ᠬᠦᠯᠦᠭ ᠬᠠᠭᠠᠨ ︵1281 — 1311︶ | | ᠶᠡᠭᠡ ᠮᠤᠩᠭᠤᠯ ᠤᠯᠤᠰ ᠤᠨ ᠳᠤᠯᠤᠳᠤᠭᠠᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠭᠤᠷᠪᠠᠳᠤᠭᠠᠷ ᠦᠶ᠎ᠡ | ᠶᠢᠨ ᠶᠡᠭᠡ ᠬᠠᠭᠠᠨ᠂ ᠮᠤᠩᠭᠤᠯ ᠦᠨᠳᠦᠰᠦᠲᠡᠨ᠂ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠂ | ᠤᠯᠤᠰ ᠲᠦᠷᠦᠴᠢ᠂ ᠴᠡᠷᠢᠭ ᠳᠠᠶᠢᠨᠴᠢ᠃ ᠰᠡᠴᠡᠨ ᠬᠠᠭᠠᠨ ᠤ ᠬᠤᠶᠠᠳᠤᠭᠠᠷ ᠬᠦᠪᠡᠭᠦᠨ ᠴᠢᠩᠬᠢᠮ ᠤᠨ ᠬᠤᠶᠠᠳᠤᠭᠠᠷ | ᠬᠦᠪᠡᠭᠦᠨ ᠳᠠᠷᠮᠠᠪᠠᠯᠡ ︵ᠨᠡᠭᠡᠮᠵᠢ ᠠᠯᠳᠠᠷ ᠨᠢ ᠪᠤᠭᠲᠠ ᠠᠯᠳᠠᠷᠰᠢᠭᠤᠯᠤᠨ ᠳᠡᠬᠢᠮᠳᠠᠭᠤ ᠦᠷᠨᠢᠭᠦᠯᠦᠭᠴᠢ ᠬᠠᠭᠠᠨ᠂ | ᠰᠦᠮ᠎ᠡ ᠶᠢᠨ ᠠᠯᠳᠠᠷ ᠨᠢ ᠡᠶᠡᠪᠡᠷᠲᠤ ᠬᠠᠭᠠᠨ︶ ᠶᠢᠨ ᠠᠬᠠᠮᠡᠳ ᠬᠦᠪᠡᠭᠦᠨ᠂ ᠡᠭᠡ ᠨᠢ ᠬᠤᠩᠬᠢᠷᠠᠳ ᠤᠪᠤᠭᠲᠤ | ᠰᠤᠯᠡ ᠬᠠᠲᠤᠨ ᠳ᠋ᠠᠵᠢ ︵ᠬᠦᠯᠦᠭ ᠬᠠᠭᠠᠨ ᠤ ᠦᠶ᠎ᠡ ᠶᠢᠨ ᠡᠷᠭᠦᠮᠵᠢ ᠠᠯᠳᠠᠷ ᠨᠢ ᠪᠤᠭᠲᠠ ᠮᠠᠨᠳᠤᠭᠤᠯᠤᠭᠴᠢ ᠳᠡᠭᠡᠲᠤ | ᠬᠠᠲᠤᠨ᠂ ᠭᠡᠭᠡᠨ ᠬᠠᠭᠠᠨ ᠤ ᠦᠶ᠎ᠡ ᠳᠤ ᠳᠠᠬᠢᠨ ᠡᠷᠭᠦᠮᠵᠢᠯᠡᠵᠤ ᠪᠤᠭᠲᠠ ᠮᠠᠨᠳᠤᠭᠤᠯᠤᠭᠴᠢ ᠡᠯᠦᠨᠴᠡ ᠳᠡᠭᠡᠲᠤ | ᠬᠠᠲᠤᠨ ᠬᠡᠪᠡ︶᠃ ᠴᠡᠭᠡᠷᠯᠡᠭᠦᠢ ᠨᠡᠷ᠎ᠡ ᠨᠢ ᠬᠠᠶᠢᠱᠠᠨ᠂ ᠡᠷᠭᠦᠮᠵᠢ ᠠᠯᠳᠠᠷ ᠨᠢ ᠬᠦᠯᠦᠭ ᠬᠠᠭᠠᠨ᠂ ᠨᠡᠭᠡᠮᠵᠢ ᠠᠯᠳᠠᠷ | ᠨᠢ ᠨᠢᠭᠦᠯᠡᠰᠭᠦᠢ ᠤᠬᠠᠭᠠᠨᠲᠤ ᠳᠡᠬᠢᠮᠳᠠᠭᠤ ᠳᠡᠯᠭᠡᠷᠡᠭᠦᠯᠦᠭᠴᠢ ᠬᠠᠭᠠᠨ᠂ ᠰᠦᠮ᠎ᠡ ᠶᠢᠨ ᠠᠯᠳᠠᠷ ᠨᠢ ᠬᠦᠴᠦᠲᠤ ᠬᠠᠭᠠᠨ | ᠃ 1299 ᠤᠨ ᠳᠤ ᠵᠠᠷᠯᠢᠭ ᠢᠶᠠᠷ ᠬᠤᠯᠠᠳᠠᠬᠢᠨ ᠢ ᠠᠮᠤᠷᠵᠢᠭᠤᠯᠤᠭᠴᠢ ᠸᠠᠩ ᠬᠦᠭᠡᠴᠤ ᠶᠢ ᠤᠷᠤᠯᠠᠨ ᠴᠡᠷᠢᠭ | ᠵᠠᠬᠢᠷᠴᠤ ᠤᠮᠠᠷᠠᠲᠤ ᠤᠷᠤᠨ ᠢ ᠰᠠᠬᠢᠨ ᠰᠠᠭᠤᠪᠠ᠃ 1301 ᠤᠨ ᠳᠤ ᠳᠡᠭᠡᠯᠢ ᠶᠢᠨ ᠭᠤᠤᠯ ᠤᠨ ᠳᠠᠶᠢᠨ ᠳᠤ | ᠬᠠᠶᠢᠳᠤ᠂ ᠲᠤᠸᠠ ᠨᠠᠷ ᠢ ᠶᠡᠭᠡ ᠪᠠᠷ ᠳᠠᠷᠤᠪᠠ᠃ 1304 ᠤᠨ ᠳᠤ ᠪᠤᠳᠤᠯᠭᠠᠲᠤ ᠠᠮᠤᠭᠤᠯᠤᠭᠴᠢ ᠸᠠᠩ | ᠡᠷᠭᠦᠮᠵᠢᠯᠡᠭᠳᠡᠪᠡ᠃ 1306 ᠤᠨ ᠳᠤ ᠡᠷᠴᠢᠰ ᠮᠦᠷᠡᠨ ᠤ ᠬᠦᠪᠡᠭᠡᠨ ᠳᠤ ᠬᠠᠶᠢᠲᠤ ᠶᠢᠨ ᠬᠦᠪᠡᠭᠦᠨ ᠴᠡᠪᠡᠷ ᠢ | ᠳᠠᠶᠢᠯᠠᠵᠤ ᠪᠠᠷᠠᠭᠤᠨ ᠬᠤᠶᠢᠲᠤ ᠬᠢᠯᠢ ᠶᠢᠨ ᠳᠠᠶᠢᠨ ᠢ ᠳᠠᠷᠤᠪᠠ᠃ 1307 ᠤᠨ ᠳᠤ ᠳᠡᠭᠦᠦ ᠠᠶᠤᠷᠪᠠᠷᠪᠠᠳᠡ ᠨᠢ | ᠲᠦᠷᠦ ᠶᠢᠨ ᠬᠤᠪᠢᠰᠦᠯ ᠭᠠᠷᠭᠠᠨ ᠡᠰᠢ ᠬᠠᠲᠤᠨ ᠪᠤᠯᠤᠭᠠᠨ ᠢ ᠳᠠᠷᠤᠩᠭᠤᠶᠢᠯᠠᠵᠤ ᠱᠠᠩᠳᠤ ᠳᠤ ᠲᠡᠭᠦᠨ ᠢ ᠬᠠᠭᠠᠨ | ᠤᠷᠤᠨ ᠳᠤ ᠰᠠᠭᠤᠯᠭᠠᠭᠰᠡᠨ ᠳᠤ ᠬᠠᠶᠢᠰᠠᠨ ᠳᠡᠭᠦᠦ ᠲᠠᠢ ᠪᠠᠨ ︽ᠠᠬ᠎ᠠ ᠳᠡᠭᠦᠦ ᠠᠪᠠᠭ᠎ᠠ ᠠᠴᠢ ᠦᠶ᠎ᠡ ᠤᠯᠠᠷᠢᠨ | ᠡᠭᠡᠯᠵᠢᠯᠡᠵᠤ ᠬᠠᠭᠠᠨ ᠤᠷᠤ ᠵᠠᠯᠭᠠᠮᠵᠢᠯᠡᠶᠡ︾ ᠭᠡᠵᠤ ᠠᠮᠠᠯᠳᠤᠵᠤ ᠳᠡᠭᠦᠦ ᠪᠠᠨ ᠳᠠᠶᠠ ᠬᠦᠪᠡᠭᠦᠨ ᠳᠡᠭᠦᠦ | ᠡᠷᠭᠦᠮᠵᠢᠯᠡᠪᠡ᠃ 1308 ᠤᠨ ᠳᠤ ᠤᠨ ᠤ ᠴᠤᠯᠡ ᠪᠠᠨ ᠬᠠᠮᠤᠭ ᠡᠷᠬᠢᠮᠲᠤ ᠤᠨ ᠭᠡᠪᠡ᠃ ᠬᠠᠭᠠᠨ ᠰᠠᠭᠤᠭᠰᠡᠨ ᠤ | ᠳᠠᠷᠠᠭ᠎ᠠ ᠬᠠᠶᠢᠰᠠᠨ ᠤᠭᠰᠠᠭᠠᠨ ᠤ ᠨᠤᠶᠠᠳ᠂ ᠰᠢᠳᠠᠷ ᠲᠦᠰᠢᠮᠡᠳ ᠢᠶᠠᠨ ᠶᠡᠭᠡ ᠪᠠᠷ ᠡᠷᠭᠦᠮᠵᠢᠯᠡᠨ ᠱᠠᠩᠨᠠᠵᠤ᠂ ᠲᠦᠪ | ᠤᠨ ᠨᠤᠶᠠᠳ ᠪᠠ ᠬᠢᠵᠠᠭᠠᠷ ᠤᠨ ᠨᠤᠶᠠᠳ ᠢ ᠨᠡᠮᠡᠵᠤ ᠲᠤᠮᠢᠯᠠᠭᠠᠳ ᠵᠦᠩᠳᠤ ᠬᠤᠲᠠ ᠶᠢ ᠴᠤᠭᠴᠠᠯᠠᠨ ᠤᠲᠠᠢ ᠶᠢᠨ | ᠰᠦᠮ᠎ᠡ ᠪᠠ ᠲᠦᠰᠢᠮᠡᠯ ᠤᠨ ᠤᠷᠳᠤᠨ ᠢ ᠪᠠᠶᠢᠭᠤᠯᠪᠠ᠃ 1309 ᠤᠨ ᠳᠤ ᠳᠡᠭᠡᠳᠤ ᠪᠢᠴᠢᠭ ᠤᠨ ᠮᠤᠵᠢ ᠶᠢ | ᠪᠠᠶᠢᠭᠤᠯᠵᠤ ᠪᠦᠬᠦ ᠤᠯᠤᠰ ᠤᠨ ᠭᠠᠶᠢᠯᠢ ᠭᠤᠪᠴᠢᠭᠤᠷ ᠡᠳ᠋ ᠤᠨ ᠵᠠᠰᠠᠭ ᠢ ᠬᠠᠮᠢᠶᠠᠷᠤᠭᠤᠯᠵᠤ ᠤᠯᠠᠨ ᠵᠦᠢᠯ ᠤᠨ | ᠠᠷᠭ᠎ᠠ ᠠᠪᠴᠠᠯ ᠢ ᠬᠡᠷᠡᠭᠯᠡᠨ ᠡᠳ᠋ ᠤᠨ ᠵᠠᠰᠠᠭ ᠤᠨ ᠤᠷᠤᠯᠭ᠎ᠠ ᠪᠠᠨ ᠨᠡᠮᠡᠭᠳᠡᠭᠦᠯᠪᠡ᠃ ᠬᠦᠯᠦᠭ ᠬᠠᠭᠠᠨ ᠳᠤ ᠤᠯᠠᠨ | ᠰᠤᠯᠡ ᠬᠠᠲᠤᠨ ᠲᠠᠢ᠂ 1310 ᠤᠨ ᠳᠤ ᠬᠤᠩᠬᠢᠷᠠᠳ ᠤᠪᠤᠭᠲᠤ ᠰᠤᠯᠡ ᠬᠠᠲᠤᠨ ᠵᠢᠩᠭᠠ ᠪᠤᠯᠤᠨ ᠦᠶᠡᠯᠢᠳ | ᠦᠬᠢᠨ ᠳᠡᠭᠦᠦ ᠰᠦᠭᠡᠰᠢᠷᠢ ᠶᠢ ᠨᠢ ᠪᠦᠷ ᠡᠰᠢ ᠬᠠᠲᠤᠨ ᠡᠷᠭᠦᠮᠵᠢᠯᠡᠵᠡᠢ᠃ ᠡᠭᠦᠨ ᠠᠴᠠ ᠤᠨᠳᠤᠤ ᠰᠤᠯᠡ ᠬᠠᠲᠤᠨ | ᠢᠬᠢᠷᠡᠰ ᠪᠤᠯᠤᠨ ᠰᠤᠯᠡ ᠬᠠᠲᠤᠨ ᠲᠠᠩᠭᠤᠵᠢᠨ ᠨᠢ ᠠᠯᠳᠠᠷᠲᠠᠢ᠃ ᠬᠦᠯᠦᠭ ᠬᠠᠭᠠᠨ 1311 ᠤᠨ ᠳᠤ ᠡᠪᠡᠳᠴᠢᠨ | ᠢᠶᠠᠷ ᠲᠩᠷᠢ ᠪᠤᠯᠪᠠ᠃ ᠬᠠᠰ ᠢᠵᠠᠭᠤᠷ ᠢ ᠬᠦᠷᠦᠯᠬᠦ ᠳᠤ ᠤᠷᠤᠰᠢᠭᠤᠯᠪᠠ᠃ | ᠬᠦᠯᠦᠭ ᠬᠠᠭᠠᠨ ᠤ ᠭᠤᠤᠯ ᠦᠢᠯᠡ ᠪᠠ ᠨᠦᠯᠦᠭᠡ᠄ | ⒈ ᠴᠡᠷᠢᠭ ᠳᠠᠶᠢᠴᠢᠯᠠᠨ ᠪᠠᠷᠠᠭᠤᠨ ᠬᠤᠶᠢᠲᠤ ᠶᠢᠨ ᠤᠭᠰᠠᠭᠠᠨ ᠤ ᠨᠤᠶᠠᠳ ᠤᠨ ᠤᠷᠪᠠᠯᠭᠠᠨ ᠢ ᠲᠦᠪᠰᠢᠳᠭᠡᠵᠤ | ᠭᠠᠪᠢᠶ᠎ᠡ ᠪᠠᠶᠢᠭᠤᠯᠪᠠ᠃ | ⒉1309 ᠤᠨ ᠳᠤ ᠳᠡᠭᠡᠳᠤ ᠪᠢᠴᠢᠭ ᠤᠨ ᠮᠤᠵᠢ ᠶᠢ ᠪᠠᠶᠢᠭᠤᠯᠵᠤ ᠤᠯᠤᠰ ᠲᠦᠷᠦ ᠶᠢᠨ ᠲᠦᠪ ᠵᠠᠬᠢᠷᠭ᠎ᠠ | ᠪᠤᠯᠭᠠᠭᠰᠡᠨ ᠪᠠᠶᠢᠨ᠎ᠠ᠃ | ⒊ ᠭᠠᠶᠢᠯᠢ ᠭᠤᠪᠴᠢᠭᠤᠷ ᠢ ᠬᠦᠩᠭᠡᠯᠡᠨ ᠠᠵᠤ ᠠᠬᠤᠢ ᠶᠢ ᠰᠡᠷᠭᠦᠭᠡᠨ ᠰᠤᠶᠤᠯ ᠢ ᠬᠦᠨᠳᠦᠳᠭᠡᠵᠤ ᠤᠯᠤᠰ ᠢᠶᠠᠨ | ᠠᠮᠤᠷᠵᠢᠭᠤᠯᠤᠨ ᠵᠠᠰᠠᠵᠤ ᠴᠢᠳᠠᠪᠠ᠃ | ⒋ ᠪᠠᠷᠢᠯᠭ᠎ᠠ ᠶᠢᠨ ᠦᠢᠯᠡᠰ ᠢ ᠴᠢᠬᠤᠯᠠᠴᠢᠯᠠᠵᠤ ᠳᠤᠮᠳᠠᠲᠤ ᠨᠡᠶᠢᠰᠯᠡᠯ ᠵᠦᠩᠳᠤ ︵ᠮᠤᠩᠭᠤᠯ ᠢᠶᠠᠷ ᠤᠩᠬᠤᠴᠠᠲᠤ | ᠭᠡᠳᠡᠭ︶ ᠬᠤᠲᠠ ︵ᠤᠳᠤ ᠶᠢᠨ ᠡᠾᠧᠪᠸᠢ ᠶᠢᠨ ᠵᠠᠩᠪᠸᠢ︶ ᠪᠠ ᠨᠡᠭᠦᠳᠡᠯ ᠤᠷᠳᠤᠨ ᠢ ᠪᠠᠶᠢᠭᠤᠯᠤᠭᠤᠯᠵᠠᠢ᠃ | ⒌ ᠶᠤᠰᠤᠯᠠᠯ ᠲᠠᠬᠢᠯᠭ᠎ᠠ ᠶᠢ ᠬᠦᠨᠳᠦᠳᠭᠡᠵᠤ ᠡᠪᠦᠭᠡᠳ ᠤᠨ ᠰᠦᠮ᠎ᠡ ᠳᠠᠬᠢ ᠳᠡᠭᠡᠳᠦᠰ ᠤᠨ ᠤᠷᠤ ᠶᠢ ᠡᠩᠨᠡᠭᠦᠯᠬᠦ | ᠳᠠᠷᠠᠭᠠᠯᠠᠯ ᠤᠨ ᠳᠦᠷᠢᠮ ᠢ ᠦᠭᠡᠷᠡᠴᠢᠯᠡᠨ ᠴᠢᠩᠬᠢᠰ ᠬᠠᠭᠠᠨ ᠤ ᠤᠷᠳᠤ ᠶᠢ ᠳᠤᠮᠳᠠ ᠨᠢ᠂ ᠪᠤᠰᠤᠳ ᠤᠷᠳᠤᠰ ᠢ | ᠵᠡᠭᠦᠨ ᠪᠠᠷᠠᠭᠤᠨ ᠳᠤ ᠵᠢᠭᠦᠷᠯᠡᠭᠦᠯᠦᠨ ᠳᠠᠷᠠᠭᠠᠯᠠᠭᠤᠯᠬᠤ ᠳᠠᠳᠬᠠᠯ ᠢ ᠪᠤᠢ ᠪᠤᠯᠭᠠᠵᠤ᠂ ᠡᠪᠦᠭᠡᠳ ᠤᠨ ᠰᠦᠮ᠎ᠡ ᠳᠤ | ᠭᠤᠷᠪᠠ ᠤᠳᠠᠭ᠎ᠠ ᠪᠡᠶ᠎ᠡ ᠪᠠᠷ ᠰᠠᠭᠠᠲᠠᠵᠤ ᠲᠠᠬᠢᠯᠭ᠎ᠠ ᠦᠢᠯᠡᠳᠴᠤ ᠶᠤᠸᠠᠨ ᠤᠯᠤᠰ ᠤᠨ ᠬᠠᠭᠠᠳ ᠤᠨ ᠲᠤᠲᠤᠷᠠᠬᠢ | ᠡᠪᠦᠭᠡᠳ ᠤᠨ ᠰᠦᠮ᠎ᠡ ᠳᠤ ᠪᠡᠶ᠎ᠡ ᠪᠠᠷ ᠰᠠᠭᠠᠲᠠᠵᠤ ᠲᠠᠬᠢᠯᠭ᠎ᠠ ᠦᠢᠯᠡᠳᠦᠭᠰᠡᠨ ᠠᠩᠬᠠᠨ ᠤ ᠬᠠᠭᠠᠨ ᠪᠤᠯᠤᠭᠰᠡᠨ | ᠪᠠᠶᠢᠨ᠎ᠠ᠃ | ⒍ ᠺᠦᠩᠽᠢ ᠶᠢᠨ ᠰᠤᠷᠭᠠᠯ ᠢ ᠬᠦᠨᠳᠦᠳᠭᠡᠨ ᠪᠢᠴᠢᠭᠲᠡᠨ ᠢ ᠡᠷᠬᠢᠮᠯᠠᠵᠤ ᠰᠤᠷᠭᠠᠭᠤᠯᠢ ᠡᠷᠬᠢᠯᠡᠬᠦ ᠶᠢ ᠬᠦᠬᠢᠭᠦᠯᠦᠨ | ᠺᠦᠩᠽᠢ ᠶᠢ ︽ᠶᠡᠭᠡᠳᠡ ᠪᠦᠷᠢᠯᠳᠦᠭᠦᠯᠦᠭᠰᠡᠨ ᠮᠡᠷᠭᠡᠨ ᠪᠤᠭᠲᠠ ᠤᠳᠬ᠎ᠠ ᠶᠢ ᠳᠡᠯᠭᠡᠷᠡᠭᠦᠯᠦᠭᠴᠢ ᠸᠠᠩ︾ ᠭᠡᠵᠤ | ᠨᠡᠭᠡᠮᠵᠢᠯᠡᠨ ᠡᠷᠭᠦᠮᠵᠢᠯᠠᠵᠤ ᠳᠤᠮᠳᠠᠲᠤ ᠪᠢᠴᠢᠭ ᠤᠨ ᠮᠤᠵᠢ ᠶᠢᠨ ᠪᠠᠷᠠᠭᠤᠨ ᠭᠠᠷ ᠤᠨ ᠲᠡᠷᠢᠭᠦᠨ ᠰᠠᠶᠢᠳ ᠪᠤᠷᠤᠲᠠᠮᠦᠷ | ᠤᠨ ᠮᠤᠩᠭᠤᠯᠴᠢᠯᠠᠨ ᠡᠷᠭᠦᠭᠰᠡᠨ ︽ᠲᠠᠬᠢᠮᠳᠠᠭᠤ ᠨᠤᠮ︾ ᠢ ᠬᠡᠪᠯᠡᠭᠦᠯᠦᠨ ᠦᠢᠯᠡ ᠶᠢᠨ ᠵᠢᠷᠤᠮᠯᠠᠯ ᠪᠤᠯᠭᠠᠲᠤᠭᠠᠢ ᠬᠡᠮᠡᠨ | ᠨᠤᠶᠠᠳ ᠲᠦᠰᠢᠮᠡᠳ ᠲᠤ ᠪᠠᠨ ᠲᠠᠷᠬᠠᠭᠠᠵᠠᠢ᠃ | ⒎ ᠪᠤᠮᠪᠤ ᠶᠢᠨ ᠱᠠᠰᠢᠨ ᠢ ᠬᠦᠨᠳᠦᠳᠭᠡᠨ ᠪᠤᠷᠬᠠᠨ ᠱᠠᠰᠢᠨ ᠢ ᠰᠢᠲᠦᠵᠤ ᠳᠡᠭᠡᠲᠤ ᠨᠡᠶᠢᠰᠯᠡᠯ᠂ ᠳᠤᠮᠳᠠᠲᠤ ᠨᠡᠶᠢᠰᠯᠡᠯ | ᠳᠤ ᠰᠦᠮ᠎ᠡ ᠬᠡᠶᠢᠳ ᠪᠠᠶᠢᠭᠤᠯᠤᠭᠤᠯᠤᠨ ᠤᠲᠠᠢ ᠠᠭᠤᠯᠠᠨ ᠳᠤ ᠤᠲᠠᠢ ᠶᠢᠨ ᠰᠦᠮ᠎ᠡ ᠶᠢ ᠴᠤᠭᠴᠠᠯᠠᠭᠤᠯᠪᠠ᠃ | ⒏ ᠴᠠᠭᠠᠲᠠᠢ ᠬᠠᠨᠲᠤ ᠤᠯᠤᠰ ᠲᠤ ᠴᠡᠷᠢᠭᠯᠡᠭᠦᠯᠵᠤ ᠪᠠᠷᠠᠭᠤᠨ ᠬᠤᠶᠢᠲᠤ ᠤᠷᠤᠨ ᠢ ᠠᠮᠤᠷᠵᠢᠭᠤᠯᠪᠠ᠃ | ⒐ ᠰᠤᠯᠤᠩᠭ᠎ᠠ ᠤᠯᠤᠰ ᠯᠤᠭ᠎ᠠ ᠶᠢᠨ ᠬᠠᠷᠢᠴᠠᠭ᠎ᠠ ᠪᠠᠨ ᠤᠯᠠᠮ ᠨᠢᠭᠡ ᠠᠯᠬᠤᠮ ᠰᠠᠶᠢᠵᠢᠷᠠᠭᠤᠯᠪᠠ᠃ | ⒑ ᠠᠨᠨᠠ ᠤᠯᠤᠰ ᠢ ᠳᠠᠭᠠᠯᠲᠡ ᠤᠯᠤᠰ ᠢᠶᠠᠨ ᠪᠤᠯᠭᠠᠭᠰᠠᠭᠠᠷ ᠪᠠᠶᠢᠪᠠ᠃ |