| | ᠮᠤᠩᠭᠤᠯ ᠦᠨᠳᠦᠰᠦᠲᠡᠨ ᠪᠤᠯ ᠭᠢᠷᠢᠨ ᠮᠤᠵᠢ ᠶᠢᠨ ᠤᠵᠠᠭᠤᠷ ᠰᠠᠭᠤᠭᠠᠯᠢ ᠠᠷᠠᠳ ᠶᠤᠮ᠃ ᠠᠯᠳᠠᠨ ᠤᠯᠤᠰ ᠤᠨ | ᠦᠶ᠎ᠡ ᠳᠤ 1202 ᠤᠨ ᠳᠤ ᠴᠢᠩᠬᠢᠰ ᠬᠠᠭᠠᠨ ᠭᠤᠷᠯᠤᠰ ᠠᠶᠢᠮᠠᠭ ᠢ ᠨᠢᠭᠡᠳᠭᠡᠭᠰᠡᠨ ᠤ ᠳᠠᠷᠠᠭ᠎ᠠ᠂ ᠬᠠᠪᠤᠳᠦ | ᠬᠠᠰᠠᠷ ᠤᠨ ᠠᠶᠢᠮᠠᠭ ᠢᠶᠠᠷ ᠨᠢ ᠰᠤᠩᠭᠠᠷᠢ ᠮᠦᠷᠡᠨ ᠪᠠ ᠨᠤᠨ ᠮᠦᠷᠡᠨ ᠤ ᠤᠷᠤᠰᠬᠠᠯ ᠳᠠᠭᠠᠤ ᠲᠠᠯ᠎ᠠ ᠭᠠᠵᠠᠷ ᠲᠤ | ᠤᠴᠢᠭᠤᠯᠤᠨ ᠮᠠᠯ ᠮᠠᠯᠵᠢᠭᠤᠯᠤᠭᠰᠠᠨ ᠢᠶᠠᠷ ᠬᠠᠪᠤᠳᠦ ᠬᠠᠰᠠᠷ ᠤᠨ ᠬᠤᠶᠢᠴᠢᠰ ᠡᠨᠡ ᠨᠤᠲᠤᠭ ᠲᠤ ᠦᠶ᠎ᠡ ᠤᠯᠠᠷᠢᠨ | ᠰᠠᠭᠤᠷᠢᠰᠢᠭᠰᠠᠨ ᠪᠢᠯᠡ᠃ | ᠬᠢᠷᠢᠨ ᠮᠤᠵᠢ ᠶᠢᠨ ᠤᠳᠤ ᠶᠢᠨ ᠮᠤᠩᠭᠤᠯᠴᠤᠳ ᠭᠤᠤᠯᠳᠠᠭᠤ ᠭᠤᠷᠪᠠᠨ ᠢᠷᠡᠯ ᠲᠠᠢ᠄ ᠨᠢᠭᠡ ᠨᠢ ᠰᠠᠶ᠋ᠢ ᠶᠢᠨ | ᠶᠠᠷᠢᠭᠰᠠᠨ 1202 ᠤᠨ ᠳᠤ ᠴᠢᠩᠬᠢᠰ ᠬᠠᠭᠠᠨ ᠭᠤᠷᠯᠤᠰ ᠢ ᠨᠢᠭᠡᠳᠭᠡᠭᠡᠳ᠂ ᠰᠤᠩᠭᠠᠷᠢ ᠨᠤᠨ ᠬᠤᠶᠠᠷ ᠮᠦᠷᠡᠨ ᠤ | ᠲᠠᠯ᠎ᠠ ᠭᠠᠵᠠᠷ ᠢ ᠬᠠᠪᠤᠳᠦ ᠬᠠᠰᠠᠷ ᠲᠤ ᠦᠭᠭᠦᠭᠰᠡᠨ ᠤ ᠳᠠᠷᠠᠭ᠎ᠠ ᠠᠭᠠᠵᠢᠮ ᠢᠶᠠᠷ ᠪᠤᠢ ᠪᠤᠯᠤᠭᠰᠠᠨ ᠬᠠᠪᠤᠳᠦ ᠬᠠᠰᠠᠷ | ᠤᠨ ᠬᠤᠶᠢᠴᠢᠰ ᠪᠤᠯᠤᠨ᠎ᠠ᠃ ᠨᠦᠬᠦᠭᠡ ᠨᠢ᠂ ᠬᠢᠷᠢᠨ ᠤ ᠮᠤᠩᠭᠤᠯ 8 ᠬᠤᠰᠢᠭᠤ ᠶᠢᠨ ᠬᠤᠶᠢᠴᠢᠰ ᠡᠩᠬᠡ ᠠᠮᠤᠭᠤᠯᠠᠩ | ᠤᠨ ᠬᠤᠷᠢᠨ ᠨᠠᠢᠮᠠᠳᠤᠭᠠᠷ ᠤᠨ ︵1689 ᠤᠨ︶ ᠳᠤ ᠦᠭᠡᠯᠡᠳ ᠤᠨ ᠬᠠᠭᠠᠨ ᠭᠠᠯᠳᠠᠨ ᠬᠠᠯᠬ᠎ᠠ ᠶᠢᠨ ᠳᠤᠯᠤᠭᠠᠨ | ᠠᠶᠢᠮᠠᠭ ᠢ ᠳᠠᠶᠢᠯᠠᠭᠰᠠᠨ ᠳᠤ ᠬᠠᠯᠬ᠎ᠠ ᠮᠤᠩᠭᠤᠯ ᠤᠨ ᠳᠤᠯᠤᠭᠠᠨ ᠠᠶᠢᠮᠠᠭ ᠵᠡᠭᠦᠨᠰᠢ ᠴᠢᠴᠢᠬᠠᠷ ᠤᠷᠤᠭᠤ ᠨᠡᠭᠦᠨ | ᠢᠷᠡᠵᠦ ᠮᠠᠯᠵᠢᠪᠠ᠃ ᠭᠢᠷᠢᠨ ᠤ 8 ᠬᠤᠰᠢᠭᠤᠨ ᠤ ᠮᠤᠩᠭᠤᠯ ᠤᠨ ᠤᠯᠠᠩᠬᠢ ᠨᠢ ᠬᠠᠭᠤᠴᠢᠨ ᠪᠠᠷᠭᠤ ᠬᠦᠮᠦᠨ | ᠪᠤᠯᠤᠨ᠎ᠠ᠃ ᠪᠠᠰᠠ ᠨᠢᠭᠡ ᠪᠦᠯᠦᠭ ᠨᠢ ᠮᠢᠩ ᠴᠢᠩ ᠭᠦᠷᠦᠨ ᠤ ᠦᠶ᠎ᠡ ᠳᠤ ᠦᠪᠦᠷ ᠮᠤᠩᠭᠤᠯ ᠤᠨ ᠲᠦᠰᠢᠶᠡᠳᠦ | ᠬᠤᠰᠢᠭᠤ᠂ ᠠᠤᠬᠠᠨ ᠬᠤᠰᠢᠭᠤ᠂ ᠲᠦᠮᠡᠳ ᠬᠤᠰᠢᠭᠤ᠂ ᠲᠠᠷᠬᠠᠨ ᠬᠤᠰᠢᠭᠤ ᠪᠤᠯᠤᠨ ᠵᠠᠯᠠᠶᠢᠳ ᠬᠤᠰᠢᠭᠤ᠂ | ᠯᠢᠶᠤᠤᠨᠢᠩ ᠤᠨ ᠹᠦᠶᠠᠩ᠂ ᠹᠦᠰᠢᠨ ᠵᠡᠷᠭᠡ ᠭᠠᠵᠠᠷ ᠠᠴᠠ ᠨᠡᠭᠦᠳᠡᠯᠯᠡᠵᠦ ᠢᠷᠡᠭᠰᠡᠨ ᠮᠤᠩᠭᠤᠯᠴᠤᠳ ᠪᠤᠯᠤᠨ᠎ᠠ᠃ | ᠭᠢᠷᠢᠨ ᠮᠤᠵᠢ ᠳᠤ ᠤᠳᠤ 17.2 ᠲᠦᠮᠡ ᠭᠠᠷᠤᠢ ᠮᠤᠩᠭᠤᠯ ᠬᠦᠮᠦᠨ ᠪᠠᠶᠢᠵᠤ᠂ ᠪᠦᠬᠦ ᠮᠤᠵᠢ ᠶᠢᠨ ᠬᠦᠮᠦᠨ ᠠᠮᠠ | ᠶᠢᠨ 0.64% ᠢ ᠡᠵᠡᠯᠡᠵᠦ᠂ ᠭᠤᠤᠯᠳᠠᠭᠤ ᠡᠮᠦᠨᠡᠳᠦ ᠭᠤᠷᠯᠤᠰ ᠤᠨ ᠮᠤᠩᠭᠤᠯ ᠦᠨᠳᠦᠰᠦᠲᠡᠨ ᠤ ᠦᠪᠡᠷᠳᠡᠭᠡᠨ | ᠵᠠᠰᠠᠬᠤ ᠰᠢᠶᠠᠨ᠂ ᠵᠧᠨ ᠯᠠᠢ ᠰᠢᠶᠠᠨ᠂ ᠲᠦᠩ ᠢᠤᠢ ᠰᠢᠶᠠᠨ᠂ ᠲᠤᠤ ᠨᠠᠨ ᠰᠢᠶᠠᠨ᠂ ᠳ᠋ᠠ ᠠᠨ ᠰᠢᠶᠠᠨ᠂ ᠱᠤᠸᠠᠩ | ᠯᠢᠶᠤᠤ ᠰᠢᠶᠠᠨ ᠳᠤ ᠲᠠᠷᠬᠠᠨ ᠰᠠᠭᠤᠷᠢᠰᠢᠵᠦ᠂ ᠪᠠᠰᠠ ᠨᠢᠭᠡ ᠪᠦᠯᠦᠭ ᠨᠢ ᠪᠠᠶᠢᠴᠧᠩ ᠬᠤᠳᠠ ᠶᠢᠨ ᠲᠤᠤ ᠪᠸᠢ | ᠲᠤᠭᠤᠷᠢᠭ ᠤᠨ ᠳ᠋ᠧᠱᠦ᠋ᠨ ᠮᠤᠩᠭᠤᠯ ᠦᠨᠳᠦᠰᠦᠲᠡᠨ ᠤ ᠰᠢᠶᠠᠩ ᠵᠡᠷᠭᠡ 10 ᠮᠤᠩᠭᠤᠯ ᠦᠨᠳᠦᠰᠦᠲᠡᠨ ᠤ ᠰᠢᠶᠠᠩ | ᠳᠤ ᠪᠠᠶᠢᠨ᠎ᠠ᠃ ᠪᠦᠬᠦ ᠮᠤᠵᠢ ᠳᠤ ᠮᠤᠩᠭᠤᠯ ᠬᠡᠦᠬᠡᠳ ᠤᠨ ᠴᠡᠴᠡᠷᠯᠢᠭ 1᠂ ᠪᠠᠭ᠎ᠠ ᠰᠤᠷᠭᠠᠭᠤᠯᠢ 66᠂ ᠠᠩᠬ᠎ᠠ | ᠵᠡᠷᠭᠡ ᠶᠢᠨ ᠳᠤᠮᠳᠠᠳᠤ ᠰᠤᠷᠭᠠᠭᠤᠯᠢ 11᠂ ᠠᠩᠬ᠎ᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ 1᠂ ᠪᠦᠷᠢᠨ | ᠳᠤᠮᠳᠠᠳᠤ ᠰᠤᠷᠭᠠᠭᠤᠯᠢ 3᠂ ᠪᠠᠭᠰᠢ ᠶᠢᠨ ᠰᠤᠷᠭᠠᠭᠤᠯᠢ ᠶᠢᠨ ᠬᠤᠪᠢᠶᠠᠷᠢ ᠳᠡᠭᠡᠳᠦ ᠰᠤᠷᠭᠠᠭᠤᠯᠢ 1 ᠪᠠᠶᠢᠵᠤ᠂ | ᠰᠤᠷᠭᠠᠭᠤᠯᠢ ᠳᠤ ᠪᠠᠶᠢᠭ᠎ᠠ ᠮᠤᠩᠭᠤᠯ ᠰᠤᠷᠤᠭᠴᠢ 7351᠂ ᠮᠤᠩᠭᠤᠯ ᠪᠠᠭᠰᠢ 1163 ᠪᠠᠶᠢᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |