ᠲᠡᠮᠡᠭᠡᠨ ᠠᠶᠠᠨ ᠤ ᠪᠡᠯᠡᠳᠭᠡᠯ ᠶᠣᠰᠤᠨ
ᠨᠡᠶᠢᠲᠡᠯᠡᠭᠰᠡᠨ ᠴᠠᠭ᠄
2019/6/14
      ᠠᠯᠠᠱᠠ ᠨᠣᠲᠤᠭ ᠦᠷᠭᠡᠨ ᠠᠭᠤᠳᠠᠮ᠂ ᠭᠠᠳᠠᠭᠰᠢ ᠨᠡᠪᠲᠡᠷᠡᠬᠦ ᠵᠠᠮ ᠬᠤᠯᠠ ᠲᠣᠯᠠ ᠲᠡᠮᠡᠭᠡᠨ ᠠᠶᠠᠨ ᠨᠨᠢ ᠬᠠᠮᠤᠭ ᠣᠶᠢᠷ᠎ᠠ ᠳᠠᠭᠠᠨ ᠬᠡᠳᠣᠨ ᠠᠷᠪᠠᠨ ᠡᠳᠦᠷ ᠠᠶᠠᠯᠠᠵᠣ ᠪᠠᠶᠢᠮᠠᠨ ᠬᠦᠷᠳᠡᠭ ᠲᠣᠯᠠ ᠠᠶᠠᠨ ᠤ ᠶᠠᠪᠣᠳᠠᠯ ᠲᠣᠮᠳᠠ ᠰᠠᠭᠠᠳ ᠭᠠᠷᠬᠤ᠂ ᠶᠠᠭᠤᠮ᠎ᠠ ᠲᠣᠳᠠᠬᠤ ᠶᠢ ᠣᠨᠴᠠ ᠬᠢᠴᠢᠶᠠᠨ ᠠᠶᠠᠨ ᠵᠠᠮ ᠳᠤ ᠰᠠᠭᠠᠳ ᠭᠠᠷᠬᠤ ᠠᠴᠠ ᠪᠣᠯᠭᠤᠮᠵᠢᠯᠠᠵᠣ᠂ ᠬᠠᠮᠤᠭ ᠲᠡᠷᠢᠬᠦᠨ ᠳᠤ ᠲᠡᠮᠡᠭᠡ ᠪᠦᠷᠢ ᠶᠢᠨ ᠪᠦᠢᠯᠠ ᠪᠤᠷᠠᠨᠲᠠᠭ ᠢ  ᠰᠢᠨᠡᠳᠭᠡᠨ ᠰᠣᠯᠢᠵᠣ᠂ ᠮᠦᠨ ᠲᠡᠮᠡᠭᠡ ᠪᠦᠷᠢ ᠳᠤ ᠢᠯᠡᠬᠦᠦ ᠨᠢᠭᠡ ᠪᠤᠶᠢᠯᠠ ᠪᠣᠷᠠᠨᠲᠠᠭ ᠪᠡᠯᠡᠳᠭᠡᠵᠣ ᠠᠪᠳᠠᠭ ᠪᠦᠭᠡᠳ ᠵᠠᠭᠠᠰᠣ᠂ ᠠᠷᠭᠠᠮᠵᠢᠶ᠎ᠠ ᠪᠠᠨ ᠪᠦᠬᠦᠨ ᠢ ᠵᠠᠰᠠᠵᠣ ᠰᠢᠨᠡᠳᠭᠡᠨ 2 — 4 ᠠᠶᠠᠨᠴᠢᠨ ᠤ ᠳᠣᠮᠲᠠ ᠨᠢᠭᠡ ᠮᠠᠶᠢᠬᠠᠨ᠂ ᠳᠦᠬᠦᠮ ᠠᠪᠰᠠᠷᠬᠠᠨ ᠲᠣᠯᠭ᠎ᠠ ᠂ ᠲᠣᠭᠤᠭ᠎ᠠ᠂ ᠰᠢᠨᠠᠭ᠎ᠠ᠂ ᠱᠠᠭᠤ ︵ᠱᠠᠭᠠᠩ︶᠂ ᠪᠣᠷᠪᠢ ᠠᠪᠴᠣ ᠬᠦᠨᠡᠰᠣ ᠬᠤᠭᠤᠯᠠ᠂ ᠬᠤᠴᠢᠯᠭ᠎ᠠ ᠲᠡᠪᠢᠰᠭᠡᠷ  ᠢᠶᠠᠨ ᠬᠤᠪᠢ ᠬᠤᠪᠢᠨ ᠳᠠᠭᠠᠨ ᠪᠦᠷᠢᠨ ᠪᠡᠯᠡᠳᠭᠡᠳᠡᠭ᠃ ᠠᠯᠠᠱᠠ ᠮᠣᠩᠭᠤᠯᠴᠣᠳ ᠣᠯᠠᠩᠬᠢ ᠳᠠᠭᠠᠨ ᠠᠶᠠᠨ ᠤ ᠡᠳ᠋ᠯᠡᠯ ᠲᠣᠨᠤᠭ ᠢᠶᠠᠨ ᠪᠤᠰᠣᠳ ᠶᠠᠪᠣᠳᠠᠯ ᠳᠤ ᠵᠠᠷᠣᠳᠠᠭ ᠦᠭᠡᠢ᠃ ᠵᠦᠪᠬᠡᠨ ᠠᠶᠠᠨ ᠳᠤ ᠯᠠ ᠭᠡᠷᠡᠭᠯᠡᠳᠡᠭ ᠮᠠᠶᠢᠬᠠᠨ ᠳᠦᠷᠦᠭᠦᠲᠠᠢ ᠨᠢᠭᠡ ᠭᠠᠯ ᠠᠶᠠᠨ ᠤ ᠪᠦᠷᠢᠨ ᠲᠣᠨᠤᠭ ᠲᠠᠢ ᠪᠠᠶᠢᠳᠠᠭ᠃ ᠭᠡᠷᠪᠡ ᠭᠡᠳᠣᠨ ᠠᠶᠢᠯ ᠢᠶᠠᠷ ᠢᠶᠠᠨ ᠨᠢᠭᠡᠳᠴᠣ ᠠᠶᠠᠨ ᠳᠤ ᠭᠠᠷᠪᠡᠯ ᠠᠶᠠᠨ ᠳᠤ ᠭᠠᠷᠬᠤ ᠠᠴᠠ ᠪᠠᠨ ᠡᠮᠣᠨ᠎ᠡ ᠨᠢᠭᠡ ᠡᠳᠦᠷ ᠪᠣᠯᠣᠮᠵᠢ ᠲᠠᠢ ᠭᠠᠵᠠᠷ ᠲᠠᠭᠠᠨ ᠪᠣᠯᠵᠣᠨ ᠴᠣᠭᠯᠠᠷᠠᠵᠣ ᠬᠤᠨᠣᠭᠠᠳ ᠭᠠᠷᠳᠠᠭ᠃ ᠨᠢᠭᠡ ᠵᠢᠯ ᠤᠨ ᠠᠶᠠᠨ ᠤ ᠲᠡᠭᠡᠭᠡᠪᠦᠷᠢ ᠶᠡᠭᠡ᠂ ᠵᠠᠮ ᠬᠤᠯᠠ ᠪᠣᠯ ᠠᠶᠠᠨ ᠰᠡᠯᠬᠦᠬᠦ ᠣᠴᠢᠷ ᠵᠦᠩᠳᠡᠭᠡᠨ ᠭᠠᠷᠳᠠᠭ᠃ ᠠᠶᠠᠨ ᠰᠡᠯᠬᠦᠬᠦ ᠴᠢᠬᠤᠯᠠ ᠲᠠᠢ ᠦᠶ᠎ᠡ ᠳᠤ ᠣᠷᠢᠳ ᠢᠶᠠᠷ ᠡᠮᠨᠢᠭ ᠵᠠᠯᠠᠭᠤ ᠲᠡᠮᠡᠭᠡᠳ ᠢᠶᠠᠨ ᠠᠶᠠᠨ ᠳᠤ ᠪᠠᠷᠢᠵᠣ᠂ ᠳᠠᠷᠠᠭ᠎ᠠ ᠳᠤᠨᠢ ᠪᠦᠳᠦᠬᠦᠨ ᠬᠠᠩᠭᠠᠯ  ᠲᠡᠮᠡᠭᠡᠳ ᠢᠶᠠᠨ ᠠᠶᠠᠨ ᠳᠤ ᠪᠠᠷᠢᠳᠠᠭ᠃ ᠶᠡᠷᠦ ᠶᠢᠨ ᠪᠠᠶᠢᠳᠠᠯ ᠳᠤ ᠡᠮᠨᠢᠭ ᠵᠠᠯᠠᠭᠤ ᠲᠡᠮᠡᠭᠡᠳ ᠢᠶᠠᠨ ᠠᠶᠠᠨ ᠳᠤ ᠡᠳ᠋ᠯᠡᠬᠦ ᠴᠠᠭ ᠨᠢ ᠬᠠᠷᠢᠴᠠᠯᠠᠰᠢ ᠦᠭᠡᠢ ᠣᠬᠤᠷ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号