| | ᠬᠠᠷᠠᠮᠦ᠋ᠷᠡᠨ ᠮᠤᠵᠢ ᠪᠤᠯ ᠤᠯᠠᠨ ᠦᠨᠳᠦᠰᠦᠲᠡᠨ ᠲᠦᠪᠯᠡᠷᠡᠨ ᠰᠠᠭᠤᠷᠢᠰᠢᠭᠰᠠᠨ ᠬᠢᠯᠢ ᠬᠢᠵᠠᠭᠠᠷ ᠤᠨ ᠮᠤᠵᠢ ᠶᠤᠮ᠃ | ᠲᠡᠨᠳᠡ ᠬᠢᠲᠠᠳ ᠦᠨᠳᠦᠰᠦᠲᠡᠨ ᠠᠴᠠ ᠭᠠᠳᠠᠨ᠎ᠠ 54 ᠴᠦᠬᠡᠨ ᠲᠤᠭᠠᠳᠦ ᠦᠨᠳᠦᠰᠦᠲᠡᠨ ᠪᠠᠶᠢᠵᠤ᠂ ᠪᠦᠬᠦ ᠮᠤᠵᠢ | ᠶᠢᠨ ᠬᠦᠮᠦᠨ ᠠᠮᠠ ᠶᠢᠨ 5.56% ᠶᠢ ᠡᠵᠡᠯᠡᠵᠦ ᠪᠠᠶᠢᠳᠠᠭ᠃ ᠡᠭᠦᠨ ᠳᠤ ᠮᠤᠩᠭᠤᠯ ᠦᠨᠳᠦᠰᠦᠲᠡᠨ ᠤ ᠬᠦᠮᠦᠨ | ᠠᠮᠠ 141495 ︵2000 ᠤᠨ ᠤ ᠲᠠᠪᠤᠳᠤᠭᠠᠷ ᠤᠳᠠᠭ᠎ᠠ ᠶᠢᠨ ᠬᠦᠮᠦᠨ ᠠᠮᠠ ᠶᠢᠨ ᠨᠡᠶᠢᠳᠡᠮ ᠪᠠᠶᠢᠴᠠᠭᠠᠯᠳᠠ | ᠶᠢᠨ ᠪᠦᠷᠢᠳᠭᠡᠯ ᠳᠤ︶ ᠪᠠᠶᠢᠨ᠎ᠠ᠃ ᠲᠡᠦᠬᠡ ᠶᠢᠨ ᠲᠡᠮᠳᠡᠭᠯᠡᠯ ᠢ ᠦᠨᠳᠦᠰᠦᠯᠡᠪᠡᠯ᠂ ᠯᠢᠶᠤᠤ ᠤᠯᠤᠰ᠂ ᠠᠯᠳᠠᠨ | ᠤᠯᠤᠰ ᠤᠨ ᠦᠶ᠎ᠡ ᠠᠴᠠ ᠴᠢᠩ ᠤᠨ ᠲᠦᠷᠦ ᠬᠦᠷᠳᠡᠯ᠎ᠡ 9 ᠮᠤᠩᠭᠤᠯ ᠠᠶᠢᠮᠠᠭ ᠤᠭᠰᠠᠭ᠎ᠠ ᠬᠠᠷᠠᠮᠦ᠋ᠷᠡᠨ ᠳᠤ ᠤᠷᠢᠳ | ᠬᠤᠵᠢᠳ ᠰᠠᠭᠤᠷᠢᠰᠢᠨ ᠠᠮᠢᠳᠤᠷᠠᠵᠤ ᠪᠠᠶᠢᠵᠠᠢ᠃ ᠡᠭᠦᠨ ᠳᠤ ᠡᠷᠳᠡᠨ ᠤ ᠳᠦᠷᠪᠡᠨ ᠠᠶᠢᠮᠠᠭ ᠨᠢ ᠪᠤᠰᠤᠳ | ᠦᠨᠳᠦᠰᠦᠲᠡᠨ ᠪᠠ ᠠᠶᠢᠮᠠᠭ ᠤᠭᠰᠠᠭ᠎ᠠ ᠳᠤ ᠠᠭᠠᠵᠢᠮ ᠢᠶᠠᠷ ᠰᠢᠩᠭᠡᠵᠦ᠂ ᠲᠦᠷᠪᠡᠳ᠂ ᠭᠤᠷᠯᠤᠰ᠂ ᠵᠠᠯᠠᠶᠢᠳ᠂ | ᠶᠡᠭᠡ ᠮᠢᠩᠭᠠᠨ ︵ᠦᠭᠡᠯᠡᠳ︶᠂ ᠪᠠᠷᠭᠤ 5 ᠠᠶᠢᠮᠠᠭ ᠤᠨ ᠮᠤᠩᠭᠤᠯᠴᠤᠳ ᠤᠳᠤ ᠪᠤᠯᠳᠠᠯ᠎ᠠ ᠠᠳᠡ ᠤᠷᠤᠰᠢᠨ | ᠠᠮᠢᠳᠤᠷᠠᠵᠤ ᠪᠠᠶᠢᠨ᠎ᠠ᠃ | ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ ᠭᠠᠳᠠᠨ᠎ᠠ ᠤᠷᠤᠨ ᠠᠴᠠ ᠪᠠᠰᠠ ᠨᠢᠭᠡ ᠪᠦᠯᠦᠭ | ᠮᠤᠩᠭᠤᠯᠴᠤᠳ ᠬᠠᠷᠠᠮᠦ᠋ᠷᠡᠨ ᠳᠤ ᠨᠡᠭᠦᠨ ᠢᠷᠡᠵᠠᠢ᠃ ᠬᠠᠷᠠᠮᠦ᠋ᠷᠡᠨ ᠤ ᠮᠤᠩᠭᠤᠯᠴᠤᠳ ᠤᠳᠤ ᠲᠦᠷᠪᠡᠳ ᠤᠨ | ᠮᠤᠩᠭᠤᠯ ᠦᠨᠳᠦᠰᠦᠲᠡᠨ ᠤ ᠦᠪᠡᠷᠳᠡᠭᠡᠨ ᠵᠠᠰᠠᠬᠤ ᠰᠢᠶᠠᠨ᠂ ᠵᠤᠤ ᠶᠤᠸᠠᠨ ᠰᠢᠶᠠᠨ ︵ᠬᠤᠶᠢᠳᠦ ᠭᠤᠷᠯᠤᠰ︶᠂ ᠲᠠᠢ | ᠯᠠᠢ ᠰᠢᠶᠠᠨ᠂ ᠹᠦ᠋ ᠢᠤᠢ ᠰᠢᠶᠠᠨ᠂ ᠳ᠋ᠠᠴᠢᠩ ᠬᠤᠳᠠ᠂ ᠴᠢᠴᠢᠬᠠᠷ ᠬᠤᠳᠠ ᠶᠢᠨ ᠲᠤᠭᠤᠷᠢᠭ᠂ ᠬᠠᠷᠪᠢᠨ ᠬᠤᠳᠠ ᠳᠤ | ᠲᠠᠷᠬᠠᠵᠤ ᠪᠤᠢ᠃ ᠪᠦᠬᠦ ᠮᠤᠵᠢ ᠳᠤ ᠮᠤᠩᠭᠤᠯ ᠦᠨᠳᠦᠰᠦᠲᠡᠨ ᠤ ᠦᠪᠡᠷᠳᠡᠭᠡᠨ ᠵᠠᠰᠠᠬᠤ ᠰᠢᠶᠠᠨ 1᠂ ᠮᠤᠩᠭᠤᠯ | ᠦᠨᠳᠦᠰᠦᠲᠡᠨ ᠤ ᠰᠢᠶᠠᠩ ᠪᠠᠯᠭᠠᠰᠦ 7 ᠪᠤᠢ ᠪᠦᠭᠡᠳ ᠮᠤᠩᠭᠤᠯ ᠪᠠᠭ᠎ᠠ ᠰᠤᠷᠭᠠᠭᠤᠯᠢ 54᠂ ᠮᠤᠩᠭᠤᠯ ᠠᠩᠬ᠎ᠠ | ᠵᠡᠷᠭᠡ ᠶᠢᠨ ᠳᠤᠮᠳᠠᠳᠤ ᠰᠤᠷᠭᠠᠭᠤᠯᠢ 8᠂ ᠮᠤᠩᠭᠤᠯ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ 2 ᠪᠠᠶᠢᠵᠤ᠂ | ᠨᠡᠶᠢᠳᠡ 1 ᠲᠦᠮᠡ ᠭᠠᠷᠤᠢ ᠰᠤᠷᠤᠭᠴᠢ ᠮᠤᠩᠭᠤᠯ ᠢᠶᠠᠷ ᠬᠢᠴᠢᠶᠡᠯᠯᠡᠵᠦ ᠪᠠᠶᠢᠨ᠎ᠠ᠃ | ᠬᠠᠷᠠᠮᠦ᠋ᠷᠡᠨ ᠤ ᠮᠤᠩᠭᠤᠯᠴᠤᠳ ᠠᠴᠠ ᠡᠷᠳᠡᠮᠳᠡᠨ ᠪᠠᠭᠠᠳᠤᠳ ᠦᠯᠡᠮᠵᠢ ᠴᠤᠯᠭᠤᠷᠠᠳᠠᠭ᠃ ᠲᠡᠳᠡ ᠡᠬᠡ ᠤᠯᠤᠰ ᠤᠨ | ᠴᠢᠯᠦᠭᠡᠯᠡᠯᠳᠡ ᠶᠢᠨ ᠦᠢᠯᠡᠰ ᠲᠤ ᠠᠤᠭ᠎ᠠ ᠵᠢᠳᠭᠦᠯ ᠦᠵᠡᠭᠦᠯᠦᠭᠰᠡᠨ ᠢᠶᠠᠷ ᠦᠯᠦ ᠪᠠᠷᠠᠮ ᠤᠯᠤᠰ ᠭᠡᠷ᠂ ᠤᠷᠤᠨ | ᠨᠤᠲᠤᠭ ᠤᠨ ᠠᠵᠤ ᠠᠬᠤᠢ ᠶᠢᠨ ᠬᠦᠭᠵᠢᠯᠳᠡ᠂ ᠨᠡᠶᠢᠭᠡᠮ ᠤᠨ ᠳᠠᠪᠰᠢᠯᠳᠠ᠂ ᠦᠨᠳᠦᠰᠦᠲᠡᠨ ᠤ ᠪᠦᠯᠬᠦᠮᠳᠡᠯ ᠳᠤ | ᠤᠮᠳᠤᠭᠠᠶᠢᠯᠠᠰᠢ ᠦᠭᠡᠢ ᠬᠤᠪᠢ ᠨᠡᠮᠡᠷᠢ ᠪᠠᠨ ᠦᠵᠡᠭᠦᠯᠦᠭᠰᠡᠭᠡᠷ ᠪᠠᠶᠢᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |