| | ᠪᠡᠭᠡᠵᠢᠩ ᠬᠤᠲᠠ ᠳᠤ ᠶᠣᠸᠠᠨ ᠣᠯᠣᠰ ᠤᠨ ᠶᠡᠭᠡ ᠳᠦᠷᠦ ᠶᠢᠨ ᠦᠯᠡᠳᠡᠭᠳᠡᠯ ᠪᠠᠭᠤᠷᠢ ᠴᠣᠬᠤᠮ ᠬᠡᠳᠦᠢ | ᠦᠯᠡᠳᠡᠭᠳᠡᠵᠦ ᠪᠠᠶᠢᠬ᠋᠎ᠠ ᠪᠣᠢ︖ ᠶᠠᠮᠠᠷ ᠶᠠᠮᠠᠷ ᠦᠯᠡᠳᠡᠭᠳᠡᠯ ᠪᠠᠭᠤᠷᠢ ᠪᠠᠶᠢᠬᠤ ᠪᠣᠢ︖ ᠮᠣᠩᠭᠤᠯ ᠣᠩᠰᠢᠬᠴᠢᠳ | ᠲᠠᠭᠠᠨ ᠡᠪᠦᠭᠡ ᠳᠡᠭᠡᠳᠦᠰ ᠤᠨ ᠢᠶᠠᠨ ᠦᠯᠡᠳᠡᠭᠡᠨ ᠬᠤᠴᠣᠷᠭᠠᠭᠰᠠᠨ ᠳᠡᠣᠬᠡ ᠳᠣᠷᠠᠰᠬᠠᠯ ᠢ ᠲᠠᠨᠢᠯᠴᠠᠭᠤᠯᠣᠨ | ᠣᠬᠠᠭᠤᠯᠬᠤ ᠵᠣᠷᠢᠯᠲᠠ ᠠᠴᠠ ᠦᠢᠷ᠎ᠠ ᠳᠤ ᠪᠢ ᠪᠡᠭᠡᠵᠢᠩ ᠳᠤ ᠬᠦᠷᠦᠭᠰᠡᠨ ᠵᠠᠪᠰᠢᠶᠠᠨ ᠢᠶᠠᠷ ᠶᠣᠸᠠᠨ ᠣᠯᠣᠰ ᠤᠨ | ᠦᠶ᠎ᠠ ᠶᠢᠨ ᠦᠯᠡᠳᠡᠭᠳᠡᠯ ᠪᠠᠭᠤᠷᠢ ᠪᠠᠷ ᠳᠣᠭᠤᠷᠢᠨ ᠰᠣᠷᠪᠣᠯᠵᠢᠯᠠᠭᠰᠠᠨ ᠪᠠᠶᠢᠨ᠋᠎ᠠ᠃ ᠲᠠᠶᠢᠳᠣ ᠬᠤᠲᠠ ᠶᠢᠨ | ᠬᠠᠭᠤᠴᠢᠳ᠂ ᠪᠸᠢ ᠬᠠᠢ ᠴᠡᠴᠡᠷᠯᠢᠭ ᠲᠠᠬᠢ ᠳᠣᠭᠤᠷᠢᠭ ᠬᠤᠲᠠ ᠪᠠ ᠴᠢᠶᠦᠩ ᠬᠤᠸᠠ ᠳ᠋ᠣᠣ ᠠᠷᠠᠯ᠂ ᠪᠡᠭᠡᠵᠢᠩ ᠤᠨ | ᠭᠠᠶᠢᠬᠠᠮᠰᠢᠭᠳᠣ ᠰᠦᠮ᠎ᠠ ︵ᠣᠳᠣ ᠶᠢᠨ ᠴᠠᠭᠠᠨ ᠰᠣᠪᠣᠷᠭᠠᠳᠣ ᠰᠦᠮ᠎ᠠ ᠬᠢᠭᠡᠳ ᠲᠡᠭᠦᠨ ᠪ᠊ ᠳᠣᠳᠣᠷᠠᠬᠢ ᠴᠠᠭᠠᠨ | ᠰᠣᠪᠣᠷᠬ᠋᠎ᠠ︶ ᠵᠡᠷᠭᠡ ᠶᠢ ᠠᠳᠡ ᠲᠠᠨᠢᠯᠴᠠᠭᠤᠯᠣᠨ᠋ᠠ᠃ | ᠲᠠᠶᠢᠳᠣ ᠬᠤᠲᠠ ᠶᠢᠨ ᠬᠠᠭᠤᠴᠢᠳ᠄ ᠶᠣᠸᠠᠨ ᠣᠯᠣᠰ ᠤᠨ ᠲᠡᠶᠢᠳᠣ ᠬᠤᠲᠠ ᠶᠢ ᡁᠢ ᠶᠣᠸᠠᠨ ᠪ᠊ ᠲᠦᠷᠪᠡᠨ ᠣᠨ ︵ | ᠨᠡᠶᠢᠳᠡ ᠶᠢᠨ ᠣᠨ ᠳᠣᠭᠠᠯᠠᠯ ᠤᠨ 1267 ᠣᠨ︶ ᠪ᠊ ᠴᠠᠭᠠᠨ ᠰᠠᠷ᠎ᠠ ᠠᠴᠠ ᠡᠬᠢᠯᠡᠨ ᠪᠠᠶᠢᠭᠤᠯᠵᠦ᠂ ᡁᠢ ᠶᠣᠸᠠᠨ | ᠪ᠊ ᠠᠷᠪᠠᠨ ᠭᠤᠷᠪᠠᠨ ᠣᠨ ︵ᠨᠡᠶᠢᠳᠡ ᠶᠢᠨ ᠣᠨ ᠳᠣᠭᠠᠯᠠᠯ ᠤᠨ 1276 ᠣᠨ︶ ᠳᠤ ᠦᠨᠳᠦᠰᠦᠨ ᠳᠡᠭᠡᠨ | ᠪᠠᠶᠢᠭᠤᠯᠵᠦ ᠲᠠᠭᠤᠰᠬᠠᠪᠠ᠃ ᠲᠠᠶᠢᠳᠣ ᠬᠤᠲᠠ ᠶᠢᠨ ᠡᠷᠬᠢᠨ ᠳᠣᠭᠤᠷᠢᠨ ᠨᠢ 60 ᠭᠠᠵᠠᠷ᠂ ᠬᠤᠲᠠ ᠶᠢᠨ ᠡᠭᠦᠲᠡ | 11 ᠪᠠᠶᠢᠵᠦ᠂ ᠪᠦᠬᠦ ᠬᠤᠲᠠ ᠨᠢ ᠰᠢᠷᠦᠢ ᠶᠢᠨ ᠪᠦᠳᠦᠴᠡ ᠲᠠᠢ ᠪᠠᠷᠢᠯᠬ᠋᠎ᠠ ᠶᠣᠮ᠃ ᠲᠠᠶᠢᠳᠣ ᠬᠤᠲᠠ ᠶᠢᠨ ᠵᠡᠬᠦᠨ | ᠪᠠᠷᠠᠭᠤᠨ ᠬᠡᠷᠡᠮ ᠤᠨ ᠪᠠᠶᠢᠷᠢᠰᠢᠯ ᠨᠢ ᠣᠳᠣ ᠶᠢᠨ ᠪᠡᠭᠡᠵᠢᠩ ᠬᠤᠲᠠ ᠶᠢᠨ ᠬᠤᠶᠠᠳᠣᠭᠠᠷ ᠳᠣᠭᠤᠷᠢᠯ ᠵᠠᠮ ᠤᠨ | ᠳᠣᠳᠣᠷ᠎ᠠ ᠪᠠᠭᠲᠠᠵᠦ᠂ ᠬᠤᠶᠢᠳᠣ ᠬᠡᠰᠡᠭ ᠨᠢ ᠣᠳᠣ ᠶᠢᠨ ᠪᠡᠭᠡᠵᠢᠩ ᠤᠨ ᠳ᠋ᠧ ᠸᠠᠢ᠂ ᠠᠨ ᠸᠠᠢ ᠶᠢᠨ ᠰᠢᠷᠦ᠋ᠢᠳᠣ | ᠬᠤᠲᠠ ᠶᠢᠨ ᠴᠡᠴᠡᠷᠯᠢᠭ ᠤᠨ ᠱᠣᠭᠤᠮ ᠢᠶᠠᠷ ᠣᠷᠣᠰᠢᠵᠦ᠂ ᠡᠮᠦᠨᠡᠳᠦ ᠬᠡᠰᠡᠭ ᠨᠢ ᠣᠳᠣ ᠶᠢᠨ ᠴᠠᠩ ᠠᠨ ᠵᠡᠭᠡᠯᠢ | ᠠᠴᠠ ᠡᠮᠦᠨᠡᠭᠦᠷᠬᠡᠨ ᠰᠢᠭ ᠭᠠᠵᠠᠷ ᠪᠣᠯᠬᠤ ᠶᠣᠮ᠃ ᠲᠡᠣᠬᠡᠨ ᠲᠡᠮᠳᠡᠭᠯᠡᠯ ᠢ ᠦᠨᠳᠦᠰᠦᠯᠡᠪᠡᠯ᠂ ᠡᠮᠦᠨ᠎ᠡ ᠬᠡᠰᠡᠭ ᠢ ᠠᠰ | ᠰᠢᠯᠣᠭᠤᠳᠬᠠᠨ ᠡᠰᠡ ᠪᠠᠶᠢᠭᠤᠯᠣᠬᠰᠠᠨ ᠪ᠊ ᠰᠢᠯᠲᠠᠭᠠᠨ ᠨᠢ ᠱᠣᠸᠠᠩ ᠲᠠ ᠰᠧ ᠶᠢᠨ ᠳᠣᠳᠣᠷ᠎ᠠ ᠬᠠᠢ ᠶᠦᠨ | ᠬᠤᠸᠠᠷᠠᠭ ᠬᠢᠭᠡᠳ ᠲᠡᠭᠦᠨ ᠪ᠊ ᠱᠠᠪᠢ ᠺᠧ ᠠᠨ ᠬᠤᠸᠠᠷᠠᠭ ᠤᠨ ᠬᠤᠣᠰ ᠰᠣᠪᠣᠷᠬ᠋᠎ᠠ ᠪᠠᠶᠢᠳᠠᠭ ᠠᠴᠠ ᠪᠣᠯᠵᠦ ᠭᠡᠨ᠋ᠠ᠃ | ᠬᠤᠪᠢᠯᠠᠢ ᠬᠠᠭᠠᠨ ᠠᠴᠠ ᠵᠠᠷᠯᠢᠭ ᠪᠠᠭᠤᠯᠭᠠᠨ᠂ ᠰᠣᠪᠣᠷᠬ᠋᠎ᠠ ᠶᠢ ᠳᠣᠭᠤᠷᠢᠭᠰᠠᠨ ᠭᠤᠴᠢᠨ ᠠᠯᠬᠤᠮ ᠳᠤ ᠬᠤᠲᠠ | ᠪᠠᠶᠢᠭᠤᠯᠣᠬᠰᠠᠨ ᠪᠠᠶᠢᠨ᠋᠎ᠠ᠃ ᠶᠣᠸᠠᠨ ᠣᠯᠣᠰ ᠤᠨ ᠲᠠᠶᠢᠳᠣ ᠬᠤᠲᠠ ᠶᠢᠨ ᠵᠡᠭᠦᠨ᠂ ᠪᠠᠷᠠᠭᠤᠨ᠂ ᠡᠮᠦᠨ᠋᠎ᠠ ᠭᠤᠷᠪᠠᠨ | ᠲᠠᠯ᠎ᠠ ᠳᠤᠨᠢ ᠳᠣᠰ ᠪᠦᠷᠢ ᠭᠤᠷᠪᠠᠨ ᠡᠭᠦᠲᠡ ᠲᠠᠢ᠂ ᠬᠤᠶᠢᠳᠣ ᠲᠠᠯ᠎ᠠ ᠳᠤᠨᠢ ᠬᠤᠶᠠᠷ ᠡᠭᠦᠳᠡ ᠪᠣᠢ᠃ ᠵᠡᠭᠦᠨ | ᠲᠠᠯ᠎ᠠ ᠶᠢᠨ ᠡᠭᠦᠳᠡ ᠶᠢ ᠬᠤᠶᠢᠨ᠋ᠠ ᠠᠴᠠ ᠡᠮᠦᠨᠡᠰᠢ ᠲᠣᠷᠠᠳᠪᠡᠯ᠂ ᠭᠤᠸᠠᠩ ᠰᠢ ᠮᠧᠨ ︵ᠣᠳᠣ ᠶᠢᠨ ᠾᠧ ᠫᠢᠩ | ᠯᠢ ᠶᠢᠨ ᠵᠡᠭᠦᠨ︶᠂ ᠰᠦᠩ ᠷᠧᠨ ᠮᠧᠨ ︵ᠣᠳᠣ ᠶᠢᠨ ᠳ᠋ᠦᠩ ᡁᠢ ᠮᠧᠨ︶᠂ ᠴᠢ ᠪᠸᠢ ᠮᠧᠨ ︵ᠣᠳᠣ ᠶᠢᠨ ᠴᠣᠣ | ᠶᠠᠩ ᠮᠧᠨ︶ ᠪᠣᠯᠣᠨ᠎ᠠ᠃ ᠡᠮᠦᠨ᠎ᠠ ᠲᠠᠯ᠎ᠠ ᠶᠢᠨ ᠭᠤᠷᠪᠠᠨ ᠡᠭᠦᠳᠡ ᠶᠢ ᠵᠡᠭᠦᠨ ᠠᠴᠠ ᠪᠠᠷᠠᠭᠤᠨᠰᠢ ᠳᠣᠷᠠᠳᠪᠡᠯ᠂ ᠸᠧᠨ | ᠮᠢᠩ ᠮᠧᠨ᠂ ᠯᠢ ᠵᠧᠩ ᠮᠧᠨ᠂ ᠱᠦᠨ ᠴᠧᠩ ᠮᠧᠨ ᠪᠣᠢ᠃ ᠪᠠᠷᠠᠭᠤᠨ ᠲᠠᠯ᠎ᠠ ᠶᠢᠨ ᠭᠤᠷᠪᠠᠨ ᠡᠭᠦᠳᠡ ᠶᠢ ᠬᠤᠶᠢᠨ᠎ᠠ | ᠠᠴᠠ ᠡᠮᠦᠨᠡᠰᠢ ᠳᠣᠷᠠᠳᠪᠡᠯ᠂ ᠰᠦ᠋ ᠴᠢᠩ ᠮᠧᠨ ︵ᠣᠳᠣ ᠶᠢᠨ ᠰᠢᠣᠸᠧ ᠶᠣᠸᠠᠨ ᠡᠮᠦᠨ᠎ᠡ ᠵᠠᠮ ᠤᠨ ᠪᠠᠷᠠᠭᠤᠨ ᠬᠡᠰᠡᠭ︶ | ᠂ ᠾᠧ ᠢ ᠮᠧᠨ ︵ᠣᠳᠣ ᠶᠢᠨ ᠰᠢ ᡁᠢ ᠮᠧᠨ︶᠂ ᠫᠢᠩ ᠽᠧ ᠮᠧᠨ ︵ᠣᠳᠣ ᠶᠢᠨ ᠫᠦ᠋ ᠴᠧᠩ ᠮᠧᠨ︶ ᠪᠣᠯᠣᠨ᠎ᠠ᠃ | ᠬᠤᠶᠢᠳᠣ ᠲᠠᠯ᠎ᠠ ᠳᠤᠨᠢ ᠵᠢᠶᠠᠨ ᠳ᠋ᠧ ᠮᠧᠨ ᠪᠣᠯᠣᠨ ᠠᠨ ᠵᠧᠨ ᠮᠧᠨ ᠪᠣᠢ᠃ | ᠪᠸᠢ ᠬᠠᠢ ᠴᠡᠴᠡᠷᠯᠢᠭ ᠲᠠᠬᠢ ᠳᠣᠭᠤᠷᠢᠭ ᠬᠤᠲᠠ ᠪᠠ ᠴᠢᠶᠦᠩ ᠬᠤᠸᠠ ᠳ᠋ᠣᠣ ᠠᠷᠠᠯ᠄ ᠪᠡᠭᠡᠵᠢᠩ ᠬᠤᠲᠠ ᠶᠢᠨ | ᠳᠦᠪ ᠭᠠᠵᠠᠷ ᠪᠣᠯᠬᠤ ᠬᠠᠭᠠᠨ ᠪ᠊ ᠣᠷᠳᠣᠨ ᠪ᠊ ᠪᠠᠷᠠᠭᠤᠨ ᠲᠠᠯ᠎ᠠ ᠪᠠᠷ ᠨᠢᠭᠡᠨ ᠬᠡᠰᠡᠭ ᠣᠰᠣ ᠲᠠᠢ ᠭᠠᠵᠠᠷ ᠪᠠᠶᠢᠨ᠎ᠠ᠃ | ᠠᠳᠡᠬᠢ ᠶᠢ ᠰᠢ ᠶᠣᠸᠠᠨ ᠭᠡᠳᠡᠭ ᠪᠦᠭᠡᠳ ᠪᠠᠰᠠ ᠲᠠᠢ ᠶᠦᠸᠧ ᡂᠢ ᠭᠡᠵᠦ ᠬᠡᠯᠡᠳᠡᠭ᠃ ᠲᠠᠢ ᠶᠦᠸᠧ ᡂᠢ ᠶᠢ ᠪᠸᠢ | ᠬᠠᠢ᠂ ᠵᠦᠩ ᠬᠠᠢ᠂ ᠨᠠᠨ ᠬᠠᠢ ᠭᠡᠵᠦ ᠭᠤᠷᠪᠠ ᠬᠤᠪᠢᠶᠠᠳᠠᠬ᠃ ᠡᠭᠦᠨ ᠪ᠊ ᠳᠣᠳᠣᠷ᠎ᠠ ᠪᠸᠢ ᠬᠠᠢ ᠨᠢ ᠬᠠᠮᠤᠭ ᠠᠴᠠ | ᠨᠡᠷᠡᠲᠠᠢ ᠪᠦᠭᠡᠳ ᠠᠳᠡᠬᠢ ᠨᠢ 1000 ᠭᠠᠷᠣᠢ ᠵᠢᠯ ᠤᠨ ᠡᠮᠦᠨ᠎ᠡ᠂ ᠬᠠᠭᠠᠨ ᠣᠭᠰᠠᠭᠠᠳᠡᠨ ᠪ᠊ ᠳᠣᠮᠣᠬᠠᠨ ᠴᠡᠴᠡᠭᠳᠣ | ᠬᠦᠷᠢᠶᠡᠯᠡᠩ ᠪᠠᠶᠢᠬᠰᠠᠨ ᠲᠣᠯᠠ ᠪᠡᠭᠡᠵᠢᠩ ᠬᠤᠳᠠ ᠶᠢᠨ ᠬᠠᠮᠤᠬ ᠰᠠᠶᠢᠬᠠᠨ ᠦᠵᠡᠮᠵᠢ ᠲᠠᠢ ᠭᠠᠵᠠᠷ ᠪᠢᠯᠡ᠃ ᠪᠸᠢ | ᠬᠠᠢ ᠴᠡᠴᠡᠷᠯᠢᠭ ᠤᠨ ᠭᠤᠣᠯ ᠪᠣᠯᠬᠤ ᠦᠵᠡᠮᠵᠢ ᠶᠢᠨ ᠭᠠᠵᠠᠷ ᠠᠴᠠ ᠳᠣᠭᠤᠷᠢᠬ ᠬᠤᠲᠠ ᠪᠣᠯᠣᠨ ᠴᠢᠶᠦᠩ | ᠬᠤᠸᠠ ᠳ᠋ᠣᠣ ᠨᠢ ᠶᠣᠸᠠᠨ ᠣᠯᠣᠰ ᠤᠨ ᠦᠶ᠎ᠠ ᠳᠤ ᠪᠠᠶᠢᠭᠤᠯᠣᠭᠰᠠᠨ ᠦᠯᠡᠳᠡᠭᠳᠡᠯ ᠪᠠᠭᠤᠷᠢ ᠪᠣᠯᠣᠨ᠋ᠠ᠃ ᠲᠣᠭᠤᠷᠢᠬ | ᠬᠤᠲᠠ ᠨᠢ ᠪᠸᠢ ᠬᠠᠢ ᠴᠡᠴᠡᠷᠯᠢᠭ ᠤᠨ ᠡᠮᠦᠨ᠎ᠡ ᠡᠭᠦᠳᠡᠨ ᠪ᠊ ᠭᠠᠳᠠᠨᠠᠬᠢ ᠪᠠᠷᠠᠭᠤᠨ ᠲᠠᠯ᠎ᠠ ᠪᠠᠷ᠂ ᠪᠸᠢ ᠬᠠᠢ ᠪᠣᠯᠣᠨ | ᠵᠦᠩ ᠨᠠᠨ ᠬᠠᠢ ᠶᠢᠨ ᠳᠣᠮᠳᠠ ᠣᠷᠣᠰᠢᠨ᠎ᠠ᠃ ᠲᠡᠷᠡ ᠨᠢ ᠳᠣᠭᠤᠰᠬ᠎ᠠ ᠪᠠᠷ ᠲᠣᠭᠤᠷᠢᠬ ᠬᠡᠯᠪᠡᠷᠢ ᠲᠠᠢ ᠵᠡᠷᠭᠡᠯᠡᠵᠦ | ᠭᠠᠷᠭᠠᠬᠰᠠᠨ ᠪᠠᠷᠢᠯᠬ᠋᠎ᠠ ᠶᠣᠮ᠃ ᠪᠠᠷᠢᠯᠬ᠋᠎ᠠ ᠶᠢᠨ ᠦᠨᠳᠦᠷ ᠨᠢ 4 · 6 ᠮᠧᠲᠷ᠂ ᠳᠣᠭᠤᠷᠢᠬ ᠤᠨ ᠣᠷᠳᠣ ᠨᠢ 276 | ᠮᠧᠲᠷ ᠪᠠᠶᠢᠵᠦ᠂ 800 ᠭᠠᠷᠣᠢ ᠵᠢᠯ ᠤᠨ ᠲᠡᠦᠬᠡ ᠲᠠᠢ᠃ ᠬᠤᠪᠢᠯᠠᠢ ᠬᠠᠭᠠᠨ ᠲᠠᠶᠢᠳᠣ ᠬᠤᠲᠠ ᠶᠢ | ᠪᠠᠶᠢᠭᠤᠯᠬᠤ ᠳᠠᠭᠠᠨ ᠳᠣᠭᠤᠷᠢᠬ ᠬᠤᠲᠠ ᠪᠠᠷ ᠵᠠᠭᠠᠭᠯᠠᠨ ᠵᠡᠭᠦᠨ ᠪᠠᠷᠠᠭᠤᠨ ᠭᠠᠷᠣᠨ ᠣᠷᠳᠣᠨ ᠪᠠᠶᠢᠭᠤᠯᠵᠦ᠂ | ᠳᠣᠭᠤᠷᠢᠬ ᠬᠤᠲᠠ ᠠᠴᠠ ᠵᠡᠭᠦᠨᠰᠢ ᠨᠢ ᠬᠠᠭᠠᠨ ᠪ᠊ ᠣᠷᠳᠣᠨ᠂ ᠪᠠᠷᠠᠭᠤᠨᠰᠢ ᠨᠢ ᠬᠠᠭᠠᠨ ᠪ᠊ ᠬᠠᠳᠣᠨ ᠬᠢᠭᠡᠳ | ᠬᠦᠪᠡᠭᠦᠳ ᠤᠨ ᠣᠷᠳᠣᠨ ᠪᠠᠶᠢᠯ᠎ᠠ᠃ ᠳᠣᠭᠤᠷᠢᠬ ᠬᠤᠲᠠ ᠳᠤ ᠬᠠᠭᠠᠨ ᠪᠣᠯᠣᠨ ᠬᠠᠳᠣᠨ ᠪ᠊ ᠣᠷᠳᠣᠨ ᠢ | ᠨᠡᠪᠳᠡᠷᠡᠭᠦᠯᠬᠦ ᠮᠣᠳᠣᠨ ᠬᠦᠭᠦᠷᠭᠡ ᠪᠣᠯᠣᠨ ᠬᠠᠷᠰᠢ ᠨᠡᠮᠡᠨ ᠪᠠᠶᠢᠭᠤᠯᠵᠦ᠂ ᠪᠠᠰᠠ ᠡᠷᠬᠢᠨ ᠳᠣᠭᠤᠷᠢᠨ ᠳᠤᠨᠢ ᠴᠢᠯᠠᠭᠤᠨ | ᠬᠡᠷᠡᠮ ᠴᠣᠬᠴᠠᠯᠠᠨ ᠪᠠᠬᠢᠯᠡᠭᠡᠳ᠂ ︽ᠳᠣᠭᠤᠷᠢᠬ ᠬᠤᠲᠠ︾ ᠬᠡᠮᠡᠨ ᠨᠡᠷᠡᠶᠢᠳᠪᠡ᠃ | ᠪᠸᠢ ᠬᠠᠢ ᠴᠡᠴᠡᠷᠯᠢᠭ ᠤᠨ ᠴᠢᠶᠦᠩ ᠬᠤᠸᠠ ᠳ᠋ᠣᠣ ᠠᠷᠠᠯ ᠨᠢ ᠲᠠᠢ ᠶᠦᠸᠧ ᡂᠢ ᠶᠢᠨ ᠡᠮᠦᠨ᠎ᠡ ᠬᠡᠰᠡᠭ ᠲᠤ ᠪᠣᠢ᠃ | ᠬᠡᠪᠴᠢᠶ᠎ᠠ ᠨᠢ 6 ᠲᠦᠮᠡ 6000 ᠲᠡᠭᠰᠢ ᠳᠦᠷᠪᠡᠯᠵᠢᠨ ᠮᠧᠲᠷ᠃ ᠯᠢᠶᠣᠣ ᠣᠯᠣᠰ ᠤᠨ ᠦᠶ᠎ᠠ ᠳᠤ ᠶᠣᠣ ᠢᠣᠢ | ᠬᠡᠮᠡᠨ ᠨᠡᠷᠡᠶᠢᠳᠴᠦ ᠪᠠᠶᠢᠬᠰᠠᠨ ᠪᠦᠭᠡᠳ ᠣᠷᠳᠣᠨ ᠬᠠᠷᠰᠢ ᠪᠠᠶᠢᠭᠤᠯᠪᠠ᠃ ᠠᠯᠳᠠᠨ ᠣᠯᠣᠰ ᠤᠨ ᠦᠶ᠎ᠠ ᠠᠴᠠ | ᠴᠢᠶᠦᠩ ᠬᠤᠸᠠ ᠳ᠋ᠣᠣ ᠬᠡᠮᠡᠨ ᠦᠭᠡᠷᠡᠴᠢᠯᠡᠨ ᠨᠡᠷᠡᠯᠡᠵᠦ᠂ ᠸᠠᠨ ᠨᠢᠩ ᠣᠷᠳᠣᠨ ᠪ᠊ ᠨᠢᠭᠡ ᠬᠡᠰᠡᠭ ᠪᠠᠶᠢᠵᠠᠢ᠃ | ᠶᠣᠸᠠᠨ ᠣᠯᠣᠰ ᠤᠨ ᠦᠶ᠎ᠠ ᠳᠤ ᠸᠠᠨ ᠰᠦᠢ ᠱᠠᠨ ᠭᠡᠵᠦ ᠬᠡᠯᠡᠳᠡᠭ᠃ 1651 ᠣᠨ ᠳᠤ ᠴᠢᠩ ᠣᠯᠣᠰ ᠠᠭᠤᠯᠠᠨ | ᠣᠷᠣᠢ ᠳᠤᠨᠢ ᠴᠠᠭᠠᠨ ᠰᠣᠪᠣᠷᠬ᠋᠎ᠠ ᠴᠣᠬᠴᠠᠯᠠᠬᠰᠠᠨ ᠠᠴᠠ᠂ ᠡᠷᠳᠡᠨ ᠳᠡᠭᠡᠨ ᠪᠠᠰᠠ ᠴᠠᠭᠠᠨ ᠰᠣᠪᠣᠷᠭᠠᠳᠣ ᠠᠭᠤᠯᠠ | ᠭᠡᠵᠦ ᠬᠡᠯᠡᠳᠡᠭ᠃ ᠴᠢᠶᠦᠩ ᠬᠤᠸᠠ ᠳ᠋ᠣᠣ ᠶᠢᠨ ᠦᠩᠭᠡ ᠦᠵᠡᠮᠵᠢ ᠡᠳᠡᠭᠡᠳ ᠭᠤᠶᠣ᠂ ᠡᠮᠦᠨ᠋᠎ᠠ ᠬᠡᠰᠡᠭ ᠲᠤᠨᠢ ᠶᠦᠩ | ᠠᠨ ᠰᠧ ᠪᠠᠷ ᠭᠤᠣᠯᠯᠠᠬᠰᠠᠨ ᠪᠠᠷᠢᠯᠬ᠋᠎ᠠ ᠨᠤᠭᠤᠳ ᠳᠦᠪᠯᠡᠷᠡᠵᠦ᠂ ᠵᠧᠩ ᠵᠢᠣᠸ᠋ ᠳ᠋ᠢᠶ᠋ᠠᠨ᠂ ᠹᠠ ᠯᠦᠨ ᠳ᠋ᠢᠶ᠋ᠠᠨ᠂ ᠫᠦ᠋ | ᠠᠨ ᠳ᠋ᠢᠶ᠋ᠠᠨ ᠵᠡᠷᠭᠡ ᠣᠷᠳᠣ ᠬᠠᠷᠰᠢ ᠪᠠᠶᠢᠬᠤ ᠪᠦᠭᠡᠳ ᠵᠢᠭᠦᠷ ᠤᠨ ᠣᠷᠳᠣᠨ ᠬᠤᠩᠬᠢᠯ ᠵᠢᠴᠢ ᠬᠡᠩᠭᠡᠷᠭᠡᠳᠦ ᠠᠰᠠᠷ ᠴᠦ | ᠪᠣᠢ᠃ | ᠪᠡᠭᠡᠵᠢᠩ ᠤᠨ ᠴᠠᠭᠠᠨ ᠰᠣᠪᠣᠷᠭᠠᠳᠦ ᠰᠦᠮ᠎ᠠ᠄ ᠣᠳᠣ ᠮᠢᠶᠣᠣ ᠶᠢᠩ ᠰᠧ ᠬᠡᠮᠡᠨ ᠨᠡᠷᠡᠶᠢᠳᠦᠭᠳᠡᠵᠦ ᠪᠠᠶᠢᠬ᠋᠎ᠠ ᠴᠠᠭᠠᠨ | ᠰᠣᠪᠣᠷᠭᠠᠳᠣ ᠰᠦᠮ᠎ᠠ ᠪᠣᠯ ᠪᠡᠭᠡᠵᠢᠩ ᠬᠤᠲᠠ ᠶᠢᠨ ᠪᠠᠷᠠᠭᠤᠨ ᠳᠣᠭᠤᠷᠢᠬ ᠤᠨ ᠹᠦ᠋ ᠴᠧᠩ ᠮᠧᠨ ᠪ᠊ ᠳᠣᠳᠣᠷ᠎ᠠ | ᠪᠠᠶᠢᠬ᠋᠎ᠠ ᠶᠣᠮ᠃ ᠶᠣᠸᠠᠨ ᠣᠯᠣᠰ ᠤᠨ ᡁᠢ ᠶᠣᠸᠠᠨ ᠤ 8 ᠣᠨ ︵ᠨᠡᠶᠢᠳᠡ ᠶᠢᠨ ᠣᠨ ᠳᠣᠭᠠᠯᠠᠯ ᠤᠨ 1275 ᠣᠨ | ︶ ᠠᠴᠠ ᠡᠬᠢᠯᠡᠨ ᠪᠠᠶᠢᠭᠤᠯᠪᠠ᠃ ᠲᠣᠬᠠᠢ ᠶᠢᠨ ᠦᠶ᠎ᠠ ᠳᠤ ᠶᠣᠸᠠᠨ ᠣᠯᠣᠰ ᠲᠤ ᠰᠠᠭᠤᠵᠦ ᠪᠠᠶᠢᠬᠰᠠᠨ ᠪᠠᠯᠪᠦ ᠶᠢᠨ | ᠠᠯᠳᠠᠷᠳᠣ ᠪᠠᠷᠢᠯᠬ᠋᠎ᠠ ᠶᠢᠨ ᠮᠡᠷᠭᠡᠵᠢᠯᠳᠡᠨ ᠡ᠋ᠨᠢᠭᠡ ᠵᠢᠷᠤᠬ ᠳᠦᠯᠦᠪᠯᠡᠭᠡ ᠬᠢᠵᠦ ᠪᠠᠶᠢᠭᠤᠯᠣᠯᠲᠠ ᠳᠤ ᠣᠷᠣᠯᠴᠠᠬᠰᠠᠨ | ᠭᠡᠳᠡᠭ᠂ ᠰᠣᠪᠣᠷᠬ᠋᠎ᠠ ᠶᠢᠨ ᠪᠡᠶ᠎ᠠ ᠨᠢ ᠴᠣᠯ ᠴᠠᠭᠠᠨ ᠢᠶᠠᠷ ᠦᠩᠭᠡᠯᠡᠭᠳᠡᠭᠰᠡᠨ ᠪᠣᠯᠬᠤᠷ᠂ ᠴᠠᠭᠠᠨ ᠰᠣᠪᠣᠷᠬ᠋᠎ᠠ ᠭᠡᠵᠦ | ᠠᠯᠳᠠᠷᠰᠢᠪᠠ᠃ ᠰᠣᠪᠣᠷᠬ᠋᠎ᠠ ᠶᠢ ᠠᠵᠢᠬᠯᠠᠪᠡᠯ᠂ ᠴᠢᠯᠠᠭᠤ ᠳᠣᠭᠤᠰᠬᠠᠨ ᠪᠦᠳᠦᠴᠡ ᠲᠠᠢ᠂ ᠦᠨᠳᠦᠷ ᠨᠢ 50.9 | ᠮᠧᠲᠷ᠂ ᠰᠠᠭᠤᠷᠢ᠂ ᠪᠡᠶ᠎ᠠ᠂ ᠱᠠᠷᠢᠯ ᠭᠡᠬᠦ ᠭᠤᠷᠪᠠᠨ ᠬᠡᠰᠡᠭ ᠢᠶᠠᠷ ᠪᠦᠷᠢᠯᠳᠣᠵᠡᠢ᠃ ᠰᠠᠭᠤᠷᠢ ᠶᠢᠨ ᠲᠠᠯᠠᠪᠠᠢ ᠨᠢ 810 | ᠲᠡᠭᠰᠢ ᠳᠦᠷᠪᠡᠯᠵᠢᠨ ᠮᠧᠲᠷ᠂ ᠪᠡᠶ᠎ᠠ ᠨᠢ ᠫᠠᠭᠪᠠᠷ ᠬᠡᠯᠪᠡᠷᠢ ᠲᠠᠢ᠂ ᠱᠠᠷᠢᠯ ᠤᠨ ᠣᠷᠣᠢ ᠨᠢ ᠵᠡᠰᠡ ᠬᠢᠴᠡ ᠲᠠᠢ᠂ | ᠠᠯᠲᠠ ᠪᠠᠷ ᠦᠩᠭᠡᠯᠡᠭᠰᠡᠨ ᠬᠦᠨᠲᠡᠢ ᠴᠡᠭᠡᠵᠢ ᠲᠠᠢ ᠪᠠᠬ᠋᠎ᠠ ᠬᠡᠯᠪᠡᠷᠢ ᠶᠢᠨ ᠪᠣᠷᠬᠠᠨ ᠪ᠊ ᠰᠣᠪᠣᠷᠬ᠋᠎ᠠ ᠶᠣᠮ᠃ | ᠰᠣᠪᠣᠷᠬ᠋᠎ᠠ ᠶᠢᠨ ᠡᠮᠦᠨ᠋᠎ᠠ ︽ᠶᠡᠭᠡ ᠪᠣᠬᠲᠠ ᠶᠢᠨ ᠠᠮᠣᠭᠤᠯᠠᠩ ᠰᠦᠮ᠎ᠠ 大圣 寿 万 安寺︾ ᠭᠡᠵᠦ | ᠪᠠᠶᠢᠬᠰᠠᠨ ᠢ ᠵᠦ ᠶᠣᠸᠠᠨ ᠵᠠᠩ ᠤᠨ ᠴᠡᠷᠢᠭ ᠭᠠᠯᠳᠠᠨ ᠰᠦᠢᠳᠭᠡᠵᠡᠢ᠃ ᠰᠡᠭᠦᠯ ᠳᠤᠨᠢ ᠲᠢᠶᠠᠨ ᠱᠦᠨ ᠪ᠊ | ᠠᠩᠬᠠᠳᠣᠭᠠᠷ ᠣᠨ ︵ᠨᠡᠶᠢᠳᠡ ᠶᠢᠨ ᠣᠨ ᠲᠤᠭᠠᠯᠠᠯ ᠤᠨ 1457︶ ᠳᠤ ᠲᠠᠬᠢᠨ ᠰᠦᠮ᠎ᠠ ᠪᠠᠶᠢᠭᠤᠯᠣᠭᠠᠳ ︽ | ᠮᠢᠶᠣᠣ ᠶᠢᠩ ᠰᠧ 妙应寺︾ ᠬᠡᠮᠡᠨ ᠨᠡᠷᠡᠶᠢᠳᠦᠭᠰᠡᠨ ᠪᠣᠯᠪᠠᠴᠦ ︽ᠴᠠᠭᠠᠨ ᠰᠣᠪᠣᠷᠭᠠᠳᠣ ᠰᠦᠮ᠎ᠠ 白塔 | 寺︾ ᠬᠡᠮᠡᠨ ᠠᠯᠳᠠᠷᠰᠢᠪᠠ᠃ | ᠨᠤᠨᠳᠠᠭᠤᠯᠠ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |