ᠪᠢᠰᠢᠯᠠᠭ ︿ᠡᠬᠡᠵᠡᠬᠡᠢ﹀
ᠨᠡᠶᠢᠲᠡᠯᠡᠭᠰᠡᠨ ᠴᠠᠭ᠄
2019/9/20
ᠡᠬᠡᠳᠡᠭᠰᠠᠠ ᠰᠥ ᠶᠢ ᠪᠤᠴᠠᠯᠭᠠᠭᠠᠣᠠ ᠰᠢᠷᠠᠰᠤ ᠶᠢ ᠨᠢ ᠰᠢᠷᠬᠢᠬᠡᠵᠤ ᠡᠬᠡᠳᠠᠮᠡᠭ ᠢ ᠨᠢ ᠬᠠᠳᠠᠭᠠᠵᠤ ᠬᠢᠭᠰᠡᠠ ᠴᠠᠭᠠᠠ ᠢᠳᠠᠬᠡᠠ᠃ ᠨᠤᠲᠤᠭ ᠤᠨ ᠠᠷᠭ᠎ᠠ ᠪᠠᠷ ᠰᠢᠷᠠᠰᠤ ᠪᠠᠨ ᠪᠤᠴᠠᠯᠭᠠᠵᠤ᠂ ᠳᠤᠩᠭᠠᠭᠰᠠᠨ ᠤ ᠳᠠᠷᠠᠭ᠎ᠠ ᠡᠭᠦᠰᠬᠦ ᠠᠭᠰᠢᠭᠤᠨ ᠪᠤᠳᠠᠰ ᠢ ᠳᠤᠰᠠᠭᠠᠷ ᠬᠠᠳᠠᠭᠠᠭᠰᠠᠨ ᠢ ᠡᠭᠡᠵᠡᠭᠡᠢ ᠭᠡᠳᠡᠭ︔ ᠡᠭᠡᠵᠡᠭᠡᠢ ᠶᠢ ᠦᠨᠢᠶᠡᠨ ᠤ ᠰᠦ ᠪᠠ ᠬᠤᠨᠢ ᠢᠮᠠᠭᠠᠨ ᠤ ᠬᠤᠯᠢᠮᠠᠭ ᠰᠦ ᠪᠠᠷ ᠬᠢᠳᠡᠭ︔ ᠰᠦ ᠪᠠᠨ ᠵᠦᠭᠡᠯᠡᠨ ᠭᠠᠯ ᠳᠡᠭᠡᠷ᠎ᠡ ᠬᠠᠯᠠᠭᠠᠭᠠᠳ ᠪᠠᠭ᠎ᠠ ᠲᠠᠷᠠᠭ ᠬᠢᠵᠦ ᠠᠭᠠᠵᠢᠮ ᠰᠠᠮᠦᠷᠴᠤ ᠡᠭᠡᠳᠡᠭᠦᠯᠦᠨ᠎ᠡ︔ ᠡᠬᠢᠯᠡᠭᠡᠳ ᠰᠢᠷ᠎ᠠ ᠰᠦ ᠶᠢ ᠨᠢ ᠨᠤᠭᠤᠭᠠᠨ ᠪᠤᠯᠲᠠᠯ᠎ᠠ ᠰᠠᠶᠢᠨ ᠡᠭᠡᠳᠡᠭᠦᠯᠦᠭᠡᠳ ᠰᠢᠷ᠎ᠠ ᠤᠰᠤ ᠠᠴᠠ ᠨᠢ ᠪᠠᠭ᠎ᠠ ᠬᠡᠮᠵᠢᠶ᠎ᠡ ᠲᠠᠢ ᠠᠪᠤᠭᠠᠳ ᠳᠠᠬᠢᠨ ᠰᠦ ᠨᠡᠮᠡᠵᠦ ᠪᠤᠴᠠᠯᠭᠠᠨ᠎ᠠ︔ ᠶᠡᠷᠤ ᠨᠢ ᠰᠢᠷ᠎ᠠ ᠰᠦ ᠨᠢ ᠶᠡᠭᠡ ᠪᠣᠯ ᠵᠦᠭᠡᠯᠡᠨ ᠠᠮᠲᠠᠲᠠᠢ ᠡᠭᠡᠵᠡᠭᠡᠢ ᠪᠤᠯᠤᠨ᠎ᠠ︔ ᠰᠢᠷ᠎ᠠ ᠰᠦ ᠶᠢ ᠢᠯᠠᠭᠠᠯ ᠦᠭᠡᠢ ᠪᠠᠷ ᠵᠦᠭᠡᠯᠡᠨ ᠭᠠᠯ ᠢᠶᠠᠷ ᠪᠤᠴᠠᠯᠭᠠᠵᠦ ᠲᠤᠰᠠᠬᠠᠢ ᠬᠤᠰᠤᠭᠤᠷ ᠢᠶᠠᠷ ᠪᠠᠶᠢᠩᠭᠤ ᠬᠤᠳᠬᠤᠵᠤ ᠰᠢᠷᠭᠢᠭᠡᠳᠡᠭ ᠤᠴᠢᠷ ᠰᠢᠮᠡᠲᠦ ᠪᠤᠳᠠᠰ ᠤᠨ ᠠᠭᠤᠯᠤᠮᠵᠢ ᠨᠢ ᠪᠤᠰᠤᠳ ᠴᠠᠭᠠᠨ ᠢᠳᠡᠭᠡᠨ ᠠᠴᠠ ᠠᠬᠠᠳᠠᠳᠠᠭ︔ ᠰᠢᠷᠭᠢᠭᠡᠭᠰᠡᠨ ᠡᠭᠡᠵᠡᠭᠡᠢ ᠪᠠᠨ ᠬᠡᠳᠤ ᠬᠤᠨᠤᠭ ᠢᠶᠠᠷ ᠨᠠᠷᠠ ᠰᠠᠯᠬᠢᠨ ᠳᠤ ᠬᠠᠲᠠᠭᠠᠭᠠᠳ ᠲᠤᠯᠤᠮ ᠳᠤ ᠪᠠᠨ ᠬᠢᠵᠦ ᠴᠢᠭᠢᠭ ᠦᠭᠡᠢ ᠤᠷᠴᠢᠨ ᠳᠤ ᠬᠠᠳᠠᠭᠠᠯᠠᠨ᠎ᠠ︔ ᠪᠢᠰᠢᠯᠠᠭ  ᠢ ᠬᠠᠪᠣᠷ ᠤᠨ ᠲᠦᠯᠯᠡᠭᠰᠡᠨ ᠬᠤᠨᠢ ᠢᠮᠠᠭᠠᠨ ᠤ ᠰᠦ ᠪᠤᠶᠤ ᠦᠬᠡᠷ ᠤᠨ ᠰᠦ ᠪᠠᠷ ᠬᠢᠳᠡᠭ᠃ ᠰᠦ ᠪᠠᠨ ᠪᠣᠴᠠᠯᠭᠠᠵᠣ᠂ ᠵᠢᠭᠠᠬᠠᠨ ᠪᠣᠴᠠᠯᠬᠤ ᠦᠶᠡᠰ ᠠᠶᠢᠷᠠᠭ ᠲᠣᠰᠣᠭᠠᠪᠠᠯ ᠰᠦ ᠨᠢ ᠬᠦᠰᠢᠴᠢᠭᠡᠳᠡᠭ᠃ ᠬᠦᠰᠢᠭᠡᠭᠰᠡᠨ ᠰᠦ ᠪᠠᠨ ᠰᠢᠭᠦᠵᠦ ᠠᠪᠣᠭᠠᠳ ᠲᠣᠰᠬᠠᠢ ᠣᠭᠤᠳᠠ ᠪᠣᠶᠣ ᠬᠤᠷᠣᠳ ᠬᠢᠬᠦ ᠬᠡᠪ ᠲᠤ ᠬᠢᠵᠦ ᠲᠠᠷᠣᠳᠠᠭ ᠃ ᠪᠠᠰᠠ ᠵᠠᠷᠢᠮ ᠨᠢ ᠲᠣᠰᠬᠠᠢ ᠪᠡᠯᠡᠳᠭᠡᠭᠰᠡᠨ ᠮᠣᠳᠣᠨ ᠬᠠᠪᠳᠠᠰᠣᠨ ᠲᠡᠭᠡᠷ᠎ᠡ ᠲᠠᠯᠪᠢᠭᠠᠳ ᠲᠡᠭᠡᠷ᠎ᠡ ᠠᠴᠠ ᠨᠢ ᠪᠠᠰᠠ ᠨᠢᠭᠡᠨ ᠬᠠᠪᠳᠠᠰᠣ ᠪᠠᠷ ᠲᠠᠷᠣᠳᠠᠭ᠃ ᠪᠢᠰᠢᠯᠠᠭ ᠢᠶᠠᠨ ᠡᠭ᠍ᠰᠢᠬᠦ ᠦᠶ᠎ᠡ ᠪᠠᠷ ᠢᠳᠡᠨ᠎ᠡ᠂ ᠴᠠᠢ ᠪᠣᠶᠣ ᠬᠠᠭᠤᠷᠣᠭᠰᠠᠨ ᠠᠮᠣ ᠲᠠᠢ ᠪᠠᠨ ᠲᠡᠪᠳᠦᠭᠡᠵᠦ ᠢᠳᠡᠳᠡᠭ᠃ ᠪᠢᠰᠢᠯᠠᠭ ᠨᠢ ᠵᠢᠷᠦᠬᠡ ᠴᠢᠰᠣᠨ ᠰᠣᠳᠠᠯ ᠤᠨ ᠴᠢᠳᠠᠪᠬᠢ ᠨᠢ ᠨᠡᠩ ᠰᠠᠶᠢᠨ ᠂ ᠴᠢᠰᠤᠨ ᠬᠦᠶᠦᠳᠡᠯ ᠨᠡᠩ ᠢᠯᠭᠤᠮ᠂ ᠰᠣᠳᠠᠯ ᠤᠨ ᠠᠪᠴᠢᠯᠲᠠ ᠨᠡᠩ ᠬᠦᠴᠦᠲᠡᠢ ᠪᠤᠯᠭᠠᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号