ᠬᠦᠶᠦᠭ ᠬᠠᠭᠠᠨ
ᠨᠡᠶᠢᠲᠡᠯᠡᠭᠰᠡᠨ ᠴᠠᠭ᠄
2019/8/23
ᠬᠦᠶᠦᠭ ᠬᠠᠭᠠᠨ ︵1206—1248︶  
ᠶᠡᠭᠡ ᠮᠤᠩᠭᠤᠯ ᠤᠯᠤᠰ ᠤᠨ ᠭᠤᠷᠪᠠᠳᠤᠭᠠᠷ ᠶᠡᠭᠡ ᠬᠠᠭᠠᠨ᠂ ᠮᠤᠩᠭᠤᠯ ᠦᠨᠳᠦᠰᠦᠲᠡᠨ᠂ ᠠᠯᠳᠠᠷ ᠲᠠᠢ ᠴᠡᠷᠢᠭ ᠳᠠᠶᠢᠨᠴᠢ᠃ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠂ ᠦᠭᠡᠲᠠᠢ ᠬᠠᠭᠠᠨ ᠤ ᠤᠤᠭᠠᠨ ᠬᠦᠪᠡᠭᠦᠨ᠂ ᠡᠭᠡ ᠨᠢ ᠵᠢᠷᠭᠤᠳᠤᠭᠠᠷ ᠡᠰᠢ ᠬᠠᠲᠤᠨ ᠨᠠᠢᠮᠠᠵᠢᠨ ᠤᠪᠤᠭᠲᠤ ᠲᠦᠷᠭᠡᠨ᠎ᠡ ᠪᠤᠯᠤᠨ᠎ᠠ᠃ 1206 ᠤᠨ ᠎ ᠳᠤ ᠮᠡᠨᠳᠦᠯᠡᠵᠡᠢ᠃ ᠬᠦᠶᠦᠭ ᠬᠠᠭᠠᠨ ᠤ ᠴᠡᠭᠡᠷᠯᠡᠭᠦᠢ ᠨᠡᠷ᠎ᠡ ᠨᠢ ᠬᠦᠶᠦᠭ᠂ ᠡᠷᠭᠦᠮᠵᠢ ᠠᠯᠳᠠᠷ ᠨᠢ ᠬᠦᠶᠦᠭ ᠬᠠᠭᠠᠨ᠂ ᠨᠡᠭᠡᠮᠵᠢ ᠠᠯᠳᠠᠷ ᠨᠢ ᠡᠩᠨᠡᠰᠢ ᠲᠦᠪᠰᠢᠲᠤ ᠬᠠᠭᠠᠨ᠂ ᠰᠦᠮ᠎ᠡ ᠶᠢᠨ ᠠᠯᠳᠠᠷ ᠨᠢ ᠲᠤᠭᠲᠠᠭᠠᠯᠲᠤ ᠬᠠᠭᠠᠨ᠃ ᠦᠭᠡᠲᠡᠢ ᠬᠠᠭᠠᠨ ᠤ ᠦᠶ᠎ᠡ ᠳᠤ 1233 ᠤᠨ ᠳᠤ ᠴᠢᠩᠬᠢᠰ ᠬᠠᠭᠠᠨ ᠤ ᠬᠤᠶᠠᠳᠤᠭᠠᠷ ᠳᠡᠭᠦᠦ ᠬᠠᠴᠢᠭᠤᠨ ᠤ ᠬᠦᠪᠡᠭᠦᠨ ᠠᠯᠴᠢᠲᠡᠢ ᠲᠠᠢ ᠬᠠᠮᠲᠤ ᠴᠡᠷᠢᠭ ᠳᠠᠶᠢᠴᠢᠯᠠᠨ ᠯᠢᠶᠤᠤᠳᠦ᠋ᠩ ᠢ ᠳᠠᠶᠢᠯᠠᠵᠤ ᠠᠯᠲᠡᠨ ᠤᠯᠤᠰ ᠤᠨ ᠴᠢᠨ ᠸᠠᠩ ᠫᠦᠰᠢᠶᠠᠨ ᠸᠠᠨᠨᠤ᠋ ᠶᠢ ᠪᠠᠷᠢᠪᠴᠢᠯᠠᠵᠠᠢ᠃ 1235 ᠤᠨ ᠳᠤ ᠲᠦᠷᠦᠯ ᠤᠨ ᠨᠤᠶᠠᠨ ᠪᠠᠲᠤ᠂ ᠮᠥᠩᠭᠡ ᠨᠠᠷ ᠲᠠᠢ ᠬᠠᠮᠲᠤ ︽ᠠᠬᠠᠮᠡᠳ ᠬᠦᠪᠡᠭᠦᠳ ᠤᠨ ᠪᠠᠷᠠᠭᠤᠨᠰᠢ ᠠᠶᠠᠯᠠᠭᠰᠡᠨ ᠳᠠᠶᠢᠨ︾᠎ ᠳᠤ ᠤᠷᠤᠯᠴᠠᠵᠤ ᠦᠷᠦᠨᠠᠰᠢ ᠳᠠᠶᠢᠯᠠᠨ ᠤᠷᠤᠰ ᠪᠤᠯᠤᠨ ᠵᠡᠭᠦᠨ ᠡᠸ᠋ᠷᠦ᠋ᠫᠠ ᠲᠢᠪ ᠤᠨ ᠤᠯᠠᠨ ᠭᠠᠵᠠᠷ ᠢ ᠲᠤᠪᠲᠤᠯᠵᠠᠢ᠃ ᠦᠭᠡᠲᠠᠢ ᠬᠠᠭᠠᠨ ᠠᠴᠢ ᠰᠢᠷᠠᠮᠤᠨ ᠎ ᠢᠶᠠᠷ ᠢᠶᠠᠨ ᠬᠠᠭᠠᠨ ᠰᠠᠭᠤᠷᠢᠨ ᠢ ᠪᠠᠨ ᠵᠠᠯᠭᠠᠮᠵᠢᠯᠠᠭᠤᠯᠬᠤ ᠬᠡᠷᠢᠶᠠᠰ ᠦᠯᠡᠳᠡᠭᠡᠭᠰᠡᠨ ᠪᠠᠶᠢᠪᠠ᠃ ᠦᠭᠡᠳᠠᠢ ᠬᠠᠭᠠᠨ ᠢ ᠲᠩᠷᠢ ᠪᠤᠯᠤᠭᠰᠡᠨ ᠤ ᠳᠠᠷᠠᠭ᠎ᠠ ᠲᠦᠷᠭᠡᠨ᠎ᠡ ᠬᠠᠲᠤᠨ ᠲᠦᠷᠦ ᠪᠠᠷᠢᠵᠤ᠂ ᠲᠤᠯᠭᠤᠷ ᠬᠠᠭᠠᠨ ᠤ ᠵᠠᠷᠯᠢᠭ ᠢ ᠦᠲᠡᠭᠡᠷᠴᠤ ᠂ ᠳᠠᠯᠠᠨᠳᠠᠪᠠᠭ᠎ᠠ ᠳᠤ ᠶᠡᠭᠡ ᠬᠤᠷᠠᠯᠳᠠᠢ ᠬᠤᠷᠠᠯᠳᠤᠭᠤᠯᠵᠤ ᠬᠦᠶᠦᠭ ᠢ ᠬᠦᠷᠢᠶᠠᠯᠡᠭᠦᠯᠦᠨ᠂ 1246 ᠤᠨ ᠤ 8 ᠰᠠᠷ᠎ᠠ ᠎ ᠳᠤ ᠤᠩᠬᠢ ᠶᠢᠨ ᠰᠦᠮᠡᠨ ᠲᠡᠰᠡᠭ ᠭᠡᠳᠡᠭ ᠭᠠᠵᠠᠷ ᠲᠠᠬᠢ ᠨᠡᠭᠦᠳᠡᠯ ᠤᠷᠳᠤᠨ ᠪᠤᠯᠬᠤ ᠰᠢᠷ᠎ᠠ ᠤᠷᠳᠤᠨ ᠳᠤ ᠬᠠᠭᠠᠨ ᠰᠠᠭᠤᠷᠢᠨ ᠳᠤ ᠰᠠᠭᠤᠯᠭᠠᠵᠠᠢ᠃ ᠬᠦᠶᠦᠭ ᠬᠠᠭᠠᠨ ᠮᠦᠨ ᠤᠨ ᠳᠤ ᠡᠸᠦ᠋ᠷᠦᠫᠠ ᠶᠢᠨ ᠷᠤᠮᠠ ᠶᠢᠨ ᠱᠠᠰᠢᠨ ᠤ ᠬᠠᠭᠠᠨ ᠎ ᠤ ᠲᠤᠮᠢᠯᠠᠨ ᠶᠠᠪᠤᠭᠤᠯᠤᠭᠰᠡᠨ ᠫᠯᠠᠨ ᠺᠠᠷᠫᠢᠨ ᠵᠡᠷᠭᠡ ᠡᠯᠴᠢᠳ ᠢ ᠬᠦᠯᠢᠶᠠᠨ ᠠᠪᠴᠤ ᠠᠭᠤᠯᠵᠠᠨ ᠬᠠᠷᠢᠭᠤ ᠵᠠᠬᠢᠳᠠᠯ ᠳᠠᠮᠵᠢᠭᠤᠯᠪᠠ᠃ ᠲᠦᠷᠭᠡᠨ᠎ᠠ ᠬᠠᠲᠤᠨ ᠲᠦᠷᠦ ᠶᠢᠨ ᠡᠷᠭᠡ ᠶᠢ ᠠᠳᠬᠤᠵᠤ ᠪᠠᠶᠢᠭ᠎ᠠ ᠦᠶ᠎ᠡ ᠳᠤ ᠪᠠᠨ ᠭᠠᠪᠢᠶᠠᠲᠤ ᠰᠠᠶᠢᠳ ᠢ ᠤᠭᠤᠷᠴᠤ ᠵᠠᠯᠢᠬᠠᠢ ᠶᠢ ᠲᠤᠲᠤᠨᠤᠴᠢᠯᠠᠭᠰᠡᠨ ᠠᠴᠠ ᠵᠠᠰᠠᠭ ᠰᠠᠮᠠᠭᠤᠷᠠᠵᠤ ᠲᠦᠷᠦ ᠶᠢᠨ ᠶᠤᠰᠤ ᠡᠪᠳᠡᠭᠳᠡᠭᠰᠡᠨ ᠪᠠᠶᠢᠯ᠎ᠠ᠃ ᠬᠦᠶᠦᠭ ᠬᠠᠭᠠᠨ ᠰᠠᠭᠤᠷᠢᠨ ᠢ ᠵᠠᠯᠭᠠᠮᠵᠢᠯᠠᠭᠰᠡᠨ ᠤ ᠳᠠᠷᠠᠭ᠎ᠠ᠂ ᠶᠡᠭᠡ ᠪᠠᠷ ᠱᠠᠩᠨᠠᠨ ᠰᠤᠶᠤᠷᠬᠠᠵᠤ᠂ ᠴᠢᠩᠬᠢᠰ ᠬᠠᠭᠠᠨ ᠤ ᠶᠡᠭᠡ ᠵᠠᠰᠠᠭ ᠪᠤᠯᠤᠨ ᠦᠭᠡᠳᠡᠢ ᠬᠠᠭᠠᠨ ᠤ ᠵᠠᠷᠯᠢᠭ ᠵᠠᠬᠢᠶ᠎ᠡ ᠶᠢ ᠬᠢᠴᠢᠶᠡᠩᠭᠦᠶᠢᠯᠡᠨ ᠰᠠᠬᠢᠵᠤ᠂ ᠤᠷᠤᠨ ᠨᠤᠲᠤᠭ ᠤᠨ ᠨᠤᠶᠠᠳ ᠤᠨ ᠳᠤᠷ᠎ᠠ ᠲᠠᠪᠠ ᠢᠶᠠᠷ ᠢᠶᠠᠨ ᠵᠠᠷᠯᠢᠭ ᠵᠠᠬᠢᠶ᠎ᠡ ᠫᠠᠶᠢᠰᠡ ᠲᠡᠮᠲᠡᠭ ᠪᠠᠭᠤᠯᠭᠠᠬᠤ ᠶᠢ ᠡᠷᠡᠰ ᠵᠤᠭᠰᠤᠭᠠᠵᠤ᠂ ᠬᠠᠤᠯᠢ ᠴᠠᠭᠠᠵᠡ ᠶᠢ ᠴᠢᠩᠭ᠎ᠠ ᠬᠡᠷᠡᠭᠵᠢᠭᠦᠯᠦᠨ ᠤᠳᠴᠢᠬᠢᠨ ᠨᠤᠶᠠᠨ ᠎ ᠤ ᠴᠡᠷᠢᠭ ᠢᠶᠠᠷ ᠬᠠᠯᠳᠠᠭᠰᠡᠨ ᠬᠡᠷᠡᠭ ᠢ ᠰᠢᠭᠦᠵᠤ ᠶᠡᠭᠡ ᠵᠠᠰᠠᠭ ᠢᠶᠠᠷ ᠵᠠᠯᠢᠬᠠᠢ ᠲᠦᠰᠢᠮᠡᠳ ᠢ ᠰᠢᠢᠳᠭᠡᠵᠤ᠂ ᠭᠠᠪᠢᠶᠠᠲᠤ ᠲᠦᠰᠢᠮᠡᠳ ᠤᠨ ᠬᠢᠯᠢᠰ ᠢ ᠴᠠᠭᠠᠳᠬᠠᠨ ᠳᠠᠬᠢᠨ ᠬᠦᠨᠳᠦᠳᠭᠡᠨ ᠬᠡᠷᠡᠭᠯᠡᠵᠤ ᠲᠦᠷᠦ ᠶᠢ ᠲᠦᠪᠰᠢᠳᠭᠡᠪᠡ᠃ 1247 ᠤᠨ ᠳᠤ ᠲᠦᠪᠡᠳ ᠳᠠᠭᠠᠵᠠᠢ᠃ 1248 ᠤᠨ ᠳᠤ ᠤᠮᠠᠷᠠᠲᠤ ᠤᠷᠤᠨ ᠶᠡᠭᠡ ᠪᠠᠷ ᠭᠠᠩᠳᠠᠵᠠᠢ᠃ ᠮᠦᠨ ᠤᠨ ᠤ ᠬᠠᠪᠤᠷ ᠬᠦᠶᠦᠭ ᠬᠠᠭᠠᠨ ᠪᠠᠷᠠᠭᠤᠨᠰᠢ ᠮᠤᠷᠳᠠᠵᠤ ᠬᠤᠮᠰᠠᠩᠬᠢᠷ ᠬᠦᠷᠦᠭᠡᠳ ᠡᠪᠡᠳᠴᠢᠨ ᠢᠶᠠᠷ ᠲᠩᠷᠢ ᠪᠤᠯᠪᠠ᠃ ᠬᠠᠰ ᠢᠵᠠᠭᠤᠷ ᠢ ᠨᠢ ᠬᠦᠷᠦᠯᠬᠦ ᠳᠤ ᠤᠷᠤᠰᠢᠭᠤᠯᠵᠠᠢ᠃ ᠬᠦᠶᠦᠭ ᠢ ᠬᠠᠯᠢᠭᠰᠡᠨ ᠤ ᠳᠠᠷᠠᠭ᠎ᠠ ᠬᠠᠲᠤᠨ ᠨᠢ ᠤᠭᠤᠯ ᠬᠠᠶᠢᠮᠢᠰᠢ ᠵᠠᠰᠠᠭ ᠪᠠᠷᠢᠪᠠ᠃ ᠬᠦᠶᠦᠭ ᠬᠠᠭᠠᠨ ᠤ ᠭᠠᠪᠢᠶ᠎ᠡ ᠵᠢᠳᠭᠦᠯ᠄ ⒈ ᠯᠢᠶᠤᠤᠳᠦ᠋ᠩ ᠤᠨ ᠳᠠᠶᠢᠯᠠᠯᠳᠤᠭᠠᠨ ᠳᠤ ᠤᠷᠤᠯᠴᠠᠵᠤ ᠠᠯᠲᠡᠨ ᠤᠯᠤᠰ ᠤᠨ ᠴᠢᠨ ᠸᠠᠩ ᠫᠦᠰᠢᠶᠠᠨ ᠸᠠᠨᠨᠤ᠋ ᠶᠢ ᠪᠠᠷᠢᠪᠴᠢᠯᠠᠨ ᠠᠯᠲᠡᠨ ᠤᠯᠤᠰ ᠢ ᠮᠥᠬᠦᠭᠡᠬᠦ ᠳᠤ ᠭᠠᠪᠢᠶ᠎ᠡ ᠪᠠᠶᠢᠭᠤᠯᠪᠠ᠃ ⒉ ︽ᠠᠬᠠᠮᠡᠳ ᠬᠦᠪᠡᠭᠦᠳ ᠤᠨ ᠪᠠᠷᠠᠭᠤᠨᠰᠢ ᠠᠶᠠᠯᠠᠭᠰᠡᠨ ᠳᠠᠶᠢᠨ︾᠎ ᠳᠤ ᠤᠷᠤᠯᠴᠠᠵᠤ ᠦᠷᠦᠨᠠᠰᠢ ᠳᠠᠶᠢᠯᠠᠨ ᠤᠷᠤᠰ ᠪᠤᠯᠤᠨ ᠵᠡᠭᠦᠨ ᠡᠸ᠋ᠷᠦ᠋ᠫᠠ ᠲᠢᠪ ᠤᠨ ᠤᠯᠠᠨ ᠭᠠᠵᠠᠷ ᠢ ᠲᠤᠪᠲᠤᠯᠤᠨ ᠶᠡᠭᠡ ᠮᠤᠩᠭᠤᠯ ᠤᠯᠤᠰ ᠤᠨ ᠨᠤᠳᠤᠭ ᠳᠡᠪᠢᠰᠭᠡᠷ ᠤᠨ ᠦᠷᠭᠡᠳᠭᠡᠯ ᠳᠤ ᠭᠠᠪᠢᠶ᠎ᠡ ᠨᠡᠮᠡᠷᠢᠯᠡᠪᠡ᠃ ⒊ ᠲᠦᠷᠭᠡᠨ᠎ᠠ ᠬᠠᠲᠤᠨ ᠤ ᠦᠶ᠎ᠡ ᠶᠢᠨ ᠲᠦᠷᠤ ᠶᠢᠨ ᠶᠤᠰᠤ ᠡᠪᠳᠡᠭᠳᠡᠵᠤ ᠵᠠᠰᠠᠭ ᠰᠤᠯᠠᠷᠠᠭᠰᠡ ᠪᠠᠶᠢᠳᠠᠯ ᠢ ᠦᠨᠳᠦᠰᠦᠨ ᠳᠤ ᠪᠠᠨ ᠵᠠᠰᠠᠵᠤ ᠴᠢᠳᠠᠪᠠ᠃ ⒋ ᠲᠦᠪᠡᠳ ᠢ ᠳᠠᠭᠠᠭᠤᠯᠵᠤ ᠶᠡᠭᠡ ᠮᠤᠩᠭᠤᠯ ᠤᠯᠤᠰ ᠤᠨ ᠤᠯᠤᠰ ᠲᠦᠷᠦ ᠶᠢᠨ ᠨᠦᠯᠦᠭᠡ ᠶᠢ ᠦᠷᠭᠦᠯᠵᠢᠯᠡᠨ ᠶᠡᠭᠡᠰᠭᠡᠪᠡ᠃ ᠬᠦᠶᠦᠭ ᠬᠠᠭᠠᠨ ᠤ ᠲᠠᠮᠠᠭ᠎ᠠ ᠶᠢᠨ ᠪᠢᠴᠢᠭ᠄ ᠮᠥᠩᠭᠡ ᠲᠩᠷᠢ ᠶᠢᠨ ᠬᠦᠴᠦᠨ ᠳᠤᠷ ᠶᠡᠭᠡ ᠮᠤᠩᠭᠤᠯ ᠤᠯᠤᠰ ᠤᠨ ᠳᠠᠯᠠᠢ ᠶᠢᠨ ᠬᠠᠭᠠᠨ ᠤ ᠵᠠᠷᠯᠢᠭ ᠡᠯ᠎ᠡ ᠪᠤᠯᠭᠠᠨ ᠢᠷᠭᠡᠨ ᠳᠤᠷ ᠬᠦᠷᠪᠡᠰᠤ ᠠᠶᠤᠲᠤᠭᠠᠢ ᠪᠢᠰᠢᠷᠡᠲᠦᠭᠡᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号