ᠬᠤᠨᠢ ᠥᠷᠥᠴᠡᠯᠡᠭᠦ ᠶᠤᠰᠣᠨ
ᠨᠡᠶᠢᠲᠡᠯᠡᠭᠰᠡᠨ ᠴᠠᠭ᠄
2019/6/14
 ᠤᠨᠠᠭᠰᠠᠨ ᠬᠤᠨᠢᠨ ᠤ ᠬᠤᠶᠠᠷ ᠬᠦᠯ ᠢ ᠵᠡᠭᠦᠨ ᠳᠠᠬᠢᠮ ᠳᠠᠭᠠᠨ ᠲᠡᠬᠢᠮᠳᠠᠵᠣ ᠠᠮᠠᠨ ᠬᠦᠵᠦᠭᠦᠦ ᠪᠠᠭᠠᠯᠵᠤᠤᠷ ᠢ ᠨᠢ ᠡᠪᠦᠳᠦᠭᠯᠡᠵᠤ᠂ ᠵᠡᠭᠦᠨ ᠭᠠᠷ ᠢᠶᠠᠷ ᠢᠶᠠᠨ ᠠᠮᠠ ᠶᠢ ᠨᠢ ᠠᠳᠬᠤᠵᠤ᠂ ᠪᠠᠷᠠᠭᠤᠨ ᠲᠠᠰᠢᠶᠠᠨ ᠳᠠᠬᠢ ᠬᠢᠲᠤᠭ᠎ᠠ ᠪᠠᠨ ᠰᠣᠭᠤᠯᠣᠨ ᠠᠪᠴᠦ ᠥᠷᠥᠴᠡᠯᠡᠨ᠎ᠡ᠃ ᠥᠷᠥᠴᠡᠯᠡᠨ᠎ᠡ ᠭᠡᠳᠡᠭ ᠪᠣᠯ ᠬᠤᠨᠢᠨ ᠤ ᠦᠷᠦᠴᠡ ᠶᠢ ᠬᠢᠲᠤᠭ᠎ᠠ ᠪᠠᠷ ᠢᠷᠣᠵᠦ ᠨᠢᠳᠣᠷᠭᠠᠨ ᠪᠠᠭᠳᠠᠮ᠎ᠠ ᠠᠮᠠ ᠭᠠᠷᠭᠠᠵᠣ ᠭᠠᠷ ᠢᠶᠠᠨ ᠰᠣᠶᠢᠯᠠᠨ ᠴᠣᠷᠣᠢ ᠶᠢᠨ ᠣᠷᠴᠢᠮ ᠬᠦᠷᠭᠡᠬᠦ ᠳᠤ ᠬᠤᠮᠣᠬᠠᠢ ᠬᠤᠷᠣᠭᠤ ᠪᠤᠯᠤᠨ ᠲᠣᠮᠳᠠ ᠬᠤᠷᠣᠭᠤ ᠪᠠᠨ ᠴᠠᠴᠠᠭᠤᠯᠤᠨ ᠵᠢᠳᠡ ᠶᠢᠨ ᠬᠡᠯᠪᠡᠷᠢ ᠲᠠᠢ ᠪᠣᠯᠭᠠᠵᠣ ᠴᠣᠷᠣᠢ ᠶᠢ ᠨᠢ ᠤᠯᠠᠭᠠᠨ ᠬᠤᠭᠤᠯᠠᠢ ᠶᠢᠨ ᠳᠤᠤᠭᠤᠷᠬᠠᠨ ᠴᠣᠭᠤ ᠴᠢᠴᠢᠨ ᠣᠷᠣᠭᠤᠯᠵᠣ ᠬᠤᠷᠣᠭᠤ ᠪᠠᠨ ᠰᠡᠭᠡᠷ ᠤᠨ ᠶᠡᠰᠦ ᠶᠢ ᠲᠠᠭᠠᠭᠤᠯᠦᠨ ᠲᠡᠭᠡᠭᠰᠢ ᠲᠡᠮᠳᠡᠷᠢᠵᠦ ᠬᠦᠷᠪᠡᠯᠵᠡᠨ ᠴᠣᠬᠢᠯᠠᠵᠣ ᠪᠠᠶᠢᠭ᠎ᠠ ᠭᠤᠣᠯ ᠢ ᠨᠢ ᠲᠠᠰᠤᠳᠠᠵᠤ ᠭᠠᠷ ᠢᠶᠠᠨ ᠪᠡᠯᠡᠨ ᠰᠤᠭᠤᠯᠵᠣ ᠭᠠᠷᠭᠠᠨ᠎ᠠ᠃ ᠰᠠᠶᠢᠨ ᠡᠷ᠎ᠡ ᠶᠢᠨ ᠵᠠᠷᠣᠭᠰᠠᠨ ᠬᠤᠨᠢ ᠦᠷᠦᠴᠡ ᠠᠴᠠ ᠨᠢ ᠭᠠᠷ ᠢᠶᠠᠨ ᠰᠤᠭᠤᠯᠤᠨ ᠠᠪᠬᠤ ᠳᠤ ᠨᠢᠳᠦᠨ ᠤ ᠬᠠᠷᠠᠭ᠎ᠠ  ᠨᠢ ᠲᠤᠭᠳᠠᠴᠢᠬᠠᠭᠰᠠᠨ ᠪᠠᠶᠢᠳᠠᠭ᠃ ᠬᠦᠨᠳᠦᠲᠦ ᠭᠡᠶᠢᠴᠢᠨ ᠢ ᠵᠣᠴᠢᠯᠠᠬᠤ᠂ ᠭᠠᠯ ᠪᠤᠷᠬᠠᠨ ᠲᠠᠬᠢᠵᠤ ᠪᠤᠶᠤ ᠣᠪᠣᠭ᠎ᠠ ᠰᠢᠪᠡᠭᠡ ᠲᠠᠬᠢᠬᠤ ᠳᠤ ᠭᠡᠷᠡᠭᠯᠡᠬᠦ ᠬᠤᠨᠢ ᠶᠢ ᠪᠠᠭᠠᠯᠵᠣᠣᠷᠳᠠᠬᠤ ᠪᠠ ᠨᠤᠭᠤᠰᠤᠯᠠᠵᠤ ᠨᠢᠳᠦᠯᠬᠤ ᠶᠢ ᠡᠷᠡᠰ ᠴᠡᠭᠡᠷᠯᠡᠵᠤ ᠥᠷᠥᠴᠡᠯᠡᠵᠦ ᠵᠠᠷᠤᠬᠤ ᠶᠢ ᠲᠤᠩ ᠡᠷᠬᠢᠮᠯᠡᠳᠡᠭ  ᠃      ᠠᠯᠠᠱᠠ ᠶᠢᠨ ᠬᠤᠨᠢ ᠦᠪᠴᠢᠬᠦ ᠬᠤᠨᠢ ᠦᠪᠴᠢᠬᠦ ᠳᠤ ᠮᠦᠨ ᠵᠦᠪ ᠲᠠᠯ᠎ᠠ ᠶᠢᠨ ᠪᠣᠭᠲᠣ ᠴᠢᠮᠦᠭᠡᠨ ᠠᠴᠠ ᠡᠬᠢᠯᠡᠵᠤ ᠦᠪᠴᠢᠨ᠎ᠡ᠃ ᠭᠠᠯ ᠪᠣᠷᠬᠠᠨ ᠲᠠᠬᠢᠬᠤ ᠪᠠ ᠭᠡᠶᠢᠴᠢᠨ ᠵᠣᠴᠢᠯᠠᠭ ᠳᠤ ᠭᠡᠷᠡᠭᠯᠡᠬᠦ ᠡᠪᠴᠢᠬᠦᠦ ᠶᠢ ᠠᠪᠣᠭᠠᠨ᠎ᠠ ︵ᠭᠠᠷ ᠪᠦᠭᠡᠷ᠎ᠡ ᠶᠢᠨ ᠭᠡᠷ︶ ᠲᠠᠢ ᠨᠢ ᠬᠠᠮᠲᠦ ᠪᠠᠷ ᠠᠷᠠᠰᠦ ᠲᠠᠢ ᠦᠯᠡᠳᠡᠭᠡᠨ᠎ᠡ᠃ ᠬᠤᠨᠢ ᠦᠪᠴᠢᠬᠦ ᠳᠡᠭᠡᠨ ᠰᠢᠯᠪᠢ ᠰᠢᠬᠢᠷ᠎ᠡ ᠶᠢᠨ ᠬᠢᠨᠢ ᠠᠷᠠᠰᠣ ᠮᠢᠬᠠᠨ ᠤ ᠲᠣᠮᠳᠠᠭᠤᠷ ᠪᠤᠷᠢᠶ᠎ᠠ ᠰᠢᠷᠭᠤᠯᠤᠨ ᠬᠡᠢ ᠬᠦᠶᠦᠬᠦ ᠵᠠᠢ ᠭᠠᠷᠭᠠᠵᠦ ᠦᠯᠢᠶᠡᠵᠦ ᠬᠡᠶᠢᠳᠡᠳᠡᠭ ᠵᠠᠩᠰᠢᠯ ᠣᠭᠲᠣ ᠦᠭᠡᠢ᠂ ᠵᠦᠪᠬᠡᠨ ᠡᠷᠡᠭᠡᠢ ᠬᠤᠷᠤᠭᠤᠨ ᠤ ᠡᠷᠳᠡᠮ ᠂ ᠡᠷ᠎ᠡ ᠬᠦᠮᠦᠨ ᠤ ᠴᠢᠳᠠᠯ ᠢᠶᠠᠷ ᠨᠢᠳᠤᠷᠭᠠᠳᠤᠨ ᠦᠪᠴᠢᠵᠦ ᠲᠦᠷᠪᠡᠨ ᠰᠢᠬᠢᠷ᠎ᠡ ᠶᠢ ᠮᠦᠴᠢ ᠠᠴᠠ ᠨᠢ ᠰᠠᠯᠭᠠᠵᠦ ᠠᠷᠠᠰᠦ ᠲᠠᠢ ᠨᠢ ᠵᠠᠯᠠᠭᠠᠭᠠᠰᠦ ᠲᠠᠢ ᠦᠯᠡᠳᠡᠭᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号