠤᠳᠡᠨ 298 | ᠬᠥᠮᠤᠨ ᠪᠤᠢ᠂ ᠲᠤᠰ ᠪᠠᠯᠭᠠᠰᠤᠨ ᠤ ᠮᠤᠩᠭᠤᠯ ᠥᠨᠳᠤᠰᠤᠳᠡᠨ ᠤ ᠤᠯᠠᠩᠬᠢ ᠨᠢ ᠢᠰᠯᠠᠮ ᠤᠨ ᠱᠠᠰᠢᠨ ᠢ ᠰᠢᠳᠤᠳᠡᠭ᠃ | ᠬᠠᠭᠠᠰ ᠲᠠᠷᠢᠶᠠᠯᠠᠩ ᠬᠠᠭᠠᠰ ᠮᠠᠯᠵᠢᠵᠤ᠂ ᠮᠠᠯ ᠤᠨ ᠲᠤᠭ᠎ᠠ 99850 ᠲᠤᠯᠤᠭᠠᠢ᠂ ᠡᠬᠦᠨ ᠳᠤ ᠲᠡᠮᠡᠭᠡ2580 | ᠪᠥᠬᠦ ᠪᠤᠢ᠂ ᠢᠯᠠᠩᠭᠤᠶ᠎ᠠ ᠨᠤᠤᠯᠤᠷ ᠤᠨ ᠴᠠᠭᠠᠨ ᠢᠮᠠᠭ᠎ᠠ ᠨᠢ ᠪᠡᠶ᠎ᠡ ᠪᠥᠳᠥᠬᠦᠨ᠂ ᠨᠤᠤᠯᠤᠷ ᠤᠨ ᠬᠡᠮᠵᠢᠶ᠎ᠡ ᠶᠡᠭᠡ᠂ | ᠴᠢᠨᠠᠷ ᠰᠠᠶᠢᠲᠠᠢ ᠪᠠᠷ ᠨᠡᠷ᠎ᠡ ᠠᠯᠳᠠᠷᠰᠢᠭᠰᠠᠨ ᠶᠤᠮ᠃ ᠲᠠᠷᠢᠶᠠᠨ ᠭᠠᠵᠠᠷ 23231 ᠮᠣ᠋᠂ ᠬᠠᠳᠤᠨ ᠭᠤᠤᠯ ᠤᠨ | ᠤᠰᠤ ᠶᠢ ᠲᠠᠲᠠᠪᠤᠷᠢᠯᠠᠨ ᠤᠰᠤᠯᠠᠯᠳᠠ ᠬᠢᠵᠤ᠂ ᠭᠤᠤᠯ ᠲᠠᠷᠢᠮᠠᠯ ᠳᠤ ᠥᠷᠡᠳᠤ ᠭᠤᠸ᠎ᠠ᠂ ᠨᠠᠷᠠᠨ ᠬᠤᠸᠠᠷ᠂ ᠡᠷᠳᠡᠨᠢ | ᠰᠢᠰᠢ᠂ ᠪᠤᠭᠤᠳᠠᠢ ᠵᠡᠷᠭᠡ ᠪᠣᠢ᠃ 2005 ᠣᠨ ᠳᠤ ᠡᠳ᠋ ᠤᠨ ᠵᠠᠰᠠᠭ ᠤᠨ ᠤᠷᠤᠯᠭ᠎ᠠ 521.8 ᠲᠥᠮᠡᠨ | ᠲᠥᠬᠦᠷᠢᠭ ᠢ ᠪᠡᠶᠡᠯᠡᠬᠦᠯᠵᠤ᠂ ᠮᠠᠯᠴᠢᠨ ᠲᠠᠷᠢᠶᠠᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ | 3599 ᠲᠥᠬᠦᠷᠢᠭ ᠲᠤ ᠬᠥᠷᠴᠡᠢ᠃ ᠭᠠᠵᠠᠷ ᠤᠨ ᠪᠠᠶᠢᠴᠠ ᠬᠤᠶᠢᠨ᠎ᠠ ᠪᠠᠨ ᠥᠨᠳᠤᠷ ᠡᠮᠤᠨ᠎ᠠ ᠪᠠᠨ ᠪᠤᠭᠤᠨᠢ᠂ | ᠲᠠᠯᠠᠢ ᠶᠢᠨ ᠲᠥᠪᠰᠢᠨ ᠠᠴᠠ ᠳᠤᠮᠳᠠᠴᠢ ᠪᠠᠷ1500 ᠮᠧᠲᠷ ᠥᠨᠳᠤᠷ᠂ ᠳᠤᠮᠳᠠ ᠬᠡᠰᠡᠭ ᠪᠠᠷ ᠮᠤᠨᠢ ᠠᠭᠤᠯᠠ᠂ | ᠪᠣᠭᠳᠠ ᠠᠭᠤᠯᠠ ᠪᠠ ᠬᠠᠷᠤᠤᠨ᠎ᠠ ᠠᠭᠤᠯᠠ ᠰᠥᠨᠳᠡᠷᠯᠡᠵᠤ᠂ ᠬᠤᠶᠢᠳᠣ ᠬᠡᠰᠡᠭ ᠢᠶᠠᠷ ᠪᠤᠭᠤᠨᠢ ᠠᠭᠤᠯᠠ ᠳᠤᠪᠤᠷᠬᠠᠭ | ᠲᠠᠢ᠂ ᠵᠡᠬᠦᠨ ᠡᠮᠤᠨᠡᠳᠤ ᠬᠡᠰᠡᠭ ᠢᠶᠠᠷ ᠤᠯᠠᠨᠪᠤᠬᠠ ᠡᠯᠡᠰᠤᠨ ᠴᠥᠯ ᠲᠠᠢ ᠪᠠᠶᠢᠵᠤ᠂ ᠡᠯᠡᠰᠣᠨ ᠴᠥᠯ ᠤᠨ ᠶᠡᠷᠥᠩᠭᠡᠢ | ᠲᠠᠯᠠᠠᠪᠠᠢ 23% ᠶᠢ ᠡᠵᠡᠯᠡᠵᠤ ᠪᠣᠢ᠂ ᠡᠯᠡᠰᠤᠨ ᠴᠥᠯ ᠤᠨ ᠤᠷᠭᠤᠮᠠᠯ ᠤᠨ ᠬᠤᠴᠢᠯᠠᠭ᠎ᠠ ᠰᠡᠶᠢᠷᠡᠭ᠂ ᠢᠬᠢᠷ ᠰᠢᠬᠢᠷ | ᠨᠠᠭᠤᠷ ᠰᠠᠷᠨᠢᠵᠤ᠂ ᠰᠠᠯᠬᠢ ᠲᠡᠰᠪᠤᠷᠢᠯᠡᠬᠦ᠂ ᠱᠥᠯᠳᠤ ᠳᠠᠭᠠᠭᠠᠮᠠᠭᠠᠢ ᠴᠢᠨᠠᠷ ᠲᠠᠢ ᠤᠷᠭᠤᠮᠠᠯ ᠤᠯᠠᠨ ᠤᠷᠭᠤᠳᠠᠭ᠂ | ᠵᠡᠬᠦᠨ ᠲᠠᠯ᠎ᠠ ᠪᠠᠷ ᠪᠣᠷᠣ ᠲᠣᠬᠤᠢ ᠶᠢᠨ ᠲᠠᠯ᠎ᠠ ᠭᠠᠵᠠᠷ ᠲᠠᠢ ᠵᠡᠷᠭᠡᠯᠳᠡᠵᠤ ᠪᠣᠢ᠃ ᠬᠢᠯᠢ ᠲᠤᠳᠤᠷᠠᠬᠢ ᠠᠭᠤᠷᠬᠠᠢ ᠶᠢᠨ | ᠡᠬᠢ ᠪᠠᠶᠠᠯᠢᠭ ᠡᠯᠪᠡᠭ ᠳᠡᠯᠪᠡᠭ᠂ ᠲᠡᠮᠤᠷ᠂ ᠵᠡᠰ᠂ ᠠᠯᠳᠠ᠂ ᠪᠠᠯ ᠴᠢᠯᠠᠭᠤ᠂ ᠬᠢᠯᠲᠠᠭᠠᠨᠠᠭᠤᠷ ᠲᠠᠢ᠃ | ᠵᠢᠭᠤᠯᠴᠢᠯᠠᠯ ᠤᠨ ᠡᠬᠢ ᠪᠠᠶᠠᠯᠢᠭ ᠡᠯᠪᠡᠭ᠂ ᠬᠠᠷᠤᠤᠨ᠎ᠠ ᠠᠭᠤᠯᠠ ᠶᠢᠨ ᠬᠠᠴᠢᠨ ᠬᠠᠪᠴᠢᠯ᠂ ᠤᠯᠠᠭᠠᠨ ᠰᠤᠪᠤᠷᠭ᠎ᠠ ︵ | ᠮᠣ᠋ ᠭᠥᠢ ᠶᠢᠩ ᠤᠨ ᠮᠣᠷᠢ ᠤᠶᠠᠭᠰᠠᠨ ᠪᠠᠭᠠᠨ᠎ᠠ ᠭᠡᠳᠡᠭ︶᠂ ᠷᠠᠰᠢᠶᠠᠨ᠂ ᠪᠤᠤᠷ᠎ᠠ ᠶᠢᠨ ᠰᠥᠮ᠎ᠠ᠂ ᠳᠠᠶᠢᠷᠢᠭᠠ ᠶᠢᠨ | ᠭᠤᠤᠯ᠂ ᠤᠯᠠᠭᠠᠨ ᠰᠤᠬᠠᠢ ᠪᠠᠷ ᠪᠥᠷᠢᠯᠳᠤᠭ᠍ᠰᠡᠨ ᠠᠯᠠᠱᠠ ᠶᠢᠨ ᠬᠤᠶᠢᠳᠣ ᠪᠡᠶ᠎ᠡ ᠶᠢᠨ ᠬᠠᠴᠢᠨ ᠰᠤᠨᠢᠨ ᠬᠥᠮᠤᠨ | ᠰᠤᠶᠤᠯ ᠪᠠ ᠪᠠᠶᠢᠭᠠᠯᠢ ᠶᠢᠨ ᠥᠵᠡᠮᠵᠢ ᠨᠢ ᠨᠢᠭᠤᠴᠠ ᠶᠢ ᠬᠠᠶᠢᠨ ᠰᠥᠪᠡᠭᠴᠢᠯᠡᠬᠦ ᠬᠥᠮᠤᠨ ᠤ ᠲᠤᠭᠤᠷᠢᠨ | ᠵᠢᠭᠤᠯᠴᠢᠯᠠᠬᠤ ᠥᠵᠡᠮᠵᠢᠳᠣ ᠤᠷᠤᠨ ᠪᠤᠯᠤᠭᠰᠠᠨ ᠶᠤᠮ᠃ | ᠪᠤᠳᠤᠭᠤᠨ ᠤᠰᠤ ᠭᠠᠴᠠᠭ᠎ᠠ ᠪᠠᠶᠢᠩᠭᠤ ᠰᠠᠭᠤᠭᠠᠯᠢ ᠬᠥᠮᠤᠨ ᠠᠮᠠ 141 ᠡᠷᠤᠬᠡ 291 ᠬᠥᠮᠤᠨ ᠪᠠᠶᠢᠵᠤ᠂ | ᠶᠡᠷᠥᠩᠭᠡᠢ ᠲᠠᠯᠠᠪᠠᠢ 7000 ᠮᠣ᠋᠂ ᠲᠠᠷᠢᠶᠠᠨ ᠭᠠᠵᠠᠷ 3300 ᠮᠣ᠋᠂ ᠥᠢᠳᠤ ᠭᠠᠵᠠᠷ 48 ᠮᠣ᠋ ᠪᠣᠢ᠃ ᠭᠤᠤᠯᠳᠠᠭᠤ | ᠪᠤᠭᠤᠳᠠᠢ᠂ ᠡᠷᠳᠡᠨᠢ ᠰᠢᠰᠢ᠂ ᠨᠠᠷᠠᠨ ᠬᠤᠸᠠᠷ ᠵᠡᠷᠭᠡ ᠲᠠᠷᠢᠮᠠᠯ ᠢ ᠲᠠᠷᠢᠳᠠᠭ᠃ ᠤᠳᠣ ᠨᠢᠭᠡᠨᠲᠡ ᠠᠮᠤ ᠪᠤᠳᠠᠭᠠᠨ ᠤ | ᠲᠠᠷᠢᠮᠠᠯ ᠤᠨ ᠰᠠᠭᠤᠷᠢᠨ ᠭᠠᠵᠠᠷ ᠪᠤᠯᠵᠡᠢ᠃ ᠮᠠᠯ ᠤᠨ ᠪᠥᠬᠦ ᠲᠤᠭ᠎ᠠ 2300 ᠲᠤᠯᠤᠭᠠᠢ᠂ 2014 ᠣᠨ ᠳᠤ | ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12600 ᠲᠥᠭᠦᠷᠢᠭ ᠲᠤ | ᠬᠥᠷᠴᠡᠢ᠃ ᠪᠤᠳᠤᠭᠤᠨ ᠤᠰᠤ ᠭᠠᠴᠠᠭ᠎ᠠ ᠨᠢ ᠨᠠᠷᠠᠨ ᠬᠤᠸᠠᠷ᠂ ᠡᠷᠳᠡᠨᠢ ᠰᠢᠰᠢ ᠵᠡᠷᠭᠡ ᠲᠠᠷᠢᠮᠠᠯ ᠤᠨ ᠥᠢᠯᠡᠰ ᠪᠠ | ᠬᠠᠰᠢᠶᠠᠯᠠᠨ ᠲᠡᠵᠢᠭᠡᠵᠤ ᠥᠷᠡᠵᠢᠬᠦᠯᠬᠦ ᠪᠠᠷ ᠭᠤᠤᠯ ᠠᠵᠤ ᠥᠢᠯᠡᠰ ᠢᠶᠠᠨ ᠪᠤᠯᠭᠠᠵᠤ᠂《 ᠺᠤᠮᠫᠠᠨᠢ + ᠭᠠᠴᠠᠭ᠎ᠠ + | ᠲᠠᠷᠢᠶᠠᠴᠢᠨ》 ᠲᠠᠷᠢᠵᠤ ᠲᠡᠵᠢᠬᠡᠨ ᠥᠷᠡᠵᠢᠬᠦᠯᠬᠦ ᠬᠡᠯᠪᠡᠷᠢ ᠶᠢ ᠶᠡᠭᠡ ᠪᠠᠷ ᠠᠬᠢᠭᠤᠯᠵᠤ᠂ ᠲᠠᠷᠢᠮᠠᠯ ᠤᠨ ᠥᠢᠯᠡᠰ ᠪᠠ | ᠲᠡᠵᠢᠬᠡᠨ ᠥᠷᠡᠵᠢᠬᠦᠯᠬᠦ ᠥᠢᠯᠡᠰ ᠢ ᠬᠠᠮᠳᠤᠪᠠᠷ ᠬᠥᠭᠵᠢᠬᠦᠯᠬᠦ ᠶᠢᠨ ᠬᠠᠮᠳᠤ᠂ ᠮᠠᠯᠴᠢᠨ ᠲᠠᠷᠢᠶᠠᠴᠢᠨ ᠤ ᠠᠷᠠᠯᠵᠢᠶ᠎ᠠ | ᠬᠤᠳᠠᠯᠳᠤᠭ᠎ᠠ᠂ ᠢᠳᠡᠭᠡᠨ ᠣᠮᠳᠠᠭᠠᠨ᠂ ᠬᠤᠨᠤᠭ ᠰᠠᠭᠤᠴᠠ᠂ ᠨᠠᠭᠠᠳᠤᠮ ᠵᠡᠷᠭᠡ ᠥᠢᠯᠡᠴᠢᠯᠡᠭᠡᠨ ᠤ ᠥᠢᠯᠡᠰ | ᠡᠷᠬᠢᠯᠡᠬᠦ ᠶᠢ ᠢᠳᠡᠪᠬᠢᠳᠠᠢ ᠵᠤᠷᠢᠭᠵᠢᠭᠤᠯᠵᠤ᠂ ᠮᠠᠯᠴᠢᠨ ᠲᠠᠷᠢᠶᠠᠴᠢᠨ ᠢ ᠬᠠᠪᠰᠤᠷᠴᠤ ᠤᠷᠤᠯᠭ᠎ᠠ ᠶᠢ ᠨᠢ ᠨᠡᠮᠡᠭᠳᠡᠬᠦᠯᠤᠨ | ᠪᠠᠶᠠᠵᠢᠯ ᠤᠨ ᠠᠷᠭ᠎ᠠ ᠵᠠᠮ ᠢ ᠥᠷᠭᠡᠳᠭᠡᠳᠡᠭ᠃ | ᠴᠠᠭᠠᠨ ᠳᠡᠷᠡᠰᠣ ᠭᠠᠴᠠᠭ᠎ᠠ ᠤᠯᠠᠨᠪᠤᠯᠠᠭ ᠭᠠᠴᠠᠭᠠᠨ ᠤ ᠡᠮᠤᠨᠡᠳᠤ ᠬᠡᠰᠡᠭ ᠲᠤ ᠪᠠᠶᠢᠷᠢᠯᠠᠵᠤ᠂ ᠪᠠᠶᠠᠨᠨᠠᠭᠤᠷ ᠬᠤᠳᠠ | ᠪᠠ ᠪᠠᠶᠠᠨᠪᠤᠯᠠᠭ ᠭᠠᠴᠠᠭ᠎ᠠ ᠲᠠᠢ ᠬᠢᠯᠢ ᠵᠠᠯᠭᠠᠯᠳᠣᠵᠣ ᠪᠣᠢ᠃ ᠯᠢᠨ ᠾᠧ ᠠᠴᠠ ᠴᠡᠭᠡ ᠪᠤᠭᠤᠮᠳᠠ ᠬᠥᠷᠬᠦ ᠲᠡᠮᠤᠷ ᠵᠠᠮ | ᠲᠤᠰ ᠭᠠᠴᠠᠭ᠎ᠠ ᠪᠠᠷ ᠥᠩᠭᠡᠷᠡᠵᠤ ᠪᠣᠢ᠃ ᠶᠡᠷᠤᠩᠭᠡᠢ ᠲᠠᠯᠠᠪᠠᠢ 773 ᠲᠡᠭᠰᠢ ᠳᠦᠷᠪᠡᠯᠵᠢᠨ ᠺᠢᠯᠤᠮᠧᠲᠷ᠂ | ᠠᠰᠢᠭᠯᠠᠵᠤ ᠪᠤᠯᠬᠤᠶᠢᠴᠠ ᠪᠡᠯᠴᠢᠭᠡᠷ 1011530 ᠮᠣ᠋᠂ ᠲᠠᠷᠢᠮᠠᠯ ᠤᠨ ᠲᠠᠯᠠᠪᠠᠢ 320 ᠮᠣ᠋ ᠪᠣᠢ᠃ ᠳᠡᠯᠡᠭᠡᠢ | ᠳᠡᠭᠡᠷᠡᠬᠢ ᠬᠠᠮᠤᠭ ᠲᠤᠮᠤ ᠬᠠᠮᠤᠭ ᠠᠩᠬᠠᠨ ᠤ ᠵᠠᠭ ᠮᠣᠳᠣᠨ ᠤ ᠣᠢ ︵ᠬᠥᠪᠡᠷᠡ ᠶᠢᠨ ᠲᠠᠯ᠎ᠠ ᠶᠢᠨ ᠵᠠᠭ ᠮᠤᠳᠤᠨ ᠤ | ᠣᠢ︶ ᠲᠤᠰ ᠭᠠᠴᠠᠭᠠᠨ ᠳᠤ ᠪᠠᠶᠢᠳᠠᠭ᠂ ᠲᠤᠰ ᠵᠠᠭ ᠮᠤᠳᠤᠨ ᠤ ᠣᠢ ᠶᠢᠨ ᠲᠠᠯᠠᠪᠠᠢ 14 ᠲᠥᠮᠡᠨ ᠮᠣ᠋ ᠪᠣᠢ᠃ | ᠭᠠᠴᠠᠭᠠᠨ ᠳᠤ 107 ᠡᠷᠤᠬᠡ 308 ᠬᠥᠮᠤᠨ ᠲᠠᠢ᠂ ᠮᠤᠩᠭᠤᠯ᠂ ᠬᠢᠲᠠᠳ᠂ ᠬᠤᠳᠤᠩ᠂ ᠳ᠋ᠥᠩ ᠰᠢᠶᠠᠩ ᠵᠡᠷᠭᠡ | ᠥᠨᠳᠣᠰᠣᠳᠡᠨ ᠰᠠᠭᠤᠷᠢᠰᠢᠵᠤ᠂ ᠡᠬᠦᠨ ᠳᠤ ᠢᠰᠯᠠᠮ ᠱᠠᠰᠢᠨ ᠢ ᠰᠢᠳᠤᠳᠡᠭ ᠮᠤᠩᠭᠤᠯ ᠥᠨᠳᠣᠰᠣᠳᠡᠨ 83.7 % | ᠶᠢ ᠡᠵᠡᠯᠡᠵᠤ ᠪᠤᠢ᠃ ᠮᠠᠯ ᠤᠨ ᠪᠥᠬᠦ ᠲᠤᠭ᠎ᠠ 12884 ᠲᠤᠯᠤᠭᠠᠢ᠂ ᠡᠬᠦᠨ ᠳᠤ ᠬᠤᠤᠰ ᠪᠥᠬᠦᠳᠤ ᠲᠡᠮᠡᠭᠡ | 611 ᠶᠢ ᠡᠵᠡᠯᠡᠵᠤ ᠪᠣᠢ᠃ 2013 ᠣᠨ ᠳᠤ᠂ ᠭᠠᠴᠠᠭᠠᠨ ᠤ ᠲᠤᠭᠳᠠᠮᠠᠯ ᠪᠡᠯᠡ ᠬᠥᠷᠥᠩᠭᠡ 37 ᠲᠥᠮᠡᠨ | ᠲᠥᠭᠦᠷᠢᠭ ᠪᠠᠶᠢᠵᠤ᠂ ᠲᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 12774 ᠲᠥᠭᠦᠷᠢᠭ ᠲᠤ | ᠬᠥᠷᠴᠡᠢ᠃ | ᠰᠢᠨ᠎ᠠ ᠤᠰᠣ ᠭᠠᠴᠠᠭ᠎ᠠ ᠤᠯᠠᠨᠪᠤᠯᠠᠭ ᠪᠠᠯᠭᠠᠰᠤᠨ ᠤ ᠪᠠᠷᠠᠭᠤᠨ ᠭᠡᠰᠡᠭ ᠲᠤ ᠪᠠᠶᠢᠷᠢᠯᠠᠵᠤ᠂ ᠵᠡᠬᠦᠨᠰᠢ ᠪᠠᠶᠠᠨᠨᠠᠭᠤᠷ | ᠬᠤᠳᠠ ᠶᠢᠨ ᠤᠷᠠᠳ ᠤᠨ ᠬᠤᠶᠢᠳᠤ ᠬᠤᠰᠢᠭᠤᠨ ᠤ ᠪᠠᠶᠠᠨ ᠭᠤᠪᠢ ᠰᠤᠮᠤ ᠲᠠᠢ ᠬᠢᠯᠢ ᠵᠠᠯᠭᠠᠯᠳᠤᠵᠤ᠂ ᠵᠡᠬᠦᠨ | ᠡᠮᠤᠨᠡᠰᠢ ᠲᠥᠬᠦᠮ ᠭᠠᠴᠠᠭ᠎ᠠ ᠲᠠᠢ ᠬᠤᠯᠪᠤᠯᠳᠤᠵᠤ᠂ ᠪᠠᠷᠠᠭᠤᠨ ᠬᠤᠶᠢᠰᠢ ᠢᠩᠭᠡᠨ ᠰᠣᠮᠣᠨ ᠤ ᠳᠠᠯᠠᠨᠲᠦ᠋ᠷᠤᠭᠦᠤ | ᠭᠠᠴᠠᠭ᠎ᠠ ᠲᠠᠢ ᠵᠡᠷᠭᠡᠯᠳᠡᠵᠤ ᠪᠤᠢ᠃ ᠶᠡᠷᠥᠩᠭᠡᠢ ᠲᠠᠯᠠᠪᠠᠢ 1064 ᠲᠡᠭᠰᠢ ᠳᠦᠷᠪᠡᠯᠵᠢᠨ ᠺᠢᠯᠤᠮᠧᠲᠷ᠂ ᠨᠡᠶᠢᠳᠠ114 | ᠡᠷᠤᠬᠡ 281 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ ᠪᠥᠬᠦ ᠬᠥᠮᠤᠨ ᠠᠮᠠ ᠶᠢᠨ56 ᠶᠢ ᠡᠵᠡᠯᠡᠵᠤ | ᠪᠣᠢ᠃ 2013 ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ | 10389 ᠲᠥᠭᠦᠷᠢᠭ ᠲᠤ ᠬᠥᠷᠴᠡᠢ᠃ ᠭᠤᠤᠯᠳᠠᠭᠤ ᠨᠤᠤᠯᠤᠷ ᠤᠨ ᠴᠠᠭᠠᠨ ᠢᠮᠠᠭ᠎ᠠ ᠪᠠ ᠠᠯᠠᠱᠠ ᠶᠢᠨ ᠬᠤᠤᠰ | ᠪᠥᠬᠡᠳᠤ ᠲᠡᠮᠡᠭᠡ ᠪᠠᠷ ᠭᠤᠤᠯ ᠮᠠᠯᠵᠢᠯ ᠤᠨ ᠥᠢᠯᠡᠰ ᠪᠤᠯᠭᠠᠵᠤ᠂ ᠮᠠᠯ ᠤᠨ ᠨᠡᠶᠢᠳᠠ ᠲᠤᠭ᠎ᠠ 9230 ᠲᠤᠯᠤᠭᠠᠢ᠂ | ᠬᠤᠤᠰ ᠪᠥᠬᠡᠳᠤ ᠲᠡᠮᠡᠭᠡ 830 ᠪᠣᠢ᠃ | ᠮᠥᠩᠬᠡ ᠬᠠᠷᠭᠠᠨ᠎ᠠ ᠭᠠᠴᠠᠭ᠎ᠠ ᠣᠯᠠᠨᠪᠤᠯᠠᠭ ᠪᠠᠯᠭᠠᠰᠤᠨ ᠠᠴᠠ ᠵᠡᠬᠦᠨᠰᠢ 4 ᠺᠢᠯᠣᠮᠧᠲᠷ ᠵᠠᠶᠢᠲᠠᠢ᠂ | ᠤᠯᠠᠨᠪᠤᠬᠠ ᠡᠯᠡᠰᠤᠨ ᠴᠥᠯ ᠤᠨ ᠪᠠᠷᠠᠭᠤᠨ ᠬᠤᠶᠢᠳᠤ ᠬᠡᠰᠡᠭ ᠲᠤ ᠪᠠᠶᠢᠷᠢᠯᠠᠵᠤ᠂ ᠴᠤᠯ ᠲᠠᠷᠢᠶᠠᠯᠠᠩ ᠥᠢᠯᠡᠰ ᠤᠨ | ᠭᠠᠴᠠᠭ᠎ᠠ ᠪᠣᠯᠣᠨ᠎ᠠ᠃ ᠨᠡᠶᠢᠲᠠ 85 ᠡᠷᠤᠬᠡ 230 ᠬᠥᠮᠤᠨ ᠲᠠᠢ᠂ ᠲᠠᠷᠢᠶᠠᠨ ᠭᠠᠵᠠᠷ 4500 ᠮᠣ᠋ ᠪᠣᠢ᠃ ᠪᠥᠬᠦ | ᠮᠠᠯ ᠤᠨ ᠲᠤᠭ᠎ᠠ 687 ᠲᠤᠯᠤᠭᠠᠢ᠂ ᠭᠤᠤᠯᠯᠠᠬᠤ ᠲᠠᠷᠢᠮᠠᠯ ᠤᠨ ᠡᠳ᠋ ᠨᠢ ᠨᠠᠷᠠᠨ ᠬᠤᠸᠠᠷ᠂ ᠡᠷᠳᠡᠨᠢ ᠰᠢᠰᠢ ᠵᠡᠷᠭᠡ | ᠪᠣᠢ᠃ 2012 ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ | 8200 ᠲᠥᠭᠦᠷᠢᠭ ᠲᠤ ᠬᠥᠷᠴᠡᠢ᠃ | ᠪᠠᠶᠠᠨᠬᠠᠷ᠎ᠠ ᠭᠠᠴᠠᠭ᠎ᠠ ᠤᠯᠠᠨᠪᠤᠯᠠᠭ ᠭᠠᠴᠠᠭᠠᠨ ᠤ ᠵᠡᠬᠦᠨ ᠬᠤᠶᠢᠳᠤ ᠬᠡᠰᠡᠭ ᠲᠤ ᠪᠠᠶᠢᠷᠢᠯᠠᠵᠤ᠂ | ᠪᠠᠯᠭᠠᠰᠤᠨ ᠤ ᠵᠠᠰᠠᠭ ᠤᠨ ᠤᠷᠳᠤᠨ ᠤ ᠰᠠᠭᠤᠷᠢᠨ ᠭᠠᠵᠠᠷ ᠠᠴᠠ13 ᠺᠢᠯᠤᠮᠧᠲᠷ ᠵᠠᠶᠢᠲᠠᠢ᠂ ᠶᠡᠷᠥᠩᠭᠡᠢ ᠲᠠᠯᠠᠪᠠᠢ ᠨᠢ | 534 ᠲᠡᠭᠰᠢ ᠳᠦᠷᠪᠡᠯᠵᠢᠨ ᠺᠢᠯᠤᠮᠧᠲᠷ᠂ ᠡᠬᠦᠨ ᠳᠤ ᠪᠡᠯᠴᠢᠭᠡᠷ ᠤᠨ ᠲᠠᠯᠠᠪᠠᠢ ᠨᠢ 72.5 ᠮᠣ᠋᠂ ᠡᠪᠡᠰᠤᠨ | ᠬᠥᠷᠢᠶ᠎ᠡ 1500 ᠮᠣ᠋᠂ ᠮᠠᠯ 17569 ᠲᠤᠯᠤᠭᠠᠢ᠂ ᠴᠤᠯ ᠮᠠᠯᠵᠢᠯ ᠤᠨ ᠭᠠᠴᠠᠭ᠎ᠠ ᠪᠤᠯᠤᠨ᠎ᠠ᠃ ᠭᠠᠴᠠᠭᠠᠨ ᠳᠤ | ᠨᠡᠶᠢᠳᠠ 115 ᠡᠷᠤᠬᠡ 289 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ 99 ᠡᠷᠤᠬᠡ 235 ᠬᠥᠮᠤᠨ | ᠪᠣᠢ᠃ 2014 ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ | 11700 ᠲᠥᠭᠦᠷᠢᠭ ᠲᠤ ᠬᠥᠷᠴᠡᠢ᠃ | ᠲᠥᠬᠦᠮ ᠭᠠᠴᠠᠭ᠎ᠠ ᠤᠯᠠᠨᠪᠤᠯᠠᠭ ᠪᠠᠯᠭᠠᠰᠤᠨ ᠤ ᠪᠠᠷᠠᠭᠤᠨ ᠬᠡᠰᠡᠭ ᠲᠤ ᠪᠠᠶᠢᠷᠢᠯᠠᠵᠤ᠂ ᠵᠡᠬᠦᠨᠰᠢ ᠤᠯᠠᠨᠪᠤᠯᠠᠭ | ᠪᠠᠯᠭᠠᠰᠣᠨ ᠤ ᠪᠠᠶᠠᠨᠮᠣᠳᠣ ᠭᠠᠴᠠᠭ᠎ᠠ ᠲᠠᠢ ᠵᠠᠯᠭᠠᠯᠳᠤᠨ᠂ ᠡᠮᠤᠨᠡᠰᠢ ᠵᠢᠷᠠᠳᠠᠢ ᠪᠠᠯᠭᠠᠰᠤᠨ ᠤ ᠭᠤᠷᠭᠠᠰᠤᠲᠠᠢ ᠭᠠᠴᠠᠭ᠎ᠠ | ᠲᠠᠢ ᠵᠠᠯᠭᠠᠯᠳᠣᠵᠣ᠂ ᠪᠠᠷᠠᠭᠤᠨᠰᠢ ᠵᠢᠷᠠᠳᠠᠢ ᠪᠠᠯᠭᠠᠰᠤᠨ ᠤ ᠳᠡᠷᠡᠳᠤ ᠭᠠᠴᠠᠭ᠎ᠠ ᠲᠠᠢ ᠵᠡᠷᠭᠡᠯᠳᠡᠨ᠂ ᠣᠮᠠᠷᠠᠰᠢ ᠪᠠᠶᠠᠨᠨᠠᠭᠤᠷ | ᠬᠤᠳᠠ ᠶᠢᠨ ᠪᠠᠶᠠᠨ ᠭᠤᠪᠢ ᠰᠤᠮᠦ ᠲᠠᠢ ᠬᠤᠯᠪᠤᠯᠳᠤᠵᠤ ᠪᠣᠢ᠃ ᠭᠠᠴᠠᠭᠠᠨ ᠤ ᠶᠡᠷᠥᠩᠭᠡᠢ ᠲᠠᠯᠠᠪᠠᠢ ᠨᠢ | 107327205 ᠮᠣ᠋᠂ ᠡᠬᠦᠨ ᠳᠤ ᠠᠰᠢᠭᠯᠠᠵᠤ ᠪᠤᠯᠬᠤᠶᠢᠴᠠ ᠶᠡᠷᠥᠩᠬᠡᠢ ᠲᠠᠯᠠᠪᠠᠢ 777180 ᠮᠣ᠋ ᠪᠣᠢ᠃ | ᠭᠠᠴᠠᠭᠠᠨ ᠳᠤ ᠨᠡᠶᠢᠳᠠ 92 ᠡᠷᠤᠬᠡ 270 ᠬᠥᠮᠤᠨ ᠲᠠᠢ᠂ ᠡᠬᠦᠨ ᠳᠤ ᠮᠤᠩᠭᠤᠯ ᠥᠨᠳᠤᠰᠤᠳᠡᠨ 76 % ᠶᠢ | ᠡᠵᠡᠯᠡᠵᠤ ᠪᠣᠢ᠃ ᠭᠤᠤᠯᠳᠠᠭᠤ ᠨᠤᠤᠯᠤᠷ ᠤᠨ ᠴᠠᠭᠠᠨ ᠢᠮᠠᠭ᠎ᠠ᠂ ᠠᠯᠠᠱᠠ ᠶᠢᠨ ᠬᠤᠤᠰ ᠪᠥᠬᠡᠳᠤ ᠲᠡᠮᠡᠭᠡ ᠪᠠᠷ ᠭᠤᠤᠯ | ᠮᠠᠯᠵᠢᠯ ᠤᠨ ᠥᠢᠯᠡᠰ ᠪᠤᠯᠭᠠᠵᠤ᠂ ᠪᠥᠬᠦ ᠮᠠᠯ ᠤᠨ ᠲᠤᠭ᠎ᠠ 25172 ᠲᠤᠯᠤᠭᠠᠢ᠂ ᠡᠬᠦᠨ ᠳᠤ ᠬᠤᠤᠰ ᠪᠥᠬᠦᠳᠤ | ᠲᠡᠮᠡᠭᠡ 346 ᠪᠣᠢ᠃ 2013 ᠣᠨ ᠳᠤ ᠭᠠᠴᠠᠭᠠᠨ ᠤ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ | ᠤᠷᠤᠯᠭ᠎ᠠ ᠨᠢ 13280 ᠲᠥᠭᠦᠷᠢᠭ ᠲᠤ ᠬᠥᠷᠴᠡᠢ᠃ | ᠨᠠᠶᠢᠷᠠᠮᠳᠠᠯ ᠭᠠᠴᠠᠭ᠎ᠠ ᠤᠯᠠᠨᠪᠤᠯᠠᠭ ᠪᠠᠯᠭᠠᠰᠤᠨ ᠤ ᠪᠠᠷᠠᠭᠤᠨ ᠡᠮᠤᠨᠡᠳᠤ ᠬᠡᠰᠡᠭ ᠲᠤ ᠪᠠᠶᠢᠷᠢᠯᠠᠵᠤ᠂ | ᠪᠠᠯᠭᠠᠰᠤᠨ ᠠᠴᠠ 30 ᠺᠢᠯᠤᠮᠧᠲᠷ ᠵᠠᠶᠢᠲᠠᠢ᠃ ᠶᠡᠷᠥᠩᠭᠡᠢ ᠲᠠᠯᠠᠪᠠᠢ 920 ᠲᠡᠭᠰᠢ ᠳᠦᠷᠪᠡᠯᠵᠢᠨ ᠺᠢᠯᠤᠮᠧᠲᠷ᠂ | ᠡᠬᠦᠨ ᠳᠤ ᠠᠰᠢᠭᠯᠠᠵᠤ ᠪᠤᠯᠬᠤᠶᠢᠴᠠ ᠪᠡᠯᠴᠢᠭᠡᠷ ᠤᠨ ᠲᠠᠯᠠᠪᠠᠢ 990 ᠮᠣ᠋᠂ ᠴᠤᠯ ᠮᠠᠯᠵᠢᠯ ᠤᠨ ᠭᠠᠴᠠᠭ᠎ᠠ ᠪᠣᠯᠣᠨ᠎ᠠ᠃ | ᠭᠠᠴᠠᠭᠠᠨ ᠳᠤ ᠨᠡᠶᠢᠳᠠ 93 ᠡᠷᠤᠬᠡ 265 ᠬᠥᠮᠤᠨ ᠲᠠᠢ᠂ ᠮᠤᠩᠭᠤᠯ᠂ ᠬᠢᠲᠠᠳ᠂ ᠬᠤᠳᠤᠩ᠂ ᠳ᠋ᠦᠩ ᠰᠢᠶᠠᠩ | ᠵᠡᠷᠭᠡ ᠥᠨᠳᠣᠰᠣᠳᠡᠨ ᠲᠠᠢ᠂ ᠡᠬᠦᠨ ᠳᠤ ᠢᠰᠯᠠᠮ ᠱᠠᠱᠢᠨ ᠢ ᠰᠢᠳᠤᠳᠡᠭ ᠮᠤᠩᠭᠤᠯ ᠥᠨᠳᠤᠰᠤᠳᠡᠨ 46% ᠶᠢ | ᠡᠵᠡᠯᠡᠵᠤ᠂ ᠬᠤᠳᠤᠩ ᠥᠨᠳᠤᠰᠤᠳᠡᠨ49 % ᠶᠢ ᠡᠵᠡᠯᠡᠵᠤ ᠪᠤᠢ᠃ ᠮᠠᠯ ᠤᠨ ᠪᠥᠬᠦ ᠲᠤᠭ᠎ᠠ 3000 ᠲᠤᠯᠤᠭᠠᠢ᠂ | ᠲᠡᠮᠡᠭᠡ 780 ᠪᠥᠬᠦ ᠪᠣᠢ᠃ 2013 ᠣᠨ ᠳᠤ ᠭᠠᠴᠠᠭᠠᠨ ᠤ ᠲᠤᠭᠲᠠᠮᠠᠯ ᠪᠡᠯᠡ ᠬᠥᠷᠥᠩᠭᠡ ᠨᠢ 22 ᠲᠥᠮᠡᠨ | ᠲᠥᠭᠦᠷᠢᠭ ᠲᠤ ᠬᠥᠷᠴᠤ᠂ ᠮᠠᠯᠴᠢᠳ ᠤᠨ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 11106 | ᠲᠥᠭᠦᠷᠢᠭ ᠲᠤ ᠬᠥᠷᠴᠡᠢ᠃ | ᠪᠠᠶᠠᠨᠮᠤᠳᠤ ᠭᠠᠴᠠᠭ᠎ᠠ ᠤᠯᠠᠨᠪᠤᠯᠠᠭ ᠪᠠᠯᠭᠠᠰᠤᠨ ᠤ ᠵᠡᠬᠦᠨ ᠬᠤᠶᠢᠳᠤ ᠬᠡᠰᠡᠭ ᠲᠤ ᠪᠠᠶᠢᠷᠢᠯᠠᠵᠤ᠂ ᠪᠠᠯᠭᠠᠰᠤᠨ ᠤ | ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ 70 ᠺᠢᠯᠤᠮᠧᠲᠷ ᠵᠠᠶᠢᠲᠠᠢ᠂ 312 ᠮᠣᠵᠢ ᠶᠢᠨ ᠵᠠᠮ ᠲᠤᠰ | ᠭᠠᠴᠠᠭ᠎ᠠ ᠪᠠᠷ ᠥᠩᠭᠡᠷᠡᠵᠤ ᠪᠠᠶᠢᠳᠠᠭ᠃ ᠭᠠᠴᠠᠭᠠᠨ ᠤ ᠶᠡᠷᠥᠩᠭᠡᠢ ᠲᠠᠯᠠᠪᠠᠢ 366.6 ᠲᠡᠭᠰᠢ ᠳᠦᠷᠪᠡᠯᠵᠢᠨ | ᠺᠢᠯᠤᠮᠧᠲᠷ᠂ ᠡᠬᠦᠨ ᠳᠤ ᠠᠰᠢᠭᠯᠠᠵᠤ ᠪᠤᠯᠬᠤᠶᠢᠴᠠ ᠪᠡᠯᠴᠢᠭᠡᠷ 42 ᠮᠣ᠋᠂ ᠠᠭᠤᠯᠠᠷᠬᠠᠭ ᠭᠠᠵᠠᠷ ᠪᠠ ᠡᠯᠡᠰᠣᠨ ᠴᠥᠯ | ᠨᠢ ᠭᠠᠴᠠᠭᠠᠨ ᠤ ᠪᠥᠬᠦ ᠲᠠᠯᠠᠪᠠᠢ ᠶᠢᠨ 80 % ᠶᠢ ᠡᠵᠡᠯᠡᠵᠤ ᠪᠣᠢ᠃ ᠭᠠᠴᠠᠭᠠᠨ ᠳᠤ ᠣᠳᠣ ᠪᠠᠶᠢᠭ᠎ᠠ ᠬᠥᠮᠤᠨ | ᠠᠮᠠ 83 ᠡᠷᠤᠬᠡ 231 ᠬᠥᠮᠤᠨ ᠪᠣᠢ᠂ ᠮᠤᠩᠭᠤᠯ ᠥᠨᠳᠤᠰᠤᠳᠡᠨ 70 % ᠶᠢ ᠡᠵᠡᠯᠡᠵᠤ᠂ ᠮᠠᠯ ᠤᠨ ᠲᠤᠭ᠎ᠠ | 13240 ᠲᠤᠯᠤᠭᠠᠢ᠂ ᠨᠤᠤᠯᠤᠷ ᠤᠨ ᠴᠠᠭᠠᠨ ᠢᠮᠠᠭ᠎ᠠ ᠮᠠᠯᠵᠢᠬᠤ ᠪᠠᠷ ᠭᠤᠤᠯᠯᠠᠭᠰᠠᠨ ᠴᠤᠯ ᠮᠠᠯᠵᠢᠯ ᠤᠨ ᠭᠠᠴᠠᠭ᠎ᠠ | ᠪᠤᠯᠤᠨ᠎ᠠ᠃ ᠪᠡᠯᠴᠢᠭᠡᠷ ᠲᠤ ᠨᠢ ᠭᠤᠤᠯᠳᠠᠭᠤ ᠨᠠᠶᠢᠯᠵᠠᠭᠤᠷ ᠬᠠᠷᠭᠠᠨ᠎ᠠ᠂ ᠬᠤᠳᠢᠷ᠂ ᠰᠤᠪᠤᠳ᠂ ᠬᠠᠷᠮᠠᠭ᠂ ᠤᠯᠠᠭᠠᠨ | ᠪᠤᠳᠤᠷᠭᠠᠨ᠎ᠠ᠂ ᠤᠯᠠᠭᠠᠨ ᠪᠤᠶᠢᠯᠠᠰᠤ᠂ ᠪᠤᠷᠭᠤᠴᠤᠭ᠂ ᠰᠢᠳᠤᠷᠭᠠᠨᠠ ᠵᠡᠷᠭᠡ ᠤᠷᠭᠤᠮᠠᠯ ᠲᠠᠢ᠂ 2013 ᠳᠤ | ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ ᠤᠷᠤᠯᠭ᠎ᠠ ᠨᠢ 8712 ᠲᠥᠭᠦᠷᠢᠭ ᠲᠤ ᠬᠥᠷᠴᠡᠢ᠃ | ᠴᠢᠭ ᠵᠠᠭ ᠭᠠᠴᠠᠭ᠎ᠠ ᠤᠯᠠᠨᠪᠤᠯᠠᠭ ᠪᠠᠯᠭᠠᠰᠤᠨ ᠤ ᠰᠠᠭᠤᠭ᠎ᠠ ᠭᠠᠵᠠᠷ ᠠᠴᠠ ᠪᠠᠷᠠᠭᠤᠨᠰᠢ 9 ᠺᠢᠯᠤᠮᠧᠲᠷ ᠵᠠᠶᠢᠲᠠᠢ | ᠳᠤ ᠪᠠᠶᠢᠷᠢᠯᠠᠵᠤ᠂ ᠵᠠᠭ ᠮᠤᠳᠤᠨ ᠤ ᠤᠷᠭᠤᠴᠠ ᠰᠠᠶᠢᠳᠤᠷ ᠠᠴᠠ ᠪᠤᠯᠵᠤ ᠡᠶᠢᠮᠦ ᠨᠡᠷᠡᠶᠢᠳᠤᠯ ᠲᠠᠢ᠃ ᠲᠤᠰ ᠭᠠᠴᠠᠭ᠎ᠠ | ᠨᠢ ᠭᠤᠤᠯ ᠤᠨ ᠤᠰᠤᠯᠤᠯᠳᠠ ᠶᠢᠨ ᠤᠷᠤᠨ ᠳᠤ ᠬᠠᠷᠢᠶᠠᠯᠠᠭᠳᠠᠵᠤ᠂ ᠭᠠᠵᠠᠷ ᠤᠨ ᠪᠠᠶᠢᠴᠠ ᠨᠢ ᠨᠠᠮ ᠲᠡᠭᠰᠢᠭᠡᠨ᠂ | ᠭᠠᠵᠠᠷ ᠰᠢᠷᠤᠢ ᠥᠩ ᠰᠢᠮᠢᠯᠢᠭ᠂ ᠤᠰᠤᠨ ᠤ ᠡᠮᠬᠢ ᠪᠠᠶᠠᠯᠢᠭ ᠡᠯᠪᠡᠭ ᠳᠡᠯᠪᠡᠭ ᠶᠤᠮ᠃ 1984 ᠣᠨ ᠳᠤ | ᠨᠡᠭᠡᠭᠡᠯᠳᠠ ᠬᠢᠵᠤ ᠪᠦᠳᠦᠭᠡᠨ ᠪᠠᠶᠢᠭᠤᠯᠤᠭᠰᠠᠨ ᠠᠴᠠ ᠨᠠᠭᠠᠰᠢ᠂ 30 ᠵᠢᠯ ᠤᠨ ᠬᠥᠭᠵᠢᠯᠳᠠ ᠪᠠᠷ ᠳᠠᠮᠵᠢᠨ᠂ ᠣᠳᠣ | ᠨᠢᠭᠡᠨᠳᠠ ᠤᠯᠠᠨᠪᠤᠯᠠᠭ ᠪᠠᠯᠭᠠᠰᠤᠨ ᠤ ᠴᠢᠬᠤᠯᠠ ᠠᠮᠦ ᠪᠤᠳᠠᠭᠠᠨ ᠤ ᠰᠠᠭᠤᠷᠢᠨ ᠭᠠᠵᠠᠷ ᠪᠤᠯᠵᠡᠢ᠃ ᠭᠠᠴᠠᠭᠠᠨ ᠤ | ᠥᠢᠯᠡᠳᠪᠤᠷᠢᠯᠡᠯ ᠨᠢ ᠲᠠᠷᠢᠶᠠᠯᠠᠩ ᠢᠶᠠᠷ ᠭᠤᠤᠯᠯᠠᠵᠤ᠂ ᠨᠡᠶᠢᠳᠠ 76 ᠡᠷᠤᠬᠡ 270 ᠮᠠᠯᠴᠢᠨ ᠲᠠᠷᠢᠶᠠᠴᠢᠨ ᠲᠠᠢ᠂ | ᠨᠠᠭᠠᠳᠤ ᠵᠠᠬ᠎ᠠ ᠶᠢᠨ ᠪᠠᠳᠤᠯᠠᠭᠠᠳᠤ ᠡᠷᠤᠬᠡ 7 ᠡᠷᠤᠬᠡ 12 ᠬᠥᠮᠤᠨ ᠪᠤᠢ᠃ ᠲᠠᠷᠢᠶᠠᠨ ᠭᠠᠵᠠᠷ 3345 ᠮᠣ᠋᠂ | ᠥᠢᠳᠤ ᠭᠠᠵᠠᠷ 200 ᠮᠣ᠋᠂ ᠮᠠᠯ ᠤᠨ ᠲᠤᠭ᠎ᠠ 2200 ᠲᠤᠯᠤᠭᠠᠢ᠂ ᠲᠠᠷᠢᠶᠠᠯᠠᠩ ᠮᠠᠯ ᠤᠨ ᠠᠰᠢᠭ ᠰᠢᠮ᠎ᠡ ᠶᠢᠨ | ᠪᠥᠳᠤᠭᠡᠭᠳᠡᠬᠦᠨ ᠤ ᠲᠥᠷᠤᠯ ᠵᠥᠢᠯ ᠨᠢ ᠡᠷᠳᠡᠨᠢ ᠰᠢᠰᠢ᠂ ᠨᠠᠷᠠᠨ ᠬᠤᠸᠠᠷ᠂ ᠥᠷᠡᠳᠤ ᠭᠤᠸ᠎ᠠ ᠪᠠ ᠢᠮᠠᠭ᠎ᠠ | ᠥᠭᠡᠷ ᠤᠨ ᠮᠠᠯ ᠢᠶᠠᠷ ᠭᠤᠤᠯᠯᠠᠳᠠᠭ᠃ 2012 ᠣᠨ ᠳᠤ ᠭᠠᠴᠠᠭᠠᠨ ᠤ ᠳᠤᠮᠳᠠᠴᠢ ᠪᠠᠷ ᠬᠥᠮᠤᠨ ᠪᠥᠷᠢ ᠶᠢᠨ ᠴᠡᠪᠡᠷ | ᠤᠷᠤᠯᠭ᠎ᠠ ᠨᠢ 9077 ᠲᠥᠭᠦᠷᠢᠭ ᠲᠤ ᠬᠥᠷᠴᠡᠢ᠃ |