ᠱᠦᠬᠦᠷᠡᠮᠡᠭ
ᠨᠡᠶᠢᠲᠡᠯᠡᠭᠰᠡᠨ ᠴᠠᠭ᠄
2019/9/20
ᠤᠯᠠᠩᠬᠢ ᠳᠠᠭᠠᠨ ᠦᠨᠢᠶᠠᠨ ᠰᠦ ᠪᠤᠶᠤ ᠳᠡᠮᠡᠭᠡ ᠢᠮᠠᠭᠠᠨ ᠤ ᠰᠦ ᠪᠠᠷ ᠬᠢᠳᠡᠭ᠃ ᠨᠤᠳᠤᠭ ᠨᠤᠳᠤᠭ ᠤᠨ ᠦᠪᠠᠷᠮᠢᠴᠠ ᠤᠨᠴᠠᠯᠢᠭ ᠠᠴᠠ ᠪᠤᠯᠵᠤ ᠬᠤᠷᠤᠳ ᠤᠨ ᠳᠦᠷᠦᠯ ᠵᠦᠢᠯ ᠪᠠ ᠬᠢᠭᠦ ᠠᠷᠭ᠎ᠠ ᠪᠦᠷ ᠠᠳᠠᠯᠢ ᠦᠭᠡᠢ ᠶᠤᠮ᠃ ᠭᠡᠭᠦ ᠳᠡᠭᠡᠨ ᠬᠤᠷᠤᠳ ᠢ ᠶᠠᠷᠦᠳᠡᠭᠡᠨ ᠰᠦᠨ ᠬᠤᠷᠤᠳ ᠪᠠ ᠠᠭᠠᠷᠴᠠᠠ ᠬᠤᠷᠤᠳ ᠭᠡᠵᠤ ᠬᠤᠶᠠᠷ ᠠᠩᠬᠢᠯᠠᠨ᠎ᠡ᠃ ᠦᠨᠢᠶᠡᠨ ᠰᠦᠨ ᠬᠤᠷᠤᠳ ᠪᠤᠯ ᠰᠦᠨ ᠤ ᠲᠤᠳᠤᠷᠠᠬᠢ ᠤᠬᠢ ᠰᠢᠮᠡᠲᠤ ᠢᠳᠡᠭᠡᠨ᠂ ᠬᠦᠮᠦᠨ ᠤ ᠪᠠᠶ᠎ᠡ ᠳᠤ ᠬᠡᠷᠡᠭᠴᠡᠭᠡ ᠲᠠᠢ ᠠᠮᠢᠨᠤ᠋ ᠬᠦᠴᠢᠯ ᠤᠯᠠᠨ ᠠᠭᠤᠯᠤᠭᠳᠠᠵᠤ ᠪᠠᠶᠢᠳᠠᠭ ᠠᠴᠠ ᠪᠡᠶ᠎ᠡ ᠶᠢᠨ ᠲᠠᠮᠢᠷ ᠢ ᠰᠠᠶᠢᠵᠢᠷᠠᠭᠤᠯᠵᠤ᠂ ᠡᠪᠡᠳᠴᠢᠨ ᠢ ᠡᠰᠡᠷᠭᠦᠴᠡᠬᠦ ᠸᠢᠷᠢᠰ ᠢ ᠳᠡᠭᠡᠭᠰᠢᠯᠡᠭᠦᠯᠬᠦ ᠤᠶᠢᠯᠡᠳᠤᠯ ᠲᠠᠢ᠃ ᠰᠦᠨ ᠬᠤᠷᠤᠳ ᠭᠡᠪᠡᠯ ᠡᠭᠡᠳᠡᠭᠰᠡᠨ ᠰᠦ ᠪᠠᠨ ᠳᠤᠭᠤᠭᠠᠨ ᠳᠠᠭᠠᠨ ᠬᠢᠵᠤ ᠵᠦᠭᠡᠭ ᠭᠠᠯ ᠢᠶᠠᠷ ᠬᠠᠯᠠᠭᠠᠭᠠᠳ ᠭᠦᠰᠢᠭᠡᠭᠰᠡᠨ ᠤ ᠳᠠᠷᠠᠭ᠎ᠠ ᠰᠢᠷᠡᠰᠤ ᠶᠢ ᠨᠢ ᠰᠢᠬᠠᠵᠤ ᠠᠪᠤᠭᠠᠳ ᠭᠦᠰᠢᠭᠡᠭᠰᠡᠨ ᠰᠦ ᠪᠠᠨ ᠨᠤᠬᠤᠯᠤᠨ ᠨᠢᠭᠳᠠ ᠨᠡᠶᠢᠯᠡᠭᠦᠯᠵᠤ᠂ ᠬᠤᠷᠤᠳ ᠤᠨ ᠭᠡᠪ ᠲᠤ ᠬᠢᠵᠤ ᠳᠠᠷᠤᠰᠢᠭᠤᠯᠳᠠᠭ︔ ᠠᠭᠠᠷᠴᠠᠨ ᠬᠤᠷᠤᠳ ᠭᠡᠪᠡᠯ ᠰᠦ ᠶᠢ ᠠᠶᠢᠷᠠᠭ ᠳᠠᠬᠢᠨ ᠬᠢᠵᠤ ᠪᠤᠴᠠᠯᠭᠠᠵᠤ ᠠᠭᠠᠷᠴᠠ ᠪᠤᠯᠭᠠᠵᠤ ᠢᠯᠭᠠᠷᠠᠭᠤᠯᠤᠨ ᠭᠠᠷᠭᠠᠵᠤ ᠠᠪᠳᠠᠭ ᠶᠤᠮ᠃ ᠰᠦᠨ ᠬᠤᠷᠤᠳ ᠪᠤᠯ ᠠᠮᠳᠠᠯᠢᠭ᠂ ᠠᠭᠠᠷᠴᠠᠨ ᠬᠤᠷᠤᠳ ᠪᠤᠯ ᠭᠦᠴᠢᠯᠯᠢᠭ ᠠᠮᠳᠠᠳᠠᠢ᠃ ᠠᠠᠭᠠᠬᠤ ᠤᠬᠠᠭᠠᠨᠳᠠᠨ ᠤ ᠦᠵᠡᠬᠦ ᠪᠠᠷ ︽ᠰᠦᠨ ᠬᠤᠷᠤᠳ ᠪᠤᠯ ᠢᠳᠡᠭᠡᠨ ᠤ ᠳᠤᠳᠤᠷᠡᠬᠢ ᠬᠠᠮᠤᠭ ᠤᠨ ᠦᠯ ᠰᠢᠮ᠎ᠡ ᠲᠠᠢ ᠢᠳᠡᠭᠡᠨ ᠪᠤᠯᠤᠨ᠎ᠡ᠃ ᠭᠦᠮᠤᠨ ᠤ ᠪᠠᠶ᠎ᠡ ᠳᠤ ᠭᠡᠷᠡᠭᠴᠡᠭᠡ ᠲᠠᠢ ᠠᠮᠢᠨᠣ᠋ ᠬᠦᠴᠢᠯ ᠤᠯᠠᠨ ᠠᠭᠤᠯᠤᠭᠳᠠᠵᠤ ᠪᠠᠶᠢᠳᠠᠭ ᠠᠴᠠ ᠪᠠᠶ᠎ᠡ ᠶᠢᠨ ᠳᠡᠮᠢᠷ ᠢ ᠰᠠᠶᠢᠵᠢᠷᠠᠭᠤᠯᠵᠤ᠂ ᠡᠪᠡᠳᠴᠢᠨ ᠢ ᠡᠰᠡᠷᠭᠦᠴᠡᠭᠦ᠂ ᠡᠬᠡᠯᠢᠯᠠᠬᠦ ᠴᠢᠲᠠᠯ ᠢ ᠲᠠᠬᠡᠭᠰᠢᠯᠠᠬᠦᠯᠬᠦ ᠦᠢᠯᠡᠳᠤᠯ ᠲᠠᠢ᠃  ᠤᠢᠢᠷ᠎ᠡ ᠶᠢᠨ ᠵᠢᠯ ᠤᠨ ᠰᠤᠳᠤᠯᠭᠠᠨ ᠠᠴᠠ ᠦᠵᠡᠪᠡᠯ ᠰᠦ ᠶᠢ ᠪᠤᠯᠪᠠᠰᠤᠷᠠᠭᠤᠯᠤᠨ ᠬᠤᠷᠤᠳ ᠬᠢᠭᠦ ᠶᠠᠪᠤᠴᠠ ᠳᠤ ᠰᠦᠨ ᠤ ᠳᠤᠳᠤᠷ᠎ᠡ ᠠᠭᠤᠯᠤᠭᠳᠠᠬᠤ ᠨᠢᠭᠡ ᠵᠦᠢᠯ ᠤᠨ ᠤᠭᠤᠷᠠᠭ ᠤᠨ ᠵᠠᠳᠠᠷᠠᠨ ᠡᠭᠦᠰᠦᠭᠰᠡᠨ ᠪᠤᠳᠠᠰ ᠨᠢ ᠴᠢᠰᠤᠨ ᠢᠯᠳᠠᠰᠤ ᠶᠢᠨ ᠡᠭᠡᠳᠡᠭᠦ ᠶᠢ ᠬᠤᠷᠢᠭᠯᠠᠬᠤ ᠶᠢ ᠤᠯᠵᠤ ᠮᠡᠳᠡᠭᠰᠡᠨ ᠪᠠᠶᠢᠨ᠎ᠡ᠃ ᠡᠨᠡ ᠨᠢ ᠴᠢᠰᠤᠨ ᠳᠠᠷᠤᠯᠳᠠ ᠶᠢ ᠪᠠᠭᠤᠷᠠᠭᠤᠯᠬᠤ ᠵᠡᠷᠭᠡ ᠦᠢᠯᠡᠳᠤᠯ ᠲᠠᠢ ᠪᠠᠶᠢᠳᠠᠭ᠃ ᠠᠭᠠᠷᠴᠠᠨ ᠬᠤᠷᠤᠳ ᠨᠢ ᠬᠤᠤᠷ ᠢ ᠳᠠᠶᠢᠯᠤᠨ᠂ ᠰᠢᠮᠡᠵᠢᠭᠦᠯᠦᠨ ᠳᠠᠮᠢᠷᠵᠢᠭᠤᠯᠵᠤ᠂ ᠤᠮᠳᠠᠭᠠᠰᠬᠤ ᠶᠢ ᠵᠤᠭᠰᠤᠭᠠᠬᠤ ᠴᠢᠳᠠᠯ ᠲᠠᠢ᠃ ᠭᠤᠤᠯᠳᠠᠭᠤ ᠢᠳᠡᠭᠡᠨ ᠤ ᠬᠤᠤᠷ ᠪᠠ ᠡᠮ ᠤᠨ ᠬᠤᠤᠷ ᠢ ᠳᠠᠶᠢᠯᠵᠤ᠂ ᠤᠮᠳᠠᠭᠠᠰᠬᠤ ᠶᠢ ᠵᠤᠭᠰᠤᠭᠠᠨ᠎ᠡ ᠃ ᠬᠤᠷᠤᠳ ᠪᠤᠯᠤᠨ ᠠᠭᠠᠷᠴᠠᠨ ᠬᠤᠷᠤᠳ ᠨᠢ ᠳᠡᠭᠰᠢ ᠴᠢᠨᠠᠷ ᠲᠠᠢ ᠪᠠᠶᠢᠵᠤ᠂ ᠸᠢᠲ᠋ᠠᠮᠢᠨ᠂ ᠦᠭᠡᠭᠦ᠂ ᠹᠤᠰᠹᠤᠷ᠂ ᠳᠡᠮᠤᠷ ᠵᠡᠷᠭᠡ ᠭᠦᠮᠤᠨ ᠤ ᠪᠠᠶ᠎ᠡ ᠳᠤ ᠳᠤᠰᠠᠳᠠᠢ ᠪᠢᠴᠢᠯ ᠡᠯᠧᠮᠧᠨ᠋ᠲ ᠡᠯᠪᠡᠭ ᠠᠭᠤᠯᠤᠭᠳᠠᠳᠠᠭ ᠠᠴᠠ ᠰᠢᠮ᠎ᠡ ᠳᠡᠵᠢᠭᠡᠯ ᠤᠨ ᠦᠨ᠎ᠡ ᠦᠷᠳᠡᠭ ᠮᠠᠰᠢ ᠦᠨᠳᠤᠷ ᠪᠠᠶᠢᠵᠤ᠂ ᠦᠯᠦ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠦᠨ᠂ ᠦᠩᠭᠡ ᠵᠢᠰᠤ ᠶᠢ ᠭᠤᠸᠠᠯᠢᠬᠵᠢᠭᠤᠯᠬᠤ ᠤᠬᠢ ᠰᠠᠶᠢᠨ ᠢᠳᠡᠭᠡᠨ ᠪᠤᠯᠤᠨ᠎ᠡ  ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号