ᠡᠷ᠎ᠡ ᠬᠦᠮᠥᠨ ᠤ ᠪᠦᠰᠨ ᠪᠠᠨ ᠵᠠᠩᠭᠢᠳᠳᠠᠭ ᠤᠨ ᠤᠴᠢᠷ
ᠨᠡᠶᠢᠲᠡᠯᠡᠭᠰᠡᠨ ᠴᠠᠭ᠄
2019/9/4
ᠬᠦᠮᠥᠰ ᠲᠡᠪᠡᠯ ᠬᠤᠪᠴᠠᠰᠤ ᠪᠠᠨ ᠴᠡᠪᠡᠷ ᠴᠡᠮᠴᠡᠭᠡᠷ ᠡᠮᠤᠰᠴᠤ᠂ ᠵᠢᠪᠬᠢᠳᠠᠯ᠎ᠠ ᠪᠦᠰᠡᠯᠡᠳᠡᠭ᠂ ᠬᠥᠮᠥᠨ ᠤ ᠪᠦᠰᠡᠨ ᠳᠡᠭᠡᠭᠦᠷ ᠬᠢᠰᠬᠢᠳᠡᠭ ᠦᠭᠡᠢ᠂ ᠠᠯᠬᠤᠳᠠᠭ ᠦᠭᠡᠢ ᠵᠠᠩᠰᠢᠯ ᠲᠠᠢ᠂ ᠤᠨᠳᠠᠬᠤ ᠳᠠᠭᠠᠨ ᠪᠦᠰᠨ ᠢᠶᠠᠨ ᠬᠠᠮᠢᠶ᠎ᠠ ᠦᠭᠡᠢ ᠠᠳᠡ ᠲᠡᠨᠳᠡ ᠲᠠᠯᠪᠢᠳᠠᠭ ᠦᠭᠡᠢ ᠪᠠᠶᠢᠪᠠ᠃ ᠵᠠᠪᠠᠯ ᠲᠡᠷ᠎ᠡ ᠶᠢᠨ ᠲᠤᠤᠷ᠎ᠠ ᠪᠠᠨ ᠲᠠᠯᠪᠢᠨ᠎ᠠ᠂ ᠵᠠᠷᠢᠮ ᠨᠤᠳᠤᠭ ᠲᠤ ᠤᠨᠳᠠᠬᠤ ᠳᠠᠭᠠᠨ ᠬᠤᠷᠠᠭᠠᠨ ᠴᠢᠬᠢ ᠡᠰᠡᠪᠡᠯ ᠲᠠᠤᠯᠠᠢ ᠶᠢᠨ ᠴᠢᠬᠢ ᠵᠠᠩᠭᠢᠳᠳᠠᠭ ᠶᠤᠮ᠂ ᠭᠠᠭᠴᠠᠬᠠᠨ ᠲᠠᠳᠠᠭᠠᠳ ᠪᠦᠷᠢᠨ ᠲᠠᠶᠢᠯᠤᠭᠳᠠᠳᠠᠭ ᠪᠠᠷ ᠤᠷᠠᠨ ᠠᠷᠭ᠎ᠠ ᠪᠠᠷ ᠤᠶᠠᠭᠰᠠᠨ ᠪᠠᠶᠢᠳᠠᠭ᠃ ᠡᠷ᠎ᠡ ᠬᠦᠮᠥᠨ ᠶᠠᠮᠠᠷ ᠴᠤ ᠠᠶᠤᠯ ᠲᠦᠭᠰᠢᠬᠦᠷᠢ ᠶᠢᠨ ᠦᠶ᠎ᠡ ᠳᠤ ᠪᠦᠰᠡᠨ ᠳᠡᠭᠡᠨ ᠤᠷᠢᠶᠠᠯᠳᠤᠵᠤ ᠴᠠᠭ ᠠᠯᠳᠠᠬᠤ ᠦᠭᠡᠢ ᠲᠦᠷᠭᠡᠨ ᠬᠤᠪᠴᠠᠰᠤᠯᠠᠬᠤ ᠲᠠᠢ ᠬᠤᠯᠪᠤᠭᠠᠲᠠᠢ᠂ ᠨᠢᠭᠡ ᠶᠤᠰᠤ ᠨᠢ ᠰᠢᠭᠤᠷᠬᠠᠢ᠂ ᠪᠡᠯᠡᠨ ᠪᠠᠶᠢᠳᠠᠯ ᠢ ᠬᠠᠩᠭᠠᠬᠤ ᠲᠠᠢ ᠬᠤᠯᠪᠤᠭᠠᠲᠠᠢ᠃ ᠡᠷ᠎ᠡ ᠬᠦᠮᠥᠨ ᠤ ᠪᠦᠰᠡᠯᠡᠭᠰᠡᠨ ᠪᠦᠰᠨ ᠤᠯᠠᠨ ᠳᠠᠬᠢᠨ ᠠᠯᠳᠠᠷᠠᠵᠤ᠂ ᠠᠯᠳᠠᠷᠠᠭᠰᠠᠨ ᠪᠦᠰᠨ ᠪᠠᠨ ᠴᠢᠷᠴᠤ ᠶᠠᠪᠤᠭ᠎ᠠ ᠡᠷᠡᠴᠤᠳ ᠲᠤᠩ ᠴᠤ ᠰᠡᠳᠭᠡᠯ ᠲᠤᠮᠳᠠᠭᠤᠷ ᠪᠠᠶᠢᠳᠠᠯ ᠲᠠᠢ ᠬᠠᠷᠠᠭᠳᠠᠳᠠᠭ ᠶᠤᠮ᠃ ᠡᠷ᠎ᠡ ᠬᠥᠮᠥᠨ ᠪᠦᠰᠨ ᠪᠠᠨ ᠪᠦᠰᠡᠯᠡᠬᠦ ᠳᠡᠭᠡᠨ ᠨᠠᠷᠨ ᠵᠦᠪ ᠤᠷᠢᠶᠠᠳᠠᠭ᠂ ᠪᠦᠰᠡᠨ ᠳᠤ ᠬᠦᠮᠥᠨ ᠤ ᠰᠦᠷ ᠰᠦᠯᠳᠡ ᠪᠠᠶᠢᠳᠠᠭ ᠬᠡᠮᠡᠨ ᠮᠠᠰᠢ ᠶᠡᠭᠡ ᠬᠦᠨᠳᠤᠳᠭᠡᠯ ᠲᠠᠢ ᠬᠠᠨᠳᠤᠵᠥ᠂ ᠲᠡᠭᠡᠳᠤᠯᠡᠵᠥ ᠶᠠᠪᠤᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号