| | | | ᠬᠠᠶᠢᠷᠬᠠᠨ ᠠᠭᠤᠯᠨ ᠠᠯᠠᠱᠨ ᠲᠠᠷᠯᠡᠩᠳᠣᠩᠬᠠᠨ ᠲᠦᠡᠭᠭᠦᠶᠢᠨᠡ | ᠬᠠᠮᠤᠭ ᠢ ᠨᠢᠬᠦᠯᠰᠦᠯ ᠳᠡᠭᠡᠨ ᠪᠠᠭᠳᠠᠭᠠᠬᠰᠠᠨ ᠴᠠᠩᠶᠠᠨᠵᠠᠮᠰᠣ ᠪᠠᠭᠰᠢ ᠮᠢᠨᠢ | ᠬᠠᠷᠠᠵᠦ ᠪᠠᠶᠢᠭ᠎ᠠ ᠶᠤᠮ ᠪᠠᠶᠢᠨ᠎ᠠ᠂ ᠣᠷᠣᠨ ᠬᠡᠶᠢᠳ ᠨᠢ ᠬᠡᠷᠡᠯᠳᠡᠶᠢᠬᠡᠨ | ᠦᠯᠡᠮᠡᠶᠢᠯᠡᠵᠦ ᠬᠢᠰᠬᠢᠭᠰᠡᠨ ᠭᠠᠵᠠᠷ ᠰᠢᠷᠣᠢ ᠲᠠᠨᠢ | ᠦᠨᠳᠡᠶᠢᠵᠦ ᠴᠡᠴᠡᠭᠯᠡᠭᠰᠡᠨ ᠮᠣᠳᠣ ᠪᠣᠳᠠ ᠲᠠᠨᠢ | ᠦᠨᠦᠳᠦᠷ ᠶᠠᠭ ᠯᠨ ᠦᠴᠦᠬᠡᠳᠦᠷ ᠤᠨ ᠬᠢ ᠰᠢᠭ ᠢᠶᠠᠨ ᠰᠠᠬᠯᠠᠶᠢᠡᠭᠬᠠᠨ ᠪᠠᠭᠯᠠᠶᠢᠡᠭᠬᠠᠨ | ᠦ᠂ ᠲᠠᠯᠠᠢ ᠪᠠᠭᠰᠢ ᠮᠢᠨᠢ ᠬᠤᠯᠨ ᠶᠢᠨ ᠬᠤᠯᠨ ᠳᠤ ᠣᠳᠤᠭ᠎ᠠ ᠦᠬᠡᠢ | ᠦᠷᠯᠦᠬᠡ ᠶᠢᠨ ᠢᠶᠠᠨ ᠪᠢᠰᠢᠯᠭᠠᠯ ᠢ ᠬᠢᠬᠦ ᠪᠠᠷ ᠭᠠᠷᠣᠬᠰᠠᠨ ᠶᠤᠮ ᠪᠠᠶᠢᠯᠬᠦᠢ | ᠣᠯᠪᠣᠭ ᠲᠦᠰᠢᠯᠬᠡ ᠨᠢ ᠶᠠᠩᠵᠦ ᠪᠠᠷ ᠢᠶᠠᠨ᠂ ᠣᠨ ᠴᠠᠭ ᠣᠯᠠᠷᠢᠭᠠ ᠦᠬᠡᠢ ᠮᠡᠳᠦ | ᠪᠣᠳᠠᠩᠳᠣ ᠬᠤᠷᠸ᠎ᠠ ᠳᠤ ᠪᠣᠳᠠᠯᠢᠬᠤ ᠶᠢᠨ ᠴᠠᠭ ᠲᠠᠭᠠᠨ ᠵᠠᠯᠪᠠᠷᠢᠬᠰᠠᠭᠠᠷ ᠢᠷᠡᠳᠡᠭ | ᠪᠣᠷᠬᠠᠨ ᠤ ᠱᠠᠪᠢ ᠪᠢᠳᠡ ᠶᠤᠭᠠᠨ ᠡᠨᠡᠷᠢᠯ ᠳᠡᠭᠡᠨ ᠪᠠᠭᠳᠠᠭᠠᠨ | ᠪᠣᠳᠣᠩᠭᠤᠢ ᠰᠡᠳᠬᠢᠯ ᠢ ᠮᠢᠨᠢ ᠵᠠᠰᠠᠨ ᠰᠠᠭᠤᠨ᠎ᠠ ᠤᠤ ᠳ᠋ᠠ᠂ ᠲᠠᠯᠠᠢ ᠪᠠᠭᠰᠢ ᠮᠢᠨᠢ | ᠪᠢᠰᠢᠯᠭᠠᠯ᠂ ᠪᠣᠶᠠᠨ ᠤ ᠬᠡᠳᠦᠢ ᠳᠤ ᠨᠢ ᠵᠠᠯᠪᠠᠷᠢᠳᠠᠭ ᠪᠠᠶᠢᠬᠰᠠᠨ ᠶᠤᠮ ᠪᠣᠢ︖ | ᠪᠠᠳᠠᠷᠠᠭᠤᠯᠣᠬᠴᠢ ᠰᠦᠮ᠎ᠡ ᠶᠢᠨ ᠲᠣᠳᠣᠷ᠎ᠠ ᠪᠠᠨ ᠬᠦᠷᠦ ᠲᠠᠭᠤᠯᠠᠯ ᠲᠠᠨᠢ ᠡᠭᠡᠰᠢᠭᠯᠡᠨᠡᠮ | ᠪᠠᠷᠠᠭᠠᠳᠠᠨ ᠰᠠᠭᠤᠭ᠎ᠠ ᠨᠣᠮ ᠤᠨ ᠰᠠᠳᠣᠨ ᠲᠠᠨᠢ ᠵᠠᠯᠪᠠᠷᠢᠨᠠᠮ | ᠪᠠᠭᠰᠢ ᠲᠠ ᠮᠢᠨᠢ ᠠᠳᠢᠰᠯᠠᠨ ᠬᠠᠶᠢᠷᠠᠯᠨ ᠳ᠋ᠠ︕ | ᠪᠠᠰᠨ᠂ ᠪᠠᠰᠨ ᠰᠢᠯᠦᠭ ᠤᠨ ᠬᠤᠷ᠎ᠠ ᠪᠠᠷ ᠢᠶᠠᠨ ᠲᠡᠵᠢᠬᠡᠵᠦ ᠬᠠᠶᠢᠷᠠᠯᠨ᠂ ᠲᠠᠯᠠᠢ ᠪᠠᠭᠰᠢ ᠮᠢᠨᠢ | ᠪᠣᠭᠤᠷᠣᠯ ᠮᠣᠷᠢ ᠪᠠᠨ ᠬᠦᠯᠦᠭᠯᠡᠭᠡᠳ ᠰᠠᠶ᠋ᠢᠬᠠᠨ ᠯᠨ ᠭᠠᠷᠣᠬᠰᠠᠨ ᠶᠤᠮ ᠤᠤ ᠳ᠋ᠠ | ᠪᠣᠢ ᠪᠦᠬᠦᠨ ᠦᠨᠦᠳᠦᠷ ᠤᠨ ᠬᠢ ᠪᠠᠷ ᠢᠶᠠᠨ ᠪᠣᠳᠣᠯ ᠳᠤ ᠣᠷᠭᠤᠨᠠᠮ | ᠪᠣᠶᠠᠨ ᠨᠣᠮ ᠤᠨ ᠬᠡᠬᠡ ᠴᠠᠩᠶᠠᠨᠵᠠᠮᠰᠣ ᠪᠠᠭᠰᠢᠳᠠᠨ᠃ |