ᠬᠤᠨᠢᠨ ᠤ ᠬᠡᠳᠡᠰᠦ ᠳᠣᠲᠣᠷ ᠲᠠᠪᠦᠨ ᠴᠤᠯᠤ ᠭᠠᠷᠭᠠᠬᠤ ᠶᠤᠰᠤᠨ
ᠨᠡᠶᠢᠲᠡᠯᠡᠭᠰᠡᠨ ᠴᠠᠭ᠄
2019/6/14
ᠬᠡᠳᠡᠰᠦ ᠳᠣᠲᠣᠷ ᠲᠠᠪᠣᠨ ᠴᠤᠯᠤ ᠭᠠᠷᠭᠠᠬᠤ ᠳᠤ ᠪᠠᠰᠠᠴᠤ ᠨᠠᠷᠢᠯᠢᠭ ᠶᠠᠪᠦᠴᠠ ᠲᠠᠢ ᠪᠠᠶᠢᠳᠠᠭ᠃ ᠬᠤᠨᠢ ᠪᠠᠨ ᠦᠪᠴᠢᠵᠤ ᠪᠠᠷᠠᠭᠰᠠᠨ ᠤ ᠳᠠᠷᠠᠭ᠎ᠠ ᠲᠡᠯᠭᠡᠭᠡᠰᠦ ᠲᠠᠢ ᠠᠷᠠᠰᠣᠨ ᠳᠡᠭᠡᠷ᠎ᠡ ᠪᠠᠨ ᠬᠤᠨᠢ ᠪᠠᠨ ᠲᠦᠷᠪᠡᠨ ᠮᠦᠵᠢ ᠶᠢ ᠨᠢ ᠳᠡᠭᠡᠭᠰᠢ ᠬᠠᠷᠠᠭᠤᠯᠣᠭᠰᠠᠨ ᠬᠡᠪ ᠢᠶᠠᠷ ᠨᠢ ᠪᠠᠶᠢᠯᠭᠠᠵᠦ ᠨᠠᠷᠢᠨ ᠴᠠᠪᠢ ᠶᠢ ᠨᠢ ᠬᠢᠲᠤᠭ᠎ᠠ ᠪᠠᠷ ᠢᠷᠣᠵᠣ ᠳᠡᠭᠡᠭᠰᠢ ᠶᠠᠪᠤᠭᠤᠯᠤᠨ ᠬᠠᠪᠢᠰᠣᠨ ᠳᠤᠨᠢ ᠬᠦᠷᠭᠡᠵᠦ ᠢᠷᠦᠬᠤ ᠪᠠᠨ ᠵᠣᠭᠰᠣᠭᠠᠵᠣ ᠬᠠᠨᠴᠢᠷ ᠤᠨ ᠦᠷᠦᠴᠢᠯᠡᠭᠰᠡᠨ ᠠᠮᠠ ᠶᠢ ᠨᠢ ᠪᠤᠭᠳᠣ ᠴᠢᠮᠦᠭᠡᠨ ᠲᠣᠯᠣᠭᠠᠢ ᠳᠤ ᠡᠯᠭᠦᠵᠦ ᠬᠡᠳᠡᠰᠦ ᠠᠶᠣᠣᠯᠢᠬᠠᠢ ᠶᠢ ᠣᠩᠭᠤᠶᠢᠯᠭᠠᠨ᠎ᠠ᠃ ᠣᠷᠢᠳᠠᠪᠡᠷ ᠣᠯᠠᠭᠠᠨ ᠬᠤᠭᠤᠯᠠᠢ ᠶᠢ ᠪᠠᠭᠠᠯᠵᠣᠣᠷ ᠤᠨ ᠣᠷᠴᠢᠮ ᠳᠤ ᠤᠭᠲᠣᠯᠵᠣ ᠵᠠᠩᠬᠢᠳᠣᠭᠠᠳ ᠳᠣᠲᠣᠭᠰᠢ ᠴᠢᠩᠭᠠᠭᠠᠨ ᠣᠷᠣᠭᠤᠯᠠᠵᠣ ᠬᠦᠵᠡᠭᠡ᠂ ᠰᠠᠶᠢᠨ ᠮᠠᠭᠤ ᠰᠠᠩᠬᠢᠷᠴᠠᠭ᠂ ᠬᠤᠳᠤᠭᠤᠳᠤ᠂ ᠣᠯᠣᠭᠠᠢ᠂ ᠨᠠᠷᠢᠨ ᠭᠡᠳᠡᠰᠦ ᠶᠢ ᠭᠠᠷᠭᠠᠨ᠎ᠠ᠃ ᠡᠬᠦᠨ ᠤ ᠳᠠᠷᠠᠭ᠎ᠠ ᠳᠤᠨᠢ ᠮᠥᠭᠡᠷᠰᠦᠨ ᠬᠤᠭᠤᠯᠠᠢ ᠶᠢ ᠣᠭᠲᠣᠯᠵᠣ᠂ ᠠᠭᠤᠰᠬᠢ᠂ ᠵᠢᠷᠦᠭᠡ᠂ ᠡᠯᠢᠭᠡ᠂ ᠪᠦᠭᠡᠷ᠎ᠡ᠂ ᠭᠤᠷᠭᠤᠯᠳᠠᠢ ᠶᠢ ᠠᠪᠴᠦ ᠦᠭᠡᠷ᠎ᠡ ᠨᠢᠭᠡ ᠰᠠᠪᠠᠨ ᠳᠤ ᠲᠠᠯᠪᠢᠨ᠎ᠠ᠃ ᠭᠡᠳᠡᠰᠦ ᠳᠣᠲᠦᠷ ᠴᠡᠪᠡᠷᠯᠡᠬᠦ ᠪᠣᠯ ᠪᠦᠷ ᠪᠦᠰᠡᠭᠦᠶᠢᠴᠦᠳ ᠤᠨ ᠠᠵᠢᠯ ᠪᠤᠯᠤᠨ᠎ᠠ᠃ ᠣᠷᠠᠨ ᠪᠣᠰᠢᠭᠤ ᠡᠮᠡᠭᠲᠠᠢ ᠪᠣᠯ ᠡᠷᠡᠭᠲᠠᠢ ᠶᠢ ᠬᠤᠨᠢ ᠪᠠᠨ ᠡᠪᠳᠡᠵᠤ ᠪᠠᠷᠠᠬᠤ ᠠᠴᠠ ᠡᠮᠦᠨ᠎ᠡ ᠬᠡᠳᠡᠰᠦ ᠳᠣᠲᠣᠷ ᠢ ᠵᠡᠭᠡᠵᠦ ᠴᠡᠪᠡᠷᠯᠡᠵᠣ ᠪᠠᠷᠠᠭᠠᠳ᠂ ᠴᠢᠭᠢᠭᠰᠡᠨ ᠭᠤᠷᠭᠤᠯᠳᠠᠢ ᠪᠠᠨ ︵ᠪᠦᠳᠦᠭᠦᠨ  ᠬᠡᠳᠡᠰᠦ︶ ᠪᠠᠨ ᠡᠪᠳᠡᠵᠦ ᠪᠠᠷᠠᠭᠠᠳᠦᠢ ᠬᠤᠨᠢ ᠲᠠᠢ ᠪᠠᠨ ᠨᠤᠴᠤᠯᠳᠤᠵᠤ ᠰᠠᠭᠤᠭ᠎ᠠ ᠡᠷᠡᠭᠲᠠᠢ ᠶᠢᠨ ᠬᠦᠵᠦᠭᠦᠨ ᠳᠤ ᠳᠣᠬᠤᠬᠤ ᠶᠢ ᠭᠤᠷᠭᠤᠤᠯᠳᠠᠢ ᠲᠣᠬᠤᠨ᠎ᠠ ᠬᠡᠳᠡᠭ᠃ ᠬᠡᠷᠪᠡ᠂ ᠡᠷᠡᠭᠲᠠᠢ ᠨᠢ ᠬᠤᠨᠢ ᠪᠠᠨ ᠬᠡᠳᠡᠰᠦ ᠳᠣᠲᠣᠷ ᠴᠡᠪᠡᠷᠯᠡᠭᠰᠡᠨ ᠡᠮᠡᠭᠲᠠᠢ ᠠᠴᠠ ᠲᠡᠷᠢᠬᠦᠨ ᠳᠤ ᠡᠪᠳᠡᠵᠦ ᠪᠠᠷᠠᠭᠰᠠᠨ ᠪᠤᠯ ᠵᠠᠪ ᠴᠢᠯᠦᠭᠡ ᠦᠭᠡᠢ ᠬᠡᠳᠡᠰᠦ ᠳᠣᠲᠣᠷ ᠠᠷᠢᠯᠭᠠᠵᠦ ᠰᠠᠭᠤᠭ᠎ᠠ ᠡᠮᠡᠭᠲᠠᠢ ᠳᠤ ᠠᠷᠠᠰᠦ ᠪᠠᠨ ᠬᠦᠳᠡᠷᠡᠭᠡᠭᠦ ᠶᠢ ᠪᠤᠯ ᠠᠷᠠᠰᠦ ᠬᠦᠳᠡᠷᠡᠭᠡᠨ᠎ᠡ ᠬᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号