ᠬᠠᠳᠠᠭ ᠪᠠᠷᠢᠬᠤ ᠶᠤᠰᠤᠨ
ᠨᠡᠶᠢᠲᠡᠯᠡᠭᠰᠡᠨ ᠴᠠᠭ᠄
2019/6/14
ᠮᠤᠩᠭᠤᠯᠴᠤᠳ ᠬᠠᠳᠠᠭ ᠢ ᠪᠠᠷᠢᠬᠤ ᠳᠠᠭᠠᠨ ᠦᠭᠬᠦ ᠬᠦᠮᠦᠨ ᠤ ᠪᠠᠨ ᠦᠬᠡᠳᠡ ᠠᠴᠠ ᠵᠠᠳᠠᠭᠠᠢ ᠠᠮᠠ ᠶᠢ ᠨᠢ ᠬᠠᠷᠠᠭᠤᠯᠤᠨ ᠦᠭᠳᠡᠭ᠃ ᠬᠠᠳᠠᠭ ᠢ ᠠᠪᠬᠤ ᠳᠠᠭᠠᠨ ᠬᠤᠶᠠᠷ ᠭᠠᠷᠳᠠᠨ᠂ ᠬᠠᠳᠠᠭ ᠤᠨ ᠳᠤᠯᠤᠭᠠᠢ ᠳᠠᠯ᠎ᠠ ᠶᠢ ᠪᠠᠷᠠᠭᠤᠨ ᠭᠠᠷ ᠳᠡᠭᠡᠷ᠎ᠠ ᠪᠠᠨ ᠳᠠᠯᠪᠢᠵᠦ᠂ ᠪᠠᠷᠠᠭᠤᠨ ᠭᠠᠷ ᠳᠠᠯ᠎ᠠ ᠶᠢ ᠨᠢ ᠵᠡᠬᠦᠨ ᠭᠠᠷ ᠳᠠᠯ᠎ᠠ ᠳᠡᠭᠡᠷ᠎ᠠ ᠨᠤᠭᠤᠯᠤᠨ ᠡᠪᠬᠡᠨ᠎ᠠ᠃ ᠳᠠᠬᠢᠯ ᠲᠠᠢ ᠬᠠᠳᠠᠭ ᠢ ᠪᠠᠭᠰᠢ᠂ ᠬᠦᠨᠳᠦᠳᠡᠢ ᠬᠦᠮᠦᠨ ᠳᠡᠭᠡᠨ︔ ᠪᠤᠷᠬᠠᠨ ᠲᠠᠢ ᠬᠠᠳᠠᠭ ᠢ ᠡᠴᠢᠬᠡ ᠡᠬᠡ  ᠳᠡᠭᠡᠨ︔ ᠨᠠᠨᠵᠢᠸᠠᠩᠳᠠᠨ ᠬᠠᠳᠠᠭ ᠢ ᠤᠷᠤᠰᠢᠭᠤᠯᠭ᠎ᠠ ᠳᠤ ᠬᠡᠷᠡᠭᠯᠡᠨ᠎ᠠ᠃ ᠬᠠᠳᠠᠭ ᠪᠠᠷᠢᠵᠦ ᠵᠤᠯᠭᠠᠬᠤ᠂ ᠬᠠᠳᠠᠭ ᠲᠠᠢ ᠵᠤᠯᠭᠠᠬᠤ ᠬᠡᠰᠡᠨ ᠢᠯᠭᠠᠭ᠎ᠠ ᠲᠠᠢ᠃ ᠬᠠᠳᠠᠭ ᠪᠠᠷᠢᠵᠦ ᠵᠤᠯᠭᠠᠬᠤ ᠳᠠᠭᠠᠨ ᠬᠠᠳᠠᠭ ᠢᠶᠠᠨ ᠪᠦᠷᠢᠮᠦᠰᠦᠨ ᠦᠭᠬᠦᠨ᠎ᠠ᠃ ᠬᠠᠳᠠᠭ ᠲᠠᠢ ᠵᠤᠯᠭᠠᠬᠤ ᠲᠠᠭᠠᠨ ᠬᠠᠳᠠᠭ ᠤᠨ ᠢᠶᠠᠨ ᠨᠢᠬᠡ ᠦᠵᠦᠬᠦᠷ ᠠᠴᠠ ᠪᠠᠷᠠᠭᠤᠨ ᠭᠠᠷ ᠤᠨ ᠢᠶᠠᠨ ᠢᠳᠡᠮ ᠬᠤᠷᠤᠭᠤ ᠶᠢ ᠳᠤᠳᠤᠷ ᠳᠠᠯ᠎ᠠ ᠠᠴᠠ ᠨᠢ ᠨᠠᠷ᠎ᠠ ᠵᠦᠪ ᠤᠷᠢᠶᠠᠭᠠᠳ ᠰᠢᠬᠡᠵᠢ ᠬᠤᠷᠤᠭᠤ ᠲᠠᠢ ᠳᠠᠯ᠎ᠠ ᠤᠷᠤᠭᠤ ᠪᠠᠨ ᠳᠤᠷᠤᠭᠰᠢ ᠤᠨᠵᠢᠭᠤᠯᠤᠨ᠎ᠠ᠃ ᠵᠤᠯᠭᠠᠬᠤ ᠳᠠᠭᠠᠨ ᠴᠢᠨᠠᠳᠤ ᠬᠦᠮᠦᠨ ᠤ ᠪᠠᠨ ᠭᠠᠷ ᠳᠡᠭᠡᠷ᠎ᠠ ᠬᠠᠳᠠᠭ ᠢᠶᠠᠨ ᠳᠠᠯᠪᠢᠬᠤ ᠦᠬᠡᠢ ᠤᠨᠵᠢᠭᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号