| | ᠤᠯᠠᠨ ᠤ ᠮᠡᠳᠡᠭᠡᠵᠢ ᠪᠠᠷ᠂ ᠶᠦᠨᠨᠡᠨ ᠮᠤᠵᠢ ᠶᠢᠨ ᠲᠦᠩ ᠬᠠᠢ ᠰᠢᠶᠠᠨ ᠳᠤ ︽ᠰᠢᠨ᠎ᠠ ᠮᠤᠩᠭᠤᠯ ᠪᠠᠷᠢᠭᠠᠳᠠ︾ | ᠪᠠᠶᠢᠳᠠᠭ ᠪᠦᠭᠡᠳ ᠪᠠᠷᠤᠭ 5000 ᠰᠢᠬᠠᠮ ᠮᠤᠩᠭᠤᠯᠴᠤᠳ ᠠᠳᠡ ᠠᠵᠤ ᠲᠦᠷᠤᠨ ᠠᠮᠢᠳᠤᠷᠠᠵᠦ᠂ 700 ᠵᠢᠯ ᠤᠨ | ᠳᠡᠦᠭᠡ ᠶᠢ ᠡᠯᠡᠭᠡᠵᠡᠢ᠃ ᠶᠦᠨᠨᠠᠨ ᠮᠤᠩᠭᠤᠯᠴᠤᠳ ᠭᠤᠶᠤᠯᠡᠵᠦ ᠴᠢᠮᠡᠭᠦ ᠳᠡᠭᠡᠨ ᠭᠦᠭᠡ ᠪᠤᠶᠤ ᠬᠠᠷ᠎ᠠ ᠦᠩᠭᠡ ᠶᠢ | ᠬᠠᠮᠤᠭ ᠠᠴᠠ ᠡᠷᠭᠢᠮᠯᠡᠳᠡᠭ᠃ ᠳᠠᠪᠢ ᠵᠢᠷᠠᠭᠠᠳ ᠵᠢᠯ ᠤᠨ ᠡᠮᠦᠨ᠎ᠠ ᠡᠮᠦᠰᠴᠤ ᠪᠠᠶᠢᠭᠰᠠᠨ ᠪᠦᠰᠡᠳᠡᠶᠢᠴᠤᠳ ᠤᠨ ᠤᠷᠳᠤ | ᠳᠡᠪᠡᠯ ᠪᠠ ᠤᠬᠤᠷ ᠭᠦᠷᠮ᠎ᠠ ᠨᠢ ᠦᠪᠤᠷ ᠮᠤᠩᠭᠤᠯ ᠤᠨ ᠬᠢ ᠲᠠᠢ ᠨᠡᠯᠢᠶᠡᠳ ᠠᠳᠠᠯᠢᠪᠳᠤᠷ ᠶᠤᠮ᠃ | ᠪᠦᠰᠡᠭᠦ᠋ᠢᠴᠤᠳ ᠤᠨ ᠬᠢ ᠨᠢ ᠬᠠᠷᠢᠨ ᠨᠡᠯᠢᠶᠡᠳ ᠦᠪᠡᠷᠮᠢᠴᠡ ᠤᠨᠴᠠᠯᠢᠭ ᠲᠠᠢ ᠪᠠᠶᠢᠯ᠎ᠠ᠃ ᠵᠦᠪᠭᠡᠨ ᠳᠡᠭᠡᠳᠤ | ᠪᠠᠶ᠎ᠠ ᠳᠤ ᠡᠮᠦᠰᠭᠦ ᠲᠦᠭᠦᠷ ᠬᠤᠪᠴᠠᠰᠤ ᠪᠠᠷ ᠠᠪᠴᠤ ᠭᠡᠯᠡᠭᠰᠡᠨ ᠴᠤ ᠤᠷᠳᠤ ᠤᠬᠤᠷ ᠭᠤᠷᠪᠠᠨ ᠵᠠᠬ᠎ᠠ ᠪᠠᠷ | ᠪᠦᠷᠢᠯᠳᠦᠭᠰᠡᠨ ᠪᠠᠶᠢᠳᠠᠭ᠃ ᠬᠠᠮᠤᠭ ᠤᠨ ᠳᠤᠳᠤᠭᠤᠷ ᠨᠢ ᠪᠠᠷᠢᠭᠤ ᠴᠠᠮᠴᠠ᠂ ᠤᠷᠳᠤ ᠬᠠᠨᠴᠤᠢ ᠳᠡᠭᠡᠷ᠎ᠠ ᠨᠢ | ᠳᠤᠭᠤᠷᠠᠢ ᠬᠤᠸᠠᠷ ᠲᠠᠢ᠂ ᠡᠭᠦᠨ ᠤ ᠭᠠᠳᠠᠭᠤᠷ ᠨᠢ ᠤᠷᠳᠤ ᠪᠠᠷ ᠢᠶᠠᠨ ᠳᠠᠭᠢᠯᠵᠠᠭᠤᠷ ᠭᠦᠷᠭᠦ ᠳᠠᠪᠬᠤᠷ ᠬᠤᠪᠴᠠᠰᠤ | ᠪᠤᠢ ᠪᠦᠭᠡᠳ ᠬᠠᠨᠴᠤᠢ ᠨᠢ ᠠᠭᠤᠵᠢᠮ ᠮᠦᠷᠳᠡᠭᠡᠨ ᠤᠬᠤᠷ ᠰᠢᠭ᠋᠃ ᠬᠠᠮᠤᠭ ᠤᠨ ᠭᠠᠳᠠᠭᠤᠷ ᠨᠢ ᠦᠨᠳᠦᠷ ᠬᠠᠨᠵᠢᠶᠠᠷ | ᠡᠮᠦᠰᠳᠡᠭ ᠪᠦᠭᠡᠳ ᠡᠩᠭᠡᠷ ᠳᠠᠭᠠᠤ ᠨᠢ ᠨᠢᠭᠡ ᠮᠦᠷ ᠳᠤᠭᠤᠢ ᠳᠤᠮᠤ ᠮᠦᠩᠭᠦᠨ ᠳᠤᠪᠴᠢ ᠬᠠᠳᠠᠭᠰᠠᠨ ᠪᠠᠶᠢᠳᠠᠭ᠃ | ᠭᠠᠳᠠᠷ ᠳᠠᠯ᠎ᠠ ᠳᠤ ᠴᠤᠬᠤᠢᠢᠭᠰᠠᠨ ᠬᠤᠪᠴᠠᠰᠤᠨ ᠤ ᠵᠠᠭᠠᠮ᠎ᠠ ᠪᠤᠶᠤ ᠬᠤᠷᠮᠦ᠋ᠢᠪᠴᠢ ᠵᠢᠴᠢ ᠬᠠᠨᠴᠤᠢ ᠶᠢᠨ | ᠭᠦᠪᠦᠭᠡᠨ ᠳᠤᠨᠢ ᠴᠦᠮ ᠦᠩᠭᠡ ᠶᠢᠨ ᠰᠠᠶᠢᠬᠠᠨ ᠭᠡ ᠤᠭᠠᠯᠵᠠ ᠬᠠᠳᠬᠤᠭᠰᠠᠨ ᠪᠤᠶᠤ ᠬᠤᠸᠠᠷ ᠢᠶᠠᠷ ᠡᠮᠵᠢᠶᠠᠷᠢᠯᠡᠭᠰᠡᠨ | ᠪᠠᠶᠢᠳᠠᠭ᠃ | ᠭᠡᠷ ᠪᠠᠶᠢᠰᠢᠩ᠂ ᠤᠷᠤᠨ ᠰᠠᠭᠤᠴᠠ ᠨᠢ ᠭᠤᠤᠯᠳᠠᠭᠤ ᠰᠢᠪᠠᠷ᠂ ᠳᠤᠭᠤᠰᠬ᠎ᠠ᠂ ᠮᠤᠳᠤ ᠵᠠᠷᠭᠡ ᠪᠠᠷ ᠪᠦᠷᠢᠯᠳᠤᠵᠦ᠂ | ᠭᠡᠯᠪᠡᠷᠢ ᠮᠠᠶ᠋ᠢᠭ ᠤᠨ ᠳᠠᠯ᠎ᠠ ᠪᠠᠷ ᠭᠤᠷᠪᠠᠨ ᠳᠠᠯ᠎ᠠ ᠠᠴᠠ ᠨᠢ ᠤᠭᠳᠤᠴᠠᠭᠤᠯᠤᠭᠰᠠᠨ ᠳᠤᠭᠤᠰᠬᠠᠨ ᠭᠡᠷ ᠪᠤᠶᠤ | ᠴᠢᠨᠠᠭᠰᠢᠯᠠᠪᠠᠯ ᠠᠰᠠᠷ ᠳᠠᠭᠳᠤ ᠴᠤ ᠪᠤᠢ᠃ ᠡᠩ ᠳᠡᠭᠡᠨ ᠨᠢᠭᠡ ᠮᠦᠷ ᠭᠡᠳᠤᠨ ᠳᠠᠰᠤᠯᠭ᠎ᠠ ᠰᠢᠪᠠᠷ ᠪᠠᠶᠢᠰᠢᠩ ᠪᠠᠶᠢᠳᠠᠭ | ᠶᠤᠮ᠃ | ᠤᠷᠤᠭ ᠤᠨ ᠶᠤᠰᠤᠨ ᠳᠤ ᠭᠡᠳᠦᠢ ᠨᠢᠭᠡ ᠡᠷ᠎ᠠ ᠡᠮ᠎ᠠ ᠶᠢᠨ ᠲᠦᠷᠢᠮ ᠶᠤᠰᠤ ᠲᠠᠢ ᠪᠤᠯᠪᠠᠴᠤ ᠡᠴᠢᠭᠡ ᠡᠭᠡ ᠨᠢ ᠡᠵᠡᠨ | ᠮᠡᠳᠡᠭᠦ ᠴᠢᠩᠭ᠎ᠠ ᠶᠤᠰᠤᠨ ᠪᠤᠢ᠃ ᠶᠠᠭᠤ ᠭᠡᠪᠡᠯ ᠭᠡᠦᠭᠡᠨ ᠦᠷ᠎ᠠ ᠨᠢ ᠳᠤᠯᠤᠭ᠎ᠠ ᠨᠠᠢᠮᠠᠨ ᠨᠠᠰᠤ ᠭᠦᠷᠤᠮᠡᠭᠴᠠ | ᠭᠦᠮᠦᠨ ᠳᠤ ᠵᠢᠭᠠᠵᠦ ᠤᠷᠤᠭ ᠳᠤᠭᠳᠠᠨ᠂ 18 — 19 ᠨᠠᠰᠤ ᠭᠦᠷᠦᠮᠡᠭᠴᠡ ᠬᠤᠷᠢᠮᠯᠠᠭᠤᠯᠴᠢᠬᠠᠳᠠᠭ᠃ | ᠬᠤᠷᠢᠮᠯᠠᠬᠤ ᠦᠶ᠎ᠠ ᠳᠤ ᠶᠡᠭᠡᠪᠡᠷ ᠵᠤᠴᠢᠨ ᠵᠠᠯᠠᠵᠦ᠂ ᠨᠠᠶᠢᠷᠯᠠᠨ ᠴᠡᠩᠭᠡᠯᠳᠤᠳᠡᠭ ᠪᠦᠭᠡᠳ ᠡᠭᠦᠨ ᠢᠶᠠᠨ ᠪᠠᠰᠠ ᠶᠠᠭ | ᠰᠠᠶᠢᠬᠠᠨ ᠨᠠᠮᠤᠷ ᠤᠨ ᠬᠤᠷᠢᠶᠠᠯᠳᠠ ᠶᠢᠨ ᠳᠠᠷᠠᠭ᠎ᠠ ᠳᠤᠭᠢᠷᠠᠭᠤᠯᠳᠠᠭ᠃ ᠶᠦᠨᠨᠠᠨ ᠮᠤᠩᠭᠤᠯᠴᠤᠳ ᠴᠠᠭᠠᠨ ᠰᠠᠷ᠎ᠠ᠂ | ᠨᠡᠭᠡᠭᠡᠭᠰᠡᠨ ᠬᠠᠩᠰᠢ᠂ ᠳᠠᠪᠤᠨ ᠰᠠᠷ᠎ᠠ ᠶᠢᠨ ᠰᠢᠨ᠎ᠠ ᠶᠢᠨ ᠳᠠᠪᠤᠨ᠂ ᠨᠠᠢᠮᠠᠨ ᠰᠠᠷ᠎ᠠ ᠶᠢᠨ ᠠᠷᠪᠠᠨ ᠳᠠᠪᠤᠨ ᠵᠠᠷᠭᠡ ᠪᠠᠶᠠᠷ | ᠳᠤᠷᠠᠰᠬᠠᠯ ᠤᠨ ᠡᠳᠦᠷ ᠢ ᠦᠩᠭᠡᠷᠡᠭᠦᠯᠳᠡᠭ ᠪᠦᠭᠡᠳ ᠤᠯᠠᠮᠵᠢᠯᠠᠨ ᠳᠡᠯᠭᠡᠷᠡᠭᠰᠡᠨ ᠵᠢᠷᠭᠤᠭᠠᠨ ᠰᠠᠷ᠎ᠠ ᠶᠢᠨ ᠬᠤᠷᠢᠨ | ᠲᠦᠷᠪᠡᠨ ᠳᠤ ᠪᠤᠯᠬᠤ ︽ᠭᠠᠯ ᠪᠠᠮᠪᠠᠷ ᠤᠨ ᠪᠠᠶᠠᠷ︾ ᠢᠶᠠᠨ ᠴᠤ ᠳᠤᠷᠠᠰᠬᠠᠳᠠᠭ᠃ ᠡᠨᠡ ᠡᠳᠦᠷ ᠪᠤᠯᠬᠤ ᠪᠦᠷᠢ ᠳᠡᠳᠡ | ᠳᠠᠷᠢᠶᠠᠨ ᠦᠵᠦᠭᠦᠷ ᠲᠤ ᠤᠴᠢᠵᠦ᠂ ︽ᠰᠢᠷᠤᠢ ᠡᠭᠡ︾ ᠪᠠᠨ ᠳᠠᠭᠢᠵᠦ᠂ ᠪᠠᠭᠠᠴᠤᠳ ᠨᠢ ᠳᠠᠪᠤᠨ ᠦᠩᠭᠡ ᠶᠢᠨ | ᠤᠳᠠᠰᠤ ᠵᠠᠩᠭᠢᠳᠴᠤ᠂ ᠵᠠᠯᠠᠭᠤᠴᠤᠳ ᠨᠢ ᠰᠦᠨᠢ ᠲᠦᠯᠢ ᠪᠠᠷ ᠭᠠᠯ ᠪᠠᠮᠪᠠᠷ ᠡᠷᠭᠦᠯᠴᠡᠨ ᠪᠦᠵᠢᠭᠯᠡᠵᠡᠭᠡᠵᠦ᠂ ᠡᠭᠦᠪᠡᠷ | ᠡᠪᠡᠳᠴᠢᠨ ᠳᠠᠬᠤᠯ᠂ ᠭᠠᠢ ᠪᠠᠷᠴᠢᠳ ᠢ ᠭᠦᠭᠡᠭᠡᠵᠦ ᠠᠷᠢᠯᠭᠠᠬᠤ ᠪᠠᠯᠭᠡ ᠳᠠᠮᠪᠠᠷᠢᠯ ᠪᠤᠯᠭᠠᠳᠠᠭ ᠠᠵᠢ᠃ | ᠱᠠᠰᠢᠨ ᠰᠢᠳᠦᠯᠭᠡ ᠨᠢ ᠨᠡᠩ ᠴᠤ ᠨᠠᠷᠢᠨ ᠪᠤᠳᠤᠯᠢᠶᠠᠨᠳᠠᠢ ᠪᠠᠶᠢᠳᠠᠭ᠃ ᠤᠳᠤ ᠪᠠᠶᠢᠬᠤ ᠭᠡᠳᠤᠨ ᠳᠤᠰᠬᠤᠨ ᠤ ᠠᠯᠢ | ᠨᠢᠭᠡᠨ ᠰᠦᠮ᠎ᠠ ᠭᠡᠶᠢᠳ ᠲᠤᠨᠢ ᠴᠤ ᠴᠦᠮ ︽ᠪᠤᠭᠳᠠ ᠪᠤᠷᠬᠠᠨ︾᠂ ︽ᠬᠤᠮᠰᠢᠮ ᠪᠤᠳᠢᠰᠠᠳ᠋ᠸ᠎ᠠ︾᠂ ︽ᠡᠳ᠋ ᠤᠨ | ᠡᠵᠡᠨ︾᠂ ︽ᠭᠡᠷ ᠤᠨ ᠡᠵᠡᠨ︾᠂ ︽ᠯᠤᠤᠰ ᠤᠨ ᠬᠠᠭᠠᠨ︾᠂ ︽ᠠᠭᠤᠯᠠ ᠶᠢᠨ ᠰᠠᠭᠢᠭᠤᠯᠰᠤ︾᠂ ︽ᠭᠠᠵᠠᠷ | ᠤᠰᠤᠨ ᠤ ᠨᠠᠪᠳᠠᠭ ᠰᠠᠪᠳᠠᠭ︾ ᠵᠡᠷᠭᠡ ᠳᠡᠭᠢᠯᠭ᠎ᠠ ᠰᠢᠳᠦᠯᠭᠡ ᠶᠢᠨ ᠵᠦᠢᠯ ᠲᠠᠢ ᠪᠠᠶᠢᠵᠦ᠂ ᠭᠡᠷ ᠲᠡᠭᠡᠨ ᠭᠠᠯ ᠤᠨ | ᠪᠤᠷᠬᠠᠨ᠂ ᠳᠡᠭᠷᠢ ᠭᠠᠵᠠᠷ ᠤᠨ ᠡᠵᠡᠳ᠂ ᠡᠪᠦᠭᠡ ᠳᠡᠭᠡᠳᠤᠰ ᠤᠨ ᠤᠩᠭᠤᠨ ᠫᠠᠶᠢᠰᠠ ᠵᠠᠷᠭᠡ ᠶᠢ ᠳᠠᠭᠢᠵᠦ ᠪᠠᠶᠢᠳᠠᠭ᠃ | ᠳᠡᠭᠢᠪᠠᠯ ᠤᠪᠤᠭ ᠤᠭᠰᠠᠭ᠎ᠠ ᠪᠠᠷ ᠢᠶᠠᠨ ᠳᠤᠰᠪᠤᠷᠢ ᠴᠦᠮ ᠳᠡᠭᠡᠳᠤᠰ ᠤᠨ ᠢᠶᠠᠨ ᠰᠦᠮ᠎ᠠ ᠲᠠᠢ ᠪᠦᠭᠡᠳ ᠭᠡᠳᠦᠨ | ᠪᠦᠭᠡ᠂ ᠢᠳᠤᠭᠠᠨ ᠲᠠᠢ ᠪᠠᠶᠢᠳᠠᠭ᠃ ᠤᠯᠠᠩᠭᠢ ᠰᠦᠮ᠎ᠠ ᠭᠡᠶᠢᠳ ᠨᠢ ᠴᠦᠮ ᠳᠤᠰᠬᠠᠢ ᠦᠭᠯᠢᠭᠡ ᠶᠢᠨ ᠳᠠᠷᠢᠶ᠎ᠠ ᠲᠠᠢ | ᠪᠦᠭᠡᠳ ᠶᠡᠭᠡ ᠰᠢᠭ ᠰᠦᠮ᠎ᠠ ᠨᠢ ᠳᠤᠭᠳᠠᠭᠰᠠᠨ ᠬᠤᠭᠤᠴᠠᠭ᠎ᠠ ᠲᠠᠢ ᠪᠠᠷ ᠬᠤᠷᠠᠯ ᠬᠤᠷᠠᠳᠠᠭ᠃ ᠡᠭᠦᠨ ᠳᠤ 2 ᠰᠠᠷ᠎ᠠ | ᠶᠢᠨ 19 ᠳᠤ ᠪᠤᠯᠬᠤ ᠬᠤᠮᠰᠢᠮ ᠪᠤᠳᠢᠰᠠᠳ᠋ᠸ᠎ᠠ ᠶᠢᠨ ᠳᠠᠭᠢᠯᠭ᠎ᠠ ᠨᠢ ᠭᠡᠪᠴᠢᠶ᠎ᠠ ᠪᠠᠷ ᠶᠡᠭᠡ᠂ ᠳᠤᠰᠬᠠᠢ ᠵᠤᠭᠢᠶᠠᠨ | ᠪᠠᠶᠢᠭᠤᠯᠤᠯᠳᠠ ᠳᠡᠭᠢᠯᠭ᠎ᠠ ᠶᠢ ᠪᠠᠯᠡᠳᠭᠡᠵᠦ᠂ ᠳᠠᠶᠠᠭᠠᠷ ᠤᠯᠠᠨ ᠴᠤᠭᠯᠠᠨ ᠨᠠᠶᠢᠷ ᠨᠠᠭᠠᠳᠤᠮ ᠪᠤᠯᠳᠠᠭ ᠪᠦᠭᠡᠳ ᠤᠢᠢᠷ᠎ᠠ | ᠤᠷᠴᠢᠮ ᠤᠨ ᠳᠠᠭᠤᠴᠢᠨ ᠪᠦᠵᠢᠭᠴᠢᠨ ᠢ ᠤᠷᠢᠵᠦ᠂ ᠴᠠᠮ ᠳᠤᠭᠯᠠᠯᠳᠠ ᠵᠠᠷᠭᠡ ᠶᠢ ᠭᠠᠷᠭᠠᠳᠠᠭ ᠪᠠᠶᠢᠨ᠎ᠠ᠃ | ᠶᠦᠨᠨᠠᠨ ᠮᠤᠩᠭᠤᠯᠴᠤᠳ ᠤᠨ ᠳᠠᠭᠤᠤ ᠪᠦᠵᠢᠭ ᠤᠨ ᠠᠪᠢᠶᠠᠰ ᠴᠢᠳᠠᠪᠤᠷᠢ ᠤᠯᠠᠮᠵᠢᠯᠠᠯᠳᠤ ᠮᠤᠩᠭᠤᠯᠴᠤᠳ ᠤᠨ ᠬᠢ | ᠠᠴᠠ ᠳᠤᠤᠷ᠎ᠠ ᠦᠭᠡᠢ ᠪᠢᠯᠡ᠃ ᠳᠡᠳᠡᠨ ᠤ ᠤᠯᠠᠮᠵᠢᠯᠠᠯᠳᠤ ᠭᠦᠭᠵᠢᠮ ᠨᠢ ᠯᠤᠤ ᠶᠢᠨ ᠳᠤᠯᠤᠭᠠᠢᠢᠳᠤ ᠲᠦᠷᠪᠡᠨ | ᠤᠳᠠᠰᠤᠳᠤ ᠬᠤᠭᠤᠷ ᠪᠤᠯᠤᠨ᠎ᠠ᠃ ︽ᠪᠠᠶᠠᠷ ᠤᠨ ᠪᠦᠵᠢᠭ︾ ᠭᠡᠳᠡᠭ ᠨᠢ ᠮᠠᠨᠠᠶᠢᠭᠢᠨ ᠤ ᠠᠨᠳᠠᠢ ᠪᠦᠵᠢᠭ ᠰᠢᠭ | ᠨᠠᠶᠢᠳᠡᠮ ᠳᠡᠯᠭᠡᠷᠡᠭᠰᠡᠨ ᠭᠤᠶᠢᠳᠠ ᠰᠠᠶᠢᠬᠠᠨ ᠪᠦᠵᠢᠭ ᠶᠤᠮ᠃ ᠡᠷᠡᠭᠳᠡᠢ ᠵᠠᠯᠠᠭᠤᠴᠤᠳ ᠨᠢ ᠭᠦᠭᠵᠢᠮ ᠢᠶᠠᠨ ᠳᠠᠯᠠᠳᠤᠨ | ᠳᠠᠭᠤᠯᠠᠵᠦ ᠡᠮᠦᠨ᠎ᠠ ᠨᠢ ᠳᠠᠭᠠᠭᠤᠯᠬᠤ ᠳᠤ ᠡᠮᠡᠭᠳᠡᠶᠢᠴᠤᠳ ᠨᠢ ᠠᠷᠤ ᠠᠴᠠ ᠨᠢ ᠬᠤᠶᠠᠷ ᠮᠦᠷᠯᠡᠨ ᠳᠠᠭᠠᠵᠦ᠂ ᠬᠠᠶᠠ | ᠬᠠᠷᠢᠯᠴᠠᠨ ᠰᠦᠯᠵᠢᠯᠳᠤᠨ᠂ ᠬᠠᠶᠠ ᠴᠠᠭᠠᠷᠢᠭᠯᠠᠨ ᠦᠰᠦᠷᠴᠤ᠂ ᠭᠦᠯ ᠢᠶᠠᠨ ᠳᠠᠪᠰᠠᠨ ᠭᠠᠷ ᠢᠶᠠᠨ ᠠᠯᠠᠭᠠᠳᠠᠵᠦ᠂ | ᠳᠠᠭᠤᠯᠠᠬᠤ ᠶᠢᠨ ᠳᠠᠭᠠᠤ ᠪᠦᠵᠢᠭᠯᠡᠨ ᠳᠤᠩ ᠦᠵᠡᠮᠦᠷᠢ ᠲᠠᠢ ᠪᠠᠶᠢᠳᠠᠭ᠃ ᠡᠳᠡᠨ ᠤ ᠭᠦᠭᠰᠢᠨ ᠵᠠᠯᠠᠭᠤ ᠦᠭᠡᠢ | ᠡᠩ ᠤᠨ ᠮᠤᠩᠭᠤᠯ ᠳᠠᠭᠤᠤ ᠶᠢ ᠴᠦᠮ ᠳᠠᠭᠤᠯᠠᠵᠦ ᠴᠢᠳᠠᠳᠠᠭ ᠪᠦᠭᠡᠳ ᠵᠠᠷᠢᠮ ᠳᠠᠭᠤᠤ ᠶᠢᠨ ᠠᠶᠠᠯᠭᠤ ᠨᠢ ᠦᠪᠤᠷ | ᠮᠤᠩᠭᠤᠯ ᠤᠨ ᠡᠷᠳᠡᠨ ᠤ ᠠᠶᠠᠯᠭᠤ ᠲᠠᠢ ᠶᠡᠭᠡ ᠲᠦᠰᠦᠭᠡᠳᠡᠢ ᠪᠠᠶᠢᠳᠠᠭ᠃ ᠳᠠᠭᠤᠤ ᠶᠢᠨ ᠦᠭᠡ ᠨᠢ ᠭᠦᠭᠡᠷᠦᠭᠦᠨ | ᠴᠤᠪᠤᠭᠤᠯᠢᠭ᠂ ᠰᠠᠶᠢᠨ ᠳᠠᠭᠤᠴᠢᠨ ᠨᠢ ᠡᠭᠢᠯᠡᠭᠦᠯᠪᠡᠯ ᠡᠷᠡᠭᠳᠡᠢ ᠡᠮᠡᠭᠳᠡᠢ ᠡᠯᠭᠦᠯᠴᠡᠨ ᠳᠠᠭᠤᠯᠠᠵᠦ᠂ ᠭᠦᠭ ᠠᠶ᠎ᠠ᠂ | ᠭᠦᠭᠵᠢᠮ ᠡᠭᠡᠰᠢᠭ ᠨᠢ ᠴᠤ ᠳᠤᠩ ᠰᠤᠨᠤᠰᠪᠤᠷᠢ ᠲᠠᠢ ᠪᠠᠶᠢᠳᠠᠭ ᠪᠢᠯᠡ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |