ᠬᠠᠳᠠᠭ ᠬᠠᠳᠠᠭᠠᠯᠠᠬᠤ ᠶᠤᠰᠤ
ᠨᠡᠶᠢᠲᠡᠯᠡᠭᠰᠡᠨ ᠴᠠᠭ᠄
2019/6/14
ᠮᠤᠩᠭᠤᠯᠴᠤᠳ ᠡᠷᠳᠡ ᠳᠡᠭᠡᠷ᠎ᠠ ᠦᠶ᠎ᠠ ᠠᠴᠠ ᠡᠳ᠋ ᠤᠨ ᠳᠡᠭᠡᠳᠦ ᠬᠠᠳᠠᠭ ᠬᠡᠵᠦ ᠬᠦᠨᠳᠦᠳᠬᠡᠨ᠂ ᠳᠠᠪᠤᠨ ᠦᠩᠭᠡ  ᠶᠢᠨ ᠬᠠᠳᠠᠭ ᠢ ᠬᠠᠳᠠᠭᠠᠯᠠᠪᠠᠯ ᠪᠤᠶᠠᠨ ᠬᠡᠰᠢᠭ ᠳᠤᠭᠳᠠᠵᠤ᠂ ᠭᠠᠢ ᠭᠠᠷᠤᠵᠠ ᠦᠬᠡᠢ᠂ ᠠᠮᠤᠭᠤᠯᠠᠩ ᠶᠠᠪᠤᠨ᠎ᠠ ᠬᠡᠵᠦ ᠪᠡᠯᠬᠡᠳᠡᠳᠡᠭ᠃ ᠴᠡᠩᠬᠡᠷ᠂ ᠨᠤᠭᠤᠭᠠᠨ᠂ ᠰᠢᠷ᠎ᠠ᠂ ᠤᠯᠠᠭᠠᠨ᠂ ᠴᠠᠭᠠᠨ ᠵᠡᠷᠬᠡ ᠳᠠᠪᠤᠨ ᠦᠩᠭᠡ ᠶᠢᠨ ᠬᠠᠳᠠᠭ ᠪᠠᠶᠢᠵᠦ ᠬᠡ ᠬᠤᠸᠠᠷ᠂ ᠤᠷᠳᠤ ᠪᠤᠭᠤᠨᠢ᠂ ᠴᠢᠨᠠᠷ ᠢᠶᠠᠷ ᠢᠶᠠᠨ ᠴᠦ ᠬᠠᠷᠢᠯᠴᠠᠨ ᠠᠳᠠᠯᠢ ᠦᠬᠡᠢ ᠪᠠᠶᠢᠬᠤ ᠪᠠ ᠦᠪᠡᠷ ᠤᠨ ᠨᠡᠷ᠎ᠠ  ᠲᠠᠢ᠃ ᠵᠢᠱᠢᠶ᠎ᠠ ᠨᠢ᠄ ᠳ᠋ᠠᠰᠢ᠂ ᠨᠠᠩᠵᠢᠳ᠂ ᠰᠠᠮᠪᠠᠢ᠂ ᠠᠶᠤᠰᠢ᠂ ᠨᠠᠨᠵᠢᠸᠠᠩᠳᠠᠨ ᠬᠡᠬᠦ ᠮᠡᠳᠦ᠃ ᠬᠤᠳᠤᠭᠳᠤ ᠬᠤᠪᠢᠯᠭᠠᠳ ᠤᠨ ᠪᠤᠯᠤᠨ ᠪᠤᠷᠬᠠᠨ ᠤ ᠮᠤᠳᠤᠷ ᠳᠠᠷᠤᠭᠰᠠᠨ᠂ ᠬᠠᠮᠤᠭ ᠤᠨ ᠰᠠᠶᠢᠨ ᠬᠦᠮᠦᠨ ᠤ ᠪᠠᠷᠢᠭᠰᠠᠨ ᠬᠠᠳᠠᠭ ᠢ ᠳᠤᠷᠠᠰᠬᠠᠯ ᠪᠤᠯᠭᠠᠨ ᠬᠠᠳᠠᠭᠠᠯᠠᠨ᠎ᠠ᠃ ᠮᠦᠨ ᠰᠠᠮᠪᠠᠢ ᠬᠠᠳᠠᠭ ᠢ ᠪᠤᠷᠬᠠᠨ ᠳᠠᠭᠠᠨ ᠡᠷᠬᠦᠨ ᠳᠠᠬᠢᠯ ᠤᠨ ᠰᠤᠮᠤᠨ ᠳᠤ ᠤᠶᠠᠵᠤ ᠬᠠᠳᠠᠭᠠᠯᠠᠨ᠎ᠠ᠃ ᠵᠠᠭᠤᠨ ᠰᠢᠷᠬᠡᠭ ᠳᠠᠰᠢ ᠬᠠᠳᠠᠭ ᠢ ᠬᠠᠳᠠᠭᠠᠯᠠᠪᠠᠯ ᠪᠤᠶᠠᠨ ᠬᠡᠰᠢᠭ ᠢᠷᠡᠨ᠎ᠠ ᠬᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号