ᠲᠡᠮᠡᠭᠡᠨ ᠠᠶᠠᠨ ᠤ ᠲᠡᠮᠡᠭᠡ ᠰᠢᠯᠢᠵᠣ ᠪᠠᠷᠢᠬᠤ ᠪᠠ ᠰᠣᠶᠢᠬᠤ ᠶᠣᠰᠣ ᠵᠠᠩᠰᠢᠯ
ᠨᠡᠶᠢᠲᠡᠯᠡᠭᠰᠡᠨ ᠴᠠᠭ᠄
2019/6/14
     ᠠᠶᠠᠨ ᠵᠠᠮ ᠬᠤᠯᠠ᠂ ᠪᠡᠷᠭᠡ ᠪᠠᠷᠲᠠᠭ᠎ᠠ ᠠᠷᠪᠢᠨ᠂ ᠠᠴᠢᠶ᠎ᠠ ᠬᠦᠰᠭᠡ ᠬᠦᠨᠳᠣ ᠨᠦᠰᠡᠷ᠂ ᠴᠠᠭ ᠵᠠᠢ ᠣᠳᠠᠭᠠᠨ ᠦᠷᠬᠦᠯᠵᠢᠯᠡᠬᠦ ᠲᠣᠯᠠ ᠠᠶᠠᠨ ᠤ ᠳᠡᠮᠡᠭᠡ ᠪᠠᠨ ᠰᠠᠶᠢᠲᠣᠷ ᠰᠢᠯᠢᠵᠣ᠂ ᠠᠶᠠᠨ ᠵᠠᠮ ᠤᠨ ᠢᠯᠭᠤᠮ ᠰᠢᠯᠣᠭᠤᠨ ᠢ ᠪᠠᠳᠣᠯᠠᠬᠤ ᠨᠢ ᠨᠢᠭᠡᠨ ᠴᠢᠬᠤᠯᠠ ᠠᠵᠢᠯ ᠪᠣᠯᠳᠠᠭ᠃ ᠠᠶᠠᠨ ᠤ ᠲᠡᠮᠡᠭᠡᠨ ᠳᠤ ᠢᠳᠡᠷ ᠵᠠᠯᠠᠭᠤ ᠠᠲᠠᠳ ᠢᠶᠠᠷ ᠭᠤᠣᠯᠯᠠᠵᠣ᠂ ᠬᠠᠮᠤᠭ ᠪᠠᠭ᠎ᠠ ᠨᠢ ᠲᠦᠨᠡᠨ ᠲᠠᠶᠢᠯᠤᠭ᠂ ᠬᠠᠮᠤᠭ ᠬᠦᠭᠰᠢᠨ ᠳᠡᠭᠡᠨ ᠰᠢᠳᠣ ᠬᠢᠷᠪᠢᠭᠰᠡᠨ ᠠᠲᠠ᠂ ᠪᠠᠰᠠ ᠠᠰᠠᠮᠠᠨ᠂ ᠪᠦᠭᠡᠷᠡᠳᠡᠩ᠂ ᠡᠷᠡᠮᠡᠭ  ᠢᠩᠭᠡ᠂ ᠰᠣᠪᠠᠢ ᠢᠩᠭᠡ ᠶᠢ ᠴᠦ ᠰᠢᠯᠢᠵᠣ ᠪᠠᠷᠢᠬᠤ ᠪᠦᠭᠡᠳ ᠴᠠᠭ ᠵᠢᠯ ᠦᠩ  ᠲᠠᠢ᠂ ᠲᠠᠷᠭᠤ ᠬᠦᠴᠣ ᠰᠠᠶᠢᠨ ᠲᠣᠭᠲᠠᠭᠰᠠᠨ ᠵᠢᠯ ᠬᠠᠶᠢᠮᠠᠯ ᠢᠩᠭᠡ ᠶᠢ ᠴᠦ ᠨᠠᠮᠣᠷ ᠤᠨ ᠠᠶᠠᠨ ᠳᠤ ᠪᠠᠷᠢᠳᠠᠭ᠃ ᠬᠠᠷᠢᠨ ᠮᠠᠶᠢᠭ᠎ᠠ᠂ ᠪᠣᠷᠪᠢ ᠪᠠᠨ ᠬᠠᠪᠢᠷᠳᠠᠭ᠂ ᠬᠢᠮᠦᠰᠣ ᠲᠠᠪᠠᠭ ᠰᠣᠯᠠ᠂ ᠴᠡᠭᠡᠵᠢ ᠮᠠᠭᠤᠲᠠᠢ᠂ ᠳᠡᠯᠡᠩ ᠬᠦᠬᠦ ᠲᠠᠢ ᠲᠡᠮᠡᠭᠡ ᠶᠢ ᠠᠶᠠᠨ ᠳᠤ ᠪᠠᠷᠢᠳᠠᠭ ᠦᠭᠡᠢ ᠪᠢᠯᠡ᠃ ᠲᠡᠮᠡᠭᠡᠨ ᠠᠶᠠᠨ ᠶᠡᠷᠦ ᠳᠡᠭᠡᠨ ᠡᠪᠣᠯ ᠤᠨ ᠡᠬᠢᠨ ᠠᠴᠠ ᠡᠬᠢᠯᠡᠳᠡᠭ ᠲᠣᠯᠠ ᠠᠶᠠᠨ ᠤ ᠲᠡᠮᠡᠭᠡ ᠪᠠᠨ ᠨᠢᠭᠡᠳᠦᠯᠲᠠᠢ ᠣᠰᠣᠯᠠᠵᠣ ᠪᠠᠷᠢᠭᠠᠳ 5 ᠡᠳᠦᠷ ᠠᠴᠠ  ᠴᠢᠨᠠᠭᠰᠢ ᠣᠶᠠᠵᠣ ᠰᠦᠢᠳᠠᠭ᠃ ᠭᠡᠬᠦ ᠳᠡᠭᠡᠨ ᠮᠦᠨ ᠡᠳᠦᠷ ᠪᠦᠷᠢ ᠠᠮᠠᠨ ᠵᠠᠪᠠᠭ᠎ᠠ ᠶᠢ ᠨᠢ ᠭᠠᠷᠭᠠᠳᠠᠭ᠃ ᠠᠶᠠᠨ ᠤ ᠲᠡᠮᠡᠭᠡ ᠪᠠᠨ ᠰᠠᠶᠢᠲᠦᠷ  ᠰᠣᠶᠢᠭᠠᠳ ᠠᠶᠠᠨ ᠳᠤ ᠡᠬᠢᠯᠡᠵᠣ ᠭᠠᠷᠳᠠᠭ᠃ ᠠᠶᠠᠨ ᠳᠤ ᠭᠠᠷᠣᠭᠰᠠᠨ ᠤ ᠪᠠᠨ ᠲᠠᠷᠣᠢ 5 — 8 ᠡᠳᠦᠷ ᠤᠨ ᠳᠠᠷᠠᠭ᠎ᠠ ᠳᠠᠬᠢᠨ ᠲᠡᠮᠡᠭᠡ ᠪᠠᠨ ᠠᠮᠠᠷᠠᠭᠠᠵᠤ ᠣᠰᠣᠯᠠᠭᠠᠳ ᠣᠰᠣᠨ ᠰᠦᠢᠯ ᠢ ᠨᠢ ᠲᠠᠯᠪᠢᠳᠠᠭ᠃ ᠠᠶᠠᠨ ᠲᠡᠮᠡᠭᠡᠨ ᠤ ᠣᠶᠠᠭ᠎ᠠ ᠰᠦᠢᠯᠭ᠎ᠠ᠂ ᠣᠰᠣᠨ ᠰᠦᠢᠯ ᠨᠢ ᠪᠦᠷ ᠲᠡᠮᠡᠭᠡᠨ ᠤ ᠲᠠᠷᠭᠤ ᠬᠦᠴᠣ ᠬᠠᠳᠠᠭᠠᠯᠠᠬᠤ᠂ ᠬᠢᠮᠦᠰᠣ ᠳᠠᠪᠠᠭ ᠢ ᠪᠠᠬᠢᠵᠢᠬᠦᠯᠬᠦ᠂ ᠴᠢᠳᠠᠯ ᠰᠢᠨᠳᠠᠰᠤ ᠶᠢ ᠰᠠᠶᠢᠵᠢᠷᠠᠭᠤᠯᠵᠣ᠂ ᠨᠡᠩ ᠴᠢᠨᠠᠭᠰᠢᠯᠠᠨ ᠲᠣᠰᠣᠩᠭᠤᠷᠠᠵᠣ ᠬᠠᠮᠠᠭᠤᠷᠠᠬᠤ ᠠᠴᠠ ᠰᠡᠷᠭᠡᠶᠢᠯᠡᠵᠣ ᠴᠢᠳᠠᠬᠤ ᠲᠣᠯᠠ ᠲᠣᠩ ᠴᠢᠬᠤᠯᠠ ᠠᠵᠢᠯ ᠤᠨ ᠨᠢᠭᠡ ᠪᠣᠯᠳᠠᠭ᠃ ᠠᠶᠠᠨ ᠤ ᠲᠡᠮᠡᠭᠡᠨ ᠤ ᠠᠩᠬᠠᠨ ᠤ ᠣᠰᠣᠨ ᠰᠦᠢᠯ ᠢ ᠨᠢ ᠲᠠᠯᠪᠢᠭᠰᠠᠨ ᠠᠴᠠ ᠬᠤᠶᠢᠰᠢ 5 — 7 ᠡᠳᠣᠷ ᠲᠤ ᠨᠢᠭᠡ ᠣᠳᠠᠭ᠎ᠠ ᠣᠰᠣᠯᠠᠳᠠᠭ᠃ ᠬᠡᠬᠦ  ᠳᠡᠭᠡᠨ ᠣᠰᠣᠯᠠᠬᠤ ᠠᠴᠠ ᠪᠠᠨ ᠡᠮᠣᠨ᠎ᠡ ᠨᠢᠭᠡ ᠡᠳᠦᠷ ᠲᠡᠮᠡᠭᠡ ᠪᠠᠨ ᠪᠦᠬᠦᠨ ᠢ ᠠᠮᠠᠷᠠᠭᠠᠵᠣ ᠢᠳᠡᠰᠢᠯᠡᠭᠦᠯᠳᠡᠭ᠃ ᠡᠮᠨᠢᠭ ᠲᠡᠮᠡᠭᠡ ᠠᠶᠠᠨ ᠳᠤ ᠶᠠᠪᠣᠬᠤ ᠳᠤ ᠵᠠᠪᠠᠯ ᠣᠷᠢᠳ ᠢᠶᠠᠷ ᠬᠦᠳᠦᠯᠵᠣ ᠬᠠᠮᠠᠷ ᠢ ᠨᠢ ᠳᠠᠰᠬᠠᠬᠤ ᠴᠢᠬᠤᠯᠠ ᠲᠠᠢ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号