ᠲᠡᠮᠡᠭᠡᠨ ᠳᠤ ᠭᠠᠷᠬᠤ ᠪᠠ ᠠᠶᠠᠨ ᠠᠴᠠ ᠢᠷᠡᠬᠦ ᠶᠣᠰᠣᠨ
ᠨᠡᠶᠢᠲᠡᠯᠡᠭᠰᠡᠨ ᠴᠠᠭ᠄
2019/6/14
     ᠠᠶᠠᠨ ᠳᠤ ᠭᠠᠷᠬᠤ ᠳᠤ ᠵᠠᠪᠠᠯ ᠡᠳᠦᠷ ᠤᠨ ᠰᠠᠶᠢᠨ ᠢ ᠦᠵᠡᠵᠣ᠂ ︽ᠶᠠᠪᠣᠭᠰᠠᠨ ᠨᠣᠬᠠᠢ ᠶᠠᠰᠣ ᠵᠠᠭᠤᠨ᠎ᠠ︾ ᠭᠡᠵᠣ ᠨᠣᠬᠠᠢ ᠡᠳᠦᠷ ᠢ ᠰᠣᠩᠭᠤᠬᠤ ᠨᠢ ᠣᠯᠠᠨ ᠪᠠᠶᠢᠳᠠᠭ᠃ ᠡᠨᠡ ᠨᠢ ᠭᠡᠳᠦᠷᠢᠪᠡᠷ ᠭᠡᠪᠰᠢᠭᠰᠡᠨ ᠭᠡᠯᠡᠯᠭᠡ ᠪᠣᠯᠪᠠᠴᠣ ᠨᠣᠬᠠᠢ ᠪᠣᠯ ᠭᠡᠷᠰᠡᠭ ᠠᠮᠢᠲᠠᠨ ᠲᠣᠯᠠ ᠲᠡᠬᠦᠨ ᠤ ᠰᠠᠨᠠᠭ᠎ᠠ ᠨᠢ ᠭᠡᠵᠢᠶ᠎ᠡ ᠡᠬᠦᠷᠢᠳᠡ ᠭᠡᠷ ᠵᠦᠭ ᠢᠶᠠᠨ ᠲᠡᠮᠡᠦᠯᠡᠵᠦ  ᠪᠠᠶᠢᠳᠠᠭ ᠣᠴᠢᠷ ᠠᠴᠠ ᠲᠣᠩ ᠪᠡᠯᠭᠡᠰᠢᠶᠠᠨ ᠦᠵᠡᠬᠦ ᠶᠣᠰᠣᠨ ᠪᠣᠢ᠃ ᠠᠶᠠᠨ ᠳᠤ ᠭᠠᠷᠬᠤ ᠳᠤ ᠭᠡᠷ ᠪᠦᠬᠦᠳᠡᠭᠡᠷ  ᠢᠶᠠᠨ ᠴᠣᠭᠯᠠᠷᠠᠵᠣ᠂ ᠠᠶᠠᠨ ᠤ ᠦᠯᠵᠡᠷ ᠭᠡᠰᠢᠭ᠂ ᠰᠠᠶᠢᠨ ᠰᠠᠶᠢᠬᠠᠨ ᠪᠦᠬᠦᠨ ᠢ ᠪᠡᠯᠭᠡᠳᠡᠵᠣ᠂ ᠠᠶᠠᠨ ᠳᠤ ᠭᠠᠷᠬᠤ ᠴᠠᠢ ᠵᠣᠭᠤᠭᠯᠠᠨ᠂ ᠠᠶᠠᠨ ᠳᠤ ᠶᠠᠪᠤᠬᠤ ᠬᠦᠮᠦᠨ ᠰᠠᠩ ᠳᠡᠭᠡᠵᠢ ᠡᠷᠬᠦᠵᠣ᠂ ᠨᠣᠲᠤᠭ ᠤᠨ ᠣᠪᠣᠭᠠᠨ ᠳᠤ ᠴᠢᠯᠠᠭᠤ ᠨᠡᠮᠡᠬᠦ ᠪᠦᠭᠡᠳ ᠴᠠᠭᠠᠨ ᠢᠳᠡᠭᠡᠨ ᠠᠮᠰᠠᠨ᠂ ᠬᠠᠰᠢᠶ᠎ᠠ ᠬᠤᠲᠠ ᠪᠠᠨ ᠵᠦᠪ ᠡᠷᠬᠢᠨ ᠬᠡᠢ ᠮᠤᠷᠢ ᠶᠢᠨ ᠵᠦᠭ ᠲᠤ ᠮᠣᠷᠳᠠᠳᠠᠭ᠃ ᠠᠶᠠᠨ ᠳᠤ ᠭᠠᠷᠬᠤ ᠳᠠᠭᠠᠨ ᠭᠡᠷ ᠬᠤᠳᠠᠯᠠ ᠶᠢᠨ ᠲᠣᠮᠣᠭᠠᠳᠠᠳ ᠠᠴᠠ ᠴᠠᠭᠠᠨ ᠢᠳᠡᠭᠡ ᠲᠡᠷᠢᠬᠦᠳᠡᠨ ᠢ ᠳᠡᠭᠡᠵᠢᠯᠡᠨ᠄ ︽ᠠᠶᠠᠨ ᠵᠦᠭᠡᠯᠡᠨ / ᠠᠴᠢᠶ᠎ᠠ ᠬᠦᠨᠳᠣ / ᠪᠣᠶᠢᠯᠠ ᠬᠤᠭᠤᠯᠣᠯ ᠦᠭᠡᠢ / ᠪᠤᠷᠠᠨᠳᠠᠭ ᠳᠠᠰᠣᠯᠣᠯ ᠦᠭᠡᠢ / ᠰᠠᠭᠠᠳ ᠦᠭᠡᠢ / ᠰᠠᠶᠢᠨ ᠶᠠᠪᠣᠭᠠᠳ ᠢᠷᠡᠭᠡᠷᠡᠢ︕︾ ᠭᠡᠮᠡᠨ ᠢᠷᠦᠭᠡᠵᠣ᠂ ᠠᠶᠠᠨ ᠮᠣᠷᠳᠠᠭᠰᠠᠨ ᠵᠦᠭ ᠲᠤ ᠰᠠᠴᠣᠯᠢ ᠡᠷᠬᠦᠬᠦ ᠪᠣᠶᠣ ᠠᠶᠠᠨ ᠭᠠᠷᠬᠤ ᠳᠤ ᠵᠣᠷᠢᠭᠤᠯᠣᠭᠰᠠᠨ ︽ᠠᠶᠠᠨ ᠤ ᠠᠲᠠᠨ ᠤ ᠢᠷᠦᠭᠡᠯ︾ ᠴᠦ ᠵᠣᠬᠢᠶᠠᠭᠳᠠᠭᠰᠠᠨ ᠪᠠᠶᠢᠳᠠᠭ᠃ ᠡᠨᠡ ᠨᠢ᠄ ︽ᠣᠸ᠋ᠮ ᠰᠠᠶᠢᠬᠠᠨ ᠠᠮᠣᠭᠤᠯᠠᠩ ᠲᠠᠨᠢ ᠪᠣᠯᠲᠣᠭᠠᠢ︕ ᠠᠯᠲᠠᠨ ᠪᠠᠮᠪᠠᠢ  ᠲᠠᠢ᠂ ᠮᠦᠩᠭᠡᠨ ᠱᠠᠲᠣ ᠲᠠᠢ ᠠᠵᠢᠨᠠᠢ ᠶᠢᠨ ᠴᠠᠭᠠᠨ ᠠᠲᠠ ᠪᠠᠨ ᠠᠪᠴᠢᠷᠠᠭᠰᠠᠨ ᠪᠢᠯᠡ᠃ ᠡᠨᠡ ᠠᠲᠠᠨ ᠤ ᠣᠴᠢᠷ ᠢ ᠠᠶᠢᠯᠠᠳᠬᠠᠪᠠᠰᠣ᠄  ᠴᠠᠭᠠᠲᠠᠢ ᠬᠠᠭᠠᠨ ᠤ ᠬᠤᠲᠠᠨ ᠳᠤ ᠵᠠᠭᠤ ᠮᠢᠩᠭᠠᠨ ᠢᠩᠭᠡ ᠪᠠᠶᠢᠬᠤ ᠳᠤ ᠲᠡᠬᠦᠨ ᠤ ᠳᠤᠳᠤᠷᠠᠬᠢ ᠡᠷᠡᠮᠡᠭ ᠴᠠᠭᠠᠨ ᠢᠩᠭᠡ ᠠᠴᠠ ᠬᠤᠨ ᠴᠠᠭᠠᠨ ᠳᠣᠲᠣᠭᠤ ᠭᠠᠷᠣᠭᠰᠠᠨ ᠪᠢᠯᠡ᠃ ᠭᠠᠷᠤᠭᠰᠠᠨ ᠲᠠᠷᠣᠢ ᠳᠠᠭᠠᠨ ᠭᠤᠷᠪᠠᠨ ᠭᠤᠣᠯ ᠤᠨ ᠣᠰᠣ ᠶᠢ ᠦᠯᠡᠳᠡᠭᠡᠯ ᠦᠭᠡᠢ ᠵᠠᠯᠬᠢᠯᠠᠵᠣ᠂ ᠭᠤᠴᠢᠨ ᠡᠳᠦᠷ ᠤᠨ ᠵᠠᠮ ᠢ ᠬᠤᠲᠣᠷᠢᠯ ᠦᠭᠡᠢ ᠳᠠᠰᠢᠬᠦᠯᠦᠭᠰᠡᠨ ᠪᠠᠶᠢᠳᠠᠭ᠃ ᠡᠨᠡ ᠠᠲᠠᠨ ᠤ ᠰᠢᠨᠵᠢ   ᠶᠢ ᠭᠡᠯᠡᠪᠡᠰᠦ᠄ ᠰᠠᠩᠮᠠᠢ ᠳᠣᠮᠲᠠ ᠪᠠᠨ ᠰᠠᠷᠠ ᠲᠠᠢ᠂ ᠰᠠᠷᠠᠨ ᠳᠣᠮᠳᠠ ᠪᠠᠨ ᠨᠠᠷᠠ ᠲᠠᠢ᠂ ᠯᠦᠪᠦᠮᠭᠠᠷᠪᠣᠣ ᠲᠠᠮᠠᠭ᠎ᠠ ᠲᠠᠢ᠂ ᠯᠣᠣᠰ ᠤᠨ ᠬᠠᠭᠠᠨ ᠶᠢᠨ ᠰᠡᠳᠡᠷ ᠲᠠᠢ᠂ ᠬᠤᠯᠣᠭᠠᠨ᠎ᠠ  ᠶᠢᠨ ᠴᠢᠬᠢ ᠲᠠᠢ᠂ ᠦᠭᠡᠷ ᠤᠨ ᠲᠠᠪᠠᠭ ᠲᠠᠢ᠂ ᠪᠠᠷᠰ ᠤᠨ ᠵᠣᠭᠳᠣᠷ ᠲᠠᠢ᠂ ᠲᠡᠣᠯᠠᠢ ᠶᠢᠨ ᠣᠷᠣᠭᠤᠯ ᠲᠠᠢ᠂ ᠯᠣᠣ  ᠶᠢᠨ ᠬᠦᠵᠦᠬᠦᠦ ᠲᠠᠢ᠂ ᠮᠣᠭᠠᠢ ᠶᠢᠨ ᠨᠢᠳᠣ ᠲᠠᠢ᠂ ᠮᠣᠷᠢᠨ ᠲᠣᠯᠣᠭᠠᠢ ᠲᠠᠢ᠂ ᠬᠤᠨᠢᠨ ᠬᠠᠮᠠᠷ ᠲᠠᠢ᠂ ᠪᠡᠴᠢᠨ ᠪᠦᠬᠦ  ᠲᠠᠢ᠂ ᠲᠡᠬᠢᠶ᠎ᠠ ᠶᠢᠨ ᠦᠪᠦᠭ ᠲᠠᠢ᠂ ᠨᠣᠬᠠᠢ ᠶᠢᠨ ᠰᠣᠶᠤᠭ᠎ᠠ ᠲᠠᠢ᠂ ᠭᠠᠭ᠋ᠠᠢ ᠶᠢᠨ ᠰᠡᠬᠦᠯ ᠲᠠᠢ᠂ ᠲᠠᠨ ᠤ ᠬᠤᠳᠠᠨ  ᠤ ᠲᠠᠩᠰᠤᠭ ᠪᠠᠶᠠᠨ ᠲᠡᠮᠡᠭᠡᠨ ᠰᠦᠷᠦᠭ ᠴᠢᠨᠢ ᠪᠠᠭᠤᠷᠠᠯ ᠦᠭᠡᠢ ᠪᠣᠮ ᠬᠦᠷᠴᠣ᠂ ᠲᠦᠳᠡᠯ ᠦᠭᠡᠢ ᠲᠦᠮᠡ ᠬᠦᠷᠴᠣ᠂ ᠰᠠᠭᠠᠳᠠᠯ ᠦᠭᠡᠢ ᠰᠠᠶ᠎ᠠ ᠬᠦᠷᠬᠦ ᠴᠣᠭᠲᠣ ᠰᠦᠮᠪᠦᠷ ᠠᠭᠤᠯᠠ ᠶᠢᠨ ᠣᠷᠣᠢ ᠳᠡᠭᠡᠷ᠎ᠡ ᠪᠠᠭᠤᠭᠰᠠᠨ ᠪᠡᠯᠭᠡ ᠪᠠᠶᠢᠨ᠎ᠠ᠃ ᠭᠡᠣᠭᠡᠳ ᠢᠶᠠᠷ ᠪᠠᠷᠢᠭᠤᠯᠣᠭᠰᠠᠨ ᠦᠭᠡᠢ ᠬᠦᠭᠡᠨ᠎ᠡ ᠳᠡᠭᠡᠨ ᠬᠦᠷᠦᠭᠦᠯᠦᠭᠰᠡᠨ ᠦᠭᠡᠢ ᠬᠦᠪ ᠭᠠᠵᠠᠷ ᠪᠡᠯᠴᠢᠭᠡᠷᠯᠡᠬᠦᠯᠦᠭᠡᠳ᠂ ᠬᠦᠢᠲᠡᠨ ᠣᠰᠣ ᠪᠠᠷ ᠣᠮᠳᠠᠯᠠᠭᠤᠯᠣᠭᠠᠳ᠂ ᠰᠢᠯᠢ ᠭᠠᠵᠠᠷ ᠪᠡᠯᠴᠢᠭᠡᠷᠯᠡᠬᠦᠯᠦᠭᠡᠳ ᠰᠡᠷᠢᠬᠦᠨ ᠪᠣᠯᠠᠭ ᠲᠤ ᠣᠮᠳᠠᠯᠠᠭᠤᠯᠣᠭᠠᠳ᠂ ᠲᠣᠷᠣᠮ ᠳᠡᠭᠡᠷ᠎ᠡ ᠨᠢ ᠲᠣᠭᠯᠠᠭᠤᠯᠣᠭᠠᠳ ᠲᠠᠶᠢᠯᠤᠭ ᠳᠡᠭᠡᠷ᠎ᠡ ᠨᠢ ᠳᠠᠪᠠᠷᠠᠭᠤᠯᠣᠭᠠᠳ ᠂ ᠪᠡᠭᠡᠵᠢᠩ ᠤᠨ ᠵᠠᠮ ᠳᠤ ᠪᠡᠶ᠎ᠡ ᠨᠢ ᠪᠠᠭᠳᠠᠭᠰᠠᠨ ᠦᠭᠡᠢ ᠠᠷᠠᠢ ᠭᠡᠵᠣ ᠡᠷᠬᠢᠵᠣ ᠢᠷᠡᠭᠡᠳ ᠳᠠᠯᠠᠨ ᠬᠤᠨᠤᠭ ᠰᠣᠶᠢᠵᠤ ᠳ᠋ᠠ ᠬᠦᠷᠢᠶᠠᠨ ᠳᠤ ᠶᠠᠪᠣᠭᠠᠳ ᠲᠠᠪᠠᠭ ᠨᠢ ᠵᠠᠮ ᠳᠤ ᠪᠠᠭᠳᠠᠭᠰᠠᠨ ᠦᠭᠡᠢ᠃ ᠬᠠᠵᠠᠭᠤ ᠲᠠᠯ᠎ᠠ ᠠᠴᠠ ᠨᠢ ᠬᠠᠷᠠᠬᠤ ᠳᠤ ᠬᠠᠮ ᠰᠦᠮᠪᠦᠷ ᠪᠦᠬᠦ ᠲᠠᠢ᠂ ᠬᠠᠯᠪᠠᠭᠠᠨ ᠬᠤᠶᠠᠷ ᠰᠢᠳᠣ ᠲᠠᠢ᠂ ᠠᠯᠳᠠᠨ ᠪᠠᠮᠪᠠᠢ ᠲᠠᠢ᠂ ᠮᠦᠩᠭᠦᠨ ᠱᠠᠲᠣ ᠲᠠᠢ ᠰᠣᠪᠣᠳ ᠤᠨ ᠪᠣᠷᠠᠨᠲᠠᠭ ᠲᠠᠢ᠂ ᠮᠦᠩᠬᠦᠨ ᠪᠦᠢᠯᠠ᠂ ᠳᠠᠯᠠᠢ ᠯᠠᠮᠠ ᠪᠠᠨᠴᠢᠨ ᠡᠷᠳᠡᠨᠢ ᠠᠴᠠ ᠦᠷᠦᠰᠢᠶᠠᠯ ᠲᠠᠢ᠂ ᠠᠷᠪᠠᠨ ᠬᠤᠶᠠᠷ ᠵᠢᠯ ᠪᠦᠷᠢᠳᠦᠭᠰᠡᠨ ᠡᠷᠳᠡᠨᠢ ᠶᠢᠨ ᠠᠴᠢᠶᠠᠨ ᠲᠡᠮᠡᠭᠡ ᠡᠵᠡᠨ ᠢᠶᠠᠨ ᠳᠠᠭᠠᠭᠠᠳ ᠡᠨᠡ ᠳᠡᠯᠡᠭᠡᠢ ᠳᠤ ᠠᠶᠠᠯᠠᠵᠣ᠂ ᠦᠯᠵᠡᠢ ᠬᠤᠳᠤᠭ ᠪᠦᠷᠢᠨ ᠣᠷᠣᠰᠢᠳᠣᠭᠠᠢ︕︾ ᠭᠡᠵᠣ ᠪᠠᠶᠢᠳᠠᠭ᠃ ᠨᠢᠭᠡ ᠣᠳᠠᠭᠠᠨ ᠤ ᠠᠶᠠᠨ ᠡᠷᠬᠢᠵᠣ ᠢᠷᠡᠲᠡᠯ᠎ᠡ ᠣᠯᠠᠩᠬᠢ ᠳᠠᠭᠠᠨ 2 — 5 ᠰᠠᠷ᠎ᠠ ᠦᠷᠬᠦᠯᠵᠢᠯᠡᠳᠡᠭ ᠲᠤᠯᠠ ᠭᠡᠷ ᠲᠡᠭᠡᠨ ᠡᠷᠬᠢᠨ ᠢᠷᠡᠵᠣ ᠴᠠᠭᠠᠯᠠᠬᠤ ︵ᠰᠢᠨᠡᠯᠡᠬᠦ︶ ᠨᠢ ᠴᠦ ᠲᠣᠩ ᠬᠤᠪᠣᠷ ᠪᠠᠶᠢᠳᠠᠭ᠃ ᠠᠶᠠᠨ ᠢᠷᠡᠬᠦ ᠳᠡᠭᠡᠨ ᠵᠠᠪᠠᠯ ᠭᠡᠷ ᠤᠨ ᠢᠶᠠᠨ ᠭᠡᠰᠢᠭ ᠵᠦᠭ ᠠᠴᠠ ᠢᠷᠡᠳᠡᠭ᠃ ᠠᠶᠠᠨ ᠢᠷᠡᠬᠦ ᠳᠤ ᠭᠡᠷ ᠬᠤᠲᠠᠯᠠ ᠶᠢᠨ ᠬᠢᠨ ᠬᠠᠲᠠᠭ ᠰᠠᠮᠪᠠᠢ ᠪᠠᠨ ᠳᠡᠯᠭᠡᠨ ᠬᠦᠬᠦᠷ ᠰᠣᠯᠢᠯᠴᠠᠨ ᠵᠣᠯᠭᠠᠵᠣ᠂ ᠠᠶᠠᠨ ᠤ ᠣᠨᠤᠭ᠎ᠠ ᠲᠡᠮᠡᠭᠡᠳ ᠢ ᠨᠢ ᠳᠡᠮᠵᠢᠯᠴᠠᠨ ᠣᠶᠠᠵᠣ ᠬᠤᠯᠠ ᠶᠠᠪᠣᠵᠣ ᠶᠡᠭᠡ ᠶᠢ ᠪᠦᠲᠦᠭᠡᠭᠰᠡᠨ ᠠᠶᠠᠨᠴᠢᠳ ᠢᠶᠠᠨ ᠬᠦᠨᠳᠦᠳᠭᠡᠨ ᠣᠭᠳᠣᠵᠣ ᠪᠠᠶᠢᠬᠤ ᠪᠠᠨ ᠢᠯᠡᠳᠭᠡᠳᠡᠭ᠃ ᠠᠶᠠᠨ ᠢᠷᠡᠭᠰᠡᠭᠡᠷ ᠭᠡᠷ  ᠤᠨ ᠬᠢᠨ ᠪᠦᠬᠦᠨ ᠢᠶᠠᠷ ᠢᠶᠠᠨ ᠠᠶᠠᠨ ᠤ ᠴᠠᠢ ᠵᠣᠭᠤᠭᠯᠠᠵᠣ᠂ ᠠᠶᠠᠨᠴᠢᠳ ᠠᠴᠠ᠄ ︽ᠠᠲᠠᠨ ᠲᠡᠮᠡᠭᠡᠨ ᠤ ᠬᠦᠯᠦᠰᠦ / ᠠᠶᠠᠨ ᠵᠠᠮ ᠤᠨ ᠣᠷᠣᠯᠭ᠎ᠠ / ᠠᠷᠠᠯᠵᠢᠶ᠎ᠠ ᠮᠠᠶᠢᠮᠠᠢ ᠶᠢᠨ ᠳᠡᠭᠡᠵᠢ / ᠠᠯᠠᠱᠠ ᠣᠶᠢᠷᠠᠳ ᠤᠨ ᠵᠣᠷᠰᠢᠯ/ ᠬᠤᠸᠠ ᠲᠡᠮᠡᠭᠡᠨ ᠤ ᠬᠦᠯᠦᠰᠦ / ᠬᠤᠯᠠ ᠶᠢᠨ ᠠᠶᠠᠨ ᠤ ᠣᠷᠣᠯᠭ᠎ᠠ / ᠬᠤᠲᠠ ᠮᠠᠶᠢᠮᠠᠢ ᠶᠢᠨ ᠳᠡᠭᠡᠵᠢ / ᠬᠤᠱᠤᠳ ᠲᠣᠷᠭᠤᠳ ᠤᠨ ᠵᠠᠩᠰᠢᠯ︾ ᠭᠡᠮᠡᠨ ᠭᠡᠷ ᠲᠤ ᠪᠠᠶᠢᠯᠴᠠᠭᠰᠠᠨ ᠪᠦᠬᠦᠨ ᠳᠤ ᠳᠡᠪᠡᠯ ᠤᠨ ᠲᠣᠷᠭ᠎ᠠ᠂ ᠰᠢᠬᠢᠷ ᠪᠣᠷᠠᠮ ᠲᠦᠷᠦᠬᠦᠲᠠᠢ ᠠᠶᠠᠨ ᠤ ᠳᠡᠭᠡᠵᠢ᠂ ᠭᠠᠷ ᠤᠨ ᠪᠡᠯᠡᠭ ᠪᠠᠷᠢᠳᠠᠭ  ᠃ ︽ᠠᠶᠠᠨ ᠤ ᠳᠡᠮᠡᠭᠡᠨ ᠤ ᠨᠢᠷᠦᠭᠤ ᠠᠮᠠᠷᠠᠳᠠᠭ︾ ᠭᠡᠮᠡᠨ ᠠᠶᠠᠨ ᠢᠷᠡᠭᠰᠡᠨ ᠡᠳᠦᠷ ᠵᠠᠪᠠᠯ ᠠᠶᠠᠨᠴᠢᠨ ᠤ ᠠᠪᠴᠢᠷᠠᠭᠰᠠᠨ ᠬᠦᠨᠡᠰᠦ ᠪᠠᠷ ᠬᠤᠭᠤᠯᠠ ᠬᠢᠵᠣ ᠢᠳᠡᠳᠡᠭ ᠵᠠᠩᠰᠢᠯ ᠲᠠᠢ᠃ ᠠᠶᠠᠨ ᠠᠴᠠ ᠢᠷᠡᠭᠰᠡᠨ ᠲᠡᠮᠡᠭᠡᠳ ᠤᠨ ᠢᠶᠠᠨ ᠵᠠᠭᠠᠰᠤ ᠶᠢ ᠠᠪᠴᠣ ᠨᠠᠭᠠᠲᠣ ᠵᠠᠬ᠎ᠠ ᠨᠢ 3 ᠬᠤᠨᠤᠭ ᠠᠮᠠᠷᠠᠭᠠᠵᠣ᠂ ᠴᠠᠳᠳᠠᠯ᠎ᠠ ᠢᠳᠡᠰᠢᠯᠡᠬᠦᠯᠦᠭᠡᠳ ᠰᠠᠶ᠋ᠢ ᠣᠰᠣᠯᠠᠵᠣ᠂ ᠵᠠᠭᠠᠰᠣᠨ ᠤ ᠣᠷᠣᠮ ᠢ ᠨᠢ ᠠᠷᠴᠢᠨ ᠠᠷᠢᠯᠭᠠᠵᠣ ᠂ ᠳᠠᠲᠣᠭᠰᠢᠭᠰᠠᠨ ᠨᠣᠣᠰᠣ   ᠶᠢ ᠨᠢ ᠰᠡᠷᠬᠦᠭᠡᠵᠣ᠂ ᠢᠵᠢᠯᠢ ᠳᠤᠨᠢ ᠲᠠᠯᠪᠢᠬᠤ ᠪᠦᠭᠡᠳ ᠠᠶᠠᠨ ᠤ ᠲᠣᠨᠤᠭ ᠢᠶᠠᠨ ᠳᠠᠷᠣᠢ ᠳᠤᠨᠢ ᠬᠤᠷᠢᠶᠠᠬᠤ ᠲᠠᠯᠪᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号