| | ᠮᠠᠯ ᠠᠵᠤ ᠠᠬᠤᠢ ᠶᠢᠨ ᠤᠨᠴᠠᠯᠢᠭ ᠲᠤ ᠰᠠᠭᠤᠷᠢᠯᠠᠭᠰᠠᠨ ᠣᠲᠣᠷ ᠨᠡᠭᠦᠳᠡᠯ᠂ ᠮᠣᠩᠭᠤᠯᠴᠤᠳ ᠤᠨ ᠠᠮᠢᠲᠤᠷᠠᠯ ᠤᠨ | ᠡᠳᠦᠷ ᠳᠤᠲᠤᠮ ᠤᠨ ᠬᠡᠯᠪᠡᠷᠢ ᠨᠢ ᠪᠣᠯᠵᠤ ᠣᠯᠠᠨ ᠵᠠᠭᠤᠨ ᠵᠢᠯ ᠦᠷᠭᠦᠯᠵᠢᠯᠡᠵᠡᠢ᠃ ᠲᠡᠥᠬᠡ ᠪᠢᠴᠢᠭ ᠲᠤ ︽ᠤᠰᠤ | ᠪᠡᠯᠴᠢᠭᠡᠷ ᠢ ᠳᠠᠭᠠᠵᠤ ᠣᠲᠣᠷᠯᠠᠨ ᠨᠡᠭᠦᠮᠦᠢ︾ ᠭᠡᠵᠤ ᠲᠡᠮᠳᠡᠭᠯᠡᠨ ᠪᠠᠶᠢᠳᠠᠭ ᠨᠢ ᠤᠰᠤ ᠪᠡᠯᠴᠢᠭᠡᠷ ᠢ ᠯᠡ | ᠬᠥᠭᠡᠭᠡᠯᠴᠡᠳᠦᠳᠡᠭ ᠡᠮᠬᠢ ᠵᠠᠮᠪᠠᠷᠠᠭ᠎ᠠ ᠦᠭᠡᠢ ᠪᠠᠶᠢᠳᠠᠯ ᠢ ᠬᠡᠯᠡᠭᠰᠡᠨ ᠪᠢᠰᠢ ᠬᠠᠷᠢᠨ ᠨᠡᠭᠦᠳᠡᠯ ᠮᠠᠯᠴᠢᠳ ᠤᠨ ᠵᠢᠯ ᠪᠦᠷᠢ | ᠳᠤᠭᠳᠠᠭᠰᠠᠨ ᠬᠥᠷᠢᠶ᠎ᠡ ᠬᠡᠪᠴᠢᠶᠡᠨ ᠳᠡᠭᠡᠨ ᠨᠡᠭᠦᠳᠡᠯᠯᠡᠨ ᠣᠲᠣᠷᠯᠠᠵᠤ᠂ ᠬᠠᠪᠤᠷ ᠨᠠᠮᠤᠷ ᠵᠣᠨ ᠡᠪᠦᠯ ᠤᠨ ᠠᠯᠢᠨ ᠳᠤ | ᠴᠦ ᠭᠡᠰᠡᠨ ᠦᠭᠡᠢ ᠮᠥᠨ ᠥᠩᠭᠡᠷᠡᠭᠰᠡᠨ ᠵᠢᠯ ᠤᠨ ᠢᠶᠠᠨ ᠠᠳᠠᠯᠢ ᠤᠯᠠᠷᠢᠯ ᠳᠤ ᠪᠠᠶᠢᠭᠰᠠᠨ ᠲᠡᠷᠡ ᠪᠡᠯᠴᠢᠭᠡᠷ ᠲᠡᠭᠡᠨ | ᠨᠡᠭᠦᠨ ᠢᠷᠡᠵᠦ ᠣᠲᠣᠷᠯᠠᠳᠠᠭ ᠡᠮᠬᠢ ᠳᠢᠭᠯᠢᠮ ᠲᠠᠢ ᠨᠡᠭᠦᠳᠡᠯ ᠠᠮᠢᠲᠤᠷᠠᠯ ᠢ ᠵᠢᠭᠠᠭᠰᠠᠨ ᠪᠠᠶᠢᠪᠠᠯ ᠳᠠᠭᠠᠷᠠᠬᠤ ᠶᠤᠮ᠃ | ᠮᠠᠨ ᠤ ᠶᠠᠷᠢᠯᠴᠠᠬᠤ ᠭᠡᠵᠤ ᠪᠠᠶᠢᠭ᠎ᠠ ︽ᠶᠡᠭᠡ ᠨᠡᠭᠦᠳᠡᠯ︾ ᠭᠡᠭᠴᠢ ᠨᠢ᠂ ᠳᠡᠭᠡᠷ᠎ᠡ ᠬᠡᠯᠡᠭᠰᠡᠨ ᠡᠳᠦᠷ ᠳᠤᠲᠤᠮ ᠤᠨ | ᠮᠠᠯᠵᠢᠬᠤ ᠦᠢᠯᠡᠳᠪᠦᠷᠢᠯᠡᠯ ᠤᠨ ᠳᠤᠮᠳᠠᠬᠢ ᠴᠠᠭ ᠤᠯᠠᠷᠢᠯ ᠤᠨ ᠬᠠᠷᠠᠭ᠎ᠠ ᠪᠠᠷ ᠪᠡᠯᠴᠢᠭᠡᠷ ᠤᠰᠤ ᠳᠤᠬᠢᠷᠠᠭᠤᠯᠬᠤ | ᠨᠡᠭᠦᠳᠡᠯ ᠪᠢᠰᠢ᠂ ᠬᠠᠷᠢᠨ ᠨᠡᠶᠢᠭᠡᠮ ᠠᠬᠤᠢ ᠶᠢᠨ ᠰᠢᠯᠲᠠᠭᠠᠨ᠂ ᠴᠠᠭ ᠲᠥᠷᠥ ᠶᠢᠨ ᠨᠥᠯᠥᠭᠡ ᠪᠠᠷ᠂ ᠠᠯᠤᠰ ᠬᠤᠯᠠ | ᠤᠷᠤᠨ ᠵᠠᠢ ᠳᠤ᠂ ᠨᠡᠯᠢᠶᠡᠳ ᠣᠷᠲᠤ ᠬᠤᠭᠤᠴᠠᠭ᠎ᠠ ᠪᠠᠷ ᠨᠤᠲᠤᠭ ᠣᠰᠣᠨ ᠠᠴᠠ ᠪᠠᠨ ᠰᠠᠯᠵᠤ ᠠᠶᠢᠮᠠᠭ ᠤᠭᠰᠠᠭ᠎ᠠ | ᠪᠠᠷ ᠢᠶᠠᠨ ᠨᠡᠭᠦᠳᠡᠯᠯᠡᠭᠰᠡᠨ ᠶᠠᠪᠤᠳᠠᠯ ᠢ ᠵᠢᠭᠠᠵᠤ ᠪᠠᠶᠢᠬᠤ ᠶᠤᠮ᠃ ᠳᠤᠯᠭᠤᠷ ᠪᠢᠴᠢᠭ ᠤᠨ ᠲᠡᠮᠳᠡᠭᠯᠡᠯ ᠪᠣᠯᠣᠨ | ᠮᠣᠩᠭᠤᠯᠴᠤᠳ ᠤᠨ ᠳᠤᠬᠠᠢ ᠦᠶ᠎ᠡ ᠶᠢᠨ ᠨᠡᠶᠢᠭᠡᠮ ᠤᠨ ᠤᠷᠴᠢᠨ ᠤ ᠪᠣᠳᠠᠲᠤ ᠪᠠᠶᠢᠳᠠᠯ ᠠᠴᠠ ᠦᠵᠡᠪᠡᠯ᠂ | ᠦᠵᠦᠮᠦᠴᠢᠨ ᠠᠶᠢᠮᠠᠭ ᠴᠡᠷᠢᠭ ᠳᠠᠶᠢᠨ ᠤ ᠰᠢᠯᠲᠠᠭᠠᠨ ᠪᠣᠶᠤ ᠨᠡᠶᠢᠭᠡᠮ ᠠᠬᠤᠢ ᠶᠢᠨ ᠲᠡᠥᠬᠡᠨ ᠨᠥᠬᠦᠴᠡᠯ ᠠᠴᠠ | ᠪᠣᠯᠵᠤ ᠭᠤᠷᠪᠠᠨ ᠣᠳᠠᠭᠠᠨ ᠤ ᠶᠡᠭᠡ ᠨᠡᠭᠦᠳᠡᠯ ᠬᠢᠭᠰᠡᠨ ᠪᠠᠶᠢᠨ᠎ᠠ᠃ ᠦᠰᠦᠭ ᠪᠢᠴᠢᠭ ᠢᠶᠠᠷ ᠲᠡᠮᠳᠡᠭᠯᠡᠭᠳᠡᠭᠰᠡᠨ ᠲᠡᠥᠬᠡ | ᠮᠠᠲ᠋ᠧᠷᠢᠶᠠᠯ ᠤᠨ ᠬᠤᠮᠰᠠ ᠠᠴᠠ ᠪᠣᠯᠵᠤ᠂ ᠡᠳᠡᠭᠡᠷ ᠨᠡᠭᠦᠳᠡᠯ ᠤᠨ ᠪᠣᠳᠠᠲᠠᠢ ᠣᠷᠣᠨ ᠪᠠᠶᠢᠷᠢ᠂ ᠴᠠᠭ ᠬᠤᠭᠤᠴᠠᠭ᠎ᠠ ᠶᠢ | ᠨᠠᠷᠢᠨ ᠳᠤᠲᠤᠷᠬᠠᠢ ᠤᠶᠢᠯᠠᠭᠠᠬᠤ ᠪᠣᠯᠣᠯᠴᠠᠭ᠎ᠠ ᠦᠭᠡᠢ ᠪᠣᠯᠪᠠᠴᠤ᠂ ᠦᠵᠦᠮᠦᠴᠢᠨ ᠠᠶᠢᠮᠠᠭ ᠬᠠᠭᠠᠨᠲᠤ ᠤᠯᠤᠰ ᠪᠠ | ᠶᠤᠸᠠᠨ ᠤᠯᠤᠰ ᠤᠨ ᠦᠶ᠎ᠡ ᠠᠴᠠ ᠡᠬᠢᠯᠡᠨ ᠭᠤᠤᠯ ᠶᠡᠭᠡ ᠤᠯᠤᠰ ᠪᠣᠶᠤ ᠴᠠᠬᠠᠷ ᠲᠥᠪ ᠲᠥᠮᠡᠨ ᠳᠤ | ᠬᠠᠷᠢᠶᠠᠯᠠᠭᠳᠠᠵᠤ ᠪᠠᠶᠢᠭᠰᠠᠨ ᠡᠨᠡ ᠬᠦ ᠲᠡᠥᠬᠡᠨ ᠪᠣᠳᠠᠲᠤ ᠶᠠᠪᠤᠳᠠᠯ ᠢᠶᠠᠷ ᠰᠦᠪᠡᠭᠴᠢ ᠪᠣᠯᠭᠠᠨ᠂ ᠮᠣᠩᠭᠤᠯ ᠤᠨ ᠬᠠᠭᠠᠨ | ᠤ ᠶᠡᠭᠡ ᠣᠷᠲᠤ ᠶᠢᠨ ᠨᠡᠭᠦᠳᠡᠯ ᠰᠢᠯᠵᠢᠯ ᠤᠨ ᠪᠠᠶᠢᠳᠠᠯ ᠲᠠᠢ ᠣᠶᠠᠯᠳᠤᠭᠤᠯᠤᠨ ᠠᠵᠢᠭᠯᠠᠪᠠᠯ᠂ ᠦᠵᠦᠮᠦᠴᠢᠨ ᠠᠶᠢᠮᠠᠭ | ᠤᠨ ᠲᠡᠥᠬᠡᠨ ᠶᠡᠭᠡ ᠨᠡᠭᠦᠳᠡᠯ ᠤᠨ ᠮᠥᠷ ᠴᠠᠷᠠᠭ᠎ᠠ ᠶᠢ ᠶᠡᠭᠡ ᠲᠥᠯᠥᠪ ᠤᠶᠢᠯᠠᠭᠠᠵᠤ ᠪᠣᠯᠣᠮᠠᠷ ᠪᠠᠶᠢᠨ᠎ᠠ᠃ | ᠦᠵᠦᠮᠦᠴᠢᠨ ᠠᠶᠢᠮᠠᠭ ᠤᠨ ᠪᠦᠷᠢᠯᠳᠦᠯ ᠪᠣᠯᠣᠨ ᠲᠡᠭᠦᠨ ᠤ ᠡᠵᠡᠮᠲᠡᠭᠰᠡᠨ ᠨᠣᠲᠤᠭ ᠪᠡᠯᠴᠢᠭᠡᠷ ᠤᠨ ᠳᠤᠬᠠᠢ ᠦᠪᠡᠷ | ᠤᠨ ᠦᠵᠡᠯᠲᠡ ᠪᠠᠨ ︽ᠦᠵᠦᠮᠦᠴᠢᠨ ᠠᠶᠢᠮᠠᠭ ᠤᠨ ᠲᠡᠥᠬᠡᠨ ᠰᠤᠷᠪᠤᠯᠵᠢ ᠶᠢᠨ ᠳᠤᠬᠠᠢ ᠰᠢᠨ᠎ᠡ ᠬᠠᠶᠢᠯᠲᠠ︾ ᠪᠣᠯᠣᠨ | ︽ᠦᠵᠦᠮᠦᠴᠢᠨ ᠠᠶᠢᠮᠠᠭ ᠤᠨ ᠣᠪᠣᠭ ᠶᠠᠰᠤᠨ ᠤ ᠪᠦᠷᠢᠯᠳᠦᠯ ᠠᠴᠠ ᠲᠡᠭᠦᠨ ᠤ ᠲᠡᠥᠬᠡᠨ ᠰᠣᠷᠪᠣᠯᠵᠢ ᠶᠢ ᠰᠢᠨᠵᠢᠯᠡᠬᠦ | ᠨᠢ︾ ᠭᠡᠰᠡᠨ ᠬᠤᠶᠠᠷ ᠦᠭᠦᠯᠡᠯ ᠳᠡᠭᠡᠨ ᠨᠡᠯᠢᠶᠡᠳ ᠳᠤᠲᠤᠷᠬᠠᠢ ᠰᠢᠭ᠋ ᠳᠤᠷᠠᠳᠴᠤ ᠥᠩᠭᠡᠷᠡᠭᠰᠡᠨ ᠶᠤᠮ᠃ ᠡᠳᠡᠭᠡᠷ | ᠦᠭᠦᠯᠡᠯ ᠳᠡᠭᠡᠨ ᠦᠵᠦᠮᠦᠴᠢᠨ ᠠᠶᠢᠮᠠᠭ ᠢ ᠠᠯᠲᠠᠢ ᠬᠠᠩᠭᠠᠢ ᠶᠢᠨ ᠦᠵᠦᠮ ᠤᠨ ᠠᠭᠤᠯᠠᠨ ᠠᠴᠠ ᠨᠡᠭᠦᠵᠦ ᠢᠷᠡᠭᠰᠡᠨ | ᠪᠢᠰᠢ ᠭᠡᠵᠤ ᠦᠵᠡᠭᠰᠡᠨ ᠪᠣᠯᠬᠤᠷ᠂ ᠦᠵᠦᠮᠦᠴᠢᠨ ᠠᠶᠢᠮᠠᠭ ᠠᠯᠲᠠᠢ ᠨᠢᠷᠤᠭᠤ᠂ ᠬᠠᠩᠭᠠᠢ ᠠᠭᠤᠯᠠ ᠵᠡᠷᠭᠡ ᠭᠤᠪᠢ | ᠶᠢᠨ ᠠᠷᠤ ᠶᠢᠨ ᠭᠠᠵᠠᠷ ᠣᠷᠣᠨ ᠢᠶᠠᠷ ᠬᠢᠭᠰᠡᠨ ᠨᠡᠭᠦᠳᠡᠯ ᠤᠨ ᠳᠤᠬᠠᠢ ᠲᠥᠭᠦᠮᠬᠡᠨ ᠴᠦ ᠭᠡᠰᠡᠨ ᠶᠠᠷᠢᠬᠤ ᠴᠢᠬᠤᠯᠠ | ᠲᠠᠢ ᠪᠣᠯᠵᠠᠢ᠃ ᠤᠮᠠᠷᠠᠲᠤ ᠶᠤᠸᠠᠨ ᠤᠯᠤᠰ ᠤᠨ ᠤᠷᠤᠭ᠎ᠠ ᠪᠣᠰᠬᠤᠭᠠ ᠣᠨ ᠵᠢᠯ᠂ ᠳᠠᠶᠢᠨ ᠳᠠᠵᠢᠨ ᠣᠯᠠᠨ ᠲᠠᠢ | ᠨᠡᠶᠢᠭᠡᠮ ᠤᠨ ᠤᠷᠴᠢᠨ ᠨᠢ᠂ ᠤᠳᠠᠭᠠᠨ ᠵᠢᠯ ᠳᠤᠷᠰᠢ ᠡᠪᠦᠭᠡ ᠳᠠᠭᠡᠳᠦᠰ ᠤᠨ ᠢᠶᠠᠨ ᠥᠮᠴᠢ ᠬᠤᠪᠢᠨ ᠨᠤᠲᠤᠭ ᠲᠤ | ᠣᠷᠣᠩᠨᠠᠨ ᠠᠮᠢᠲᠤᠷᠠᠵᠤ ᠢᠷᠡᠭᠰᠡᠨ ᠦᠵᠦᠮᠦᠴᠢᠨ ᠠᠶᠢᠮᠠᠭ ᠤᠨ ᠠᠷᠠᠳ ᠢᠷᠭᠡᠳ ᠢ ᠨᠤᠲᠤᠭ ᠤᠰᠤᠨ ᠠᠴᠠ ᠪᠠᠨ | ᠬᠤᠯᠠ ᠰᠠᠯᠵᠤ᠂ ᠤᠷᠲᠤ ᠬᠤᠭᠤᠴᠠᠭ᠎ᠠ ᠪᠠᠷ ᠨᠡᠭᠦᠳᠡᠯ ᠬᠢᠬᠦ ᠳᠤ ᠬᠥᠷᠥᠭᠦᠯᠵᠡᠢ᠃ ᠦᠵᠦᠮᠦᠴᠢᠨᠴᠦᠳ ᠤᠨ ᠠᠯᠤᠰ | ᠬᠤᠯᠠ ᠶᠢᠨ ᠶᠡᠭᠡ ᠨᠡᠭᠦᠳᠡᠯ ᠨᠢ᠂ ᠨᠡᠭᠦᠳᠡᠯᠴᠢᠨ ᠮᠠᠯᠴᠢᠨ ᠦᠨᠳᠦᠰᠦᠲᠡᠨ ᠤ ᠠᠮᠢᠲᠤᠷᠠᠯ ᠤᠨ ᠲᠥᠭᠡᠮᠡᠯ ᠵᠢᠮ᠎ᠡ ᠶᠤᠰᠤ | ᠪᠣᠯᠬᠤ ᠡᠪᠡᠰᠦᠨ ᠤ ᠰᠣᠷᠭᠤᠭ ᠤᠰᠤᠨ ᠤ ᠲᠤᠩᠭᠠᠯᠠᠭ ᠢ ᠡᠷᠢᠵᠦ ᠶᠠᠪᠤᠭᠰᠠᠨ ᠶᠠᠪᠤᠳᠠᠯ ᠪᠢᠰᠢ ᠪᠠᠶᠢᠵᠤ᠂ ᠲᠡᠭᠦᠨ ᠤ | ᠵᠠᠷᠢᠮ ᠨᠡᠭᠦᠳᠡᠯ ᠨᠢ ᠬᠠᠭᠠᠨ ᠤ ᠶᠡᠭᠡ ᠤᠷᠲᠤ ᠶᠢᠨ ᠰᠢᠯᠵᠢᠯᠲᠡ ᠶᠢ ᠳᠠᠭᠠᠭᠰᠠᠨ︔ ᠵᠠᠷᠢᠮ ᠨᠡᠭᠦᠳᠡᠯ ᠨᠢ ᠴᠡᠷᠢᠭ | ᠳᠠᠶᠢᠨ ᠤ ᠬᠥᠯ ᠠᠴᠠ ᠵᠠᠶᠢᠳᠠᠭᠤ ᠬᠠᠷᠢᠴᠠᠩᠭᠤᠢ ᠪᠠᠷ ᠳᠠᠶᠢᠪᠤᠩ ᠳᠤᠭᠳᠠᠭᠤᠨ ᠪᠠᠶᠢᠬᠤ ᠭᠠᠵᠠᠷ ᠨᠤᠲᠤᠭ ᠢ ᠡᠷᠢᠭ᠍ᠰᠡᠨ︔ | ᠵᠠᠷᠢᠮ ᠨᠡᠭᠦᠳᠡᠯ ᠨᠢ ᠲᠥᠷᠥ ᠵᠠᠰᠠᠭ ᠤᠨ ᠳᠤᠭᠳᠠᠭᠠᠯ ᠢᠶᠠᠷ ᠬᠢᠮᠤᠷᠠᠯ ᠲᠡᠮᠡᠴᠡᠯᠳᠦᠭᠡᠨ ᠡᠭᠦᠰᠬᠦ ᠠᠴᠠ ᠵᠠᠶᠢᠯᠠᠰᠬᠢᠭ᠍ᠰᠡᠨ | ᠵᠡᠷᠭᠡ ᠡᠯ᠎ᠡ ᠵᠥᠢᠯ ᠤᠨ ᠤᠳᠬ᠎ᠠ ᠠᠭᠤᠯᠭ᠎ᠠ ᠪᠦᠬᠦᠢ ᠲᠡᠥᠬᠡᠨ ᠶᠡᠭᠡ ᠨᠡᠭᠦᠳᠡᠯ ᠤᠳ ᠪᠠᠶᠢᠭᠰᠠᠨ ᠶᠤᠮ᠃ ᠨᠤᠲᠤᠭ | ᠤᠰᠤᠨ ᠤ ᠵᠠᠷᠢᠮ ᠮᠣᠩᠭᠤᠯᠴᠢ ᠨᠠᠷ ᠮᠠᠨᠢ᠂ ᠦᠵᠦᠮᠦᠴᠢᠨ ᠤ ᠤᠤᠭᠠᠯ ᠨᠤᠲᠤᠭ ᠢ ᠠᠯᠲᠠᠢ ᠨᠢᠷᠤᠭᠤ ᠶᠢᠨ ᠦᠵᠦᠮ | ᠤᠨ ᠠᠭᠤᠯᠠᠨ ᠳᠤ ᠪᠠᠶᠢᠭᠰᠠᠨ ᠭᠡᠵᠤ ᠦᠵᠡᠭᠡᠳ᠂ ᠦᠵᠦᠮᠦᠴᠢᠨ ᠤ ᠲᠡᠥᠬᠡᠨ ᠳᠡᠭᠡᠷ᠎ᠡ ᠠᠷᠪᠠᠨ ᠳᠠᠪᠤᠳᠤᠭᠠᠷ ᠵᠠᠭᠤᠨ | ᠤ ᠨᠠᠶᠠᠭᠠᠳ ᠣᠨ ᠤ ᠪᠠᠲᠤᠮᠥ᠋ᠩᠭᠡ ᠳᠠᠶᠠᠨ ᠬᠠᠭᠠᠨ ᠤ ᠦᠶ᠎ᠡ ᠠᠴᠠ ᠡᠬᠢᠯᠡᠵᠦ᠂ ᠬᠡᠳᠦᠨ ᠤᠳᠠᠭᠠᠨ ᠤ ᠶᠡᠭᠡ | ᠨᠡᠭᠦᠳᠡᠯ ᠬᠢᠭᠰᠡᠨ ᠭᠡᠬᠦ ᠮᠡᠳᠦᠴᠢᠯᠡᠨ ᠡᠷᠳᠡᠮ ᠰᠢᠨᠵᠢᠯᠡᠭᠡᠨ ᠤ ᠰᠣᠳᠣᠯᠣᠯ ᠬᠢᠭᠰᠡᠨ ᠪᠠᠶᠢᠳᠠᠭ ᠪᠠ ᠡᠳᠡᠭᠡᠷ ᠶᠡᠭᠡ | ᠨᠡᠭᠦᠳᠡᠯ ᠤᠨ ᠡᠬᠢ ᠶᠢ ᠲᠡᠳᠡᠨᠡᠷ ᠤᠨ ᠡᠬᠡ ᠨᠤᠲᠤᠭ ᠦᠵᠦᠮ ᠤᠨ ᠠᠭᠤᠯᠠᠨ ᠠᠴᠠ ᠡᠬᠢᠯᠡᠭᠰᠡᠨ ᠭᠡᠳᠡᠭ᠃ ᠨᠤᠲᠤᠭ | ᠤᠰᠤᠨ ᠤ ᠤᠭ ᠰᠣᠷᠪᠣᠯᠵᠢ ᠶᠢᠨ ᠲᠠᠯ᠎ᠠ ᠪᠠᠷ ᠬᠢ ᠦᠵᠡᠯᠲᠡ ᠲᠠᠨᠢᠯᠲᠠ ᠠᠳᠠᠯᠢ ᠦᠭᠡᠢ ᠶᠢᠨ ᠤᠯᠠᠮ ᠠᠴᠠ ᠶᠡᠭᠡ | ᠨᠡᠭᠦᠳᠡᠯ ᠡᠭᠦᠰᠴᠦ ᠡᠬᠢᠯᠡᠭᠰᠡᠨ ᠭᠠᠵᠠᠷ ᠣᠷᠣᠨ ᠤ ᠵᠢᠭᠠᠯᠲᠠ ᠳᠤ ᠮᠢᠨᠤ ᠦᠵᠡᠯᠲᠡ ᠡᠳᠡᠭᠡᠷ ᠲᠠᠢ ᠠᠳᠠᠯᠢ ᠦᠭᠡᠢ | ᠪᠠᠶᠢᠬᠤ ᠨᠢ ᠶᠠᠷᠢᠶᠠᠨ ᠦᠭᠡᠢ ᠶᠤᠮ᠃ ᠮᠢᠨᠤ ᠦᠵᠡᠬᠦ ᠪᠠᠷ᠂ ᠦᠵᠦᠮᠦᠴᠢᠨ ᠠᠶᠢᠮᠠᠭ ᠤᠨ ᠠᠩᠬᠠᠳᠠᠭᠴᠢ ᠶᠡᠭᠡ | ᠨᠡᠭᠦᠳᠡᠯ ᠨᠢ ᠠᠷᠪᠠᠨ ᠳᠠᠪᠤᠳᠤᠭᠠᠷ ᠵᠠᠭᠤᠨ ᠤ ᠨᠠᠶᠠᠭᠠᠳ ᠣᠨ ᠤ ᠪᠠᠲᠤᠮᠥ᠋ᠩᠭᠡ ᠳᠠᠶᠠᠨ ᠬᠠᠭᠠᠨ ᠤ ᠦᠶ᠎ᠡ ᠳᠤ ᠪᠢᠰᠢ | ᠬᠠᠷᠢᠨ ᠡᠭᠦᠨ ᠠᠴᠠ ᠵᠠᠭᠤ ᠢᠯᠡᠭᠦᠦ ᠵᠢᠯ ᠤᠨ ᠡᠮᠦᠨ᠎ᠡ ᠣᠮᠠᠷᠠᠲᠤ ᠶᠤᠸᠠᠨ ᠣᠯᠣᠰ ᠤᠨ ᠠᠶᠤᠰᠢᠷᠢᠳᠠᠷᠠ ᠬᠠᠭᠠᠨ ᠤ | ᠦᠶ᠎ᠡ ᠳᠤ᠂ ᠠᠯᠲᠠᠢ ᠬᠠᠩᠭᠠᠢ ᠶᠢᠨ ᠦᠵᠦᠮ ᠤᠨ ᠠᠭᠤᠯᠠᠨ ᠠᠴᠠ ᠡᠬᠢᠯᠡᠵᠦ ᠨᠡᠭᠦᠭᠰᠡᠨ ᠪᠢᠰᠢ ᠬᠠᠷᠢᠨ ᠣᠳᠣ ᠶᠢᠨ | ᠦᠵᠦᠮᠦᠴᠢᠨ ᠤ ᠲᠠᠯ᠎ᠠ ᠨᠤᠲᠤᠭ ᠠᠴᠠ ᠡᠬᠢᠯᠡᠵᠦ ᠨᠡᠭᠦᠭᠰᠡᠨ ᠶᠡᠭᠡ ᠨᠡᠭᠦᠳᠡᠯ ᠪᠣᠯᠣᠨ᠎ᠠ᠃ ᠳᠤᠤᠷ᠎ᠠ ᠦᠵᠦᠮᠦᠴᠢᠨ ᠤ | ᠲᠡᠥᠬᠡᠨ ᠳᠤ ᠪᠣᠯᠣᠭᠰᠠᠨ ᠭᠤᠷᠪᠠᠨ ᠣᠳᠠᠭᠠᠨ ᠤ ᠶᠡᠭᠡ ᠨᠡᠭᠦᠳᠡᠯ ᠢᠶᠠᠷ ᠭᠤᠤᠯ ᠰᠢᠵᠢᠮ ᠪᠣᠯᠭᠠᠨ ᠦᠪᠡᠷ ᠤᠨ | ᠦᠵᠡᠯᠲᠡ ᠪᠠᠨ ᠲᠥᠭᠦᠮᠬᠡᠨ ᠶᠠᠷᠢᠶ᠎ᠠ᠃ | ᠨᠢᠭᠡ᠂ ᠶᠡᠭᠡ ᠮᠣᠩᠭᠤᠯ ᠬᠠᠭᠠᠨᠲᠤ ᠤᠯᠤᠰ ᠪᠠ ᠶᠤᠸᠠᠨ ᠤᠯᠤᠰ ᠤᠨ ᠦᠶ᠎ᠡ ᠶᠢᠨ ᠦᠵᠦᠮᠦᠴᠢᠨ ᠠᠶᠢᠮᠠᠭ ᠤᠨ | ᠨᠡᠭᠦᠳᠡᠯ ᠠᠮᠢᠲᠤᠷᠠᠯ ︵1200 ᠣᠨ ᠤ ᠤᠷᠢᠳ ᠬᠤᠵᠢᠳ ᠠᠴᠠ 1370 ᠣᠨ ᠪᠣᠯᠳᠠᠯᠠᠬᠢ ᠬᠤᠭᠤᠴᠠᠭᠠᠨ ᠳᠤ︶ | | ᠶᠡᠭᠡ ᠮᠣᠩᠭᠤᠯ ᠬᠠᠭᠠᠨᠲᠤ ᠤᠯᠤᠰ ᠪᠣᠯᠣᠨ ᠶᠤᠸᠠᠨ ᠤᠯᠤᠰ ᠤᠨ ᠦᠶ᠎ᠡ ᠶᠢᠨ ᠲᠡᠥᠬᠡᠨ ᠠᠬᠤᠢ ᠪᠠᠶᠢᠳᠠᠯ ᠪᠣᠯᠣᠨ | ᠲᠡᠭᠦᠨ ᠤ ᠪᠡᠯᠴᠢᠭᠡᠷ ᠨᠤᠲᠤᠭ᠂ ᠮᠠᠯᠵᠢᠬᠤ ᠦᠢᠯᠡᠳᠪᠦᠷᠢᠯᠡᠯ ᠢ ᠡᠵᠡᠩᠨᠡᠨ ᠬᠠᠮᠢᠶᠠᠷᠴᠤ ᠪᠠᠶᠢᠭᠰᠠᠨ ᠪᠠᠶᠢᠳᠠᠯ ᠠᠴᠠ | ᠡᠭᠦᠰᠴᠦ᠂ ᠦᠵᠦᠮᠦᠴᠢᠨ ᠠᠶᠢᠮᠠᠭ ᠣᠨ ᠳᠤᠭᠠᠯᠠᠯ ᠤᠨ 1200 ᠣᠨ ᠤ ᠣᠷᠢᠳ ᠬᠤᠵᠢᠳ ᠠᠶᠢᠮᠠᠭ ᠪᠣᠯᠣᠨ | ᠪᠦᠷᠢᠯᠳᠦᠭᠰᠡᠨ ᠠᠴᠠ ᠪᠠᠨ ᠡᠬᠢᠯᠡᠭᠡᠳ 1370 ᠣᠨ ᠪᠣᠯᠲᠠᠯᠠᠬᠢ 170 ᠭᠠᠷᠤᠢ ᠵᠢᠯ ᠤᠨ ᠳᠤᠲᠤᠷ᠎ᠠ ᠶᠡᠭᠡ | ᠨᠡᠭᠦᠳᠡᠯ ᠬᠢᠭᠰᠡᠨ ᠪᠠᠶᠢᠳᠠᠯ ᠢᠯᠡᠷᠡᠭᠰᠡᠨ ᠦᠭᠡᠢ ᠭᠡᠵᠤ ᠦᠵᠡᠨ᠎ᠡ᠃ ᠡᠨᠡ ᠬᠤᠭᠤᠴᠠᠭᠠᠨ ᠳᠤ ᠮᠣᠩᠭᠤᠯᠴᠤᠳ ᠤᠨ | ᠨᠣᠲᠤᠭ ᠳᠡᠪᠢᠰᠭᠡᠷ ᠦᠷᠭᠡᠳᠭᠡᠬᠦ ᠴᠡᠷᠢᠭ ᠳᠠᠶᠢᠨ ᠤ ᠠᠵᠢᠯᠯᠠᠭ᠎ᠠ ᠨᠢ ᠴᠥᠮ ᠬᠠᠭᠠᠨᠲᠤ ᠤᠯᠤᠰ ᠤᠨ ᠨᠣᠲᠤᠭ | ᠲᠡᠪᠢᠰᠭᠡᠷ ᠠᠴᠠ ᠭᠠᠳᠠᠨ᠎ᠠ ᠶᠠᠪᠤᠭᠳᠠᠵᠤ᠂ ᠬᠠᠭᠠᠨᠲᠤ ᠤᠯᠤᠰ ᠤᠨ ᠵᠠᠭᠠᠭ ᠭᠡᠴᠡ ᠶᠢᠨ ᠳᠤᠲᠤᠷ᠎ᠠ ᠳᠠᠶᠢᠨ ᠳᠠᠵᠢᠨ | ᠦᠭᠡᠢ ᠨᠠᠮ ᠳᠤᠭᠳᠠᠭᠤᠨ᠂ ᠮᠠᠯ ᠰᠦᠷᠦᠭ ᠦᠨᠢᠷ ᠦᠰᠬᠦ ᠪᠠᠶᠢᠳᠠᠯ ᠲᠠᠢ᠂ ᠮᠠᠯᠴᠢᠨ ᠠᠶᠢᠯ ᠤᠨ ᠠᠮᠢᠲᠤᠷᠠᠯ | ᠰᠢᠨᠡᠳᠬᠦ ᠲᠥᠯᠥᠪ ᠲᠠᠢ ᠪᠣᠯᠣᠭᠰᠠᠨ ᠪᠠᠶᠢᠨ᠎ᠠ᠃ ᠡᠶᠢᠮᠦ ᠪᠣᠯᠬᠤᠷ᠂ ᠴᠢᠩᠭᠢᠰ ᠬᠠᠭᠠᠨ ᠤ ᠰᠣᠶᠤᠷᠬᠠᠯ ᠢᠶᠠᠷ | ᠦᠵᠦᠮᠦᠴᠢᠨ ᠲᠠᠯ᠎ᠠ ᠨᠤᠲᠤᠭ ᠤᠨ ᠡᠵᠡᠨ ᠨᠢ ᠪᠣᠯᠤᠭ᠎ᠠ ᠦᠵᠦᠮᠦᠴᠢᠨᠴᠦᠳ ᠡᠨᠡ ᠬᠤᠭᠤᠴᠠᠭᠠᠨ ᠳᠤ ᠮᠠᠯ ᠰᠦᠷᠦᠭ | ᠤᠨ ᠢᠶᠠᠨ ᠲᠥᠷᠪᠡᠨ ᠤᠯᠠᠷᠢᠯ ᠤᠨ ᠪᠡᠯᠴᠢᠭᠡᠷ ᠨᠣᠲᠤᠭ ᠢ ᠳᠤᠬᠢᠷᠠᠭᠤᠯᠬᠤ ᠠᠴᠠ ᠭᠠᠳᠠᠨ᠎ᠠ ᠠᠯᠤᠰ ᠬᠤᠯᠠ ᠦᠷᠦᠭᠡᠯ | ᠨᠤᠲᠤᠭ ᠲᠤ ᠨᠡᠭᠦᠳᠡᠯ ᠬᠢᠬᠦ ᠬᠡᠷᠡᠭᠴᠡᠭᠡ ᠭᠡᠵᠤ ᠲᠡᠳᠡᠨ ᠳᠤ ᠪᠠᠶᠢᠭᠰᠠᠨ ᠦᠭᠡᠢ ᠶᠤᠮ᠃ | ᠲᠥᠷᠪᠡᠨ ᠤᠯᠠᠷᠢᠯ ᠤᠨ ᠪᠡᠯᠴᠢᠭᠡᠷ ᠨᠤᠲᠤᠭ ᠢ ᠳᠤᠬᠢᠷᠠᠭᠤᠯᠬᠤ ᠳᠤ᠂ ᠪᠣᠰᠣᠳ ᠤᠨ ᠨᠣᠲᠤᠭ ᠲᠤ ᠨᠡᠭᠦᠬᠦ ᠪᠠᠭᠤᠬᠤ | ᠶᠢ ᠬᠠᠭᠠᠨᠲᠤ ᠭᠦᠷᠦᠨ ᠤ ᠬᠠᠤᠯᠢ ᠳᠤᠭᠲᠠᠭᠠᠯ ᠴᠢᠩᠭ᠎ᠠ ᠴᠠᠭᠠᠵᠠᠯᠠᠵᠤ ᠪᠠᠶᠢᠭᠰᠠᠨ ᠪᠦᠭᠡᠳ ᠠᠯᠢ ᠤᠯᠠᠷᠢᠯ ᠳᠤ ᠶᠠᠮᠠᠷ | ᠨᠣᠲᠤᠭ ᠲᠤ ᠪᠠᠭᠤᠬᠤ ᠭᠡᠳᠡᠭ ᠢ ᠮᠢᠩᠭᠠᠲᠤ ᠶᠢᠨ ᠨᠣᠶᠠᠳ᠂ ᠵᠠᠭᠤᠲᠤ ᠶᠢᠨ ᠨᠣᠶᠠᠳ ᠪᠣᠶᠤ ᠠᠷᠪᠠᠲᠤ ᠶᠢᠨ ᠨᠣᠶᠠᠳ | ᠳᠤᠭᠲᠠᠭᠠᠵᠤ ᠦᠭᠳᠡᠭ ᠪᠠᠶᠢᠵᠠᠢ᠃ ᠮᠠᠨ ᠳᠤ ᠣᠯᠳᠠᠭᠰᠠᠨ ᠲᠡᠥᠬᠡᠨ ᠮᠠᠲ᠋ᠧᠷᠢᠶᠠᠯ ᠨᠤᠭᠤᠳ ᠲᠤ᠂ ︽ᠠᠷᠪᠠᠲᠤ᠂ | ᠵᠠᠭᠤᠲᠤ᠂ ᠮᠢᠩᠭᠠᠲᠤ ᠶᠢᠨ ᠲᠥᠷᠢᠮ ᠢ ᠬᠡᠷᠡᠭᠵᠢᠭᠦᠯᠳᠦᠭᠡᠢ᠃ ᠶᠠᠮᠠᠷ ᠨᠢᠭᠡᠨ ᠬᠥᠮᠦᠨ ᠭᠡᠳ ᠡᠷᠬᠡᠦ᠋ᠭᠡᠢ ᠠᠯᠢ ᠨᠢᠭᠡᠨ | ᠠᠷᠪᠠᠲᠤ᠂ ᠵᠠᠭᠤᠲᠤ ᠪᠠ ᠮᠢᠩᠭᠠᠲᠤ ᠳᠤ ᠬᠠᠮᠢᠶᠠᠷᠤᠭᠳᠠᠮᠤᠢ᠃ ᠦᠪᠡᠷ ᠤᠨ ᠲᠠᠪᠠ ᠪᠠᠷ ᠢᠶᠠᠨ ᠡᠷᠦᠬᠡ ᠰᠢᠯᠵᠢᠭᠦᠯᠵᠦ | ᠪᠣᠯᠬᠤ ᠦᠭᠡᠢ᠂ ᠦᠭᠡᠷ᠎ᠡ ᠨᠤᠲᠤᠭ ᠲᠤ ᠨᠡᠭᠦᠨ ᠰᠢᠯᠵᠢᠵᠦ ᠨᠡᠩ ᠴᠦ ᠥᠯᠥ ᠪᠣᠯᠣᠮᠣᠢ᠃ ᠡᠨᠡ ᠬᠠᠤᠯᠢ ᠶᠢ ᠡᠪᠳᠡᠵᠦ | ᠂ ᠬᠠᠤᠯᠢ ᠪᠠᠷ ᠳᠤᠭᠲᠠᠭᠠᠭᠰᠠᠨ ᠭᠠᠵᠠᠷ ᠨᠤᠲᠤᠭ ᠠᠴᠠ ᠵᠠᠶᠢᠯᠠᠨ ᠶᠠᠪᠤᠪᠠᠰᠤ᠂ ᠳᠠᠭᠤᠳᠠᠨ ᠠᠪᠴᠢᠷᠠᠵᠤ ᠲᠣᠯᠣᠭᠠᠢ | ᠣᠨᠠᠬᠤ ᠶᠠᠯ᠎ᠠ ᠣᠨᠣᠭᠠᠨ᠎ᠠ᠃ ᠨᠡᠭᠦᠵᠦ ᠵᠠᠶᠢᠯᠠᠬᠤ ᠳᠤ ᠬᠠᠮᠵᠢᠭᠰᠠᠳ ᠢ ᠮᠥᠨ ᠠᠭᠤᠴᠢᠯᠠᠬᠤᠨ ᠦᠭᠡᠢ᠂ ᠮᠥᠨ | ᠳᠤᠭᠳᠠᠭᠰᠠᠨ ᠬᠠᠤᠯᠢ ᠪᠠᠷ ᠵᠠᠯᠬᠠᠭᠠᠨ ᠰᠢᠳᠬᠡᠰᠦᠬᠡᠢ︾ ﹇1﹈︔ ︽ᠲᠠᠲ᠋ᠠᠷ ︵ᠮᠣᠩᠭᠤᠯᠴᠤᠳ ᠢ ᠵᠢᠭᠠᠵᠤ ᠪᠣᠢ︶ | ᠤᠳ ᠤᠨ ᠬᠠᠭᠠᠨ ᠨᠢ ᠠᠷᠠᠳ ᠢᠷᠭᠡᠳ ᠲᠡᠭᠡᠨ ᠠᠶᠢᠬᠤᠪᠲᠤᠷ ᠶᠡᠭᠡ ᠡᠷᠬᠡ ᠮᠡᠳᠡᠯ ᠲᠠᠢ ᠪᠠᠶᠢᠳᠠᠭ ᠶᠤᠮ᠃ ᠬᠡᠨ | ᠬᠥᠮᠥᠨ ᠪᠣᠯᠪᠠᠴᠤ᠂ ᠬᠠᠭᠠᠨ ᠤ ᠵᠠᠷᠯᠢᠭ ᠦᠭᠡᠢ ᠪᠠᠷ ᠶᠠᠮᠠᠷ ᠴᠦ ᠭᠠᠵᠠᠷ ᠣᠷᠣᠨ ᠳᠤ ᠠᠶᠤᠵᠤ ᠰᠠᠭᠤᠬᠤ ᠦᠭᠡᠢ᠃ | ᠤᠳᠤᠷᠢᠳᠤᠭᠴᠢᠳ ︵ᠠᠳᠡ ᠬᠥᠪᠡᠭᠦᠳ ᠪᠣᠶᠤ ᠲᠥᠮᠡᠲᠦ ᠶᠢᠨ ᠨᠣᠶᠠᠳ ᠢ ᠵᠢᠭᠠᠵᠤ ᠪᠣᠢ︶ ᠤᠨ ᠰᠠᠭᠤᠬᠤ ᠭᠠᠵᠠᠷ ᠢ | ᠬᠠᠭᠠᠨ ᠦᠪᠡᠷ ᠤᠨ ᠪᠡᠶ᠎ᠡ ᠪᠠᠷ ᠵᠢᠭᠠᠵᠤ ᠳᠤᠭᠲᠠᠭᠠᠨ᠎ᠠ᠃ ᠤᠳᠤᠷᠢᠳᠤᠭᠴᠢᠳ ᠨᠢ ᠮᠢᠩᠭᠠᠨ ᠤ ᠨᠣᠶᠠᠨ ᠳᠤ᠂ | ᠮᠢᠩᠭᠠᠨ ᠤ ᠨᠣᠶᠠᠨ ᠨᠢ ᠵᠠᠭᠤᠨ ᠤ ᠨᠣᠶᠠᠨ ᠳᠤ᠂ ᠵᠠᠭᠤᠨ ᠤ ᠨᠣᠶᠠᠨ ᠨᠢ ᠠᠷᠪᠠᠨ ᠤ ᠨᠣᠶᠠᠨ ᠳᠤ ᠳᠤᠰ ᠳᠤᠰ | ᠵᠢᠭᠠᠪᠤᠷᠢᠯᠠᠨᠠ︾ ﹇2﹈ ᠭᠡᠬᠦ ᠮᠡᠳᠦ ᠶᠢᠨ ᠲᠡᠮᠳᠡᠭᠯᠡᠯ ᠬᠠᠷᠠᠭᠳᠠᠳᠠᠭ᠃ ᠡᠳᠡᠭᠡᠷ ᠲᠡᠮᠳᠡᠭᠯᠡᠯ ᠠᠴᠠ᠂ ᠮᠣᠩᠭᠤᠯ | ᠬᠠᠭᠠᠨᠲᠤ ᠤᠯᠤᠰ ᠪᠠ ᠶᠤᠸᠠᠨ ᠤᠯᠤᠰ ᠤᠨ ᠦᠶ᠎ᠡ ᠳᠤ ᠨᠤᠲᠤᠭ ᠪᠡᠯᠴᠢᠭᠡᠷ ᠤᠨ ᠬᠠᠮᠢᠶᠠᠷᠤᠯᠲᠠ ᠮᠠᠰᠢ ᠴᠢᠩᠭ᠎ᠠ | ᠪᠠᠶᠢᠯ᠎ᠠ ᠭᠡᠳᠡᠭ ᠢ ᠤᠶᠢᠯᠠᠭᠠᠵᠤ ᠪᠣᠯᠬᠤ ᠶᠤᠮ᠃ ᠡᠶᠢᠮᠦᠷᠬᠦ ᠪᠠᠶᠢᠳᠠᠯ ᠳᠤ ᠲᠥᠷᠪᠡᠨ ᠤᠯᠠᠷᠢᠯ ᠤᠨ ᠮᠠᠯ ᠮᠠᠯᠵᠢᠯᠭ᠎ᠠ | ᠶᠢᠨ ᠱᠠᠭᠠᠷᠳᠠᠯᠭ᠎ᠠ ᠳᠤ ᠵᠣᠬᠢᠴᠠᠭᠤᠯᠤᠭᠰᠠᠨ ᠦᠵᠦᠮᠦᠴᠢᠨᠴᠦᠳ ᠤᠨ ᠣᠲᠣᠷ ᠨᠡᠭᠦᠳᠡᠯ ᠭᠠᠵᠠᠷ ᠨᠤᠲᠤᠭ ᠤᠨ ᠢᠶᠠᠨ | ᠵᠠᠭᠠᠭ ᠭᠡᠴᠡ ᠶᠢᠨ ᠳᠤᠲᠤᠷ᠎ᠠ ᠯᠠ ᠪᠠᠶᠢᠬᠤ ᠤᠴᠢᠷ ᠲᠠᠢ ᠶᠤᠮ᠃ ᠡᠨᠡ ᠦᠶ᠎ᠡ᠂ ᠦᠵᠦᠮᠦᠴᠢᠨ ᠠᠶᠢᠮᠠᠭ ᠤᠨ | ᠨᠣᠶᠠᠳ ᠪᠠ ᠳᠡᠭᠡᠲᠦ ᠳᠠᠪᠬᠤᠷᠭᠠᠲᠠᠨ ᠲᠥᠷᠥ ᠶᠢᠨ ᠠᠯᠪᠠ ᠭᠦᠢᠴᠡᠳᠭᠡᠬᠦ ᠪᠣᠶᠤ ᠬᠤᠶᠠᠭ ᠴᠡᠷᠢᠭ ᠨᠢ ᠴᠡᠷᠢᠭ ᠳᠠᠶᠢᠨ | ᠤ ᠴᠢᠬᠤᠯᠠᠴᠢᠯᠠᠭ᠎ᠠ ᠪᠠᠷ ᠭᠠᠳᠠᠭᠰᠢ ᠮᠣᠷᠳᠠᠬᠤ ᠶᠠᠪᠤᠳᠠᠯ ᠵᠥᠩᠳᠡᠭᠡᠨ ᠪᠠᠶᠢᠳᠠᠭ ᠪᠣᠯᠪᠠᠴᠤ᠂ ᠲᠡᠳᠡᠨᠡᠷ ᠤᠨ ᠠᠷᠤ ᠭᠡᠷ | ᠠᠪᠤ ᠡᠵᠢ ᠠᠬ᠎ᠠ ᠳᠡᠭᠦᠦ ᠰᠠᠳᠤᠨ ᠨᠢ ᠦᠵᠦᠮᠦᠴᠢᠨ ᠲᠠᠯ᠎ᠠ ᠨᠤᠲᠤᠭ ᠲᠠᠭᠠᠨ ᠣᠷᠣᠩᠨᠠᠨ ᠠᠮᠢᠲᠤᠷᠠᠭᠰᠠᠨ ᠬᠡᠪ | ᠲᠡᠭᠡᠨ ᠪᠠᠶᠢᠳᠠᠭ ᠶᠤᠮ᠃ ᠦᠵᠦᠮᠦᠴᠢᠨᠴᠦᠳ ᠤᠨ 170 ᠭᠠᠷᠤᠢ ᠵᠢᠯ ᠦᠷᠭᠦᠯᠵᠢᠯᠡᠭᠰᠡᠨ ᠡᠮᠬᠢ ᠳᠢᠭᠯᠢᠮ ᠲᠠᠢ᠂ | ᠡᠩᠬᠡ ᠲᠥᠪᠰᠢᠨ ᠠᠮᠢᠲᠤᠷᠠᠯ ᠤᠨ ᠪᠠᠶᠢᠳᠠᠯ ᠠᠷᠪᠠᠨ ᠲᠥᠷᠪᠡᠳᠦᠭᠡᠷ ᠵᠠᠭᠤᠨ ᠤ ᠲᠠᠯᠠᠭᠠᠳ ᠣᠨ ᠤ ᠦᠶᠡᠰ᠂ ᠶᠤᠸᠠᠨ | ᠤᠯᠤᠰ ᠳᠤᠮᠳᠠᠲᠤ ᠣᠷᠣᠨ ᠢ ᠠᠯᠳᠠᠵᠤ᠂ ᠡᠭᠦᠨ ᠤ ᠵᠠᠯᠭᠠᠯᠳᠤᠭᠠᠪᠠᠷ ᠳᠡᠭᠡᠲᠦ ᠨᠡᠶᠢᠰᠯᠡᠯ ᠡᠪᠳᠡᠭᠳᠡᠵᠦ᠂ ᠮᠢᠩ ᠤᠯᠤᠰ | ᠤᠨ ᠴᠡᠷᠢᠭ ᠮᠣᠩᠭᠤᠯ ᠣᠷᠣᠨ ᠳᠤ ᠣᠳᠠᠭ᠎ᠠ ᠳᠠᠷᠠᠭ᠎ᠠ ᠪᠠᠷ ᠲᠥᠷᠢᠵᠦ ᠣᠷᠣᠵᠤ ᠢᠷᠡᠭᠰᠡᠨ ᠦᠶ᠎ᠡ ᠳᠤ ᠮᠠᠰᠢ ᠶᠡᠭᠡ | ᠬᠤᠪᠢᠷᠠᠯᠲᠠ ᠭᠠᠷᠴᠠᠢ᠃ | ᠬᠤᠶᠠᠷ᠂ ᠣᠮᠠᠷᠠᠲᠤ ᠶᠤᠸᠠᠨ ᠤᠯᠤᠰ ᠤᠨ ᠡᠬᠢᠨ ᠤ ᠦᠶ᠎ᠡ ᠶᠢᠨ ᠦᠵᠦᠮᠦᠴᠢᠨ ᠠᠶᠢᠮᠠᠭ ᠤᠨ ᠠᠩᠬᠠᠳᠠᠭᠴᠢ ᠶᠡᠭᠡ | ᠨᠡᠭᠦᠳᠡᠯ ︵1370 ᠣᠨ — — 1480 ᠣᠨ ᠤ ᠪᠠᠷᠤᠭ︔ 110 ᠭᠠᠷᠤᠢ ᠵᠢᠯ ᠤᠨ ᠨᠡᠭᠦᠳᠡᠯ︶ | ᠶᠤᠸᠠᠨ ᠤᠯᠤᠰ ᠤᠨ ᠰᠡᠭᠦᠯᠴᠢ ᠶᠢᠨ ᠦᠶ᠎ᠡ ᠪᠠᠷ᠂ ᠡᠷᠲᠡ ᠳᠡᠭᠡᠲᠦ ᠶᠢᠨ ᠦᠶ᠎ᠡ ᠠᠴᠠ ᠪᠠᠨ ᠬᠢᠩᠭᠠᠨ ᠨᠢᠷᠤᠭᠤᠨ ᠤ | ᠦᠯᠭᠡ ᠪᠠᠷ ᠨᠤᠲᠤᠭ ᠲᠠᠢ ᠦᠵᠦᠮᠦᠴᠢᠨ ᠤᠲᠤᠭ ︵ᠠᠶᠢᠮᠠᠭ︶ ᠤᠨ ᠬᠢᠨ ᠴᠠᠬᠠᠷ ᠲᠥᠮᠡᠨ ᠤ ᠵᠠᠬᠢᠷᠭᠠᠨ ᠳᠤ | ᠬᠠᠷᠢᠶᠠᠯᠠᠭᠳᠠᠵᠤ᠂ ᠴᠡᠷᠢᠭ ᠬᠤᠶᠠᠭ ᠨᠢ ᠲᠠᠶᠢᠲᠤ ᠨᠡᠶᠢᠰᠯᠡᠯ ᠳᠤ ᠶᠡᠭᠡ ᠬᠠᠭᠠᠨ ᠤ ᠳᠡᠷᠭᠡᠳᠡᠭᠦᠷ ᠠᠯᠪᠠ ᠬᠠᠭᠠᠵᠤ | ᠪᠠᠶᠢᠭᠰᠠᠨ ᠶᠤᠮ᠃ | 1368 ᠣᠨ ᠳᠤ᠂ ᠲᠤᠭᠤᠨᠲᠡᠮᠦᠷ ᠬᠠᠭᠠᠨ ᠮᠢᠩ ᠤᠯᠤᠰ ᠲᠤ ᠴᠡᠷᠢᠭ ᠢᠯᠠᠭᠳᠠᠵᠤ ᠲᠠᠶᠢᠲᠤ ᠠᠴᠠ ᠤᠬᠤᠷᠢᠵᠤ᠂ | ᠲᠡᠭᠡᠲᠦ ᠨᠡᠶᠢᠰᠯᠡᠯ ᠱᠠᠩᠲᠤ ᠳᠤ ᠬᠥᠷᠴᠦ᠂ ᠲᠡᠳᠦᠢ ᠯᠡ ᠤᠳᠠᠯ ᠦᠭᠡᠢ ᠳᠠᠬᠢᠨ ᠢᠩᠴᠠᠩ ᠹᠦ᠋ ︵ᠪᠠᠰᠠ ᠪᠠᠷᠰ | ᠬᠤᠲᠠ ᠭᠡᠳᠡᠭ᠂ ᠣᠲᠣ ᠶᠢᠨ ᠬᠡᠰᠢᠭᠲᠡᠨ ᠬᠤᠰᠢᠭᠤᠨ ᠤ ᠳᠠᠯᠠᠢ ᠨᠠᠭᠤᠷ ᠤᠨ ᠤᠷᠴᠢᠮ︶ ᠳᠤ ᠤᠬᠤᠷᠢᠨ ᠤᠴᠢᠵᠤ | ᠲᠡᠨᠳᠡ ᠨᠡᠶᠢᠰᠯᠡᠵᠡᠢ᠃ ᠡᠭᠦᠨ ᠤ ᠳᠠᠷᠠᠭ᠎ᠠ ᠪᠠᠷ᠂ ᠲᠤᠭᠤᠨᠲᠡᠮᠦᠷ ᠬᠠᠭᠠᠨ 1370 ᠣᠨ ᠪᠣᠯᠲᠠᠯᠠᠬᠢ ᠬᠤᠶᠠᠷ ᠵᠢᠯ | ᠢᠯᠡᠭᠦᠦ ᠶᠢᠨ ᠬᠤᠭᠤᠴᠠᠭᠠᠨ ᠳᠤ ᠲᠠᠶᠢᠲᠤ ᠨᠡᠶᠢᠰᠯᠡᠯ ᠢᠶᠠᠨ ᠪᠣᠴᠠᠭᠠᠨ ᠠᠪᠬᠤ ᠡᠭᠦᠨ ᠤ ᠣᠯᠠᠮ ᠠᠴᠠ ᠳᠤᠮᠳᠠᠲᠤ | ᠣᠷᠣᠨ ᠳᠠᠬᠢ ᠨᠣᠶᠠᠷᠬᠠᠯ ᠢᠶᠠᠨ ᠳᠠᠬᠢᠨ ᠰᠡᠷᠭᠦᠭᠡᠬᠦ ᠴᠡᠷᠢᠭ ᠳᠠᠶᠢᠨ ᠤ ᠣᠷᠣᠯᠳᠤᠯᠭ᠎ᠠ ᠶᠢ ᠭᠤᠷᠪᠠᠨᠲᠠ ᠬᠢᠭᠰᠡᠨ | ᠪᠣᠯᠪᠠᠴᠤ ᠴᠥᠮ ᠢᠯᠠᠭᠳᠠᠭᠰᠠᠨ ᠤ ᠤᠴᠢᠷ᠂ ᠪᠡᠶ᠎ᠡ ᠰᠡᠳᠬᠢᠯ ᠨᠢ ᠲᠤᠩ ᠶᠡᠭᠡ ᠴᠤᠬᠢᠯᠲᠠ ᠣᠯᠵᠤ᠂ 1370 ᠣᠨ | ᠤ 4 ᠰᠠᠷ᠎ᠠ ᠶᠢᠨ 28 ᠡᠳᠦᠷ ᠢᠩᠴᠠᠩ ᠹᠦ᠋ ᠳᠤ ᠨᠠᠰᠤ ᠪᠠᠷᠠᠵᠠᠢ᠃ ᠮᠢᠩ ᠤᠯᠤᠰ ᠤᠨ ᠵᠠᠩᠵᠤᠨ ᠯᠢ ᠸᠧᠨ ᠵᠥᠩ᠂ | ᠤᠬᠠᠭᠠᠨᠲᠤ ᠬᠠᠭᠠᠨ ᠲᠤᠭᠤᠨᠲᠡᠮᠦᠷ ᠨᠠᠰᠤ ᠪᠠᠷᠠᠵᠤ ᠪᠢᠯᠢᠭᠲᠦ ᠬᠠᠭᠠᠨ ᠠᠶᠤᠰᠢᠷᠢᠳᠠᠷᠠ ᠰᠠᠶ᠋ᠢ ᠰᠠᠭᠤᠷᠢᠨ ᠳᠤ | ᠰᠠᠭᠤᠵᠤ᠂ ᠤᠮᠠᠷᠠᠲᠤ ᠶᠤᠸᠠᠨ ᠤ ᠬᠢᠨ ᠤᠯᠤᠰ ᠳᠠᠶᠠᠭᠠᠷ ᠢᠶᠠᠷ ᠢᠶᠠᠨ ᠶᠡᠭᠡ ᠭᠠᠰᠢᠭᠤᠳᠠᠯ ᠳᠤ ᠡᠮᠭᠡᠨᠢᠵᠦ ᠪᠠᠶᠢᠭ᠎ᠠ | ᠵᠠᠪᠰᠢᠶᠠᠨ ᠢ ᠳᠠᠯᠢᠮᠳᠠᠭᠤᠯᠤᠨ᠂ ᠶᠡᠭᠡ ᠴᠡᠷᠢᠭ ᠢᠶᠠᠷ ᠶᠠᠮᠠᠷ ᠴᠦ ᠪᠡᠯᠡᠳᠭᠡᠯ ᠦᠭᠡᠢ ᠪᠠᠶᠢᠭᠰᠠᠨ ᠰᠢᠨ᠎ᠡ ᠨᠡᠶᠢᠰᠯᠡᠯ | ᠢᠩᠴᠠᠩ ᠹᠦ᠋ ᠶᠢ ᠳᠠᠭᠠᠷᠢᠨ ᠴᠤᠬᠢᠵᠠᠢ᠃ ︽ᠤᠮᠠᠷᠠᠲᠤ ᠶᠤᠸᠠᠨ ᠤ ᠲᠡᠥᠬᠡ︾ ᠳᠤ ᠡᠨᠡ ᠦᠶ᠎ᠡ ᠶᠢᠨ ᠪᠠᠶᠢᠳᠠᠯ ᠢ | ᠲᠡᠮᠳᠡᠭᠯᠡᠬᠦ ᠳᠡᠭᠡᠨ᠄ ︽ᠮᠢᠩ ᠤᠯᠤᠰ ᠤᠨ ᠶᠡᠭᠡ ᠴᠡᠷᠢᠭ ᠢᠩᠴᠠᠩ ᠢ ᠭᠡᠨᠡᠳᠡᠭᠦᠯᠦᠨ ᠳᠠᠭᠠᠷᠢᠭᠰᠠᠨ ᠳᠤ᠂ ᠤᠮᠠᠷᠠᠲᠤ | ᠶᠤᠸᠠᠨ ᠤ ᠰᠢᠨ᠎ᠡ ᠬᠠᠭᠠᠨ ᠠᠶᠤᠰᠢᠷᠢᠳᠠᠷᠠ ᠪᠡᠯᠡᠳᠭᠡᠯ ᠦᠭᠡᠢ ᠵᠥᠪᠬᠡᠨ ᠤᠮᠠᠷᠠᠰᠢ ᠵᠢᠭᠤᠳᠠᠵᠤ᠂ ᠮᠢᠩ ᠤᠯᠤᠰ ᠤᠨ | ᠴᠡᠷᠢᠭ ᠲᠡᠭᠦᠨ ᠤ ᠬᠥᠪᠡᠭᠦᠨ ᠮᠠᠶᠢᠳᠠᠷᠠᠪᠠᠷᠠ ᠪᠣᠯᠣᠨ ᠬᠠᠳᠤᠨ᠂ ᠲᠠᠲᠠᠪᠤᠷᠢ᠂ ᠤᠷᠲᠤᠨ ᠤ ᠬᠥᠮᠥᠰ᠂ ᠣᠯᠠᠨ ᠸᠠᠩ᠂ | ᠵᠠᠩᠵᠤᠨ᠂ ᠲᠥᠰᠢᠮᠡᠳ ᠬᠡᠳᠦᠨ ᠵᠠᠭᠤᠨ ᠬᠥᠮᠥᠨ ᠪᠠ ᠴᠡᠷᠢᠭ ᠬᠤᠶᠠᠭ ᠨᠢᠭᠡ ᠲᠥᠮᠡ ᠭᠤᠷᠪᠠᠨ ᠮᠢᠩᠭ᠎ᠠ ᠭᠠᠷᠤᠢ ᠶᠢ | ᠤᠯᠵᠠᠯᠠᠵᠤ᠂ ᠠᠯᠲᠠᠨ ᠲᠠᠮᠠᠭ᠎ᠠ ᠠᠷᠪᠠᠨ ᠵᠢᠷᠭᠤᠭ᠎ᠠ ᠵᠢᠴᠢ ᠡᠯᠳᠡᠪ ᠵᠥᠢᠯ ᠤᠨ ᠡᠳ᠋ ᠡᠷᠳᠡᠨᠢᠰ ᠢ ᠤᠯᠵᠠᠯᠠᠭᠰᠠᠨ ᠠᠨᠤ | ᠲᠤᠭᠠᠯᠠᠪᠠᠰᠤ ᠪᠠᠷᠠᠰᠢ ᠦᠭᠡᠢ᠃ ᠮᠢᠩ ᠤᠯᠤᠰ ᠤᠨ ᠵᠠᠩᠵᠤᠨ ᠯᠢ ᠸᠧᠨ ᠵᠥᠩ ᠰᠢᠯᠢᠳᠡᠭ ᠮᠣᠷᠢᠲᠤ ᠴᠡᠷᠢᠭ | ᠲᠤᠮᠢᠯᠠᠨ ᠤᠮᠠᠷᠠᠰᠢ ᠳᠤᠳᠠᠭᠠᠭᠰᠠᠨ ᠣᠮᠠᠷᠠᠲᠤ ᠶᠤᠸᠠᠨ ᠤ ᠰᠢᠨ᠎ᠡ ᠬᠠᠭᠠᠨ ᠠᠶᠤᠰᠢᠷᠢᠳᠠᠷᠠ ᠶᠢ ᠨᠡᠬᠡᠮᠵᠢᠯᠡᠵᠦ | ᠴᠢᠩᠵᠧᠦ ︵ᠦᠪᠦᠷ ᠮᠣᠩᠭᠤᠯ ᠤᠨ ᠤᠯᠠᠭᠠᠨᠬᠠᠳᠠ ᠬᠤᠲᠠ ᠶᠢᠨ ᠪᠠᠭᠠᠷᠢᠨ ᠪᠠᠷᠠᠭᠤᠨ ᠬᠤᠰᠢᠭᠤ᠂ ᠵᠡᠭᠦᠨ | ᠬᠤᠰᠢᠭᠤᠨ ᠤ ᠭᠠᠵᠠᠷ︶ ᠬᠥᠷᠥᠭᠡᠳ ᠪᠣᠴᠠᠵᠤᠬᠤᠢ︾ ﹇3﹈ ᠭᠡᠵᠡᠢ᠃ ᠤᠮᠠᠷᠠᠲᠤ ᠶᠤᠸᠠᠨ ᠤᠯᠤᠰ ᠰᠢᠨ᠎ᠡ | ᠨᠡᠶᠢᠰᠯᠡᠯ ᠢᠶᠠᠨ ᠠᠯᠳᠠᠭᠰᠠᠨ ᠪᠠ ᠭᠤᠤᠯ ᠬᠥᠴᠥᠨ ᠴᠡᠷᠢᠭ ᠬᠥᠨᠲᠦ ᠬᠤᠬᠢᠷᠠᠯ ᠳᠤ ᠤᠴᠠᠷᠠᠭᠰᠠᠨ ᠶᠠᠪᠤᠳᠠᠯ ᠨᠢ | ᠲᠡᠭᠦᠨ ᠢ ᠨᠣᠶᠠᠷᠬᠠᠯ ᠤᠨ ᠲᠥᠪ ᠢᠶᠠᠨ ᠭᠤᠪᠢ ᠶᠢᠨ ᠤᠮᠠᠷᠠᠲᠤ ᠳᠤ ᠰᠢᠯᠵᠢᠭᠦᠯᠬᠦ ᠴᠢᠬᠤᠯᠠ ᠲᠠᠢ ᠪᠣᠯᠭᠠᠭᠰᠠᠨ ᠤ | ᠳᠠᠭᠠᠤ ᠳᠤ᠂ ᠦᠵᠦᠮᠦᠴᠢᠨ ᠤ ᠲᠠᠯ᠎ᠠ ᠨᠤᠲᠤᠭ ᠴᠦ ᠮᠢᠩ ᠤᠯᠤᠰ ᠤᠨ ᠴᠡᠷᠢᠭ ᠤᠨ ᠰᠢᠭᠤᠳ ᠰᠦᠷᠳᠡᠭᠦᠯᠦᠯ ᠳᠤ | ᠣᠴᠠᠷᠠᠵᠤ᠂ ᠦᠵᠦᠮᠦᠴᠢᠨᠴᠦᠳ ᠨᠤᠲᠤᠭ ᠤᠰᠤᠨ ᠠᠴᠠ ᠪᠠᠨ ᠰᠠᠯᠵᠤ ᠶᠡᠭᠡ ᠨᠡᠭᠦᠳᠡᠯ ᠬᠢᠬᠦ ᠦᠭᠡᠢ ᠪᠠᠶᠢᠬᠤ ᠶᠢᠨ | ᠠᠷᠭ᠎ᠠ ᠦᠭᠡᠢ ᠪᠣᠯᠵᠠᠢ᠃ ᠵᠠᠭᠤ ᠢᠯᠡᠭᠦᠦ ᠵᠢᠯ ᠦᠷᠭᠦᠯᠵᠢᠯᠡᠭᠰᠡᠨ ᠦᠵᠦᠮᠦᠴᠢᠨ ᠠᠶᠢᠮᠠᠭ ᠤᠨ ᠠᠩᠬᠠᠳᠠᠭᠴᠢ ᠶᠡᠭᠡ | ᠨᠡᠭᠦᠳᠡᠯ ᠡᠶᠢᠮᠦᠷᠬᠦ ᠠᠶᠤᠯ ᠳᠦᠭᠰᠢᠭᠦᠷᠢ ᠲᠠᠢ ᠪᠠᠴᠢᠮ ᠪᠠᠶᠢᠳᠠᠯ ᠤᠨ ᠳᠤᠤᠷ᠎ᠠ ᠡᠬᠢᠯᠡᠭᠰᠡᠨ ᠪᠠᠶᠢᠨ᠎ᠠ᠃ ᠦᠵᠦᠮᠦᠴᠢᠨ | ᠠᠶᠢᠮᠠᠭ ᠤᠨ ᠡᠨᠡ ᠤᠳᠠᠭᠠᠨ ᠤ ᠶᠡᠭᠡ ᠨᠡᠭᠦᠳᠡᠯ ᠤᠨ ᠠᠩᠬᠠᠨ ᠤ ᠪᠠᠭᠤᠴᠠ ᠶᠢ ᠬᠡᠨᠲᠡᠢ ᠠᠭᠤᠯᠠᠨ ᠤ ᠤᠷᠴᠢᠮ ᠳᠠᠬᠢ | ᠭᠠᠵᠠᠷ ᠣᠷᠣᠨ ᠪᠠᠶᠢᠯ᠎ᠠ ᠭᠡᠵᠤ ᠦᠵᠡᠨ᠎ᠡ᠃ ︽ᠤᠮᠠᠷᠠᠲᠤ ᠶᠤᠸᠠᠨ ᠤ ᠲᠡᠦᠬᠡ︾ ᠳᠤ᠄ ︽ᠶᠤᠸᠠᠨ ᠵᠤᠤᠽᠥ᠋ᠩ | ᠠᠶᠤᠰᠢᠷᠢᠳᠠᠷᠠ ᠳᠤᠳᠠᠭᠠᠵᠤ ᠤᠷᠢᠳᠠᠪᠠᠷ ᠴᠢᠩᠵᠧᠦ ᠳᠤ ᠬᠥᠷᠴᠦ᠂ ᠰᠡᠭᠦᠯᠡᠷ ᠨᠢ ᠰᠢᠯᠵᠢᠵᠦ ᠬᠠᠷᠠᠬᠤᠷᠤᠮ ︵ᠣᠳᠣ | ᠶᠢᠨ ᠮᠣᠩᠭᠤᠯ ᠤᠯᠤᠰ ᠤᠨ ᠬᠠᠷᠠᠬᠤᠷᠤᠮ︶ ᠳᠤ ᠬᠦᠷᠦᠭᠰᠡᠨ ᠪᠠᠶᠢᠨ᠎ᠠ︾ ﹇4﹈ ᠭᠡᠵᠤ ᠲᠡᠮᠳᠡᠭᠯᠡᠵᠡᠢ᠃ ᠶᠡᠭᠡ | ᠬᠠᠭᠠᠨ ᠬᠠᠷᠠᠬᠤᠷᠤᠮ ᠳᠤ ᠬᠥᠷᠥᠭᠰᠡᠨ ᠪᠣᠯᠬᠤᠷ᠂ ᠲᠡᠭᠦᠨ ᠤ ᠰᠢᠭᠤᠳ ᠬᠠᠷᠢᠶᠠᠨ ᠤ ᠠᠷᠠᠳ ᠢᠷᠭᠡᠳ ᠪᠣᠯᠬᠤ | ᠦᠵᠦᠮᠦᠴᠢᠨ ᠠᠶᠢᠮᠠᠭ ᠤᠨ ᠬᠢᠨ ᠬᠤᠶᠢᠨ᠎ᠠ ᠠᠴᠠ ᠨᠢ ᠳᠠᠭᠠᠵᠤ ᠬᠥᠷᠬᠦ ᠨᠢ ᠵᠥᠢ ᠶᠣᠰᠤᠨ ᠤ ᠶᠠᠪᠤᠳᠠᠯ ᠪᠣᠯᠣᠨ᠎ᠠ᠃ | ︽ᠤᠮᠠᠷᠠᠲᠤ ᠶᠤᠸᠠᠨ ᠤ ᠲᠡᠦᠬᠡ︾ ᠳᠤ ᠪᠠᠰᠠ ᠲᠡᠮᠳᠡᠭᠯᠡᠬᠦ ᠳᠡᠭᠡᠨ᠄ ︽ᠤᠮᠠᠷᠠᠲᠤ ᠶᠤᠸᠠᠨ ᠤᠯᠤᠰ ᠤᠨ ᠬᠤᠶᠠᠳᠤᠭᠠᠷ | ᠦᠶ᠎ᠡ ᠶᠢᠨ ᠬᠠᠭᠠᠨ ᠠᠶᠤᠰᠢᠷᠢᠳᠠᠷᠠ ᠰᠠᠭᠤᠷᠢᠨ ᠳᠤ ᠰᠠᠭᠤᠭᠰᠠᠨ ᠤ ᠪᠠᠨ ᠳᠠᠷᠠᠭ᠎ᠠ᠂ ᠶᠤᠸᠠᠨ ᠤᠯᠤᠰ ᠤᠨ ᠲᠥᠷᠥ | ᠶᠢ ᠳᠠᠬᠢᠵᠤ ᠰᠡᠷᠭᠦᠭᠡᠬᠦ ᠶᠡᠭᠡ ᠦᠢᠯᠡᠰ ᠢ ᠪᠡᠶᠡᠯᠡᠭᠦᠯᠬᠦ ᠪᠠᠷ ᠤᠷᠤᠯᠳᠤᠵᠠᠢ᠃ ᠲᠡᠷᠡ ᠪᠠᠷ ᠡᠩ ᠲᠡᠷᠢᠭᠦᠨ ᠳᠤ ᠬᠠᠭᠠᠨ | ᠤᠷᠲᠤᠨ ᠤ ᠪᠠᠶᠢᠭᠤᠯᠤᠮᠵᠢ ᠳᠤ ᠴᠡᠭᠴᠡᠯᠡᠯᠲᠡ ᠬᠢᠬᠦ ᠶᠢᠨ ᠳᠠᠭᠠᠤ ᠳᠤ ᠡᠷᠳᠡᠮᠲᠡᠨ ᠮᠡᠷᠭᠡᠳ ᠢ ᠦᠷᠭᠡᠨ ᠢᠶᠠᠷ ᠡᠯᠰᠡᠵᠦ᠂ | ᠬᠥᠬᠡᠲᠡᠮᠦᠷ᠂ ᠬᠠᠯᠵᠠᠨ ᠵᠡᠷᠭᠡ ᠡᠷᠳᠡᠮ ᠴᠢᠳᠠᠪᠤᠷᠢ ᠪᠦᠬᠦᠢ ᠵᠠᠩᠵᠤᠨ ᠨᠠᠷ ᠢ ᠳᠡᠷᠭᠡᠲᠡ ᠪᠠᠨ ᠴᠤᠭᠯᠠᠭᠤᠯᠤᠨ᠂ | ᠴᠢᠬᠤᠯᠠ ᠳᠤᠰᠢᠶᠠᠯ ᠢ ᠡᠭᠦᠷᠭᠡᠯᠡᠭᠦᠯᠵᠡᠢ᠃ ᠶᠡᠭᠡ ᠮᠣᠩᠭᠤᠯ ᠬᠠᠭᠠᠨᠲᠤ ᠤᠯᠤᠰ ᠤᠨ ᠦᠶ᠎ᠡ ᠶᠢᠨ ᠨᠡᠶᠢᠰᠯᠡᠯ ᠬᠤᠲᠠ | ᠬᠠᠷᠠᠬᠤᠷᠤᠮ ᠢᠶᠠᠷ ᠰᠠᠭᠤᠷᠢᠨ ᠭᠠᠵᠠᠷ ᠪᠣᠯᠭᠠᠨ᠂ ᠤᠯᠤᠰ ᠲᠥᠷᠥ ᠶᠢᠨ ᠲᠥᠪ ᠢᠶᠠᠨ ᠬᠠᠷᠠᠬᠤᠷᠤᠮ ᠠᠴᠠ ᠬᠥᠪᠲᠦ ︵ | ᠣᠳᠣ ᠶᠢᠨ ᠮᠣᠩᠭᠤᠯ ᠤᠯᠤᠰ ᠤᠨ ᠪᠠᠷᠠᠭᠤᠨ ᠬᠡᠰᠡᠭ ᠲᠤ ᠪᠣᠢ︶ ᠳᠤ ᠰᠢᠯᠵᠢᠭᠦᠯᠵᠦ᠂ ᠠᠯᠲᠠᠨ ᠠᠭᠤᠯᠠᠨ ︵ᠠᠯᠲᠠᠢ | ᠠᠭᠤᠯᠠ︶ ᠳᠤ ᠣᠷᠲᠣᠨ ᠪᠠᠭᠤᠵᠤ᠂ ᠪᠦᠬᠦᠶᠢᠯᠡ ᠮᠣᠩᠭᠤᠯ ᠢ ᠨᠤᠶᠠᠷᠬᠠᠬᠤ ᠭᠤᠤᠯ ᠲᠥᠪ ᠢ ᠪᠦᠷᠢᠯᠳᠦᠭᠦᠯᠵᠡᠢ︾ ﹇ | 5﹈ ᠭᠡᠰᠡᠨ ᠪᠠᠶᠢᠨ᠎ᠠ᠃ ᠡᠨᠡ ᠲᠡᠮᠳᠡᠭᠯᠡᠯ ᠢ ᠦᠨᠳᠦᠰᠦᠯᠡᠭᠡᠳ ᠦᠵᠦᠮᠦᠴᠢᠨ ᠠᠶᠢᠮᠠᠭ ᠤᠨ ᠬᠢᠨ ᠢ ᠬᠡᠨᠲᠡᠢ ᠠᠭᠤᠯᠠ | ᠤᠷᠴᠢᠮ ᠲᠡᠳᠦᠢ ᠯᠡ ᠤᠳᠠᠯ ᠦᠭᠡᠢ ᠪᠠᠷ ᠪᠠᠷᠠᠭᠤᠨᠰᠢᠯᠠᠵᠤ ᠠᠯᠲᠠᠢ ᠨᠢᠷᠤᠭᠤᠨ ᠳᠤ ᠨᠡᠭᠦᠳᠡᠯᠯᠡᠵᠦ ᠤᠴᠢᠯ᠎ᠠ ᠭᠡᠵᠤ | ᠦᠵᠡᠵᠦ ᠪᠣᠯᠣᠨ᠎ᠠ᠃ ᠠᠶᠤᠰᠢᠷᠢᠳᠠᠷᠠ ᠬᠠᠭᠠᠨ ᠠᠴᠠ ᠳᠠᠷᠠᠭ᠎ᠠ᠂ ᠣᠰᠬᠠᠯ ᠬᠠᠭᠠᠨ ᠲᠡᠭᠦᠰᠲᠡᠮᠦᠷ ᠤᠨ ᠶᠡᠭᠡ ᠤᠷᠲᠤ | ᠬᠥᠯᠥᠨ ᠪᠦᠢᠷ ᠤᠷᠴᠢᠮ ᠪᠠᠶᠢᠭᠰᠠᠨ ﹇6﹈ ᠠᠴᠠ ᠵᠢᠱᠢᠪᠡᠯ᠂ ᠦᠵᠦᠮᠦᠴᠢᠨ ᠠᠶᠢᠮᠠᠭ ᠤᠨ ᠬᠢᠨ ᠡᠨᠡ ᠣᠳᠠᠭᠠᠨ ᠤ | ᠶᠡᠭᠡ ᠨᠡᠭᠦᠳᠡᠯ ᠤᠨ ᠡᠬᠢᠨ ᠬᠤᠭᠤᠴᠠᠭᠠᠨ ᠳᠤ ᠠᠯᠢ ᠨᠢᠭᠡᠨ ᠭᠠᠵᠠᠷ ᠣᠷᠤᠨ ᠳᠤ ᠲᠡᠳᠦᠢ ᠤᠳᠠᠭᠠᠨ ᠰᠠᠭᠤᠯ ᠦᠭᠡᠢ | ᠪᠠᠷ ᠠᠯᠲᠠᠢ ᠨᠢᠷᠤᠭᠤ᠂ ᠬᠠᠩᠭᠠᠢ ᠠᠭᠤᠯᠠᠨ ᠠᠴᠠ ᠬᠥᠯᠥᠨ ᠨᠠᠭᠤᠷ᠂ ᠪᠦᠢᠷ ᠨᠠᠭᠤᠷ ᠬᠥᠷᠲᠡᠯᠡᠬᠢ ᠦᠷᠭᠡᠨ ᠠᠭᠤᠳᠠᠮ | ᠭᠠᠵᠠᠷ ᠣᠷᠣᠨ ᠢᠶᠠᠷ ᠬᠠᠭᠠᠨ ᠤᠷᠲᠤ ᠶᠢ ᠳᠠᠭᠠᠵᠤ ᠨᠠᠰᠢ ᠴᠠᠰᠢ ᠨᠡᠭᠦᠳᠡᠯᠯᠡᠵᠦ ᠪᠠᠶᠢᠭᠰᠠᠨ ᠪᠣᠯᠣᠯᠲᠠᠢ᠃ ᠡᠶᠢᠮᠦᠷᠬᠦ | ᠪᠠᠶᠢᠳᠠᠯ ᠢ 1388 ᠣᠨ ᠳᠤ ᠲᠡᠭᠦᠰᠲᠡᠮᠦᠷ ᠬᠠᠭᠠᠨ ᠬᠤᠤᠷᠯᠠᠭᠳᠠᠵᠤ᠂ ᠠᠷᠢᠭᠪᠦ᠋ᠬᠡ ᠶᠢᠨ ᠣᠭᠰᠠᠭᠠᠨ ᠤ ᠶᠢᠰᠦᠳᠡᠷ | ᠬᠠᠭᠠᠨ ᠰᠠᠭᠤᠷᠢᠨ ᠳᠤ ᠰᠠᠭᠤᠭᠰᠠᠨ ﹇7﹈ ᠤ ᠰᠡᠭᠦᠯᠡᠷ ᠬᠤᠪᠢᠷᠠᠯᠲᠠ ᠲᠠᠢ ᠪᠣᠯᠣᠯ᠎ᠠ ᠭᠡᠵᠤ ᠦᠵᠡᠨ᠎ᠡ᠃ ᠡᠨᠡ | ᠦᠶ᠎ᠡ ᠠᠴᠠ ᠡᠬᠢᠯᠡᠨ ᠦᠭᠡᠲᠡᠢ ᠶᠢᠨ ᠣᠭᠰᠠᠭᠠᠨ ᠤ ᠪᠠ ᠬᠤᠪᠢᠯᠠᠢ᠂ ᠠᠷᠢᠭᠪᠦ᠋ᠬᠡ ᠶᠢᠨ ᠤᠭᠰᠠᠭᠠᠨ ᠤ | ᠬᠤᠭᠤᠷᠤᠨᠳᠤᠬᠢ ᠬᠠᠭᠠᠨ ᠰᠠᠭᠤᠷᠢᠨ ᠤ ᠪᠣᠯᠢᠶᠠᠯᠳᠤᠭᠠᠨ ᠰᠢᠷᠦᠭᠦᠰᠴᠦ᠂ ᠠᠷᠪᠠᠨ ᠳᠠᠪᠤᠳᠤᠭᠠᠷ ᠵᠠᠭᠤᠨ ᠤ ᠳᠠᠯᠠᠭᠠᠳ | ᠣᠨ ᠤ ᠰᠡᠭᠦᠯᠴᠢ ᠪᠣᠯᠲᠠᠯᠠᠬᠢ ᠶᠢᠷᠡ ᠰᠢᠬᠠᠮ ᠵᠢᠯ ᠤᠨ ᠬᠤᠭᠤᠴᠠᠭᠠᠨ ᠳᠤ ᠤᠷᠢᠳ ᠬᠤᠵᠢᠳ ᠠᠷᠪᠠᠨ ᠬᠠᠭᠠᠨ | ᠬᠤᠣᠷᠯᠠᠭᠳᠠᠵᠤ᠂ ᠵᠠᠯᠢᠬᠠᠢ ᠳᠦᠰᠢᠮᠡᠯ ᠣᠷᠲᠤ ᠬᠤᠭᠤᠴᠠᠭ᠎ᠠ ᠪᠠᠷ ᠡᠷᠬᠡ ᠠᠳᠬᠤᠵᠤ᠂ ᠬᠠᠭᠠᠨ ᠰᠢᠷᠡᠭᠡ ᠦᠭᠡᠲᠡᠢ᠂ | ᠬᠤᠪᠢᠯᠠᠢ᠂ ᠠᠷᠢᠭᠪᠦ᠋ᠬᠡ ᠶᠢᠨ ᠤᠭᠰᠠᠭ᠎ᠠ ᠪᠠ ᠴᠢᠨᠠᠭᠰᠢᠯᠠᠪᠠᠯ ᠬᠠᠰᠠᠷ ᠤᠨ ᠤᠭᠰᠠᠭᠠᠨ ᠤ ᠬᠤᠭᠤᠷᠣᠨᠲᠤ ᠠᠬᠢᠨ | ᠳᠠᠬᠢᠨ ᠰᠢᠯᠵᠢᠭᠰᠡᠨ ᠶᠠᠪᠤᠳᠠᠯ ᠨᠢ ᠡᠷᠲᠡ ᠳᠡᠭᠡᠲᠦ ᠠᠴᠠ ᠪᠠᠨ ᠬᠤᠪᠢᠯᠠᠢ ᠶᠢᠨ ᠣᠭᠰᠠᠭᠠᠨ ᠤ ᠬᠠᠷᠢᠶᠠᠨ ᠳᠤ | ᠬᠠᠷᠢᠶᠠᠯᠠᠭᠳᠠᠰᠠᠭᠠᠷ ᠢᠷᠡᠭᠰᠡᠨ ᠦᠵᠦᠮᠦᠴᠢᠨ ᠠᠶᠢᠮᠠᠭ ᠤᠨ ᠬᠢᠨ ᠢ ᠬᠠᠭᠠᠨ ᠤᠷᠲᠤ ᠶᠢ ᠳᠠᠭᠠᠵᠤ ᠨᠡᠭᠦᠳᠡᠯᠯᠡᠬᠦ | ᠪᠣᠯᠣᠯᠴᠠᠭ᠎ᠠ ᠪᠠᠷ ᠲᠣᠩ ᠪᠠᠭ᠎ᠠ ᠪᠣᠯᠭᠠᠵᠠᠢ᠃ ᠡᠶᠢᠮᠦ ᠠᠴᠠ᠂ ᠲᠡᠭᠦᠰᠲᠡᠮᠦᠷ ᠬᠠᠭᠠᠨ ᠠᠴᠠ ᠳᠠᠷᠠᠭ᠎ᠠ ᠮᠠᠨᠳᠤᠬᠠᠢ | ᠰᠡᠴᠡᠨ ᠬᠠᠲᠤᠨ ᠲᠥᠷᠥ ᠠᠳᠬᠤᠬᠤ ᠪᠣᠯᠲᠠᠯᠠᠬᠢ ᠬᠤᠭᠤᠴᠠᠭᠠᠨ ᠳᠤ᠂ ᠦᠵᠦᠮᠦᠴᠢᠨ ᠠᠶᠢᠮᠠᠭ ᠨᠢ ᠬᠠᠷᠢᠴᠠᠩᠭᠤᠢ | ᠪᠠᠷ ᠪᠡᠶ᠎ᠡ ᠪᠠᠨ ᠳᠠᠭᠠᠭᠠᠵᠤ᠂ ᠭᠤᠪᠢ ᠶᠢᠨ ᠠᠷᠤ ᠶᠢᠨ ᠦᠷᠭᠡᠨ ᠠᠭᠤᠳᠠᠮ ᠭᠠᠵᠠᠷ ᠣᠷᠣᠨ ᠢᠶᠠᠷ ᠨᠡᠭᠦᠳᠡᠯᠯᠡᠨ | ᠮᠠᠯᠵᠢᠵᠤ ᠪᠠᠶᠢᠯ᠎ᠠ ᠭᠡᠵᠤ ᠦᠵᠡᠵᠦ ᠪᠣᠯᠣᠨ᠎ᠠ᠃ ᠭᠡᠬᠦ ᠳᠡᠭᠡᠨ᠂ ᠦᠵᠦᠮᠦᠴᠢᠨ ᠠᠶᠢᠮᠠᠭ ᠤᠨ ᠠᠷᠠᠳ ᠤᠨ ᠳᠤᠮᠳᠠᠬᠢ | ᠤᠷᠲᠤ ᠬᠤᠭᠤᠴᠠᠭ᠎ᠠ ᠪᠠᠷ ᠤᠯᠠᠮᠵᠢᠯᠠᠭᠳᠠᠵᠤ ᠢᠷᠡᠭᠰᠡᠨ ᠳᠤᠮᠤᠭ ᠶᠠᠷᠢᠶ᠎ᠠ᠂ ᠢᠷᠥᠭᠡᠯ ᠮᠠᠭᠲᠠᠭᠠᠯ᠂ ᠲᠠᠭᠤᠤ ᠠᠶᠠᠯᠭᠤ | ᠵᠡᠷᠭᠡ ᠶᠢᠨ ᠠᠭᠤᠯᠭ᠎ᠠ ᠠᠴᠠ ᠰᠢᠨᠵᠢᠯᠡᠪᠡᠯ᠂ ᠡᠳᠡᠭᠡᠷ ᠣᠨ ᠵᠢᠯ ᠤᠳ ᠤᠨ ᠶᠡᠬᠡᠩᠭᠢ ᠴᠠᠭ ᠬᠤᠭᠤᠴᠠᠭᠠᠨ ᠳᠤᠨᠢ | ᠠᠯᠲᠠᠢ ᠬᠠᠩᠭᠠᠢ ᠠᠭᠤᠯᠠ᠂ ᠭᠠᠯᠪᠠ ᠱᠠᠩᠬ᠎ᠠ ᠶᠢᠨ ᠭᠤᠪᠢ ᠭᠡᠬᠦ ᠮᠡᠳᠦ ᠶᠢᠨ ᠭᠠᠵᠠᠷ ᠣᠷᠣᠨ ᠨᠤᠭᠤᠳ ᠢᠶᠠᠷ | ᠨᠡᠭᠦᠳᠡᠯᠯᠡᠨ ᠮᠠᠯᠵᠢᠵᠤ ᠪᠠᠶᠢᠭᠰᠠᠨ ᠪᠣᠯᠣᠯᠲᠠᠢ᠃ ᠳᠡᠭᠡᠷ᠎ᠡ ᠳᠤᠷᠠᠳᠤᠭᠰᠠᠨ ᠳᠤᠮᠤᠭ ᠶᠠᠷᠢᠶ᠎ᠠ᠂ ᠢᠷᠥᠭᠡᠯ ᠮᠠᠭᠲᠠᠭᠠᠯ᠂ | ᠳᠠᠭᠤᠤ ᠠᠶᠠᠯᠭᠤ ᠵᠡᠷᠭᠡ ᠶᠢᠨ ᠵᠠᠷᠢᠮ ᠨᠢ ᠡᠨᠡ ᠬᠤᠭᠤᠴᠠᠭᠠᠨ ᠳᠤ ᠵᠣᠬᠢᠶᠠᠭᠳᠠᠭᠰᠠᠨ ᠪᠠᠶᠢᠵᠤ ᠮᠡᠳᠡᠬᠦ ᠶᠤᠮ᠃ | ᠨᠡᠶᠢᠲᠡ ᠶᠢᠨ ᠣᠨ ᠲᠤᠭᠠᠯᠠᠯ ᠤᠨ 1477 ᠣᠨ ᠳᠤ᠂ ᠤᠮᠠᠷᠠᠲᠤ ᠶᠤᠸᠠᠨ ᠤᠯᠤᠰ ᠤᠨ ᠮᠠᠨᠳᠤᠭᠤᠯ ᠬᠠᠭᠠᠨ | ᠬᠤᠣᠷᠯᠠᠭᠳᠠᠭᠠᠳ ᠲᠡᠮᠡᠢ ᠤᠳᠠᠭᠰᠠᠨ ᠦᠭᠡᠢ ᠲᠡᠭᠦᠨ ᠤ ᠬᠤᠶᠠᠳᠤᠭᠠᠷ ᠬᠠᠲᠤᠨ ᠮᠠᠨᠳᠤᠬᠠᠢ ᠰᠡᠴᠡᠨ ᠶᠡᠭᠡ ᠡᠷᠬᠡ | ᠠᠳᠬᠤᠵᠤ ᠪᠠᠶᠢᠭᠰᠠᠨ ᠳᠠᠶᠢᠱᠢ ᠶᠢᠨ ᠳᠤᠰᠢᠶᠠᠯ ᠳᠤ ᠬᠥᠮᠥᠨ ᠰᠣᠯᠢᠭᠳᠠᠬᠤ ᠳᠤᠬᠢᠶᠠᠯ ᠢ ᠠᠰᠢᠭᠯᠠᠨ᠂ ᠦᠪᠡᠷ ᠤᠨ | ᠪᠡᠶ᠎ᠡ ᠪᠠᠷ ᠢᠶᠠᠨ ᠵᠠᠰᠠᠭ ᠲᠤ ᠤᠷᠤᠯᠴᠠᠨ ᠡᠷᠬᠡ ᠠᠳᠬᠤᠬᠤ ᠪᠠᠨ ᠨᠡᠶᠢᠲᠡᠯᠡᠭᠰᠡᠨ ᠶᠠᠪᠤᠳᠠᠯ ᠨᠢ᠂ ᠳᠠᠷᠠᠭᠠᠴᠢ ᠪᠠᠷ | ᠪᠣᠯᠣᠭᠰᠠᠨ ᠲᠠᠶᠠᠨ ᠬᠠᠭᠠᠨ ᠤ ᠮᠣᠩᠭᠤᠯ ᠤᠨ ᠳᠠᠬᠢᠨ ᠮᠠᠨᠳᠤᠯᠲᠠ ᠶᠢ ᠪᠡᠶᠡᠯᠡᠭᠦᠯᠬᠦ ᠳᠤ ᠪᠠᠲᠤᠲᠠᠢ ᠰᠠᠭᠤᠷᠢ ᠶᠢ | ᠲᠠᠯᠪᠢᠵᠠᠢ᠃ ᠦᠵᠦᠮᠦᠴᠢᠨ ᠠᠶᠢᠮᠠᠭ ᠪᠠᠷᠤᠭ ᠡᠨᠡ ᠦᠶ᠎ᠡ ᠪᠠᠷ ᠬᠠᠭᠠᠨ ᠤᠷᠲᠤ ᠶᠢᠨ ᠰᠢᠭᠤᠳ ᠬᠠᠮᠢᠶᠠᠷᠤᠯᠲᠠ ᠳᠤ | ᠲᠠᠬᠢᠨ ᠪᠣᠴᠠᠵᠤ᠂ ᠮᠠᠨᠳᠤᠬᠠᠢ ᠰᠡᠴᠡᠨ ᠬᠠᠳᠤᠨ ᠪᠣᠯᠣᠨ ᠲᠠᠶᠠᠨ ᠬᠠᠭᠠᠨ ᠤ ᠶᠡᠭᠡ ᠦᠢᠯᠡᠰ ᠲᠤ ᠬᠥᠴᠥᠨ ᠢᠶᠠᠨ | ᠡᠷᠭᠦᠭᠰᠡᠨ ᠪᠦᠭᠡᠳ ᠬᠤᠵᠢᠮ ᠤᠨ ᠦᠵᠦᠮᠦᠴᠢᠨ ᠲᠠᠯ᠎ᠠ ᠨᠤᠲᠤᠭ ᠲᠠᠭᠠᠨ ᠪᠣᠴᠠᠵᠤ ᠬᠠᠷᠢᠬᠤ ᠳᠠᠭᠠᠨ ᠤᠷᠢᠳᠠᠯ | ᠨᠥᠬᠦᠴᠡᠯ ᠢ ᠪᠦᠷᠢᠯᠳᠦᠭᠦᠯᠦᠭᠰᠡᠨ ᠪᠠᠶᠢᠨ᠎ᠠ᠃ ︽ᠪᠦᠭᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠲᠡᠥᠬᠡ︾ | ᠳᠤ᠄ ︽ᠪᠠᠲᠤᠮᠥ᠋ᠩᠭᠡ ᠬᠠᠭᠠᠨ ᠪᠣᠯᠣᠭᠰᠠᠨ ᠤ ᠳᠠᠷᠠᠭ᠎ᠠ ᠭᠤᠪᠢ ᠶᠢᠨ ᠤᠮᠠᠷ᠎ᠠ ᠬᠠᠩᠭᠠᠢ ᠠᠭᠤᠯᠠ ᠶᠢᠨ ᠵᠠᠬ᠎ᠠ ᠳᠤ | ᠢᠷᠡᠵᠦ ᠨᠤᠲᠤᠭᠯᠠᠨ ᠰᠠᠭᠤᠵᠤ ᠪᠠᠶᠢᠵᠠᠢ᠃ ᠭᠡᠪᠡᠴᠦ ᠲᠡᠳᠦᠢ ᠯᠡ ᠤᠳᠠᠯ ᠦᠭᠡᠢ ᠪᠠᠲᠤᠮᠥ᠋ᠩᠭᠡ ᠳᠠᠶᠠᠨ ᠬᠠᠭᠠᠨ | ᠭᠤᠪᠢ ᠢ ᠭᠠᠲᠤᠯᠤᠨ᠂ ᠣᠳᠣ ᠶᠢᠨ ᠦᠪᠦᠷ ᠮᠣᠩᠭᠤᠯ ᠤᠨ ᠴᠠᠬᠠᠷ ᠨᠣᠲᠤᠭ ᠲᠤ ᠴᠢᠭᠤᠯᠤᠯᠲᠤ ᠬᠠᠭᠠᠯᠭ᠎ᠠ ᠶᠢᠨ | ᠤᠷᠴᠢᠮ ᠭᠠᠵᠠᠷ ᠰᠠᠭᠤᠵᠠᠢ᠃ 1500 ᠣᠨ ᠳᠤ ᠲᠡᠨᠳᠡ ᠠᠴᠠ ᠨᠡᠭᠦᠵᠦ ᠤᠷᠲᠤᠰ ᠲᠤ ᠲᠥᠪᠯᠡᠬᠦ ᠪᠣᠯᠵᠠᠢ︾ ﹇8 | ﹈ ᠭᠡᠵᠤ ᠲᠡᠮᠳᠡᠭᠯᠡᠭᠰᠡᠨ ᠪᠠᠶᠢᠳᠠᠭ᠃ ︽ᠤᠮᠠᠷᠠᠲᠤ ᠶᠤᠸᠠᠨ ᠤ ᠲᠡᠥᠬᠡ︾ ᠳᠤ ᠪᠠᠰᠠ᠄ ︽ᠳᠠᠶᠠᠨ ᠬᠠᠭᠠᠨ ᠤ ᠶᠡᠭᠡ | ᠤᠷᠲᠤ᠂ ᠴᠠᠬᠠᠷ ᠤᠨ ᠶᠡᠭᠡ ᠡᠯᠡᠰᠦᠨ ᠳᠤ᠂ ᠣᠳᠣ ᠶᠢᠨ ᠦᠪᠦᠷ ᠮᠣᠩᠭᠤᠯ ᠤᠨ ᠰᠢᠯᠢ ᠶᠢᠨ ᠭᠤᠤᠯ ᠠᠶᠢᠮᠠᠭ ᠤᠨ | ᠰᠦᠨᠢᠳ ᠬᠤᠰᠢᠭᠤᠨ ᠤ ᠤᠷᠴᠢᠮ ᠪᠠᠶᠢᠯ᠎ᠠ︾ ﹇9﹈ ᠭᠡᠰᠡᠨ ᠳᠡᠮᠳᠡᠭᠯᠡᠯ ᠪᠠᠶᠢᠳᠠᠭ᠃ ᠡᠳᠡᠭᠡᠷ ᠲᠡᠮᠳᠡᠭᠯᠡᠯ ᠢ | ᠦᠨᠳᠦᠰᠦᠯᠡᠪᠡᠯ᠂ 1480 ᠣᠨ ᠠᠴᠠ ᠰᠡᠭᠦᠯᠡᠷᠬᠢ᠂ ᠮᠠᠨᠳᠤᠬᠠᠢ ᠰᠡᠴᠡᠨ ᠬᠠᠲᠤᠨ ᠤ ᠶᠡᠭᠡ ᠬᠥᠴᠥᠨ ᠤ ᠲᠡᠮᠵᠢᠯᠭᠡ | ᠪᠠᠷ ᠪᠡᠶᠡᠯᠡᠭᠳᠡᠭᠰᠡᠨ ᠲᠠᠶᠠᠨ ᠬᠠᠭᠠᠨ ᠤ ᠦᠶ᠎ᠡ ᠶᠢᠨ ᠮᠣᠩᠭᠤᠯ ᠤᠨ ᠶᠡᠭᠡ ᠨᠢᠭᠡᠳᠦᠯ ᠤᠨ ᠶᠠᠪᠤᠴᠠ ᠳᠤ᠂ ᠳᠠᠶᠠᠨ | ᠬᠠᠭᠠᠨ ᠤ ᠶᠡᠭᠡ ᠤᠷᠲᠤ ᠭᠤᠪᠢ ᠶᠢᠨ ᠠᠷᠤ ᠠᠴᠠ ᠭᠤᠪᠢ ᠶᠢᠨ ᠡᠮᠦᠨᠡᠬᠢ ᠴᠢᠭᠤᠯᠤᠯᠲᠤ ᠬᠠᠭᠠᠯᠭ᠎ᠠ ᠤᠷᠴᠢᠮ ᠨᠡᠭᠦᠬᠦ | ᠦᠶᠡᠰ᠂ ᠦᠵᠦᠮᠦᠴᠢᠨ ᠠᠶᠢᠮᠠᠭ ᠳᠠᠶᠠᠨ ᠬᠠᠭᠠᠨ ᠤ ᠶᠡᠭᠡ ᠤᠷᠲᠤ ᠶᠢ ᠲᠠᠭᠠᠨ ᠭᠤᠪᠢ ᠶᠢᠨ ᠡᠮᠦᠨᠡᠬᠢ ᠡᠪᠦᠭᠡ | ᠲᠡᠭᠡᠳᠦᠰ ᠤᠨ ᠨᠤᠲᠤᠭ ᠲᠠᠭᠠᠨ ᠪᠣᠴᠠᠵᠤ ᠢᠷᠡᠯ᠎ᠡ ᠭᠡᠵᠤ ᠦᠵᠡᠵᠦ ᠪᠣᠯᠣᠨ᠎ᠠ᠃ ᠡᠨᠡ ᠨᠢ᠂ ︽ᠮᠣᠩᠭᠤᠯ ᠨᠡᠭᠦᠳᠡᠯ | ᠮᠠᠯᠵᠢᠯ ᠤᠨ ᠲᠡᠮᠳᠡᠭᠯᠡᠯ︾ ᠤᠨ ᠳᠤᠲᠤᠷᠠᠬᠢ ︽ᠲᠥᠷᠥ ᠪᠣᠯᠣᠳ ᠬᠠᠩᠭᠠᠢ ᠠᠭᠤᠯᠠᠨ ᠠᠴᠠ ᠭᠤᠪᠢ ᠶᠢᠨ ᠡᠮᠦᠨ᠎ᠡ | ᠨᠡᠭᠦᠵᠦ ᠨᠤᠲᠤᠭᠯᠠᠨ ᠰᠠᠭᠤᠭᠰᠠᠨ︾ ᠭᠡᠰᠡᠨ ᠲᠡᠮᠳᠡᠭᠯᠡᠯ ᠲᠠᠢ ᠨᠡᠭᠦᠳᠡᠯ ᠬᠢᠭᠰᠡᠨ ᠬᠥᠮᠥᠨ ᠪᠠ ᠴᠠᠭ ᠬᠤᠭᠤᠴᠠᠭᠠᠨ ᠤ | ᠲᠠᠯ᠎ᠠ ᠪᠠᠷ ᠨᠡᠯᠢᠶᠡᠳ ᠵᠥᠷᠢᠶ᠎ᠡ ᠲᠠᠢ ᠪᠣᠯᠪᠠᠴᠤ ᠠᠭᠤᠯᠭ᠎ᠠ ᠶᠢᠨ ᠲᠠᠯ᠎ᠠ ᠪᠠᠷ ᠨᠡᠯᠢᠶᠡᠳ ᠤᠶᠢᠷᠠᠯᠴᠠᠭ᠎ᠠ ᠶᠤᠮ᠃ | ᠦᠵᠦᠮᠦᠴᠢᠨ ᠠᠶᠢᠮᠠᠭ ᠤᠨ ᠬᠤᠪᠢ ᠳᠤ ᠠᠪᠴᠤ ᠬᠡᠯᠡᠪᠡᠯ᠂ ᠲᠥᠷᠥᠪᠣᠯᠣᠳ ᠭᠤᠪᠢ ᠶᠢᠨ ᠡᠮᠦᠨ᠎ᠡ ᠨᠡᠭᠦᠬᠦ ᠦᠶ᠎ᠡ | ᠳᠤ ᠪᠢᠰᠢ᠂ ᠳᠠᠶᠠᠨ ᠬᠠᠭᠠᠨ ᠭᠤᠪᠢ ᠶᠢᠨ ᠡᠮᠦᠨ᠎ᠡ ᠨᠡᠭᠦᠬᠦ ᠦᠶ᠎ᠡ ᠳᠤ᠂ ︽ᠭᠤᠪᠢ ᠶᠢᠨ ᠡᠮᠦᠨ᠎ᠡ ᠨᠡᠭᠦᠵᠦ | ᠨᠤᠲᠤᠭᠯᠠᠨ ᠰᠠᠭᠤᠭᠰᠠᠨ︾ ᠪᠢᠰᠢ ᠬᠠᠷᠢᠨ ︽ᠭᠤᠪᠢ ᠶᠢᠨ ᠡᠮᠦᠨᠡᠬᠢ ᠨᠣᠲᠤᠭ ᠲᠠᠭᠠᠨ ᠪᠣᠴᠠᠵᠤ ᠢᠷᠡᠭᠰᠡᠨ︾ | ᠶᠠᠪᠤᠳᠠᠯ ᠪᠣᠯᠬᠤ ᠭᠡᠳᠡᠭ ᠢ ᠣᠨᠴᠠᠭᠠᠶᠢᠯᠠᠨ ᠠᠩᠬᠠᠷᠬᠤ ᠴᠢᠬᠤᠯᠠ ᠲᠠᠢ ᠪᠠᠶᠢᠨ᠎ᠠ᠃ ᠠᠳᠡ ︽ᠮᠣᠩᠭᠤᠯ ᠨᠡᠭᠦᠳᠡᠯ | ᠮᠠᠯᠵᠢᠯ ᠤᠨ ᠲᠡᠮᠳᠡᠭᠯᠡᠯ︾ ᠳᠠᠬᠢ ︽ᠲᠥᠷᠥ ᠪᠣᠯᠣᠳ ᠬᠠᠩᠭᠠᠢ ᠠᠭᠤᠯᠠᠨ ᠠᠴᠠ ᠭᠤᠪᠢ ᠶᠢᠨ ᠡᠮᠦᠨ᠎ᠡ ᠨᠡᠭᠦᠵᠦ | ᠨᠤᠲᠤᠭᠯᠠᠨ ᠰᠠᠭᠤᠭᠰᠠᠨ︾ ᠭᠡᠳᠡᠭ ᠢ ᠡᠭᠦᠨ ᠤ ᠳᠠᠷᠠᠭᠠᠬᠢ ᠴᠠᠭ ᠬᠤᠭᠤᠴᠠᠭ᠎ᠠ ᠪᠠᠷ ᠪᠣᠯᠣᠭᠰᠠᠨ ᠨᠡᠭᠦᠳᠡᠯ ᠢ ᠵᠢᠭᠠᠯ᠎ᠠ | ᠭᠡᠵᠤ ᠦᠵᠡᠨ᠎ᠡ᠃ ᠵᠠᠷᠢᠮ ᠮᠣᠩᠭᠤᠯᠴᠢ ᠨᠠᠷ᠂ ᠦᠵᠦᠮᠦᠴᠢᠨ ᠠᠶᠢᠮᠠᠭ ᠢ ᠠᠯᠲᠠᠢ ᠬᠠᠩᠭᠠᠢ ᠶᠢᠨ ᠦᠵᠦᠮ ᠤᠨ | ᠠᠭᠤᠯᠠᠨ ᠠᠴᠠ ᠨᠡᠭᠦᠵᠦ ᠢᠷᠡᠯ᠎ᠡ ᠭᠡᠵᠤ ᠦᠵᠡᠳᠡᠭ ᠨᠢ᠂ ᠶᠠᠭ ᠡᠨᠡᠬᠦ ᠨᠤᠲᠤᠭ ᠲᠠᠭᠠᠨ ᠪᠣᠴᠠᠵᠤ ᠢᠷᠡᠭᠰᠡᠨ ᠨᠡᠭᠦᠳᠡᠯ | ᠢ ︽ᠭᠤᠪᠢ ᠶᠢᠨ ᠠᠷᠤ ᠠᠴᠠ ᠨᠡᠭᠦᠵᠦ ᠢᠷᠡᠵᠦ ᠨᠣᠲᠤᠭᠯᠠᠨ ᠰᠠᠭᠤᠭᠰᠠᠨ︾ ᠨᠡᠭᠦᠳᠡᠯ ᠪᠣᠯᠭᠠᠵᠤ ᠤᠶᠢᠯᠠᠭᠠᠭᠰᠠᠨ ᠤ | ᠪᠠᠶᠢᠵᠤ ᠮᠡᠳᠡᠬᠦ ᠶᠤᠮ᠃ | ᠡᠨᠡ ᠣᠳᠠᠭ᠎ᠠ ᠶᠢᠨ ᠶᠡᠭᠡ ᠨᠡᠭᠦᠳᠡᠯ ᠨᠢ ᠴᠠᠭ ᠬᠤᠭᠤᠴᠠᠭᠠᠨ ᠤ ᠲᠠᠯ᠎ᠠ ᠪᠠᠷ ᠵᠠᠭᠤ ᠢᠯᠡᠭᠦᠦ ᠵᠢᠯ ᠦᠷᠭᠦᠯᠵᠢᠯᠡᠵᠦ᠂ | ᠦᠵᠦᠮᠦᠴᠢᠨᠴᠦᠳ ᠤᠨ ᠲᠥᠷᠪᠡ ᠠᠴᠠ ᠲᠠᠪᠤᠨ ᠦᠶ᠎ᠡ ᠶᠢᠨ ᠬᠢᠨ ᠢ ᠨᠥᠯᠥᠭᠡᠯᠡᠵᠡᠢ᠃ ᠦᠵᠦᠮᠦᠴᠢᠨ ᠨᠤᠲᠤᠭ | ᠲᠠᠭᠠᠨ ᠪᠣᠴᠠᠵᠤ ᠬᠠᠷᠢᠵᠤ ᠢᠷᠡᠭᠰᠡᠨ ᠲᠡᠷᠡ ᠦᠶ᠎ᠡ ᠶᠢᠨ ᠠᠷᠠᠳ ᠢᠷᠭᠡᠳ ᠨᠢ ᠴᠥᠮ ᠭᠤᠪᠢ ᠶᠢᠨ ᠠᠷᠤ ᠶᠢᠨ | ᠭᠠᠵᠠᠷ ᠣᠷᠣᠨ ᠳᠤ ᠲᠥᠷᠥᠵᠦ ᠥᠰᠴᠦ ᠬᠡᠳᠦᠨ ᠦᠶ᠎ᠡ ᠶᠢ ᠥᠩᠭᠡᠷᠡᠭᠦᠯᠦᠭᠰᠡᠨ ᠪᠣᠯᠬᠤᠷ᠂ ᠲᠡᠭᠡᠳᠦᠰ ᠤᠨ ᠨᠤᠲᠤᠭ | — — ᠦᠵᠦᠮᠦᠴᠢᠨ ᠲᠠᠯ᠎ᠠ ᠨᠤᠲᠤᠭ ᠨᠢ ᠲᠡᠳᠡᠨ ᠳᠤ ᠲᠠᠨᠢᠯ ᠳᠠᠰᠤᠯ ᠪᠣᠰᠤ ᠰᠠᠨᠠᠭᠳᠠᠵᠤ᠂ ᠲᠡᠳᠡᠨ ᠤ | ᠵᠠᠷᠢᠮᠴᠤᠤᠯ ᠨᠢ ᠥᠪᠡᠷ ᠤᠨ ᠲᠥᠷᠥᠵᠦ ᠦᠰᠦᠭᠰᠡᠨ ᠭᠠᠵᠠᠷ ᠤᠰᠤ ᠪᠠᠨ ᠮᠥᠷᠥᠭᠡᠳᠦᠨ ᠰᠠᠨᠠᠭᠠᠯᠵᠠᠬᠤ ᠨᠢ ᠲᠤᠩ | ᠶᠡᠷᠦᠳᠡ ᠶᠢᠨ ᠬᠡᠷᠡᠭ ᠪᠠᠶᠢᠵᠤ᠂ ᠲᠡᠳᠡᠨᠡᠷ ᠤᠨ ᠳᠤᠲᠤᠷ᠎ᠠ ᠭᠤᠪᠢ ᠶᠢᠨ ᠠᠷᠤ ᠶᠢᠨ ᠲᠥᠷᠥᠵᠦ ᠦᠰᠦᠭᠰᠡᠨ ᠨᠤᠲᠤᠭ | ᠤᠰᠤᠨ ᠤ ᠬᠢᠨᠢ ᠳᠤᠬᠠᠢ ᠳᠤᠮᠤᠭ ᠶᠠᠷᠢᠶ᠎ᠠ ᠨᠡᠯᠢᠶᠡᠳ ᠦᠷᠭᠡᠨ ᠬᠡᠪᠴᠢᠶ᠎ᠡ ᠪᠠᠷ ᠤᠯᠠᠮᠵᠢᠯᠠᠭᠳᠠᠨ ᠲᠠᠷᠬᠠᠬᠤ ᠨᠢ ᠵᠥᠢ | ᠶᠤᠰᠤᠨ ᠤ ᠶᠠᠪᠤᠳᠠᠯ ᠶᠤᠮ᠃ ᠡᠨᠡ ᠦᠶ᠎ᠡ ᠶᠢᠨ ᠦᠵᠦᠮᠦᠴᠢᠨ ᠠᠶᠢᠮᠠᠭ ᠤᠨ ᠬᠢᠨ ᠳᠤ ᠠᠪᠴᠤ ᠬᠡᠯᠡᠪᠡᠯ᠂ | ᠦᠵᠦᠮᠦᠴᠢᠨ ᠲᠠᠯ᠎ᠠ ᠨᠤᠲᠤᠭ ᠨᠢ ᠲᠡᠳᠡᠨᠡᠷ ᠤᠨ ᠳᠡᠭᠡᠳᠦᠰ ᠤᠨ ᠨᠤᠲᠤᠭ ᠮᠥᠨ ᠪᠠᠶᠢᠵᠤ᠂ ᠦᠪᠡᠷᠰᠡᠳ ᠤᠨ ᠬᠢᠨᠢ | ᠲᠥᠷᠥᠵᠦ ᠦᠰᠦᠭᠰᠡᠨ ᠭᠠᠵᠠᠷ ᠤᠰᠤ ᠨᠢ ᠬᠠᠷᠢᠨ ᠭᠤᠪᠢ ᠶᠢᠨ ᠠᠷᠤ ᠶᠢᠨ ᠠᠯᠲᠠᠢ ᠨᠢᠷᠤᠭᠤ᠂ ᠬᠠᠩᠭᠠᠢ ᠠᠭᠤᠯᠠ᠂ | ᠭᠠᠯᠪᠠ ᠱᠠᠩᠬ᠎ᠠ ᠶᠢᠨ ᠭᠤᠪᠢ ᠭᠡᠬᠦ ᠮᠡᠳᠦ ᠶᠢᠨ ᠭᠠᠵᠠᠷ ᠣᠷᠣᠨ ᠤ ᠠᠯᠢ ᠨᠢᠭᠡᠨ ᠨᠢ ᠮᠥᠨ ᠪᠠᠶᠢᠵᠤ ᠮᠡᠳᠡᠬᠦ ᠶᠤᠮ᠃ | ᠲᠡᠳᠡᠨᠡᠷ ᠲᠤ ᠡᠪᠦᠭᠡ ᠲᠡᠭᠡᠳᠦᠰ ᠤᠨ ᠨᠤᠲᠤᠭ ᠪᠣᠯᠣᠨ ᠦᠪᠡᠷ ᠤᠨ ᠲᠥᠷᠥᠵᠦ ᠦᠰᠦᠭᠰᠡᠨ ᠭᠠᠵᠠᠷ ᠤᠰᠤ ᠨᠢ | ᠢᠩᠭᠢᠵᠦ ᠯᠡ ᠠᠩᠭᠢᠳᠠ ᠠᠰᠳᠠᠭᠠᠨ ᠢᠯᠭᠠᠭ᠎ᠠ ᠲᠠᠢ ᠪᠠᠶᠢᠬᠤ ᠪᠣᠯᠵᠠᠢ᠃ | ᠭᠤᠷᠪᠠ᠂ ᠣᠮᠠᠷᠠᠲᠤ ᠶᠤᠸᠠᠨ ᠤᠯᠤᠰ ᠤᠨ ᠳᠤᠮᠳᠠᠴᠢ ᠦᠶ᠎ᠡ ᠶᠢᠨ ᠦᠵᠦᠮᠦᠴᠢᠨ ᠠᠶᠢᠮᠠᠭ ᠤᠨ ᠬᠤᠶᠠᠳᠠᠭᠴᠢ ᠶᠡᠭᠡ | ᠨᠡᠭᠦᠳᠡᠯ ︵1547 ᠣᠨ — | 1576 ᠣᠨ ᠪᠣᠯᠣᠨ 1592 ᠣᠨ ᠤ ᠬᠤᠭᠤᠷᠤᠨᠳᠤᠬᠢ ᠠᠯᠢ ᠨᠢᠭᠡᠨ ᠴᠠᠭ ᠦᠶ᠎ᠡ︔ 30 — 50 ᠵᠢᠯ | ᠤᠨ ᠨᠡᠭᠦᠳᠡᠯ︶ | ᠪᠠᠲᠤᠮᠥ᠋ᠩᠭᠡ ᠳᠠᠶᠠᠨ ᠬᠠᠭᠠᠨ ᠮᠣᠩᠭᠤᠯ ᠤᠨ ᠦᠨᠳᠦᠷᠯᠢᠭ ᠤᠨ ᠳᠠᠷᠬᠠᠢ ᠪᠣᠲᠠᠷᠬᠠᠢ ᠪᠠᠶᠢᠳᠠᠯ ᠢ ᠡᠴᠥᠰᠯᠡᠭᠦᠯᠵᠦ | ᠶᠡᠭᠡ ᠨᠢᠭᠡᠳᠦᠯ ᠢ ᠳᠠᠬᠢᠨ ᠪᠡᠶᠡᠯᠡᠭᠦᠯᠦᠭᠰᠡᠨ ᠤ ᠳᠠᠷᠠᠭ᠎ᠠ᠂ ᠬᠤᠪᠢᠶᠠᠨ ᠡᠷᠭᠦᠮᠵᠢᠯᠡᠬᠦ ᠲᠥᠷᠢᠮ ᠢ ᠬᠡᠷᠡᠭᠵᠢᠭᠦᠯᠵᠦ᠂ | ᠭᠤᠷᠪᠠᠳᠤᠭᠠᠷ ᠬᠥᠪᠡᠭᠦᠨ ᠪᠡᠷᠰᠪᠣᠯᠣᠳ ᠢᠶᠠᠨ ᠵᠢᠨᠤᠩ ᠪᠣᠯᠭᠠᠨ ᠪᠠᠷᠠᠭᠤᠨ ᠭᠠᠷ ᠤᠨ ᠭᠤᠷᠪᠠᠨ ᠲᠥᠮᠡᠨ ᠢ | ᠵᠠᠬᠢᠷᠤᠭᠤᠯᠤᠭᠰᠠᠨ ᠪᠠᠶᠢᠨ᠎ᠠ᠃ ︽ᠳᠠᠶᠤᠨ ᠬᠠᠭᠠᠨ ᠠᠴᠠ ᠬᠤᠶᠢᠰᠢ᠂ ᠪᠠᠷᠠᠭᠤᠨ ᠭᠤᠷᠪᠠᠨ ᠲᠥᠮᠡᠨ ᠢ ᠵᠠᠬᠢᠷᠤᠭᠰᠠᠨ | ᠵᠢᠨᠦᠩ ᠨᠣᠶᠠᠨ ᠨᠢ ᠨᠡᠯᠢᠶᠡᠳ ᠶᠡᠭᠡ ᠪᠡᠶ᠎ᠡ ᠪᠠᠨ ᠳᠠᠭᠠᠭᠠᠭᠰᠠᠨ ᠳᠤᠰᠠᠭᠠᠷ ᠴᠢᠨᠠᠷ ᠲᠠᠢ ᠪᠠᠶᠢᠵᠠᠢ︾ ﹇10﹈᠃ | ᠪᠠᠷᠰᠪᠣᠯᠣᠳ ᠳᠤᠯᠤᠭᠠᠨ ᠬᠥᠪᠡᠭᠦᠨ ᠲᠠᠢ᠂ ᠠᠬᠠᠮᠠᠳ ᠨᠢ ᠭᠦᠨᠪᠢᠯᠢᠭ ᠮᠡᠷᠭᠡᠨ ᠵᠢᠨᠥᠩ᠂ ᠬᠤᠶᠠᠳᠤᠭᠠᠷ ᠨᠢ ᠠᠯᠲᠠᠨ | ᠬᠠᠨ ᠪᠣᠯᠣᠨ᠎ᠠ᠃ ᠠᠯᠲᠠᠨ ᠬᠠᠨ ᠤ ᠠᠷᠪᠠᠨ ᠭᠤᠷᠪᠠᠨ ᠨᠠᠰᠤᠨ ᠳᠡᠭᠡᠷ᠎ᠡ ᠨᠢ᠂ ᠡᠴᠢᠭᠡ ᠪᠠᠷᠰᠪᠣᠯᠣᠳ ᠨᠢ ᠨᠠᠰᠤ | ᠪᠠᠷᠠᠵᠤ᠂ ᠮᠡᠷᠭᠡᠨ ᠵᠢᠨᠥᠩ ᠠᠬ᠎ᠠ ᠯᠤᠭ᠎ᠠ ᠪᠠᠨ ︽ᠳᠤᠲᠤᠭᠠᠲᠤ ᠳᠡᠭᠦᠦ ᠨᠠᠷ ᠤᠷᠤᠭ ᠤᠳ ᠢᠶᠠᠨ ᠲᠡᠳᠬᠦᠨ ᠠᠰᠠᠷᠠᠵᠤ | ᠂ ᠳᠤᠩ ᠭᠠᠳᠠᠭᠠᠲᠤ ᠳᠠᠶᠢᠰᠣᠨ ᠯᠤᠭ᠎ᠠ ᠲᠡᠮᠡᠴᠡᠯᠳᠦᠨ ᠶᠠᠪᠤᠵᠤ᠂ ᠳᠤᠲᠤᠷᠬᠠᠶᠠ ᠶᠡᠭᠡ ᠤᠯᠤᠰ ᠢ ᠵᠢᠯᠣᠭᠤᠳᠤᠨ | ᠵᠠᠯᠠᠵᠤ᠂ ᠲᠡᠥᠬᠡᠨ ᠳᠤᠷ ᠰᠠᠶᠢᠨ ᠦᠢᠯᠡᠰ ᠢ ᠡᠬᠢᠯᠡᠨ ᠶᠠᠪᠤᠵᠤᠬᠤᠢ︾ ᠭᠡᠵᠤ ︽ᠠᠯᠲᠠᠨ ᠬᠠᠨ ᠤ ᠳᠤᠭᠤᠵᠢ︾ ᠳᠤ | ᠪᠢᠴᠢᠭᠳᠡᠭᠰᠡᠨ ᠪᠠᠶᠢᠳᠠᠭ ﹇11﹈᠃ ᠣᠮᠠᠷᠠᠲᠤ ᠶᠤᠸᠠᠨ ᠤᠯᠤᠰ ᠤᠨ ᠲᠠᠷᠠᠶᠢᠰᠤᠨ ᠬᠠᠭᠠᠨ ᠤ ᠦᠶ᠎ᠡ ᠪᠣᠯᠬᠤ ᠳᠤ᠂ | ᠠᠯᠲᠠᠨ ᠬᠠᠨ ᠤ ᠬᠥᠴᠥᠨ ᠶᠡᠭᠡ ᠪᠠᠷ ᠨᠡᠮᠡᠭᠳᠡᠵᠦ᠂ ᠨᠤᠲᠤᠭ ᠳᠡᠪᠢᠰᠭᠡᠷ ᠢᠶᠠᠨ ᠦᠷᠭᠡᠳᠭᠡᠬᠦ ᠠᠶᠠᠨ ᠳᠠᠶᠢᠨ ᠢ ᠣᠯᠠᠨ | ᠣᠳᠠᠭ᠎ᠠ ᠶᠠᠪᠤᠭᠤᠯᠤᠭᠰᠠᠨ ᠪᠦᠭᠡᠳ ᠲᠡᠭᠦᠨ ᠤ ᠪᠦᠬᠦ ᠮᠣᠩᠭᠤᠯ ᠢ ᠵᠠᠬᠢᠷᠬᠤ ᠶᠡᠭᠡ ᠰᠠᠨᠠᠭ᠎ᠠ ᠡᠪᠦᠷᠯᠡᠵᠦ ᠪᠠᠶᠢᠭ᠎ᠠ | ᠪᠠᠶᠢᠳᠠᠯ ᠨᠢ ᠣᠯᠠᠮ ᠢᠯᠡ ᠳᠤᠲᠤᠷᠬᠠᠢ ᠪᠣᠯᠵᠠᠢ᠃ ᠡᠶᠢᠮᠦ ᠪᠠᠶᠢᠳᠠᠯ ᠤᠨ ᠳᠤᠤᠷ᠎ᠠ᠂ ᠪᠦᠬᠦ ᠮᠣᠩᠭᠤᠯ ᠤᠨ ᠶᠡᠭᠡ | ᠬᠠᠭᠠᠨ ᠪᠣᠯᠣᠭᠰᠠᠨ ᠲᠠᠷᠠᠶᠢᠰᠤᠨ ᠭᠦᠲᠡᠩ᠂ ᠠᠯᠲᠠᠨ ᠬᠠᠨ ᠲᠠᠢ ᠵᠥᠷᠢᠴᠡᠯᠳᠦᠵᠦ ᠳᠤᠲᠤᠭᠠᠲᠤ ᠶᠢᠨ ᠬᠢᠮᠤᠷᠠᠯ | ᠭᠠᠷᠬᠤ ᠠᠴᠠ ᠵᠠᠶᠢᠯᠠᠰᠬᠢᠵᠤ᠂ ᠮᠣᠩᠭᠤᠯ ᠤᠨ ᠨᠢᠭᠡᠳᠦᠮᠡᠯ ᠲᠠᠢ ᠪᠠᠶᠢᠳᠠᠯ ᠢ ᠦᠷᠭᠦᠯᠵᠢᠯᠡᠨ ᠬᠠᠮᠠᠭᠠᠯᠠᠬᠤ ᠶᠢᠨ | ᠲᠥᠯᠥᠭᠡ᠂ ᠦᠪᠡᠷ ᠤᠨ ᠰᠢᠭᠤᠳ ᠬᠠᠷᠢᠶ᠎ᠠ ᠴᠠᠬᠠᠷ ᠲᠥᠮᠡᠨ ᠢᠶᠠᠨ ᠳᠠᠭᠠᠭᠤᠯᠤᠨ ᠵᠡᠭᠦᠨᠰᠢ ᠨᠡᠭᠦᠳᠡᠯᠯᠡᠬᠦ ᠪᠠᠷ ᠪᠣᠯᠵᠠᠢ | ᠃ ︽ᠤᠮᠠᠷᠠᠲᠤ ᠶᠤᠸᠠᠨ ᠤ ᠲᠡᠥᠬᠡ︾ ᠳᠤ ᠡᠭᠦᠨ ᠤ ᠳᠤᠬᠠᠢ ᠲᠡᠮᠳᠡᠭᠯᠡᠬᠦ ᠳᠡᠭᠡᠨ᠄ ︽ᠳᠠᠷᠠᠶᠢᠰᠤᠨ ᠬᠠᠭᠠᠨ | ᠰᠠᠭᠤᠷᠢᠨ ᠳᠤ ᠰᠠᠭᠤᠭᠠᠳ ᠳᠡᠮᠡᠢ ᠣᠳᠠᠭᠰᠠᠨ ᠦᠭᠡᠢ ᠪᠠᠷ᠂ ᠬᠠᠷᠠᠴᠢᠨ ᠤᠲᠤᠭ ᠤᠨ ᠡᠵᠡᠨ᠂ ᠠᠯᠲᠠᠨ ᠬᠠᠨ ᠤ | ᠳᠡᠭᠦᠦ ᠪᠠᠶᠠᠰᠬᠠᠯ ᠤᠨ ᠬᠠᠮᠠᠭᠠᠯᠠᠯ ᠳᠤᠤᠷ᠎ᠠ᠂ ᠤᠮᠠᠷᠠᠲᠤ ᠶᠤᠸᠠᠨ ᠤ ᠨᠠᠶᠠᠳᠤᠭᠠᠷ ᠣᠨ ︵ᠨᠡᠶᠢᠲᠡ ᠶᠢᠨ ᠣᠨ | ᠲᠣᠭᠠᠯᠠᠯ ᠤᠨ 1547 ᠣᠨ᠂ ᠮᠢᠩ ᠤᠯᠤᠰ ᠤᠨ ᠵᠢᠶᠠᠴᠢᠩ ᠤᠨ ᠬᠤᠷᠢᠨ ᠵᠢᠷᠭᠤᠳᠤᠭᠠᠷ ᠣᠨ︶ ᠠᠴᠠ ᠡᠬᠢᠯᠡᠨ᠂ | ᠵᠡᠭᠦᠨ ᠭᠠᠷᠤᠨ ᠴᠠᠬᠠᠷ ᠲᠥᠮᠡᠨ ᠢ ᠳᠠᠭᠠᠭᠤᠯᠤᠨ ᠵᠡᠭᠦᠨᠰᠢ ᠨᠡᠭᠦᠳᠡᠯᠯᠡᠨ ᠵᠢᠢ ︵ᠲᠢᠶᠡᠨᠵᠢᠨ ᠣᠷᠣᠨ︶᠂ ᠯᠢᠶᠤᠤ ︵ | ᠯᠢᠶᠤᠤᠨᠢᠩ︶ ᠠᠴᠠ ᠤᠮᠠᠷᠠᠰᠢᠬᠢ ᠭᠠᠵᠠᠷ ᠣᠷᠣᠨ ᠳᠤ ᠬᠥᠷᠴᠡᠢ︾ ﹇12﹈ ᠭᠡᠰᠡᠨ ᠪᠠᠶᠢᠨ᠎ᠠ᠃ ᠦᠵᠦᠮᠦᠴᠢᠨ | ᠠᠶᠢᠮᠠᠭ ᠤᠨ ᠬᠤᠶᠠᠳᠠᠬᠢ ᠶᠡᠭᠡ ᠨᠡᠭᠦᠳᠡᠯ ᠨᠢ ᠶᠠᠭ ᠡᠨᠡ ᠦᠶ᠎ᠡ ᠶᠢᠨ ᠲᠡᠥᠬᠡᠨ ᠠᠬᠤᠢ ᠪᠠᠶᠢᠳᠠᠯ ᠳᠤᠤᠷ᠎ᠠ᠂ | ᠦᠨᠳᠦᠰᠦᠲᠡᠨ ᠤ ᠪᠦᠯᠬᠦᠮᠳᠡᠯ ᠤᠯᠤᠰ ᠣᠷᠣᠨ ᠤ ᠨᠢᠭᠡᠳᠦᠯ ᠢ ᠪᠠᠲᠤᠯᠠᠬᠤ ᠤᠯᠤᠰ ᠲᠥᠷᠥ ᠶᠢᠨ ᠤᠳᠬ᠎ᠠ ᠠᠭᠤᠯᠭ᠎ᠠ | ᠪᠦᠬᠦᠢ ᠴᠠᠬᠠᠷ ᠲᠥᠮᠡᠨ ᠤ ᠶᠡᠭᠡ ᠨᠡᠭᠦᠳᠡᠯ ᠤᠨ ᠨᠢᠭᠡᠨ ᠬᠡᠰᠡᠭ ᠨᠢ ᠪᠣᠯᠵᠤ ᠡᠬᠢᠯᠡᠨ ᠶᠠᠪᠤᠭᠳᠠᠭᠰᠠᠨ ᠪᠠᠶᠢᠨ᠎ᠠ᠃ ᠡᠨᠡ | ᠣᠳᠠᠭᠠᠨ ᠤ ᠶᠡᠭᠡ ᠨᠡᠭᠦᠳᠡᠯ ᠳᠤ᠂ ᠴᠠᠬᠠᠷ ᠲᠥᠮᠡᠨ ᠤ ᠬᠡᠰᠢᠭᠲᠡᠨ᠂ ᠬᠠᠭᠤᠴᠢᠳ᠂ ᠠᠤᠬᠠᠨ᠂ ᠨᠠᠢᠮᠠᠨ᠂ ᠰᠥᠨᠢᠳ᠂ | ᠠᠯᠠᠭᠴᠤᠳ ᠵᠡᠷᠭᠡ ᠣᠲᠤᠭ ᠴᠥᠮ ᠣᠷᠣᠯᠴᠠᠭᠰᠠᠨ ᠪᠦᠭᠡᠳ ᠡᠳᠡᠭᠡᠷ ᠤᠲᠤᠭ ᠤᠨ ᠨᠡᠭᠦᠳᠡᠯᠯᠡᠨ ᠬᠥᠷᠥᠭᠰᠡᠨ ᠭᠠᠵᠠᠷ | ᠣᠷᠣᠨ ᠤ ᠳᠤᠬᠠᠢ ︽ᠤᠮᠠᠷᠠᠲᠤ ᠶᠤᠸᠠᠨ ᠤ ᠲᠡᠥᠬᠡ︾ ᠳᠤ ᠨᠡᠯᠢᠶᠡᠳ ᠳᠤᠲᠤᠷᠬᠠᠢ ᠲᠡᠮᠳᠡᠭᠯᠡᠯ ᠲᠠᠢ ᠶᠤᠮ᠃ | ᠭᠡᠪᠡᠴᠦ ᠦᠵᠦᠮᠦᠴᠢᠨ ᠤᠲᠤᠭ ᠤᠨ ᠳᠤᠬᠠᠢ ᠲᠡᠮᠳᠡᠭᠯᠡᠬᠦ ᠳᠡᠭᠡᠨ᠄ ︽ᠦᠵᠦᠮᠦᠴᠢᠨ ᠣᠳᠤᠭ᠂ ᠳᠠᠷᠠᠶᠢᠰᠤᠨ | ᠭᠦᠲᠡᠩ ᠬᠠᠭᠠᠨ ᠤ ᠭᠤᠷᠪᠠᠳᠤᠭᠠᠷ ᠳᠡᠭᠦᠦ ᠤᠩᠭᠤᠨ ᠲᠤᠷᠠᠯ ᠤᠨ ᠬᠠᠷᠢᠶ᠎ᠠ ᠠᠶᠢᠮᠠᠭ᠃ ᠤᠩᠭᠤᠨ ᠳᠤᠷᠠᠯ ᠤᠯᠤᠰ | ᠲᠥᠷᠥ ᠶᠢᠨ ᠳᠠᠪᠴᠠᠩ ᠳᠡᠭᠡᠷ᠎ᠡ ᠮᠠᠰᠢ ᠢᠲᠡᠪᠬᠢ ᠪᠠᠶᠢᠵᠤ᠂ ᠲᠥᠮᠡᠨ ᠵᠠᠰᠠᠭᠲᠤ ᠬᠠᠭᠠᠨ ᠤ ᠵᠣᠬᠢᠶᠠᠨ | ᠪᠠᠶᠢᠭᠤᠯᠤᠭᠰᠠᠨ ᠠᠯᠢᠪᠠ ᠴᠡᠷᠢᠭ ᠳᠠᠶᠢᠨ ᠤ ᠠᠵᠢᠯᠯᠠᠭ᠎ᠠ ᠳᠤ ᠪᠠᠷᠤᠭ ᠬᠤᠴᠣᠷᠣᠭᠰᠠᠨ ᠦᠭᠡᠢ ᠪᠠᠷ ᠴᠥᠮ | ᠣᠷᠣᠯᠴᠠᠵᠠᠢ᠃ ᠭᠡᠪᠡᠴᠦ ᠲᠡᠭᠦᠨ ᠤ ᠳᠤᠬᠠᠢ ᠦᠶ᠎ᠡ ᠳᠤ ᠨᠡᠭᠦᠳᠡᠯᠯᠡᠨ ᠮᠠᠯᠵᠢᠭᠰᠠᠨ ᠭᠠᠵᠠᠷ ᠨᠤᠲᠤᠭ ᠤᠨ ᠣᠷᠣᠨ | ᠪᠠᠶᠢᠷᠢ ᠶᠢ ᠣᠳᠣᠬᠠᠨ ᠳᠠᠭᠠᠨ ᠳᠤᠲᠤᠷᠬᠠᠢ ᠳᠤᠭᠳᠠᠭᠠᠵᠤ ᠴᠢᠳᠠᠬᠤ ᠦᠭᠡᠢ ᠪᠠᠶᠢᠨ᠎ᠠ︾ ﹇13﹈ ᠭᠡᠵᠡᠢ᠃ ᠡᠶᠢᠮᠦ | ᠪᠣᠯᠬᠤᠷ᠂ ᠦᠵᠦᠮᠦᠴᠢᠨ ᠠᠶᠢᠮᠠᠭ ᠡᠨᠡ ᠤᠳᠠᠭᠠᠨ ᠤ ᠶᠡᠭᠡ ᠨᠡᠭᠦᠳᠡᠯ ᠳᠡᠭᠡᠨ ᠨᠡᠭᠦᠳᠡᠯᠯᠡᠵᠦ ᠮᠠᠯᠵᠢᠭᠰᠠᠨ ᠪᠣᠳᠠᠲᠠᠢ | ᠤᠷᠤᠨ ᠪᠠᠶᠢᠷᠢ ᠶᠢ ᠳᠤᠲᠤᠷᠬᠠᠢ ᠵᠢᠭᠠᠬᠤ ᠳᠤ ᠬᠥᠴᠢᠷ ᠪᠣᠯᠵᠠᠢ᠃ ᠭᠡᠪᠡᠴᠦ ᠳᠤᠰ ᠨᠣᠮ ᠳᠤ᠂ ᠴᠠᠬᠠᠷ ᠲᠥᠮᠡᠨ ᠤ | ᠵᠡᠭᠦᠨᠰᠢ ᠨᠡᠭᠦᠳᠡᠯᠯᠡᠨ ᠰᠠᠭᠤᠭᠰᠠᠨ ᠭᠠᠵᠠᠷ ᠨᠤᠲᠤᠭ ᠤᠨ ᠶᠡᠷᠥᠩᠬᠡᠢ ᠬᠥᠷᠢᠶ᠎ᠡ ᠬᠡᠪᠴᠢᠶ᠎ᠡ ᠶᠢᠨ ᠳᠤᠬᠠᠢ ᠨᠡᠯᠢᠶᠡᠳ | ᠳᠤᠲᠤᠷᠬᠠᠢ ᠲᠡᠮᠳᠡᠭᠯᠡᠭᠰᠡᠨ ᠶᠠᠪᠤᠳᠠᠯ ᠨᠢ᠂ ᠦᠵᠦᠮᠦᠴᠢᠨ ᠠᠶᠢᠮᠠᠭ ᠤᠨ ᠨᠡᠭᠦᠳᠡᠯᠯᠡᠨ ᠮᠠᠯᠵᠢᠭᠰᠠᠨ ᠭᠠᠵᠠᠷ ᠨᠣᠲᠤᠭ ᠢ | ᠶᠡᠭᠡ ᠲᠥᠯᠥᠪ ᠤᠶᠢᠯᠠᠭᠠᠬᠤ ᠳᠤ ᠬᠠᠷᠢᠨ ᠶᠡᠬᠡᠬᠡᠨ ᠳᠤᠰᠠ ᠦᠵᠡᠭᠦᠯᠦᠭᠰᠡᠨ ᠪᠠᠶᠢᠨ᠎ᠠ᠃ ᠴᠠᠬᠠᠷ ᠲᠥᠮᠡᠨ ᠤ ᠵᠡᠭᠦᠨᠰᠢ | ᠨᠡᠭᠦᠳᠡᠯᠯᠡᠨ ᠮᠠᠯᠵᠢᠭᠰᠠᠨ ᠭᠠᠵᠠᠷ ᠨᠤᠲᠤᠭ ᠤᠨ ᠬᠥᠷᠢᠶ᠎ᠡ ᠬᠡᠪᠴᠢᠶ᠎ᠡ ᠶᠢᠨ ᠳᠤᠬᠠᠢ ︽ᠤᠮᠠᠷᠠᠲᠤ ᠶᠤᠸᠠᠨ ᠤ ᠲᠡᠥᠬᠡ︾ | ᠳᠤ᠄ ︽ᠯᠣᠤᠬ᠎ᠠ ᠶᠢᠨ ᠭᠤᠤᠯ ᠠᠴᠠ ᠵᠡᠭᠦᠨᠰᠢ᠂ ᠯᠢᠶᠤᠤᠾᠧ ᠭᠤᠤᠯ ᠠᠴᠠ ᠪᠠᠷᠠᠭᠤᠨᠰᠢ᠂ ᠰᠢᠷᠠᠮᠦ᠋ᠷᠡᠨ ᠤ ᠰᠠᠪᠠ | ᠭᠠᠵᠠᠷ ᠪᠣᠯᠣᠨ ᠲᠡᠭᠦᠨ ᠠᠴᠠ ᠤᠮᠠᠷᠠᠰᠢᠬᠢ ᠦᠷᠭᠡᠨ ᠠᠭᠤᠳᠠᠮ ᠲᠠᠯ᠎ᠠ ᠨᠣᠲᠤᠭ ᠪᠣᠯᠣᠨ᠎ᠠ︾ ﹇14﹈ ᠭᠡᠵᠤ | ᠲᠡᠮᠳᠡᠭᠯᠡᠵᠡᠢ᠃ ᠡᠨᠡᠬᠦ ᠲᠡᠮᠳᠡᠭᠯᠡᠯ ᠢ ᠦᠨᠳᠦᠰᠦᠯᠡᠵᠦ᠂ ᠦᠵᠦᠮᠦᠴᠢᠨ ᠠᠶᠢᠮᠠᠭ ᠤᠨ ᠬᠤᠶᠠᠳᠠᠬᠢ ᠤᠳᠠᠭᠠᠨ ᠤ ᠶᠡᠭᠡ | ᠨᠡᠭᠦᠳᠡᠯ ᠬᠢᠭᠰᠡᠨ ᠭᠠᠵᠠᠷ ᠨᠤᠲᠤᠭ ᠢ ᠳᠡᠭᠡᠷ᠎ᠡ ᠳᠤᠷᠠᠳᠤᠭᠰᠠᠨ ᠭᠠᠵᠠᠷ ᠣᠷᠣᠨ ᠨᠤᠭᠤᠳ ᠤᠨ ᠠᠯᠢ ᠨᠢᠭᠡ ᠬᠡᠰᠡᠭ | ᠲᠤᠨᠢ ᠪᠠᠶᠢᠯ᠎ᠠ ᠭᠡᠵᠤ ᠦᠵᠡᠵᠦ ᠪᠣᠯᠬᠤ ᠶᠤᠮ᠃ ᠡᠨᠡ ᠤᠳᠠᠭ᠎ᠠ ᠶᠢᠨ ᠨᠡᠭᠦᠳᠡᠯ ᠬᠡᠳᠦᠢ ᠳᠤ ᠳᠠᠭᠤᠰᠴᠤ᠂ | ᠦᠵᠦᠮᠦᠴᠢᠨᠴᠦᠳ ᠬᠡᠳᠦᠢ ᠳᠤ ᠨᠤᠲᠤᠭ ᠲᠠᠭᠠᠨ ᠪᠣᠴᠠᠵᠤ ᠢᠷᠡᠭᠰᠡᠨ ᠳᠤᠬᠠᠢ ᠲᠡᠥᠬᠡ ᠮᠠᠲ᠋ᠧᠷᠢᠶᠠᠯ ᠤᠨ ᠳᠤᠲᠤᠷᠬᠠᠢ | ᠲᠡᠮᠳᠡᠭᠯᠡᠯ ᠤᠯᠳᠠᠭᠠᠳᠤᠢ ᠪᠠᠶᠢᠨ᠎ᠠ᠃ ᠳᠤᠬᠠᠢ ᠦᠶ᠎ᠡ ᠶᠢᠨ ᠨᠡᠶᠢᠭᠡᠮ ᠠᠬᠤᠢ ᠶᠢᠨ ᠤᠯᠠᠷᠢᠯ ᠬᠤᠪᠢᠷᠠᠯ ᠪᠣᠯᠣᠨ ᠬᠠᠭᠠᠨ | ᠲᠥᠷᠥ ᠶᠢᠨ ᠡᠷᠬᠡ ᠡᠵᠡᠮᠲᠡᠯ ᠤᠨ ᠪᠠᠶᠢᠳᠠᠯ ᠢ ᠦᠨᠳᠦᠰᠦᠯᠡᠪᠡᠯ᠂ ᠤᠮᠠᠷᠠᠲᠤ ᠶᠤᠸᠠᠨ ᠤ ᠲᠥᠮᠡᠨ ᠵᠠᠰᠠᠭᠲᠤ ᠬᠠᠭᠠᠨ ᠤ | ᠨᠣᠶᠠᠷᠬᠠᠯ ᠤᠨ ᠰᠡᠭᠦᠯᠴᠢ ᠶᠢᠨ ᠬᠤᠭᠤᠴᠠᠭᠠᠨ ᠳᠤ ᠦᠵᠦᠮᠦᠴᠢᠨ ᠠᠶᠢᠮᠠᠭ ᠤᠨ ᠬᠢᠨ ᠨᠤᠲᠤᠭ ᠲᠠᠭᠠᠨ ᠪᠣᠴᠠᠵᠤ | ᠢᠷᠡᠭᠰᠡᠨ ᠪᠣᠯᠣᠯᠴᠠᠭ᠎ᠠ ᠲᠣᠩ ᠶᠡᠭᠡ ᠪᠠᠶᠢᠨ᠎ᠠ᠃ | 1557 ᠣᠨ ᠳᠤ᠂ ᠤᠮᠠᠷᠠᠲᠤ ᠶᠤᠸᠠᠨ ᠤᠯᠤᠰ ᠤᠨ ᠬᠠᠭᠠᠨ ᠤ ᠶᠡᠭᠡ ᠣᠷᠤ ᠳᠤ ᠠᠷᠪᠠᠨ ᠵᠢᠯ ᠰᠠᠭᠤᠭᠰᠠᠨ | ᠳᠠᠷᠡᠶᠢᠰᠤᠨ ᠭᠦᠲᠡᠩ ᠬᠠᠭᠠᠨ ᠨᠠᠰᠤ ᠪᠠᠷᠠᠵᠤ᠂ ᠲᠡᠭᠦᠨ ᠤ ᠠᠬᠠᠮᠠᠳ ᠬᠥᠪᠡᠭᠦᠨ ᠲᠥᠮᠡᠨ ᠶᠡᠭᠡ ᠤᠷᠤ ᠶᠢ | ᠵᠠᠯᠭᠠᠮᠵᠢᠯᠠᠵᠤ ᠵᠠᠰᠠᠭᠲᠤ ᠬᠠᠭᠠᠨ ᠡᠷᠭᠦᠮᠵᠢᠯᠡᠭᠳᠡᠵᠡᠢ᠃ ᠲᠥᠮᠡᠨ ᠵᠠᠰᠠᠭᠲᠤ ᠬᠠᠭᠠᠨ ᠪᠣᠯ ᠳᠠᠶᠠᠨ ᠬᠠᠭᠠᠨ ᠤ | ᠬᠤᠶᠢᠴᠢᠰ ᠤᠨ ᠳᠤᠲᠤᠷ᠎ᠠ ᠰᠠᠭᠤᠷᠢᠨ ᠳᠤ ᠰᠠᠭᠤᠭᠰᠠᠨ ᠴᠠᠭ ᠬᠤᠭᠤᠴᠠᠭ᠎ᠠ ᠪᠠᠷ ᠬᠠᠮᠤᠭ ᠠᠴᠠ ᠤᠷᠲᠤ᠂ ᠵᠠᠷᠯᠢᠭ | ᠳᠤᠭᠳᠠᠭᠠᠯ ᠬᠠᠮᠤᠭ ᠠᠴᠠ ᠴᠢᠩᠭ᠎ᠠ ᠳᠤᠲᠤᠷᠬᠠᠢ᠂ ᠠᠮᠵᠢᠯᠲᠠ ᠪᠦᠳᠦᠭᠡᠯ ᠢᠶᠠᠷ ᠲᠣᠩ ᠶᠡᠭᠡ ᠪᠣᠯᠬᠤ ᠡᠵᠡᠨ ᠬᠠᠭᠠᠨ | ᠪᠠᠶᠢᠭᠰᠠᠨ ᠶᠤᠮ᠃ ︽ᠮᠣᠩᠭᠤᠯ ᠤᠨ ᠬᠤᠷᠢᠶᠠᠩᠭᠤᠢ ᠲᠡᠥᠬᠡ︾ ᠳᠤ᠄ ︽ᠲᠥᠮᠡᠨ ᠬᠠᠭᠠᠨ ︵1558 – | 1592︶ ᠤ ᠦᠶ᠎ᠡ ᠳᠤ ᠮᠣᠩᠭᠤᠯ ᠤᠨ ᠬᠠᠭᠠᠨ ᠤ ᠡᠷᠬᠡ ᠣᠯᠠᠮ ᠴᠢᠩᠭᠠᠷᠠᠭᠰᠠᠨ ᠪᠠᠶᠢᠨ᠎ᠠ᠃ ᠲᠥᠮᠡᠨ ᠬᠠᠭᠠᠨ | ᠶᠠᠭᠤᠨ ᠤ ᠡᠮᠦᠨ᠎ᠡ ᠲᠡᠭᠦᠨ ᠤ ᠲᠥᠪ ᠤᠨ ᠪᠠᠶᠢᠭᠤᠯᠤᠯᠭ᠎ᠠ ᠪᠠᠨ ᠠᠩᠬᠠᠷᠤᠭᠰᠠ ᠪᠠᠶᠢᠨ᠎ᠠ᠃ ᠲᠡᠷᠡ ᠵᠡᠭᠦᠨ ᠪᠠᠷᠠᠭᠤᠨ | ᠲᠥᠮᠡᠨ ᠢ ᠵᠣᠬᠢᠴᠠᠭᠤᠯᠤᠨ᠂ ᠵᠠᠰᠠᠭ ᠵᠡᠬᠢᠷᠭ᠎ᠠ ᠶᠢ ᠨᠢᠭᠡᠳᠦᠯᠲᠡᠢ ᠪᠣᠯᠭᠠᠬᠤ ᠶᠢᠨ ᠲᠥᠯᠥᠭᠡ᠂ ᠵᠡᠭᠦᠨ ᠭᠤᠷᠪᠠᠨ | ᠲᠥᠮᠡᠨ ᠠᠴᠠ ᠠᠮᠤᠲᠠᠢ ᠬᠤᠩ ᠲᠠᠶᠢᠵᠢ᠂ ᠬᠠᠯᠬ᠎ᠠ ᠶᠢᠨ ᠰᠣᠪᠣᠬᠠᠢ ᠤᠶᠢᠵᠠᠩ᠂ ᠪᠠᠷᠠᠭᠤᠨ ᠭᠤᠷᠪᠠᠨ ᠲᠥᠮᠡᠨ ᠠᠴᠠ | ᠤᠷᠲᠤᠰ ᠤᠨ ᠬᠤᠲᠤᠭ ᠲᠠᠢ ᠰᠡᠴᠡᠨ ᠬᠤᠩ ᠲᠠᠶᠢᠵᠢ᠂ ᠠᠰᠤᠳ ᠤᠨ ᠨᠣᠮ ᠳ᠋ᠠᠷ᠎ᠠ ᠬᠤᠯᠣᠴᠢ᠂ ᠲᠥᠮᠡᠳ ᠤᠨ | ᠠᠮᠤᠲᠠᠢ ᠴᠥᠷᠥᠬᠦ ᠬᠤᠩ ᠲᠠᠶᠢᠵᠢ ᠨᠠᠷ ᠢᠶᠠᠷ ᠲᠥᠪ ᠤᠨ ᠵᠠᠰᠠᠭ ᠵᠣᠬᠢᠶᠠᠨ ᠪᠠᠶᠢᠭᠤᠯᠤᠭᠤᠯᠵᠤ ᠵᠠᠰᠠᠭ ᠪᠠᠷᠢᠭᠤᠯᠵᠠᠢ᠃ | ᠡᠶᠢᠮᠦ ᠠᠴᠠ ᠲᠥᠮᠡᠨ ᠵᠠᠰᠠᠭᠲᠤ ᠬᠠᠭᠠᠨ ᠬᠡᠮᠡᠨ ᠠᠯᠲᠠᠷᠰᠢᠪᠠᠢ᠃ ᠵᠢᠷᠭᠤᠭᠠᠨ ᠲᠥᠮᠡᠨ ᠢ ᠨᠢᠭᠡᠳᠬᠡᠨ ᠵᠠᠬᠢᠷᠤᠭᠰᠠᠨ | ᠠᠴᠠ ᠪᠠᠷᠠᠭᠤᠨ ᠭᠤᠷᠪᠠᠨ ᠲᠥᠮᠡᠨ ᠤ ᠬᠥᠴᠥᠷᠬᠡᠭ ᠠᠯᠲᠠᠨ ᠬᠠᠨ ᠬᠥᠷᠲᠡᠯ᠎ᠡ ᠲᠥᠮᠡᠨ ᠵᠠᠰᠠᠭᠲᠤ ᠬᠠᠭᠠᠨ ᠳᠤ | ᠵᠠᠬᠢᠷᠤᠭᠳᠠᠬᠤ ᠪᠣᠯᠪᠠ︾ ﹇15﹈ ᠭᠡᠵᠤ ᠲᠡᠮᠳᠡᠭᠯᠡᠭᠰᠡᠨ ᠪᠠᠶᠢᠳᠠᠭ᠃ ᠲᠥᠮᠡᠨ ᠵᠠᠰᠠᠭᠲᠤ ᠬᠠᠭᠠᠨ᠂ ᠮᠣᠩᠭᠤᠯ ᠤᠨ | ᠡᠯ᠎ᠡ ᠲᠥᠮᠡᠨ ᠤ ᠠᠬᠠᠯᠠᠭᠴᠢᠳ ᠢ ᠣᠷᠣᠯᠴᠠᠭᠤᠯᠤᠭᠰᠠᠨ ᠰᠢᠨ᠎ᠡ ᠲᠥᠪ ᠤᠨ ᠪᠠᠶᠢᠭᠤᠯᠤᠯᠭ᠎ᠠ ᠶᠢ ᠪᠠᠶᠢᠭᠤᠯᠵᠤ᠂ | ᠠᠯᠲᠠᠨ ᠬᠠᠨ ᠤ ᠲᠥᠷᠥ ᠡᠵᠡᠷᠬᠡᠬᠦ ᠵᠣᠷᠢᠯᠲᠠ ᠶᠢ ᠠᠮᠵᠢᠯᠲᠠ ᠲᠠᠢ ᠬᠢᠵᠠᠭᠠᠷᠯᠠᠭᠰᠠᠨ ᠶᠠᠪᠤᠳᠠᠯ ᠨᠢ᠂ ᠴᠠᠬᠠᠷ ᠲᠥᠮᠡᠨ | ᠤ ᠵᠡᠭᠦᠨᠰᠢ ᠨᠡᠭᠦᠳᠡᠯᠯᠡᠭᠰᠡᠨ ᠨᠡᠶᠢᠭᠡᠮ ᠪᠠ ᠲᠡᠥᠬᠡ ᠶᠢᠨ ᠰᠢᠯᠲᠠᠭᠠᠨ ᠢ ᠤᠰᠠᠳᠬᠠᠵᠠᠢ᠃ ᠡᠨᠡ ᠨᠢ ᠦᠵᠦᠮᠦᠴᠢᠨ | ᠵᠡᠷᠭᠡ ᠡᠯ᠎ᠡ ᠠᠶᠢᠮᠠᠭ ᠤᠨ ᠬᠢᠨ ᠳᠤ ᠨᠤᠲᠤᠭ ᠲᠠᠭᠠᠨ ᠪᠣᠴᠠᠬᠤ ᠨᠥᠬᠦᠴᠡᠯ ᠢ ᠬᠠᠩᠭᠠᠭᠰᠠᠨ ᠪᠠᠶᠢᠨ᠎ᠠ᠃ ᠲᠥᠮᠡᠨ | ᠵᠠᠰᠠᠭᠲᠤ ᠬᠠᠭᠠᠨ ᠤ ᠡᠯ᠎ᠡ ᠲᠥᠮᠡᠨ ᠤ ᠠᠬᠠᠯᠠᠭᠴᠢᠳ ᠢ ᠣᠷᠣᠯᠴᠠᠭᠤᠯᠤᠭᠰᠠᠨ ᠰᠢᠨ᠎ᠡ ᠲᠥᠪ ᠤᠨ ᠪᠠᠶᠢᠭᠤᠯᠤᠯᠭ᠎ᠠ ᠶᠢ | ᠪᠠᠶᠢᠭᠤᠯᠤᠭᠰᠠᠨ ᠨᠢ 1576 ᠣᠨ ᠤ ᠲᠡᠥᠬᠡ ᠶᠢᠨ ᠶᠠᠪᠤᠳᠠᠯ ᠮᠥᠨ ᠪᠣᠯᠬᠤᠷ᠂ ᠦᠵᠦᠮᠦᠴᠢᠨᠴᠦᠳ ᠤᠨ ᠨᠤᠲᠤᠭ | ᠲᠠᠭᠠᠨ ᠪᠣᠴᠠᠵᠤ ᠢᠷᠡᠭᠰᠡᠨ ᠴᠠᠭ ᠬᠤᠭᠤᠴᠠᠭ᠎ᠠ ᠶᠢ 1576 ᠣᠨ ᠠᠴᠠ ᠲᠥᠮᠡᠨ ᠵᠠᠰᠠᠭᠲᠤ ᠬᠠᠭᠠᠨ ᠤ ᠨᠠᠰᠤ | ᠪᠠᠷᠠᠭᠰᠠᠨ 1592 ᠣᠨ ᠪᠣᠯᠲᠠᠯᠠᠬᠢ ᠴᠠᠭ ᠬᠤᠭᠤᠴᠠᠭᠠᠨ ᠤ ᠳᠤᠲᠤᠷ᠎ᠠ ᠪᠠᠶᠢᠯ᠎ᠠ ᠭᠡᠵᠤ ᠦᠵᠡᠨ᠎ᠡ᠃ | ᠡᠨᠡ ᠮᠡᠳᠦ ᠪᠠᠷ ᠦᠵᠦᠮᠦᠴᠢᠨ ᠠᠶᠢᠮᠠᠭ ᠤᠨ ᠬᠤᠶᠠᠳᠠᠬᠢ ᠶᠡᠭᠡ ᠨᠡᠭᠦᠳᠡᠯ ᠨᠢ ᠨᠡᠶᠢᠲᠡ ᠶᠢᠨ ᠣᠨ ᠲᠣᠭᠠᠯᠠᠯ ᠤᠨ | 1547 ᠣᠨ ᠳᠤ ᠡᠬᠢᠯᠡᠵᠦ᠂ 1576 ᠣᠨ — — 1592 ᠣᠨ ᠤ ᠬᠤᠭᠤᠷᠣᠨᠳᠤᠬᠢ ᠠᠯᠢ ᠨᠢᠭᠡᠨ ᠦᠶ᠎ᠡ | ᠪᠠᠷ ᠲᠡᠭᠦᠰᠴᠦ᠂ ᠦᠵᠦᠮᠦᠴᠢᠨᠴᠦᠳ ᠭᠤᠴᠢ ᠢᠯᠡᠭᠦᠦ ᠲᠠᠪᠢ ᠠᠶᠠᠳᠠᠭᠤ ᠵᠢᠯ ᠤᠨ ᠨᠡᠭᠦᠳᠡᠯ ᠬᠢᠭᠡᠳ ᠥᠯᠥᠭᠡᠢ | ᠨᠤᠲᠤᠭ ᠲᠠᠭᠠᠨ ᠪᠣᠴᠠᠵᠤ ᠢᠷᠡᠭᠰᠡᠨ ᠪᠠᠶᠢᠨ᠎ᠠ᠃ | ᠲᠦᠷᠪᠡ᠂ ᠣᠮᠠᠷᠠᠲᠤ ᠶᠤᠸᠠᠨ ᠤᠯᠤᠰ ᠤᠨ ᠰᠡᠭᠦᠯᠴᠢ ᠦᠶ᠎ᠡ ᠶᠢᠨ ᠦᠵᠦᠮᠦᠴᠢᠨ ᠠᠶᠢᠮᠠᠭ ᠤᠨ ᠭᠤᠷᠪᠠᠳᠠᠬᠢ ᠶᠡᠭᠡ | ᠨᠡᠭᠦᠳᠡᠯ ︵1627 ᠣᠨ — — 1637 ᠣᠨ ᠤ ᠪᠠᠷᠤᠭ᠂ 10 ᠭᠠᠷᠤᠢ ᠵᠢᠯ ᠤᠨ ᠨᠡᠭᠦᠳᠡᠯ︶ | ᠠᠷᠪᠠᠨ ᠵᠢᠷᠭᠤᠳᠤᠭᠠᠷ ᠵᠠᠭᠤᠨ ᠤ ᠰᠡᠭᠦᠯᠴᠢ ᠪᠣᠯᠬᠤ ᠳᠤ᠂ ᠵᠥᠷᠴᠢᠨ ᠤᠭᠰᠠᠭᠠᠨ ᠤ ᠨᠤᠷᠬᠠᠴᠢ ᠶᠢᠨ ᠠᠶᠢᠮᠠᠭ | ᠡᠳᠦᠷ ᠢᠷᠡᠬᠦᠶ᠎ᠡ ᠬᠥᠴᠥᠷᠬᠡᠭᠵᠢᠵᠦ᠂ ᠤᠮᠠᠷᠠᠲᠤ ᠶᠤᠸᠠᠨ ᠤᠯᠤᠰ ᠪᠣᠯᠣᠨ ᠮᠢᠩ ᠤᠯᠤᠰ ᠬᠠᠷᠢᠯᠴᠠᠨ | ᠡᠰᠡᠷᠭᠦᠴᠡᠯᠳᠦᠵᠦ ᠪᠠᠶᠢᠭᠰᠠᠨ ᠲᠡᠥᠬᠡ ᠶᠢᠨ ᠠᠬᠤᠢ ᠪᠠᠶᠢᠳᠠᠯ ᠳᠤ ᠶᠡᠬᠡᠬᠡᠨ ᠬᠤᠪᠢᠷᠠᠯᠲᠠ ᠭᠠᠷᠴᠤ᠂ ᠳᠤᠮᠳᠠᠲᠤ ᠤᠯᠤᠰ | ᠤᠨ ᠤᠮᠠᠷᠠᠲᠤ ᠬᠡᠰᠡᠭ ᠲᠤ ᠤᠮᠠᠷᠠᠲᠤ ᠶᠤᠸᠠᠨ ᠤᠯᠤᠰ᠂ ᠮᠢᠩ ᠤᠯᠤᠰ ᠪᠠ ᠵᠥᠷᠴᠢᠨ ᠤ ᠨᠣᠷᠬᠠᠴᠢ ᠶᠢᠨ ᠠᠶᠢᠮᠠᠭ | ᠵᠡᠷᠭᠡᠴᠡᠨ ᠣᠷᠣᠰᠢᠭᠰᠠᠨ ᠪᠠᠶᠢᠳᠠᠯ ᠪᠣᠢ ᠪᠣᠯᠣᠭᠠᠳ᠂ ᠴᠠᠭ ᠤᠨ ᠪᠠᠶᠢᠳᠠᠯ ᠢ ᠨᠡᠩ ᠪᠣᠳᠤᠯᠢᠶᠠᠨ ᠲᠠᠢ ᠪᠣᠯᠭᠠᠭᠰᠠᠨ | ᠪᠠᠶᠢᠨ᠎ᠠ᠃ ᠰᠢᠨ᠎ᠡ ᠪᠠᠷ ᠮᠠᠨᠳᠤᠭᠰᠠᠨ ᠵᠥᠷᠴᠢᠨ ᠤ ᠨᠤᠷᠬᠠᠴᠢ ᠶᠢᠨ ᠠᠶᠢᠮᠠᠭ ᠨᠢ ᠮᠣᠩᠭᠤᠯ ᠤᠨ ᠡᠯ᠎ᠡ ᠠᠶᠢᠮᠠᠭ ᠤᠨ | ᠬᠢᠨ ᠳᠤ᠂ ᠣᠷᠤᠭ ᠬᠤᠯᠪᠣᠬᠤ ᠪᠠ ᠴᠡᠷᠢᠭ ᠳᠠᠶᠢᠨ ᠤ ᠰᠦᠷᠳᠡᠭᠦᠯᠦᠯᠭᠡ ᠪᠠᠷ ᠬᠠᠪᠰᠤᠷᠭᠠᠭᠰᠠᠨ ᠲᠠᠲᠠᠨ ᠠᠪᠬᠤ᠂ | ᠬᠠᠳᠬᠤᠨ ᠵᠠᠪᠰᠠᠷᠳᠠᠭᠤᠯᠬᠤ ᠵᠡᠷᠭᠡ ᠠᠯᠢ ᠣᠯᠠᠨ ᠵᠠᠯᠢ ᠮᠡᠭᠡ ᠪᠦᠬᠦᠢ ᠠᠷᠭ᠎ᠠ ᠪᠣᠳᠣᠯᠭ᠎ᠠ ᠶᠢ ᠠᠪᠤᠭᠰᠠᠨ ᠶᠠᠪᠤᠳᠠᠯ ᠨᠢ | ᠮᠣᠩᠭᠤᠯ ᠤᠨ ᠨᠣᠶᠠᠷᠬᠠᠭᠴᠢᠳ ᠢ ᠰᠢᠨ᠎ᠡ ᠪᠡᠷᠬᠡᠳᠡᠯ ᠳᠤ ᠣᠴᠠᠷᠠᠭᠤᠯᠵᠠᠢ᠃ ᠡᠶᠢᠮᠦ ᠪᠠᠶᠢᠳᠠᠯ ᠳᠤ᠂ ᠮᠣᠩᠭᠤᠯ ᠤᠨ | ᠨᠣᠶᠠᠷᠬᠠᠭᠴᠢᠳ ᠤᠨ ᠳᠤᠲᠤᠭᠠᠲᠤ ᠭᠠᠳᠠᠭᠠᠲᠤ ᠳᠤ ᠠᠪᠬᠤ ᠲᠥᠷᠥ ᠵᠠᠰᠠᠭ ᠤᠨ ᠠᠷᠭ᠎ᠠ ᠪᠣᠳᠣᠯᠭ᠎ᠠ ᠶᠢᠨ ᠵᠣᠬᠢᠰ ᠲᠠᠢ | ᠪᠠᠶᠢᠬᠤ ᠡᠰᠡᠬᠦ ᠨᠢ ᠬᠠᠭᠠᠨᠲᠤ ᠲᠥᠷᠥ ᠦᠷᠭᠦᠯᠵᠢᠯᠡᠨ ᠳᠤᠭᠳᠠᠨᠢᠵᠤ ᠴᠢᠳᠠᠬᠤ ᠡᠰᠡᠬᠦ ᠳᠤ ᠬᠤᠯᠪᠣᠭᠳᠠᠬᠤ ᠲᠣᠮᠣ | ᠠᠰᠠᠭᠤᠳᠠᠯ ᠪᠣᠯᠣᠭᠰᠠᠨ ᠪᠠᠶᠢᠨ᠎ᠠ᠃ ᠮᠣᠩᠭᠤᠯ ᠤᠨ ᠨᠣᠶᠠᠷᠬᠠᠭᠴᠢᠳ ᠨᠢ᠂ ᠡᠨᠡᠬᠦ ᠲᠡᠥᠬᠡᠨ ᠰᠢᠯᠭᠠᠯᠲᠠ ᠶᠢ | ᠳᠠᠭᠠᠭᠠᠵᠤ ᠴᠢᠳᠠᠯ ᠦᠭᠡᠢ ᠪᠠᠷ ᠳᠤᠲᠤᠭᠠᠲᠤ ᠶᠢᠨ ᠪᠦᠯᠬᠦᠮᠳᠡᠯ ᠨᠢᠭᠲᠠᠷᠠᠯ ᠳᠤ ᠠᠰᠢᠭ ᠦᠭᠡᠢ ᠠᠷᠭ᠎ᠠ ᠪᠣᠳᠣᠯᠭ᠎ᠠ | ᠨᠤᠭᠤᠳ ᠢ ᠬᠡᠷᠡᠭᠵᠢᠭᠦᠯᠦᠭᠰᠡᠨ ᠶᠠᠪᠤᠳᠠᠯ ᠨᠢ᠂ ᠮᠣᠩᠭᠤᠯ ᠤᠨ ᠬᠠᠭᠠᠨᠲᠤ ᠲᠥᠷᠥ ᠶᠢ ᠰᠦᠢᠷᠡᠯ ᠳᠤ ᠬᠥᠷᠥᠭᠦᠯᠵᠡᠢ᠃ | ᠦᠵᠦᠮᠦᠴᠢᠨ ᠠᠶᠢᠮᠠᠭ ᠤᠨ ᠭᠤᠷᠪᠠᠳᠠᠬᠢ ᠶᠡᠭᠡ ᠨᠡᠭᠦᠳᠡᠯ ᠨᠢ ᠶᠠᠭ ᠡᠶᠢᠮᠦᠷᠬᠦ ᠲᠡᠥᠬᠡᠨ ᠠᠬᠤᠢ ᠪᠠᠶᠢᠳᠠᠯ ᠤᠨ ᠳᠤᠤᠷ᠎ᠠ | ᠡᠬᠢᠯᠡᠭᠰᠡᠨ ᠪᠠᠶᠢᠨ᠎ᠠ᠃ | 1627 ᠣᠨ ᠳᠤ᠂ ᠤᠮᠠᠷᠠᠲᠤ ᠶᠤᠸᠠᠨ ᠤᠯᠤᠰ ᠤᠨ ᠯᠢᠭᠳᠡᠨ ᠬᠠᠭᠠᠨ᠂ ᠬᠠᠷᠠᠴᠢᠨ ᠠᠶᠢᠮᠠᠭ ᠤᠷᠲᠤ ᠬᠤᠭᠤᠴᠠᠭ᠎ᠠ | ᠬᠠᠭᠠᠨ ᠵᠠᠰᠠᠭ ᠲᠤ ᠠᠯᠪᠠ ᠭᠤᠪᠴᠢᠭᠤᠷ ᠳᠤᠰᠢᠶᠠᠭᠰᠠᠨ ᠦᠭᠡᠢ ᠶᠢᠨ ᠰᠢᠯᠲᠠᠭᠠᠨ ᠢᠶᠠᠷ ᠴᠡᠷᠢᠭ ᠬᠥᠳᠡᠯᠭᠡᠵᠦ | ᠬᠠᠷᠠᠴᠢᠨ ᠠᠶᠢᠮᠠᠭ ᠢ ᠳᠠᠶᠢᠯᠠᠵᠠᠢ᠃ ᠳᠠᠶᠢᠨ ᠤ ᠳ᠋ᠦᠩ ᠳᠤ᠂ ᠯᠢᠭᠳᠡᠨ ᠬᠠᠭᠠᠨ ᠬᠠᠷᠠᠴᠢᠨ᠂ ᠲᠥᠮᠡᠳ ᠤᠨ | ᠬᠤᠯᠪᠣᠭᠠᠲᠤ ᠴᠡᠷᠢᠭ ᠢ ᠶᠡᠭᠡ ᠪᠠᠷ ᠢᠯᠡᠵᠤ᠂ ᠬᠠᠷᠠᠴᠢᠨ ᠠᠶᠢᠮᠠᠭ ᠢ ᠰᠦᠨᠦᠭᠡᠭᠰᠡᠨ ᠪᠣᠯᠪᠠᠴᠤ᠂ ᠲᠡᠭᠦᠨ ᠤ | ᠪᠠᠷᠠᠭᠤᠨᠰᠢ ᠳᠠᠶᠢᠯᠠᠭᠰᠠᠨ ᠶᠠᠪᠤᠳᠠᠯ ᠨᠢ ᠪᠠᠷᠠᠭᠤᠨ ᠭᠠᠷᠤᠨ ᠲᠥᠮᠡᠨ ᠨᠦᠭᠦᠳ ᠢ ᠵᠠᠯᠭ᠎ᠠ ᠵᠠᠯᠭ᠎ᠠ ᠪᠠᠷ ᠵᠠᠳᠠᠷᠠᠬᠤ ᠳᠤ | ᠬᠥᠷᠥᠭᠦᠯᠦᠭᠰᠡᠨ ᠢᠶᠠᠷ ᠪᠠᠷᠠᠬᠤ ᠦᠭᠡᠢ᠂ ᠦᠪᠡᠷ ᠤᠨ ᠬᠢᠨᠢ ᠬᠠᠷᠢᠶ᠎ᠠ ᠠᠶᠢᠮᠠᠭ ᠲᠤ ᠴᠦ ᠬᠠᠭᠠᠷᠠᠯ ᠡᠭᠦᠰᠬᠦ ᠬᠤᠣᠷ ᠤᠨ | ᠦᠨᠳᠦᠰᠦ ᠶᠢ ᠲᠠᠷᠢᠵᠠᠢ᠃ ᠡᠭᠦᠨ ᠤ ᠳᠤᠬᠠᠢ ︽ᠤᠮᠠᠷᠠᠲᠤ ᠶᠤᠸᠠᠨ ᠤ ᠲᠡᠥᠬᠡ︾ ᠳᠤ ᠲᠡᠮᠳᠡᠭᠯᠡᠬᠦ ᠳᠡᠭᠡᠨ᠄ ︽ | ᠯᠢᠭᠲᠡᠨ ᠬᠠᠭᠠᠨ ᠪᠠᠷᠠᠭᠤᠨᠰᠢ ᠳᠠᠶᠢᠯᠠᠭᠰᠠᠨ ᠳᠤ᠂ ᠪᠠᠷᠠᠭᠤᠨ ᠭᠠᠷᠤᠨ ᠤᠯᠤᠰ ᠲᠥᠮᠡᠨ ᠨᠢ ᠵᠠᠯᠭᠠᠯᠳᠤᠭ᠎ᠠ ᠪᠠᠷ | ᠵᠠᠳᠠᠷᠠᠨ ᠰᠠᠷᠨᠢᠵᠠᠢ᠃ ᠮᠥᠨ ᠡᠨᠡ ᠦᠶ᠎ᠡ ᠳᠤ᠂ ᠦᠪᠡᠷ ᠤᠨ ᠬᠢᠨᠢ ᠬᠠᠷᠢᠶ᠎ᠠ ᠠᠶᠢᠮᠠᠭ ᠰᠦᠨᠢᠳ ᠠᠶᠢᠮᠠᠭ᠂ | ᠦᠵᠦᠮᠦᠴᠢᠨ ᠠᠶᠢᠮᠠᠭ᠂ ᠬᠠᠭᠤᠴᠢᠳ ᠠᠶᠢᠮᠠᠭ ᠪᠣᠯᠣᠨ ᠴᠢᠩᠭᠢᠰ ᠬᠠᠭᠠᠨ ᠤ ᠳᠡᠭᠦᠦ ᠪᠡᠯᠭᠦᠲᠡᠢ ᠶᠢᠨ ᠬᠤᠶᠢᠴᠢᠰ ᠤᠨ | ᠠᠶᠢᠮᠠᠭ ᠪᠣᠯᠬᠤ ᠠᠪᠠᠭ᠎ᠠ᠂ ᠠᠪᠠᠭ᠋ᠠᠨᠠᠷ ᠤᠨ ᠬᠡᠰᠡᠭ ᠠᠷᠠᠳ ᠢᠷᠭᠡᠳ ᠳᠠᠶᠢᠨ ᠳᠠᠵᠢᠨ ᠠᠴᠠ ᠵᠠᠶᠢᠯᠠᠬᠤ ᠶᠢᠨ | ᠲᠥᠯᠥᠭᠡ᠂ ᠤᠮᠠᠷᠠᠰᠢ ᠬᠠᠯᠬ᠎ᠠ ᠶᠢᠨ ᠬᠢᠯᠢ ᠳᠤ ᠣᠷᠣᠵᠤ᠂ ᠬᠠᠯᠬ᠎ᠠ ᠵᠡᠭᠦᠨ ᠭᠠᠷᠤᠨ ᠤᠨ ᠰᠣᠯᠣᠢ ᠳᠠᠯᠠᠢ ᠵᠢᠨᠥᠩ ᠢ | ᠳᠦᠰᠢᠪᠡ᠃ ᠰᠣᠯᠣᠢ ᠶᠢᠨ ᠠᠶᠢᠮᠠᠭ ᠨᠢᠭᠡᠨ ᠦᠶ᠎ᠡ ᠰᠦᠷ ᠬᠥᠴᠥᠨ ᠶᠡᠭᠡ ᠪᠠᠷ ᠨᠡᠮᠡᠭᠳᠡᠭᠡᠳ ᠣᠯᠠᠨ ᠤ ᠬᠥᠷᠢᠶᠡᠯᠡᠨ | ᠡᠷᠭᠦᠬᠦ ᠪᠠᠷ᠂ ᠰᠣᠯᠣᠢ ᠵᠢᠨᠥᠩ ᠴᠤᠯᠠ ᠪᠠᠨ ᠰᠣᠯᠢᠵᠤ ᠬᠠᠨ ᠨᠡᠷᠡᠶᠢᠳᠦᠪᠡ︾ ﹇16﹈ ᠭᠡᠰᠡᠨ ᠪᠠᠶᠢᠨ᠎ᠠ᠃ ᠡᠨᠡᠬᠦ | ᠲᠡᠮᠳᠡᠭᠯᠡᠯ ᠠᠴᠠ᠂ ᠦᠵᠦᠮᠦᠴᠢᠨ ᠠᠶᠢᠮᠠᠭ ᠤᠨ ᠭᠤᠷᠪᠠᠳᠠᠬᠢ ᠶᠡᠭᠡ ᠨᠡᠭᠦᠳᠡᠯ ᠤᠨ ᠴᠠᠭ ᠬᠤᠭᠤᠴᠠᠭ᠎ᠠ ᠪᠣᠯᠣᠨ | ᠭᠤᠤᠯ ᠪᠣᠯᠬᠤ ᠰᠢᠯᠲᠠᠭᠠᠨ ᠤ ᠳᠤᠬᠠᠢ ᠨᠡᠯᠢᠶᠡᠳ ᠳᠤᠲᠤᠷᠬᠠᠢ ᠤᠶᠢᠯᠠᠭᠠᠵᠤ ᠪᠣᠯᠬᠤ ᠶᠤᠮ᠃ ᠡᠨᠡ ᠤᠳᠠᠭ᠎ᠠ ᠶᠢᠨ | ᠶᠡᠭᠡ ᠨᠡᠭᠦᠳᠡᠯ ᠳᠡᠭᠡᠨ ᠦᠵᠦᠮᠦᠴᠢᠨ ᠠᠶᠢᠮᠠᠭ ᠤᠨ ᠬᠢᠨ ᠬᠡᠷᠦᠯᠦᠨ ᠭᠤᠤᠯ ᠤᠨ ᠰᠠᠪᠠ ᠭᠠᠵᠠᠷ ᠢᠶᠠᠷ ᠨᠡᠭᠦᠳᠡᠯᠯᠡᠨ | ᠮᠠᠯᠵᠢᠵᠠᠢ᠃ ᠦᠵᠦᠮᠦᠴᠢᠨ᠂ ᠬᠠᠭᠤᠴᠢᠳ᠂ ᠰᠥᠨᠢᠳ ᠵᠡᠷᠭᠡ ᠠᠶᠢᠮᠠᠭ ᠤᠨ ᠬᠢᠨ ᠤᠮᠠᠷᠠᠰᠢ ᠨᠡᠭᠦᠵᠦ ᠬᠠᠯᠬ᠎ᠠ ᠶᠢᠨ | ᠰᠣᠯᠣᠢ ᠬᠠᠨ ᠢ ᠳᠦᠰᠢᠭᠰᠡᠨ ᠭᠤᠤᠯ ᠰᠢᠯᠲᠠᠭᠠᠨ ᠨᠢ ᠳᠡᠭᠡᠷ᠎ᠡ ᠳᠤᠷᠠᠳᠤᠭᠰᠠᠨ ᠳᠠᠶᠢᠨ ᠳᠠᠵᠢᠨ ᠠᠴᠠ ᠵᠠᠶᠢᠯᠠᠭᠰᠠᠨ | ᠳᠤ ᠪᠠᠶᠢᠬᠤ ᠪᠣᠯᠪᠠᠴᠤ᠂ ᠡᠭᠦᠨ ᠠᠴᠠ ᠭᠠᠳᠠᠨ᠎ᠠ᠂ ᠱᠠᠰᠢᠨ ᠰᠢᠳᠦᠯᠭᠡ ᠶᠢᠨ ᠲᠠᠯ᠎ᠠ ᠪᠠᠷ ᠬᠢ ᠢᠳᠡᠭᠡᠯ ᠪᠢᠰᠢᠷᠡᠯ | ᠠᠳᠠᠯᠢ ᠦᠭᠡᠢ ᠠᠴᠠ ᠪᠣᠯᠵᠤ᠂ ᠮᠣᠩᠭᠤᠯᠴᠤᠳ ᠤᠨ ᠳᠤᠲᠤᠭᠠᠲᠤ ᠳᠤ ᠢᠯᠠᠩᠭᠤᠶ᠎ᠠ ᠮᠣᠩᠭᠤᠯ ᠤᠨ ᠨᠡᠶᠢᠭᠡᠮ ᠤᠨ | ᠳᠡᠭᠡᠲᠦ ᠳᠠᠪᠬᠤᠷᠭ᠎ᠠ ᠳᠤ ᠬᠠᠭᠠᠷᠠᠯ ᠡᠭᠦᠰᠦᠭᠰᠡᠨ ᠨᠥᠭᠦᠭᠡ ᠨᠢᠭᠡ ᠰᠢᠯᠲᠠᠭᠠᠨ ᠢ ᠣᠮᠳᠣᠭᠠᠶᠢᠯᠠᠵᠤ ᠪᠣᠯᠬᠤ ᠦᠭᠡᠢ | ᠶᠤᠮ᠃ ᠯᠢᠭᠳᠡᠨ ᠬᠠᠭᠠᠨ ᠰᠢᠷ᠎ᠠ ᠶᠢᠨ ᠱᠠᠰᠢᠨ ᠤ ᠨᠥᠯᠥᠭᠡ ᠶᠢ ᠠᠩᠬᠠᠷᠴᠤ᠂ ᠳᠠᠯᠠᠢ ᠯᠠᠮᠠ ᠶᠢᠨ ᠮᠣᠩᠭᠤᠯ ᠣᠷᠣᠨ | ᠳᠠᠬᠢ ᠲᠥᠯᠥᠭᠡᠯᠡᠭᠴᠢ ᠮᠠᠶᠢᠳᠠᠷᠢ ᠨᠣᠮ ᠤᠨ ᠬᠠᠭᠠᠨ ᠵᠤᠨᠢ ᠴᠤᠷᠵᠢ ᠲᠡᠷᠢᠭᠦᠲᠡᠨ ᠠᠴᠠ ᠠᠪᠢᠰᠢᠭ᠌ ᠠᠪᠴᠤ᠂ ᠰᠢᠷ᠎ᠠ | ᠶᠢᠨ ᠱᠠᠰᠢᠨ ᠢ ᠰᠢᠳᠦᠵᠦ ᠪᠠᠶᠢᠭᠰᠠᠨ ᠢᠶᠠᠨ᠂ ᠱᠠᠰᠢᠨ ᠰᠣᠷᠳᠠᠬᠤᠨ ᠤ ᠲᠠᠯ᠎ᠠ ᠠᠴᠠ ᠮᠣᠩᠭᠤᠯ ᠤᠨ ᠹᠧᠤᠳᠠᠯ ᠨᠣᠶᠠᠳ | ᠢ ᠡᠪᠯᠡᠭᠦᠯᠬᠦ ᠶᠢᠨ ᠲᠥᠯᠥᠭᠡ᠂ ᠬᠤᠷᠢᠨ ᠵᠢᠷᠭᠤᠭᠠᠨ ᠨᠠᠰᠤᠨ ᠳᠡᠭᠡᠷ᠎ᠡ ᠪᠠᠨ ᠰᠠᠰᠬᠢᠶ᠎ᠠ ︵ᠤᠯᠠᠭᠠᠨ ᠮᠠᠯᠠᠭᠠᠶᠢᠲᠠᠨ︶ | ᠱᠠᠷᠪᠠ ᠲᠠᠨᠵᠢᠨ ᠬᠤᠲᠤᠭᠲᠤ ᠠᠴᠠ ᠪᠠᠰᠠ ᠠᠪᠢᠰᠢᠭ᠌ ᠠᠪᠴᠤ ᠰᠢᠷ᠎ᠠ ᠤᠯᠠᠭᠠᠨ ᠤ ᠱᠠᠰᠢᠨ ᠢ ᠢᠯᠭᠠᠯ ᠦᠭᠡᠢ | ᠳᠡᠯᠭᠡᠷᠡᠭᠦᠯᠬᠦ ᠪᠠᠷ ᠪᠣᠯᠵᠠᠢ᠃ ᠡᠨᠡ ᠨᠢ᠂ ᠰᠢᠷ᠎ᠠ ᠶᠢᠨ ᠱᠠᠰᠢᠨ ᠤ ᠳᠤᠷ᠎ᠠ ᠦᠭᠡᠶᠢᠴᠡᠯ ᠢ ᠬᠥᠷᠭᠡᠵᠦ᠂ ᠲᠡᠳᠡᠨᠡᠷ | ᠯᠢᠭᠳᠡᠨ ᠬᠠᠭᠠᠨ ᠤ ᠦᠢᠯᠡᠰ ᠲᠤ ᠦᠴᠦᠬᠡᠨ ᠴᠦ ᠲᠡᠮᠵᠢᠯᠭᠡ ᠦᠵᠡᠭᠦᠯᠬᠦ ᠶᠢ ᠪᠣᠯᠢᠵᠠᠢ᠃ ᠡᠶᠢᠨᠬᠦ ᠯᠢᠭᠳᠡᠨ | ᠬᠤᠳᠣᠭᠲᠤ ᠬᠠᠭᠠᠨ ᠭᠠᠭᠴᠠᠬᠦ ᠤᠯᠠᠭᠠᠨ ᠤ ᠱᠠᠰᠢᠨ ᠢ ᠰᠢᠳᠦᠬᠦ ᠪᠣᠯᠵᠤ᠂ ᠰᠢᠷ᠎ᠠ ᠶᠢᠨ ᠱᠠᠰᠢᠨ ᠢ ᠳᠡᠪᠴᠢᠭᠰᠡᠨ | ᠪᠠᠶᠢᠨ᠎ᠠ᠃ ᠡᠭᠦᠨ ᠤ ᠳ᠋ᠦᠩ ᠳᠤ᠂ ᠰᠢᠷ᠎ᠠ ᠶᠢᠨ ᠱᠠᠰᠢᠨ ᠤ ᠬᠢᠨ ᠲᠡᠭᠦᠨ ᠢ ᠱᠠᠰᠢᠨ ᠤ ᠳᠠᠶᠢᠰᠤᠨ ᠢᠶᠠᠷ ᠦᠵᠡᠵᠦ᠂ | ᠰᠢᠷ᠎ᠠ ᠶᠢᠨ ᠱᠠᠰᠢᠨ ᠢ ᠰᠢᠳᠦᠳᠡᠭ ᠮᠣᠩᠭᠤᠯ ᠤᠨ ᠳᠡᠭᠡᠲᠦ ᠳᠠᠪᠬᠤᠷᠭᠠᠲᠠᠳ ᠲᠡᠭᠦᠨ ᠠᠴᠠ ᠵᠠᠶᠢᠳᠠᠵᠤ ᠬᠥᠨᠳᠡᠶᠢᠷᠡᠬᠦ | ᠪᠣᠯᠵᠠᠢ᠃ ᠡᠨᠡ ᠨᠢ ᠮᠥᠨᠴᠦ ᠰᠢᠷ᠎ᠠ ᠶᠢᠨ ᠱᠠᠰᠢᠨ ᠢ ᠰᠢᠳᠦᠳᠡᠭ ᠪᠠᠶᠢᠭᠰᠠᠨ ᠦᠵᠦᠮᠦᠴᠢᠨ᠂ ᠬᠠᠭᠤᠴᠢᠳ᠂ | ᠰᠥᠨᠢᠳ ᠵᠡᠷᠭᠡ ᠠᠶᠢᠮᠠᠭ ᠤᠨ ᠳᠡᠭᠡᠲᠦ ᠳᠠᠪᠬᠤᠷᠭ᠎ᠠ ᠶᠢᠨ ᠬᠢᠨ ᠠᠶᠢᠮᠠᠭ ᠪᠦᠯᠦᠭ ᠢᠶᠠᠨ ᠳᠠᠭᠠᠭᠤᠯᠵᠤ ᠲᠡᠭᠦᠨ ᠠᠴᠠ | ᠰᠠᠯᠵᠤ ᠨᠡᠭᠦᠭᠰᠡᠨ ᠤ ᠤᠴᠢᠷ ᠰᠢᠯᠲᠠᠭᠠᠨ ᠤ ᠨᠢᠭᠡ ᠨᠢ ᠪᠣᠯᠬᠤ ᠶᠤᠮ᠃ ᠠᠷᠪᠠ ᠭᠠᠷᠤᠢ ᠵᠢᠯ ᠤᠨ ᠳᠠᠷᠠᠭ᠎ᠠ᠂ | ᠣᠮᠠᠷᠠᠲᠤ ᠶᠤᠸᠠᠨ ᠤᠯᠤᠰ ᠮᠥᠬᠦᠭᠰᠡᠨ ᠪᠠ ᠦᠪᠡᠷ ᠤᠨ ᠡᠪᠦᠭᠡ ᠳᠡᠭᠡᠳᠦᠰ ᠤᠨ ᠬᠤᠪᠢ ᠥᠮᠴᠢ ᠪᠣᠯᠬᠤ ᠨᠤᠲᠤᠭ | ᠪᠡᠯᠴᠢᠭᠡᠷ ᠢᠶᠠᠨ ᠦᠷᠭᠦᠯᠵᠢᠯᠡᠨ ᠡᠵᠡᠮᠰᠢᠬᠦ ᠵᠡᠷᠭᠡ ᠳᠤ ᠰᠢᠯᠲᠠᠭᠠᠯᠠᠵᠤ᠂ ᠳᠤᠷᠵᠢ ᠵᠢᠨᠤᠩ ᠵᠡᠷᠭᠡ ᠦᠵᠦᠮᠦᠴᠢᠨ ᠤ | ᠨᠣᠶᠠᠳ ᠳᠦᠰᠢᠮᠡᠳ ᠨᠠᠷ ᠴᠢᠩ ᠤᠯᠤᠰ ᠢ ᠳᠠᠭᠠᠭᠰᠠᠨ ᠢᠶᠠᠷ ᠨᠤᠲᠤᠭ ᠲᠠᠭᠠᠨ ᠪᠣᠴᠠᠬᠤ ᠪᠤᠯᠤᠮᠵᠢ ᠨᠥᠬᠦᠴᠡᠯ ᠲᠠᠢ | ᠪᠣᠯᠣᠭᠰᠠᠨ ᠠᠴᠠ᠂ ᠦᠵᠦᠮᠦᠴᠢᠨ ᠠᠶᠢᠮᠠᠭ ᠤᠨ ᠬᠢᠨ 1637 ᠣᠨ ᠤ ᠪᠠᠷᠤᠭ ᠢᠶᠠᠷ ᠨᠣᠲᠤᠭ ᠲᠠᠭᠠᠨ ᠪᠣᠴᠠᠵᠤ | ᠢᠷᠡᠭᠡᠳ ᠡᠨᠡ ᠤᠳᠠᠭᠠᠨ ᠤ ᠨᠡᠭᠦᠳᠡᠯ ᠲᠡᠭᠦᠰᠦᠭᠰᠡᠨ ᠪᠠᠶᠢᠨ᠎ᠠ᠃ ᠦᠵᠦᠮᠦᠴᠢᠨ ᠠᠶᠢᠮᠠᠭ ᠤᠨ ᠣᠯᠠᠨ ᠵᠠᠭᠤᠨ ᠵᠢᠯ | ᠳᠤᠷᠰᠢᠬᠢ ᠨᠡᠭᠦᠳᠡᠯ ᠠᠮᠢᠲᠤᠷᠠᠯ ᠤᠨ ᠲᠡᠥᠬᠡ ᠶᠢ ᠠᠵᠢᠭᠯᠠᠨ ᠰᠢᠨᠵᠢᠯᠡᠪᠡᠯ᠂ ᠦᠵᠦᠮᠦᠴᠢᠨ ᠠᠶᠢᠮᠠᠭ ᠤᠨ ᠬᠢᠨ ᠪᠣᠢ | ᠪᠣᠯᠣᠨ ᠪᠦᠷᠢᠯᠳᠦᠭᠰᠡᠨ 1200 ᠣᠨ ᠤ ᠤᠷᠢᠳ ᠬᠤᠵᠢᠳ ᠤᠨ ᠲᠡᠷᠡ ᠦᠶ᠎ᠡ ᠠᠴᠠ ᠪᠠᠨ 1946 ᠣᠨ ᠤ | ᠠᠷᠠᠳ ᠤᠨ ᠰᠢᠨ᠎ᠡ ᠵᠠᠰᠠᠭ ᠪᠠᠶᠢᠭᠤᠯᠤᠭᠳᠠᠬᠤ ᠪᠣᠯᠲᠠᠯᠠᠬᠢ ᠳᠤᠯᠤᠭᠠᠨ ᠵᠠᠭᠤᠨ ᠲᠠᠪᠢ ᠭᠠᠷᠤᠢ ᠵᠢᠯ ᠤᠨ ᠬᠤᠭᠤᠴᠠᠭᠠᠨ | ᠳᠤ ᠣᠷᠢᠳ ᠬᠤᠵᠢᠳ ᠭᠤᠷᠪᠠᠨ ᠣᠳᠠᠭ᠎ᠠ ᠠᠳᠠᠯᠢ ᠪᠣᠰᠣ ᠨᠥᠬᠦᠴᠡᠯ ᠰᠢᠯᠲᠠᠭᠠᠨ ᠢᠶᠠᠷ᠂ ᠠᠳᠠᠯᠢ ᠪᠣᠰᠣ ᠭᠠᠵᠠᠷ | ᠣᠷᠣᠨ ᠳᠤ ᠨᠡᠭᠦᠳᠡᠯᠯᠡᠨ ᠮᠠᠯᠵᠢᠵᠤ᠂ ᠨᠡᠭᠦᠳᠡᠯ ᠬᠢᠭᠰᠡᠨ ᠣᠨ ᠵᠢᠯ ᠢ ᠨᠡᠶᠢᠯᠡᠭᠦᠯᠦᠨ ᠪᠣᠳᠣᠪᠠᠯ ᠬᠤᠶᠠᠷ ᠵᠠᠭᠤ | ᠠᠶᠠᠳᠠᠭᠤ ᠵᠢᠯ ᠪᠠᠶᠢᠵᠤ᠂ ᠦᠵᠦᠮᠦᠴᠢᠨ ᠠᠶᠢᠮᠠᠭ ᠤᠨ ᠪᠦᠬᠦ ᠲᠡᠥᠬᠡᠨ ᠬᠤᠭᠤᠴᠠᠭᠠᠨ ᠤ ᠭᠤᠷᠪᠠᠨ ᠤ ᠨᠢᠭᠡ ᠬᠤᠪᠢ | ᠰᠢᠬᠠᠭᠤ ᠶᠢ ᠡᠵᠡᠯᠡᠵᠦ᠂ ᠨᠡᠭᠦᠳᠡᠯᠯᠡᠭᠰᠡᠨ ᠭᠠᠵᠠᠷ ᠣᠷᠣᠨ ᠨᠢ ᠭᠤᠪᠢ ᠶᠢᠨ ᠠᠷᠤ ᠪᠠ ᠡᠮᠦᠨᠡᠭᠦᠷ ᠲᠠᠷᠬᠠᠵᠤ᠂ ᠴᠠᠭ | ᠬᠤᠭᠤᠴᠠᠭ᠎ᠠ ᠶᠢᠨ ᠤᠷᠲᠤ᠂ ᠣᠷᠣᠨ ᠵᠠᠢ ᠶᠢᠨ ᠦᠷᠭᠡᠨ ᠲᠡᠯᠭᠡᠷ ᠨᠢ ᠦᠨᠡᠭᠡᠷ ︽ᠶᠡᠭᠡ ᠨᠡᠭᠦᠳᠡᠯ︾ ᠬᠡᠮᠡᠭᠰᠡᠨ ᠳᠡᠭᠡᠨ | ᠨᠡᠶᠢᠴᠡᠬᠦ ᠶᠤᠮ᠃ ᠦᠵᠦᠮᠦᠴᠢᠨ ᠠᠶᠢᠮᠠᠭ ᠤᠨ ᠬᠢᠨ ᠢ ᠭᠠᠳᠠᠭᠰᠢ ᠨᠡᠭᠦᠳᠡᠯᠯᠡᠭᠰᠡᠨ ᠬᠤᠭᠤᠴᠠᠭᠠᠨ ᠳᠤ᠂ ᠲᠡᠳᠡᠨ ᠤ | ᠨᠤᠲᠤᠭ ᠤᠰᠤ ᠪᠣᠯᠬᠤ ᠦᠵᠦᠮᠦᠴᠢᠨ ᠲᠠᠯ᠎ᠠ ᠨᠤᠲᠤᠭ ᠨᠢ ᠤᠬᠤᠷ ᠬᠤᠭᠤᠴᠠᠭ᠎ᠠ ᠪᠠᠷ ᠡᠵᠡᠭᠦᠢ ᠤᠷᠬᠢᠭᠳᠠᠵᠤ | ᠥᠩᠭᠡᠷᠡᠭᠰᠡᠨ ᠪᠣᠶᠤ ᠦᠭᠡᠷ᠎ᠡ ᠪᠣᠰᠣᠳᠴᠤᠤᠯ ᠨᠡᠭᠦᠳᠡᠯᠯᠡᠵᠦ ᠮᠠᠯᠵᠢᠭᠰᠠᠨ ᠣᠳᠠᠭ᠎ᠠ ᠴᠦ ᠪᠠᠶᠢᠳᠠᠭ᠃ ᠮᠢᠩ ᠤᠯᠤᠰ | ᠪᠣᠯᠣᠨ ᠤᠮᠠᠷᠠᠲᠤ ᠶᠤᠸᠠᠨ ᠤᠯᠤᠰ ᠤᠨ ᠴᠡᠷᠢᠭ ᠳᠠᠶᠢᠨ ᠤ ᠥᠷᠢᠰᠥᠯᠳᠦᠭᠡᠨ ᠶᠠᠭ ᠢᠳᠡ ᠬᠥᠭ ᠳᠡᠭᠡᠷ᠎ᠡ ᠪᠠᠨ | ᠪᠠᠶᠢᠭᠰᠠᠨ᠂ ᠦᠵᠦᠮᠦᠴᠢᠨ ᠠᠶᠢᠮᠠᠭ ᠤᠨ ᠬᠢᠨ ᠪᠢᠯᠢᠭᠲᠦ ᠬᠠᠭᠠᠨ ᠠᠶᠤᠰᠢᠷᠢᠳᠠᠷᠠ ᠶᠢ ᠳᠠᠭᠠᠵᠤ ︵ᠨᠡᠩ ᠳᠤᠲᠤᠷᠬᠠᠢ | ᠰᠢᠭ᠋ ᠬᠡᠯᠡᠪᠡᠯ ᠬᠤᠶᠢᠨ᠎ᠠ ᠠᠴᠠ ᠨᠢ︶ ᠤᠮᠠᠷᠠᠰᠢ ᠨᠡᠭᠦᠳᠡᠯᠯᠡᠭᠰᠠᠨ 1370 ᠣᠨ ᠤ ᠳᠠᠷᠠᠭᠠᠬᠢ ᠨᠢᠭᠡ ᠬᠡᠰᠡᠭ ᠴᠠᠭ | ᠬᠤᠭᠤᠴᠠᠭᠠᠨ ᠳᠤ᠂ ᠦᠵᠦᠮᠦᠴᠢᠨ ᠲᠠᠯ᠎ᠠ ᠨᠤᠲᠤᠭ ᠢ ᠴᠡᠷᠢᠭ ᠳᠠᠶᠢᠨ ᠤ ᠬᠥᠯ ᠢᠶᠠᠷ ᠡᠵᠡᠭᠦᠢ ᠤᠷᠭᠢᠭᠳᠠᠭᠰᠠᠨ | ᠪᠠᠶᠢᠳᠠᠯ ᠲᠠᠢ ᠪᠠᠶᠢᠭᠰᠠᠨ ᠭᠡᠵᠤ ᠦᠵᠡᠯᠲᠡᠢ᠃ ᠭᠡᠪᠡᠴᠦ ᠰᠡᠭᠦᠯᠡᠷ ᠨᠢ᠂ ᠮᠢᠩ ᠤᠯᠤᠰ ᠤᠨ ᠴᠡᠷᠢᠭ ᠴᠠᠭᠠᠨ ᠬᠡᠷᠡᠮ | ᠠᠴᠠ ᠡᠮᠦᠨᠡᠰᠢ ᠪᠣᠴᠠᠵᠤ᠂ ᠤᠮᠠᠷᠠᠲᠤ ᠶᠤᠸᠠᠨ ᠤᠯᠤᠰ ᠪᠣᠯᠣᠨ ᠮᠢᠩ ᠤᠯᠤᠰ ᠤᠨ ᠬᠠᠷᠢᠯᠴᠠᠨ ᠡᠰᠡᠷᠭᠦᠴᠡᠯᠳᠦᠭᠰᠡᠨ | ᠪᠠᠶᠢᠳᠠᠯ ᠪᠠᠶᠢᠩᠭᠤ ᠶᠢᠨ ᠪᠣᠯᠵᠤ ᠳᠤᠭᠳᠠᠪᠤᠷᠢᠵᠢᠬᠤ ᠦᠶᠡᠰ᠂ ᠡᠨᠡ ᠬᠡᠰᠡᠭ ᠨᠤᠲᠤᠭ ᠳᠡᠪᠢᠰᠭᠡᠷ ᠲᠠᠬᠢᠨ ᠤᠮᠠᠷᠠᠲᠤ | ᠶᠤᠸᠠᠨ ᠤᠯᠤᠰ ᠤᠨ ᠡᠷᠬᠡᠰᠢᠶᠡᠯ ᠤᠨ ᠬᠡᠪᠴᠢᠶᠡᠨ ᠳᠤ ᠣᠷᠣᠭᠰᠠᠨ ᠪᠠᠶᠢᠨ᠎ᠠ᠃ ᠡᠨᠡ ᠦᠶ᠎ᠡ ᠳᠤ᠂ ᠡᠵᠡᠨ ᠨᠢ ᠪᠣᠯᠬᠤ | ᠦᠵᠦᠮᠦᠴᠢᠨ ᠠᠶᠢᠮᠠᠭ ᠤᠨ ᠬᠢᠨ ᠠᠯᠤᠰ ᠬᠤᠯᠠ ᠭᠤᠪᠢ ᠶᠢᠨ ᠠᠷᠤ ᠶᠢᠨ ᠤᠷᠤᠨ ᠳᠤ ᠨᠡᠭᠦᠳᠡᠯᠯᠡᠵᠦ ᠪᠠᠶᠢᠭᠰᠠᠨ ᠤ | ᠳᠡᠭᠡᠷ᠎ᠡ ᠮᠣᠩᠭᠤᠯ ᠤᠨ ᠬᠠᠭᠠᠨ ᠤ ᠶᠡᠭᠡ ᠤᠷᠲᠤ ᠴᠦ ᠭᠤᠪᠢ ᠶᠢᠨ ᠠᠷᠤ ᠶᠢᠨ ᠭᠠᠵᠠᠷ ᠣᠷᠣᠨ ᠳᠤ ᠪᠠᠶᠢᠭᠰᠠᠨ | ᠪᠣᠯᠬᠤᠷ᠂ ᠦᠵᠦᠮᠦᠴᠢᠨᠴᠦᠳ ᠲᠤ ᠤᠬᠤᠷ ᠬᠤᠭᠤᠴᠠᠭᠠᠨ ᠤ ᠳᠤᠲᠤᠷ᠎ᠠ ᠪᠣᠴᠠᠵᠤ ᠢᠷᠡᠨ ᠨᠤᠲᠤᠭ ᠤᠰᠤ ᠪᠠᠨ | ᠡᠵᠡᠮᠲᠡᠬᠦ ᠨᠥᠬᠦᠴᠡᠯ ᠬᠠᠷᠢᠨ ᠪᠠᠶᠢᠭ᠎ᠠ ᠦᠭᠡᠢ᠃ ᠡᠶᠢᠮᠦ ᠤᠴᠢᠷ ᠠᠴᠠ᠂ ᠲᠡᠳᠡᠨᠡᠷ ᠢ ᠪᠣᠴᠠᠵᠤ ᠢᠷᠡᠬᠦ ᠪᠣᠯᠲᠠᠯᠠᠬᠢ | ᠬᠤᠭᠤᠴᠠᠭᠠᠨ ᠳᠤ᠂ ᠮᠣᠩᠭᠤᠯ ᠤᠨ ᠪᠣᠰᠣᠳ ᠠᠶᠢᠮᠠᠭ ᠣᠭᠰᠠᠭᠠᠨ ᠤ ᠬᠢᠨ ᠡᠨᠡ ᠨᠤᠲᠤᠭ ᠢᠶᠠᠷ ᠨᠡᠭᠦᠳᠡᠯᠯᠡᠨ | ᠮᠠᠯᠵᠢᠵᠤ ᠪᠠᠶᠢᠭᠰᠠᠨ ᠪᠣᠯᠣᠯᠴᠠᠭ᠎ᠠ ᠪᠦᠷᠢᠨ ᠪᠠᠶᠢᠬᠤ ᠶᠤᠮ᠃ ᠵᠢᠱᠢᠶᠡᠯᠡᠪᠡᠯ᠂ ︽ᠤᠮᠠᠷᠠᠲᠤ ᠶᠤᠸᠠᠨ ᠤ ᠲᠡᠥᠬᠡ︾ ᠳᠤ | ᠄ ︽ᠪᠣᠯᠣᠢ ᠬᠠᠷᠠᠴᠢᠨ ᠠᠶᠢᠮᠠᠭ ᠢ ᠠᠬᠠᠯᠠᠵᠤ ᠪᠠᠶᠢᠬᠤ ᠦᠶ᠎ᠡ᠂ ᠳᠤᠰ ᠠᠶᠢᠮᠠᠭ ᠠᠭᠠᠵᠢᠮ ᠢᠶᠠᠷ ᠬᠥᠴᠥᠷᠬᠡᠭᠵᠢᠵᠦ᠂ | ᠲᠡᠭᠦᠨ ᠤ ᠠᠶᠢᠮᠠᠭ ᠤᠨ ᠬᠢᠨ ᠭᠤᠷᠪᠠᠨ ᠲᠥᠮᠡ ᠢᠯᠡᠭᠦᠦ ᠬᠥᠮᠥᠨ ᠪᠦᠯᠢ ᠲᠠᠢ ᠪᠣᠯᠵᠤ᠂ ᠤᠲᠤ ᠶᠢᠨ ᠦᠪᠦᠷ | ᠮᠣᠩᠭᠤᠯ ᠤᠨ ᠰᠢᠯᠢ ᠶᠢᠨ ᠭᠤᠤᠯ ᠠᠶᠢᠮᠠᠭ ᠤᠨ ᠲᠣᠯᠣᠨ ᠨᠠᠭᠤᠷ ᠰᠢᠶᠠᠨ᠂ ᠵᠡᠭᠦᠨ ᠪᠠᠷᠠᠭᠤᠨ ᠬᠤᠶᠠᠷ ᠦᠵᠦᠮᠦᠴᠢᠨ | ᠬᠤᠰᠢᠭᠤ ᠠᠴᠠ ᠤᠯᠠᠭᠠᠨᠬᠠᠳᠠ ᠬᠤᠲᠠ ᠶᠢᠨ ᠬᠡᠰᠢᠭᠲᠡᠨ ᠤ ᠵᠢᠩᠫᠧᠩ ︵ᠪᠢᠷᠠᠭᠤ︶ ᠪᠠᠯᠭᠠᠰᠤ ᠤᠷᠴᠢᠮ ᠨᠡᠭᠦᠳᠡᠯᠯᠡᠨ | ᠰᠠᠭᠤᠵᠤ ᠪᠠᠶᠢᠭᠠᠳ᠂ ᠳᠤᠲᠤᠪᠤᠬᠠ ︵ᠵᠠᠷᠢᠮ ᠨᠣᠮ ᠳᠤ ᠳᠤᠭᠲᠤᠭᠠᠪᠤᠬᠠ ᠭᠡᠵᠤ ᠪᠢᠴᠢᠵᠦ ᠪᠣᠢ︶ ᠬᠠᠭᠠᠨ ᠤ | ᠦᠶᠡᠰ ᠬᠠᠭᠠᠨ ᠲᠥᠷᠥ ᠶᠢ ᠳᠠᠭᠠᠵᠠᠢ︾ ﹇17﹈ ᠭᠡᠵᠤ ᠲᠡᠮᠳᠡᠭᠯᠡᠭᠰᠡᠨ ᠠᠴᠠ ᠦᠵᠡᠪᠡᠯ᠂ ᠳᠤᠳᠤᠪᠤᠬᠠ ᠬᠠᠭᠠᠨ ᠤ | ᠡᠷᠬᠡ ᠠᠳᠬᠤᠵᠤ ᠪᠠᠶᠢᠭᠰᠠᠨ 1433 — — 1452 ᠣᠨ ᠤ ᠪᠠᠷᠤᠭ ᠢᠶᠠᠷ ᠦᠵᠦᠮᠦᠴᠢᠨ ᠲᠠᠯ᠎ᠠ ᠨᠤᠲᠤᠭ | ᠲᠤ ᠬᠠᠷᠠᠴᠢᠨ ᠠᠶᠢᠮᠠᠭ ᠤᠨ ᠬᠢᠨ ᠨᠡᠭᠦᠳᠡᠯᠯᠡᠨ ᠮᠠᠯᠵᠢᠵᠤ ᠪᠠᠶᠢᠭᠰᠠᠨ ᠪᠣᠯᠣᠯᠲᠠᠢ᠃ ᠡᠶᠢᠮᠦᠷᠬᠦ ᠪᠠᠶᠢᠳᠠᠯ ᠤᠬᠤᠷ | ᠪᠣᠰᠣ ᠬᠤᠭᠤᠴᠠᠭ᠎ᠠ ᠦᠷᠭᠦᠯᠵᠢᠯᠡᠭᠰᠡᠨ ᠪᠠᠶᠢᠵᠤ ᠮᠡᠳᠡᠬᠦ ᠪᠣᠯᠪᠠᠴᠤ᠂ ᠡᠳᠡᠭᠡᠷ ᠦᠵᠦᠮᠦᠴᠢᠨ ᠲᠠᠯ᠎ᠠ ᠨᠤᠲᠤᠭ ᠢᠶᠠᠷ | ᠨᠡᠭᠦᠳᠡᠯᠯᠡᠨ ᠮᠠᠯᠵᠢᠵᠤ ᠥᠩᠭᠡᠷᠡᠭᠰᠡᠨ ᠠᠶᠢᠮᠠᠭ ᠤᠭᠰᠠᠭᠠᠲᠠᠳ ᠤᠨ ᠠᠯᠢ ᠨᠢᠭᠡᠨ ᠨᠢ ᠴᠦ ᠡᠨᠡ ᠭᠠᠵᠠᠷ ᠨᠤᠲᠤᠭ ᠤᠨ | ᠡᠵᠡᠨ ᠨᠢ ᠪᠣᠯᠴᠢᠬᠤ ᠶᠤᠰᠤ ᠤᠴᠢᠷ ᠭᠡᠵᠤ ᠲᠡᠳᠡᠨ ᠳᠤ ᠶᠠᠷᠥᠨᠢ ᠪᠠᠶᠢᠭ᠎ᠠ ᠦᠭᠡᠢ ᠶᠤᠮ᠃ ᠡᠭᠦᠨ ᠤ ᠰᠢᠯᠲᠠᠭᠠᠨ ᠨᠢ | ᠭᠡᠪᠡᠯ᠂ ᠨᠢᠭᠡ ᠳᠤᠨᠢ᠂ ᠡᠨᠡ ᠬᠤᠭᠤᠴᠠᠭᠠᠨ ᠳᠤ ᠮᠣᠩᠭᠤᠯ ᠤᠨ ᠬᠠᠭᠠᠨᠲᠤ ᠲᠥᠷᠥ ᠨᠢ ᠶᠠᠮᠠᠷ ᠨᠢᠭᠡᠨ ᠬᠡᠯᠪᠡᠷᠢ ᠪᠠᠷ | ᠨᠤᠲᠤᠭ ᠪᠡᠯᠴᠢᠭᠡᠷ ᠬᠤᠪᠢᠳᠠᠵᠤ ᠬᠤᠪᠢᠶᠠᠭᠰᠠᠨ ᠶᠠᠪᠤᠳᠠᠯ ᠪᠠᠶᠢᠭᠰᠠᠨ ᠦᠭᠡᠢ᠃ ᠨᠤᠲᠤᠭ ᠪᠡᠯᠴᠢᠭᠡᠷ ᠢ ᠦᠮᠴᠢᠯᠡᠨ | ᠡᠵᠡᠯᠡᠬᠦ ᠳᠤ ᠡᠷᠬᠡᠪᠰᠢ ᠬᠠᠭᠠᠨ ᠲᠥᠷᠥ ᠶᠢᠨ ᠬᠤᠪᠢ ᠰᠤᠶᠤᠷᠬᠠᠯ ᠢ ᠳᠠᠮᠵᠢᠵᠤ᠂ ᠬᠠᠤᠯᠢ ᠳᠤᠭᠳᠠᠭᠠᠯ ᠢᠶᠠᠷ | ᠪᠠᠲᠤᠯᠠᠭᠳᠠᠭᠰᠠᠨ ᠪᠠᠶᠢᠬᠤ ᠬᠡᠷᠡᠭᠲᠡᠢ ᠪᠠᠶᠢᠳᠠᠭ ᠨᠢ ᠮᠣᠩᠭᠤᠯᠴᠤᠳ ᠤᠨ ᠴᠢᠩᠭᠢᠰ ᠬᠠᠭᠠᠨ ᠤ ᠦᠶ᠎ᠡ ᠠᠴᠠ ᠵᠢᠷᠤᠮᠯᠠᠨ | ᠢᠷᠡᠭᠰᠡᠨ ᠨᠡᠶᠢᠲᠡ ᠶᠢᠨ ᠲᠥᠷᠢᠮ ᠪᠣᠯᠬᠤ ᠶᠤᠮ︔ ᠬᠤᠶᠠᠷ ᠲᠤᠨᠢ᠂ ᠮᠣᠩᠭᠤᠯ ᠤᠨ ᠬᠠᠭᠠᠨᠲᠤ ᠲᠥᠷᠥ ᠶᠢᠨ ᠶᠡᠭᠡ | ᠡᠷᠬᠡ ᠠᠯᠲᠠᠨ ᠤᠷᠤᠭᠲᠠᠨ ᠴᠢᠩᠭᠢᠰ ᠤᠨ ᠤᠭᠰᠠᠭᠠᠨ ᠤ ᠭᠠᠷ ᠲᠤ ᠪᠠᠶᠢᠵᠤ᠂ ᠦᠵᠦᠮᠦᠴᠢᠨᠴᠦᠳ ᠠᠶᠢᠮᠠᠭ ᠤᠨ | ᠬᠤᠪᠢ ᠪᠠᠷ ᠤᠰᠠᠳᠤᠯ ᠦᠭᠡᠢ ᠣᠷᠣᠰᠢᠵᠤ ᠯᠠ ᠪᠠᠶᠢᠪᠠᠯ᠂ ᠶᠡᠭᠡ ᠮᠣᠩᠭᠤᠯ ᠬᠠᠭᠠᠨᠲᠤ ᠤᠯᠤᠰ ᠤᠨ ᠦᠶ᠎ᠡ ᠳᠤ᠂ | ᠡᠨᠡ ᠬᠡᠰᠡᠭ ᠨᠤᠲᠤᠭ ᠳᠡᠪᠢᠰᠭᠡᠷ ᠢ ᠦᠵᠦᠮᠦᠴᠢᠨᠴᠦᠳ ᠲᠤ ᠦᠮᠴᠢ ᠬᠤᠪᠢᠨ ᠭᠠᠵᠠᠷ ᠪᠣᠯᠭᠠᠨ ᠬᠤᠪᠢᠶᠠᠭᠰᠠᠨ | ᠲᠡᠥᠬᠡᠨ ᠪᠣᠳᠠᠲᠤ ᠬᠡᠷᠡᠭ ᠢ ᠬᠤᠪᠢᠷᠠᠭᠤᠯᠬᠤ ᠪᠣᠯᠣᠯᠴᠠᠭ᠎ᠠ ᠪᠣᠶᠤ ᠨᠥᠬᠦᠴᠡᠯ ᠤᠨ ᠠᠯᠢᠨ ᠨᠢ ᠴᠦ ᠪᠠᠶᠢᠬᠤ ᠦᠭᠡᠢ | ᠶᠤᠮ᠃ ᠠᠯᠲᠠᠨ ᠤᠷᠤᠭᠲᠠᠨ ᠤ ᠨᠣᠶᠠᠷᠬᠠᠯ ᠤᠨ ᠨᠣᠶᠠᠷᠬᠠᠯ ᠤᠨ ᠳᠤᠤᠷᠠᠬᠢ ᠮᠣᠩᠭᠤᠯᠴᠤᠳ ᠤᠨ ᠦᠵᠡᠬᠦ ᠪᠠᠷ ᠪᠣᠯ᠂ | ᠡᠨᠡ ᠨᠤᠲᠤᠭ ᠬᠡᠳᠦᠢ ᠳᠤ ᠬᠡᠨ ᠬᠡᠯᠡᠭᠰᠡᠨ ᠴᠦ ᠦᠵᠦᠮᠦᠴᠢᠨᠴᠦᠳ ᠤᠨ ᠨᠤᠲᠤᠭ ᠲᠡᠪᠢᠰᠭᠡᠷ ᠪᠣᠯᠬᠤ ᠨᠢ ᠵᠥᠢ | ᠶᠣᠰᠣᠨ ᠤ ᠶᠠᠪᠤᠳᠠᠯ ᠪᠣᠯᠣᠨ᠎ᠠ᠃ ᠦᠵᠦᠮᠦᠴᠢᠨ ᠠᠶᠢᠮᠠᠭ ᠤᠨ ᠬᠢᠨ᠂ ᠬᠡᠳᠦᠢ ᠬᠤᠯᠠ ᠬᠡᠳᠦᠢ ᠤᠷᠲᠤ ᠬᠤᠭᠤᠴᠠᠭ᠎ᠠ | ᠪᠠᠷ ᠨᠡᠭᠦᠳᠡᠯ ᠬᠢᠵᠦ᠂ ᠬᠡᠳᠦᠢ ᠳᠤ ᠪᠣᠴᠠᠵᠤ ᠢᠷᠡᠯ᠎ᠡ ᠭᠡᠰᠡᠨ ᠴᠦ᠂ ᠡᠨᠡ ᠨᠤᠲᠤᠭ ᠲᠤ ᠣᠷᠣᠩᠨᠠᠨ ᠠᠮᠢᠲᠤᠷᠠᠵᠤ | ᠡᠵᠡᠨ ᠪᠣᠯᠵᠤ ᠴᠢᠳᠠᠳᠠᠭ ᠤᠨ ᠤᠴᠢᠷ ᠰᠢᠯᠲᠠᠭᠠᠨ ᠨᠢ ᠡᠭᠦᠨ ᠳᠤ ᠪᠠᠶᠢᠳᠠᠭ ᠶᠤᠮ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |