ᠱᠠᠯᠪᠤᠷ ᠪᠦᠬᠡ ᠶᠢᠨ ᠪᠠᠷᠢᠯᠲᠤᠭᠠᠨ ︵ᠨᠢᠭᠡ︶
ᠨᠡᠶᠢᠲᠡᠯᠡᠭᠰᠡᠨ ᠴᠠᠭ᠄
2019/7/12
ᠦᠪᠦᠷ ᠮᠤᠩᠭᠤᠯ ᠤᠨ ᠤᠯᠠᠩᠬᠢ ᠭᠠᠵᠠᠷ ᠲᠤ ᠵᠤᠲᠤᠭᠲᠤ ᠪᠤᠶᠤ ᠪᠦᠰᠡᠯᠡᠬᠦᠷᠲᠤ ᠪᠦᠬᠡ ᠪᠠᠷᠢᠯᠲᠤᠲᠠᠭ ᠪᠤᠯ ᠠᠯᠠᠱᠠ  ᠳᠤ ᠡᠷᠲᠡ ᠦᠶ᠎ᠡ ᠠᠴᠠ ︽ᠱᠠᠯᠪᠤᠷ ᠪᠦᠬᠡ︾ ᠮᠦᠷᠦᠶᠢᠴᠡᠳᠡᠭ ᠵᠠᠩᠰᠢᠯ ᠲᠠᠢ᠃ ᠵᠠᠷᠢᠮ ᠬᠦᠮᠦᠨ ︽ᠱᠠᠯᠪᠤᠷ ᠬᠡᠳᠡᠭ  ᠨᠢ ᠰᠢᠮᠳᠠᠭᠠᠢ ᠬᠡᠬᠦ ᠦᠬᠡ ᠠᠴᠠ ᠤᠯᠠᠷᠢᠨ ᠢᠷᠡᠵᠡᠢ︾ ᠬᠡᠵᠤ ᠦᠵᠡᠵᠤ ᠪᠤᠢ᠂ ᠵᠠᠷᠢᠮ ᠨᠢ ︽ᠱᠠᠯᠠᠪ ᠪᠤᠯᠤᠨ ᠪᠤᠤᠷ᠎ᠠ ᠬᠡᠬᠦ ᠬᠤᠶᠠᠷ ᠦᠬᠡ ᠶᠢ ᠨᠡᠶᠢᠯᠡᠬᠦᠯᠵᠤ ᠬᠡᠯᠡᠭᠰᠡᠭᠡᠷ ᠪᠠᠶᠢᠭᠠᠳ ᠠᠪᠢᠶᠠᠨ ᠤ ᠤᠨᠳᠤᠤᠰᠢᠯ ᠠᠴᠠ ᠪᠤᠯᠵᠤ ᠱᠠᠯᠪᠤᠷ᠎ᠠ ︵ᠱᠠᠯᠪᠤᠤᠷ᠎ᠠ︶ ᠪᠤᠯᠤᠭᠰᠠᠨ︾ ᠬᠡᠳᠡᠭ᠃
ᠠᠷᠠᠳ ᠤᠨ ᠤᠯᠠᠮᠵᠢᠯᠠᠯ ᠶᠠᠷᠢᠶᠠᠨ ᠳᠤ ︽ᠱᠠᠯᠪᠤᠷ ᠪᠦᠬᠡ ᠶᠢ ᠪᠤᠤᠷ᠎ᠠ ᠶᠢᠨ ᠲᠡᠮᠡᠴᠡᠬᠡᠨ ᠠᠴᠠ ᠰᠡᠳᠦᠪᠯᠡᠵᠤ ᠵᠤᠬᠢᠶᠠᠭᠰᠠᠨ︾ ᠬᠡᠳᠡᠭ᠃ ᠬᠠᠭᠰᠠᠭᠰᠠᠨ ︵ᠤᠷᠤᠭ᠎ᠠ ᠤᠷᠤᠭᠰᠠᠨ︶ ᠪᠤᠤᠷ᠎ᠠ ᠭᠠᠭᠴᠠᠭᠠᠷ ᠡᠵᠡᠷᠬᠡᠬᠦ ᠬᠠᠮᠪᠠ ᠰᠠᠨᠠᠭ᠎ᠠ ᠪᠠ ᠠᠲᠠᠭ᠎ᠠ ᠵᠢᠲᠤᠬᠡᠨ ᠠᠴᠠ ᠪᠤᠯᠵᠤ ᠰᠤᠭᠲᠤᠭᠤ ᠰᠤᠷᠲᠤᠭᠤ ᠨᠢ ᠬᠡᠲᠤᠶᠢᠳᠬᠦ ᠳᠤ ᠪᠠᠨ ᠬᠤᠶᠠᠷ ᠪᠤᠤᠷ᠎ᠠ ᠤᠮᠤᠭ  ᠲᠠᠢ ᠬᠡᠭᠴᠢ ᠪᠠᠷ ᠠᠭᠤᠯᠵᠠᠵᠤ ᠬᠦᠬᠡᠰᠦ ᠪᠤᠷᠬᠢᠭᠤᠯᠤᠨ ᠰᠢᠲᠤ ᠪᠠᠨ ᠬᠠᠪᠢᠷᠴᠤ ᠡᠰᠡᠷᠭᠦᠯᠡᠨ ᠤᠴᠤᠶᠢᠵᠤ ᠵᠤᠭᠰᠤᠨ ᠰᠢᠬᠡᠰᠦ ᠪᠠᠨ ᠴᠠᠪᠲᠠᠨ ᠱᠠᠪᠢᠵᠤ ᠨᠢᠬᠡᠨ ᠨᠢᠬᠡᠨ ᠤ ᠪᠠᠨ ᠡᠮᠵᠡᠭ ᠲᠠᠯ᠎ᠠ ᠶᠢ ᠬᠠᠵᠠᠬᠤ ᠪᠠᠷ ᠰᠦᠷᠲᠡᠬᠦᠯᠦᠨ ᠬᠡᠨᠡᠳᠲᠡ  ᠶᠢᠨ ᠲᠠᠭᠠᠷᠢᠯᠲᠠ ᠪᠠᠷ ᠴᠡᠬᠡᠵᠢ ᠲᠦᠷᠢᠨ ᠨᠦᠷᠢᠵᠤ ᠤᠶᠢᠴᠢᠭᠤᠯᠲᠠᠭ᠃ ᠲᠡᠭᠡᠭᠡᠳ ᠵᠤᠵᠠᠭᠠᠨ ᠭᠤᠶ᠎ᠠ᠂ ᠪᠤᠷᠪᠢ᠂ ᠡᠪᠦᠲᠦᠭ ᠠᠴᠠ ᠨᠢ ᠵᠠᠭᠤᠵᠤ ᠰᠢᠷᠬᠠᠳᠤᠭᠤᠯᠤᠨ ᠬᠦᠴᠦ ᠶᠢ ᠨᠢ ᠪᠠᠭᠤᠷᠠᠭᠤᠯᠬᠤ ᠪᠠᠷ ᠨᠤᠴᠤᠯᠲᠤᠲᠠᠭ᠃ ᠡᠬᠦᠨ ᠠᠴᠠ ᠰᠡᠳᠦᠪᠯᠡᠵᠤ ᠵᠤᠬᠢᠶᠠᠭᠰᠠᠨ ᠱᠠᠯᠪᠤᠷ ᠪᠦᠬᠡ ᠨᠢ ᠰᠢᠯᠢᠲᠡᠬᠦ᠂ ᠨᠦᠷᠢᠬᠦ᠂ ᠴᠠᠪᠴᠢᠬᠤ᠂ ᠡᠬᠦᠷᠬᠦ ᠮᠡᠲᠤ ᠶᠢᠨ ᠤᠷᠠᠨ ᠭᠠᠪᠰᠢᠭᠠᠢ ᠡᠷᠲᠡᠮ ᠢ ᠰᠢᠩᠬᠡᠬᠡᠭᠡᠳ ︽ᠲᠡᠮᠡᠭᠡᠲᠤ ᠨᠤᠲᠤᠭ︾ ᠤᠨ ᠠᠷᠠᠳ ᠲᠦᠮᠡᠨ ᠤ ᠲᠤᠷ᠎ᠠ ᠪᠠᠬ᠎ᠠ ᠶᠢ ᠲᠠᠲᠠᠭᠰᠠᠭᠠᠷ ᠢᠷᠡᠵᠡᠢ᠃
ᠰᠤᠲᠤᠯᠤᠭᠴᠢᠳ ︽ᠱᠠᠯᠪᠤᠷ ᠪᠦᠬᠡ︾ ᠨᠢ ︽ᠴᠤᠯᠪᠤᠭᠤᠷ ᠪᠦᠬᠡ︾ ᠠᠴᠠ ᠢᠷᠡᠯᠲᠡ ᠲᠠᠢ ᠬᠡᠵᠤ ᠦᠵᠡᠳᠡᠭ᠃ ᠤᠷᠢᠲᠤ ᠴᠠᠭ ᠲᠤ ᠬᠤᠶᠠᠷ ᠬᠦᠮᠦᠨ ᠬᠦᠲᠡᠭᠡ ᠬᠡᠬᠡᠷ᠎ᠡ ᠤᠴᠠᠷᠠᠪᠠᠯ ᠮᠤᠷᠢ ᠪᠠᠨ ᠴᠢᠲᠤᠷᠯᠡᠵᠤ ᠴᠤᠯᠪᠤᠭᠤᠷ ᠢᠶᠠᠨ ᠠᠪᠤᠭᠠᠳ ᠪᠦᠰᠡᠯᠡᠬᠦ ᠪᠤᠶᠤ ᠪᠦᠲᠦᠬᠦᠨ ᠭᠤᠶ᠎ᠠ ᠶᠢᠨ ᠬᠡᠰᠡᠭ ᠢᠶᠠᠷ ᠢᠶᠠᠨ ᠤᠶᠠᠴᠢᠬᠠᠭᠠᠳ ᠪᠠᠷᠢᠯᠲᠤᠵᠤ ᠲᠡᠩᠬᠡᠬᠡ ᠴᠢᠲᠠᠯ ᠢᠶᠠᠨ ᠰᠢᠯᠭᠠᠵᠤ ᠰᠡᠳᠬᠢᠯ ᠤᠨ ᠵᠤᠭ᠎ᠠ ᠪᠠᠨ ᠭᠠᠷᠭᠠᠲᠠᠭ ᠪᠠᠶᠢᠵᠡᠢ᠃ ᠡᠬᠦᠨ ᠢᠶᠠᠨ ︽ᠴᠤᠯᠪᠤᠭᠤᠷ ᠪᠦᠬᠡ︾ ᠬᠡᠳᠡᠭ᠃ ᠴᠤᠯᠪᠤᠭᠤᠷ ᠨᠢ ᠭᠤᠶ᠎ᠠ ᠬᠤᠯᠭᠤᠬᠤ ᠤᠴᠢᠷ ᠠᠴᠠ ᠠᠭᠠᠵᠢᠮ ᠳᠤ ᠪᠠᠨ ᠴᠤᠯᠪᠤᠭᠤᠷ ᠤᠨ ᠤᠷᠤᠨ ᠳᠤ ᠠᠷᠠᠰᠤ ᠪᠠᠷ ᠬᠢᠭᠰᠡᠨ ᠤᠬᠤᠷ ᠱᠠᠯᠪᠤᠷ ᠦᠮᠦᠲᠦ ᠡᠮᠦᠰᠦᠬᠡᠳ ᠪᠠᠷᠢᠯᠲᠤᠬᠤ ᠪᠤᠯᠪᠠ᠃ ᠱᠠᠯᠪᠤᠷ ᠦᠮᠦᠲᠦ ᠡᠮᠦᠰᠦᠭᠡᠳ ᠪᠠᠷᠢᠯᠲᠤᠲᠠᠭ ᠲᠤᠯᠠ ︽ᠱᠠᠯᠪᠤᠷ ᠪᠦᠬᠡ︾ ᠬᠡᠬᠦ ᠪᠤᠯᠵᠡᠢ᠃ ᠲᠡᠶᠢᠮᠤ ᠠᠴᠠ ᠱᠠᠯᠪᠤᠷ ᠭᠡᠲᠡᠭ ᠪᠤᠯ ᠤᠬᠤᠷ ᠦᠮᠦᠳᠤ ᠭᠡᠰᠡᠨ ᠤᠳᠬ᠎ᠠ ᠲᠠᠢ᠂ ᠤᠲᠤ ᠴᠤ ᠭᠡᠰᠡᠨ ᠬᠡᠷᠡᠭᠯᠡᠵᠤ ᠪᠠᠶᠢᠭ᠎ᠠ ᠤᠶᠢᠭᠤᠷᠵᠢᠨ ᠮᠤᠩᠭᠤᠯ ᠦᠬᠡ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号