| | ᠮᠠᠨᠳᠤᠬᠠᠢ ᠰᠡᠴᠡᠨ ᠬᠠᠲᠤᠨ 14 ᠠᠴᠠ 15 ᠳ᠋ᠤᠭᠠᠷ ᠵᠠᠭᠤᠨ ᠤ ᠶᠡᠭᠡ ᠮᠣᠩᠭᠤᠯ ᠤᠯᠤᠰ ᠤᠨ ᠵᠠᠳᠠᠷᠠᠯ ᠡᠷᠴᠢ | ᠠᠪᠴᠤ᠂ ᠠᠯᠳᠠᠨ ᠤᠷᠤᠭ ᠤᠨ ᠨᠣᠶᠠᠷᠬᠠᠯ ᠮᠥᠬᠦᠨ᠂ ᠲᠥᠷᠥ ᠤᠭᠰᠠᠭ᠎ᠠ ᠵᠠᠯᠭᠠᠮᠵᠢᠯᠠᠬᠤ ᠠᠯᠳᠠᠨ ᠤᠷᠤᠭ ᠤᠨ | ᠬᠥᠮᠥᠨ ᠦᠭᠡᠢ᠂ ᠬᠠᠭᠠᠨ ᠰᠠᠭᠤᠳᠠᠯ ᠬᠤᠭᠤᠰᠤᠷᠠᠭᠰᠠᠨ ᠴᠥᠪ ᠤᠨ ᠴᠠᠭ ᠲᠤ᠂ ᠨᠢᠭᠡᠨ ᠮᠣᠩᠭᠤᠯ ᠪᠦᠰᠡᠭᠦᠢ | ᠲᠠᠰᠤᠷᠠᠵᠤ ᠪᠠᠶᠢᠭᠰᠠᠨ ᠠᠯᠲᠠᠨ ᠤᠷᠤᠭ ᠤᠨ ᠠᠮᠢ ᠶᠢ ᠬᠠᠯᠠᠭᠤᠨ ᠡᠯᠢᠭᠡ ᠪᠠᠷ ᠢᠶᠠᠨ ᠲᠡᠪᠡᠷᠢᠨ᠂ ᠬᠠᠲᠠᠨ ᠵᠣᠷᠢᠭ᠂ | ᠰᠡᠴᠡᠨ ᠤᠬᠠᠭᠠᠨ ᠤ ᠪᠠᠨ ᠬᠦᠴᠦ ᠪᠠᠷ ᠮᠣᠩᠭᠤᠯ ᠲᠥᠷᠥ ᠶᠢ ᠳᠠᠬᠢᠨ ᠰᠡᠷᠭᠦᠭᠡᠵᠦ ᠴᠢᠳᠠᠵᠠᠢ᠃ ᠮᠠᠨᠳᠤᠬᠠᠢ ᠰᠡᠴᠡᠨ | ᠬᠠᠲᠤᠨ ᠠᠯᠳᠠᠨ ᠤᠷᠤᠭ ᠤᠨ ᠰᠡᠭᠦᠯᠴᠢ ᠶᠢᠨ ᠬᠦᠦ ᠪᠠᠲᠤᠮᠥ᠋ᠩᠬᠡ ᠶᠢ ᠣᠯᠵᠤ ᠠᠪᠤᠭᠠᠳ᠂ ᠬᠥᠯ ᠢ ᠳᠥᠷᠥᠭᠡᠨ ᠳᠤ | ᠭᠠᠷ ᠢ ᠭᠠᠨᠵᠤᠭᠠᠨ ᠳᠤ ᠬᠦᠷᠭᠡᠨ᠂ ᠵᠠᠳᠠᠷᠠᠨ ᠤᠨᠠᠵᠤ ᠪᠠᠶᠢᠭᠰᠠᠨ ᠶᠡᠭᠡ ᠤᠯᠤᠰ ᠢ ᠪᠤᠴᠠᠭᠠᠨ ᠨᠢᠭᠡᠳᠬᠡᠵᠦ᠂ ᠲᠡᠭᠦᠨ | ᠳᠤ ᠬᠦᠯᠢᠶᠡᠯᠭᠡᠨ ᠥᠭᠭᠦᠭᠰᠡᠨ ᠶᠤᠮ᠃ ᠮᠠᠨᠳᠤᠬᠠᠢ ᠰᠡᠴᠡᠨ ᠬᠠᠲᠤᠨ ᠨᠢ ᠲᠦᠮᠡᠳ ᠠᠶᠢᠮᠠᠭ ᠤᠨ ᠡᠩᠬᠦᠳ ᠣᠪᠣᠭ | ᠤᠨ ᠴᠣᠷᠣᠰᠪᠠᠢ ᠲᠡᠮᠦᠷ ᠬᠡᠮᠡᠬᠦ ᠬᠥᠮᠥᠨ ᠤ ᠥᠬᠢᠨ ᠪᠣᠯᠵᠤ᠂ 1448 ᠣᠨ ᠤ ᠰᠢᠷ᠎ᠠ ᠯᠤᠤ ᠵᠢᠯ ᠲᠥᠷᠥᠭᠰᠡᠨ | ᠪᠠᠶᠢᠨ᠎ᠠ᠃ ᠮᠠᠨᠳᠤᠬᠠᠢ ᠠᠶᠢᠯ ᠤᠨ ᠭᠠᠭᠴᠠ ᠥᠬᠢᠨ ᠪᠠᠶᠢᠭᠰᠠᠨ ᠲᠤᠯᠠ ᠡᠷᠬᠡ ᠲᠠᠩᠬᠢ ᠥᠰᠴᠡᠢ᠃ ᠠᠪᠤ ᠪᠠᠷ ᠢᠶᠠᠨ | ᠮᠣᠩᠭᠤᠯ ᠪᠢᠴᠢᠭ ᠵᠢᠭᠠᠯᠭᠠᠵᠤ᠂ ᠤᠩᠰᠢᠵᠤ ᠪᠢᠴᠢᠵᠦ ᠰᠤᠷᠤᠭᠰᠠᠨ ᠤ ᠳᠡᠭᠡᠷ᠎ᠡ ᠮᠣᠷᠢ ᠤᠨᠤᠵᠤ᠂ ᠨᠤᠮᠤ ᠰᠤᠮᠤ | ᠬᠠᠷᠪᠤᠵᠤ ᠴᠢᠳᠠᠳᠠᠭ ᠪᠣᠯᠵᠠᠢ᠃ | ᠮᠠᠨᠳᠤᠭᠤᠯ ᠬᠠᠭᠠᠨ ᠤᠳᠤᠮ ᠵᠠᠯᠭᠠᠬᠤ ᠦᠷ᠎ᠡ ᠦᠭᠡᠢ ᠲᠤᠯᠠ 40 ᠨᠠᠰᠤ ᠭᠠᠷᠤᠭᠰᠠᠨ ᠬᠤᠶᠢᠨ᠎ᠠ 17 ᠨᠠᠰᠤᠲᠠᠢ | ᠮᠠᠨᠳᠤᠬᠠᠢ ᠶᠢ 1465 ᠣᠨ ᠳᠤ ᠪᠠᠭ᠎ᠠ ᠬᠠᠲᠤᠨ ᠢᠶᠠᠨ ᠪᠣᠯᠭᠠᠨ ᠠᠪᠤᠭᠰᠠᠨ ᠠᠵᠠᠢ᠃ ᠮᠠᠨᠳᠤᠬᠠᠢ ᠳᠤᠷ᠎ᠠ ᠦᠭᠡᠢ | ᠪᠠᠶᠢᠭᠰᠠᠨ ᠪᠣᠯᠪᠠᠴᠤ ᠶᠣᠰᠣ ᠶᠢ ᠲᠠᠭᠠᠨ ᠬᠠᠲᠤᠨ ᠨᠢ ᠪᠣᠯᠵᠠᠢ᠃ ᠮᠠᠨᠳᠤᠬᠠᠢ ᠭᠤᠸ᠎ᠠ ᠦᠵᠡᠰᠬᠦᠯᠡᠩ ᠲᠡᠭᠦᠰ᠂ | ᠲᠥᠷᠥᠯᠬᠢ ᠰᠡᠴᠡᠨ ᠰᠡᠷᠭᠦᠯᠡᠩ ᠪᠠᠶᠢᠭᠰᠠᠨ ᠲᠤᠯᠠ ᠮᠠᠨᠳᠤᠬᠠᠢ ᠰᠡᠴᠡᠨ ᠬᠠᠲᠤᠨ ᠭᠡᠵᠦ ᠬᠥᠮᠥᠰ ᠲᠡᠭᠦᠨ ᠢ | ᠬᠦᠨᠳᠦᠳᠬᠡᠨ ᠳᠠᠭᠤᠳᠠᠳᠠᠭ ᠪᠠᠶᠢᠵᠠᠢ᠃ 1467 ᠣᠨ ᠳᠤ ᠮᠠᠨᠳᠤᠭᠤᠯ ᠬᠠᠭᠠᠨ ᠨᠠᠰᠤ ᠪᠠᠷᠠᠵᠤ᠂ ᠮᠠᠨᠳᠤᠬᠠᠢ ᠰᠡᠴᠡᠨ | ᠬᠠᠲᠤᠨ ᠪᠡᠯᠪᠡᠰᠦᠷᠡᠨ ᠬᠤᠴᠣᠷᠴᠠᠢ᠃ ᠬᠠᠭᠠᠨ ᠤ ᠰᠠᠭᠤᠷᠢ ᠶᠢ ᠬᠤᠭᠤᠰᠤᠨ ᠤᠳᠠᠭᠠᠨ ᠪᠠᠶᠢᠯᠭᠠᠪᠠᠯ᠂ ᠹᠧᠣᠳᠠᠯ | ᠬᠦᠴᠦᠨ ᠨᠦᠭᠦᠳ ᠤᠨ ᠬᠤᠭᠤᠷᠣᠨᠳᠤᠬᠢ ᠳᠠᠶᠢᠨ ᠰᠠᠮᠠᠭᠤᠨ ᠤᠯᠠᠮ ᠰᠢᠷᠦᠭᠦᠰᠴᠦ᠂ ᠵᠥᠷᠢᠴᠡᠯ ᠲᠡᠮᠡᠴᠡᠯ ᠨᠢ | ᠬᠤᠷᠴᠠᠳᠴᠤ᠂ ᠮᠣᠩᠭᠤᠯ ᠤᠨ ᠬᠠᠭᠠᠨᠲᠤ ᠲᠥᠷᠥ ᠬᠢᠮᠤᠷᠠᠬᠤ ᠪᠣᠯᠣᠨ᠎ᠠ ᠭᠡᠳᠡᠭ ᠢ ᠮᠠᠨᠳᠤᠬᠠᠢ ᠰᠠᠶᠢᠨ ᠣᠶᠢᠯᠠᠭᠠᠵᠤ | ᠪᠠᠶᠢᠪᠠ᠃ ᠲᠡᠶᠢᠮᠦ ᠠᠴᠠ ᠡᠷᠲᠡᠨ ᠤ ᠤᠯᠠᠮᠵᠢᠯᠠᠯ ᠢ ᠪᠠᠷᠢᠮᠲᠠᠯᠠᠨ᠂ ᠰᠢᠨ᠎ᠡ ᠬᠠᠭᠠᠨ ᠢ ᠲᠣᠳᠣᠷᠠᠭᠤᠯᠵᠤ᠂ ᠬᠠᠭᠠᠨ | ᠰᠠᠭᠤᠷᠢᠨ ᠳᠤ ᠵᠠᠯᠭᠠᠬᠤ ᠬᠦᠷᠲᠡᠯ᠎ᠡ ᠬᠠᠭᠠᠨ ᠤ ᠬᠠᠲᠤᠨ ᠲᠥᠷᠥ ᠪᠠᠷᠢᠬᠤ ᠶᠣᠰᠣ ᠶᠢ ᠪᠠᠷᠢᠮᠲᠠᠯᠠᠨ ᠮᠠᠨᠳᠤᠬᠠᠢ 19 | ᠨᠠᠰᠤᠨ ᠠᠴᠠ ᠪᠠᠨ ᠡᠬᠢᠯᠡᠨ ᠭᠤᠷᠪᠠᠨ ᠵᠢᠯ ᠤᠨ ᠲᠤᠷᠰᠢ ᠶᠡᠭᠡ ᠮᠣᠩᠭᠤᠯ ᠤᠨ ᠬᠠᠭᠠᠨᠲᠤ ᠤᠯᠤᠰ ᠤᠨ ᠲᠥᠷᠥ ᠶᠢ | ᠪᠠᠷᠢᠵᠤ ᠪᠠᠶᠢᠪᠠ᠃ ᠡᠨᠡ ᠬᠤᠭᠤᠷᠣᠨᠳᠤ ᠮᠠᠨᠳᠤᠬᠠᠢ ᠰᠡᠴᠡᠨ ᠬᠠᠲᠤᠨ ᠪᠠᠭ᠎ᠠ ᠨᠠᠰᠤᠨ ᠠᠴᠠ ᠪᠠᠨ ᠡᠴᠢᠭᠡ ᠡᠬᠡ ᠠᠴᠠ | ᠪᠠᠨ ᠥᠨᠥᠴᠢᠷᠡᠨ ᠬᠤᠴᠣᠷᠤᠭᠰᠠᠨ ᠪᠠᠲᠤᠮᠥ᠋ᠩᠬᠡ ᠶᠢ ᠣᠯᠵᠤ ᠠᠪᠴᠤ᠂ ᠥᠪᠡᠷ ᠤᠨ ᠪᠡᠶ᠎ᠡ ᠪᠠᠷ ᠥᠰᠬᠡᠨ | ᠬᠥᠮᠥᠵᠢᠭᠦᠯᠵᠦ᠂ ᠭᠠᠷ ᠢ ᠨᠢ ᠭᠠᠨᠵᠤᠭᠠᠨ ᠳᠤ᠂ ᠬᠥᠯ ᠢ ᠨᠢ ᠳᠥᠷᠥᠭᠡᠨ ᠳᠤ ᠬᠦᠷᠭᠡᠵᠦ᠂ ᠬᠠᠭᠠᠨ ᠰᠢᠷᠡᠭᠡᠨ ᠳᠤ | ᠰᠠᠭᠤᠯᠭᠠᠭᠰᠠᠨ ᠠᠵᠠᠢ᠃ ᠲᠡᠷᠡ ᠪᠠᠷ ᠲᠥᠷᠥ ᠪᠠᠷᠢᠬᠤ ᠬᠥᠮᠥᠨ ᠨᠢ ᠴᠢᠩᠭᠢᠰ ᠬᠠᠭᠠᠨ ᠤ ᠠᠯᠲᠠᠨ ᠤᠷᠤᠭ ᠤᠨ | ᠭᠤᠣᠯ ᠤᠳᠤᠮ᠂ ᠬᠠᠭᠠᠨ ᠰᠠᠭᠤᠷᠢ ᠶᠢ ᠵᠠᠯᠭᠠᠮᠵᠢᠯᠠᠬᠤ ᠡᠷᠬᠡ ᠲᠠᠢ ᠬᠥᠮᠥᠨ᠂ ᠮᠠᠨᠳᠤᠭᠤᠯ ᠬᠠᠭᠠᠨ ᠤ ᠠᠴᠢ᠂ | ᠪᠠᠶᠠᠨᠮᠥ᠋ᠩᠬᠡ ᠵᠢᠨᠦᠩ ᠤᠨ ᠥᠨᠥᠴᠢᠨ ᠬᠤᠴᠣᠷᠤᠭᠰᠠᠨ ᠭᠠᠭᠴᠠ ᠨᠤᠭᠤᠨ ᠦᠷ᠎ᠡ ᠪᠠᠲᠤᠮᠥ᠋ᠩᠬᠡ ᠪᠣᠯᠬᠤ ᠶᠣᠰᠣᠲᠠᠢ | ᠭᠡᠵᠦ ᠦᠵᠡᠵᠦ ᠪᠠᠶᠢᠭᠰᠠᠨ ᠶᠤᠮ᠃ ᠭᠡᠪᠡᠴᠦ ᠡᠨᠡ ᠬᠦᠦ ᠨᠠᠰᠤᠨ ᠪᠠᠭ᠎ᠠ ᠪᠠᠶᠢᠯ᠎ᠠ᠃ ᠪᠠᠲᠤᠮᠥ᠋ᠩᠬᠡ ᠨᠢ ᠪᠠᠶᠠᠨᠮᠥ᠋ᠩᠬᠡ | ᠵᠢᠨᠦᠩ ᠪᠠ ᠰᠢᠬᠢᠷ ᠲᠠᠶᠢᠬᠡᠦ ᠠᠴᠠ ᠲᠥᠷᠥᠭᠰᠡᠨ ᠬᠥᠪᠡᠭᠦᠨ ᠶᠤᠮ᠃ | ᠣᠶᠢᠷᠠᠳ ᠮᠣᠩᠭᠤᠯ ᠤᠨ ᠢᠰᠮᠠᠨ ᠲᠠᠶᠢᠱᠢ ᠵᠡᠭᠦᠨ ᠮᠣᠩᠭᠤᠯ ᠢ ᠳᠣᠪᠲᠣᠯᠬᠤ ᠦᠶ᠎ᠡ ᠳᠤ ᠪᠠᠶᠠᠨᠮᠥ᠋ᠩᠬᠡ ᠵᠢᠨᠦᠩ | ᠵᠢᠭᠤᠲᠠᠵᠤ᠂ ᠢᠰᠮᠠᠨ ᠲᠠᠶᠢᠱᠢ ᠰᠢᠬᠢᠷ ᠲᠠᠶᠢᠬᠡᠦ ᠶᠢ ᠥᠪᠡᠷ ᠢᠶᠠᠨ ᠠᠪᠴᠤ᠂ ᠬᠥᠪᠡᠭᠦᠨ ᠪᠠᠲᠤᠮᠥ᠋ᠩᠬᠡ ᠶᠢ ᠨᠢ | ᠪᠠᠯᠭᠠᠴᠢᠨ ᠤ ᠪᠠᠭᠠᠢ ᠭᠡᠳᠡᠭ ᠬᠥᠮᠥᠨ ᠳᠤ ᠥᠭᠴᠦ ᠥᠰᠬᠡᠬᠦᠯᠵᠡᠢ᠃ ᠪᠠᠶᠠᠨᠮᠥ᠋ᠩᠬᠡ ᠵᠢᠨᠦᠩ ᠳᠠᠶᠢᠨ ᠤ ᠬᠥᠯ ᠠᠴᠠ | ᠳᠤᠲᠠᠭᠠᠵᠤ ᠶᠠᠪᠤᠬᠤ ᠳᠠᠭᠠᠨ ᠠᠯᠠᠭᠳᠠᠵᠤ᠂ ᠪᠠᠲᠤᠮᠥ᠋ᠩᠬᠡ ᠡᠴᠢᠭᠡ ᠡᠬᠡ ᠦᠭᠡᠢ ᠥᠨᠥᠴᠢᠨ ᠥᠷᠥᠭᠡᠰᠦᠨ ᠪᠣᠯᠵᠠᠢ᠃ | ᠪᠠᠭᠠᠢ ᠥᠨᠥᠴᠢᠨ ᠬᠦᠦ ᠶᠢ ᠦᠷᠡᠴᠢᠯᠡᠵᠦ ᠠᠪᠤᠭᠰᠠᠨ ᠪᠣᠯᠪᠠᠴᠤ᠂ ᠬᠤᠭᠤᠯᠠ ᠤᠮᠳᠠ ᠮᠠᠭᠤᠲᠠᠢ ᠪᠠᠶᠢᠯᠭᠠᠭᠰᠠᠨ ᠠᠴᠠ | ᠪᠡᠲᠡᠭᠢ ᠡᠪᠡᠳᠴᠢᠨ ᠳᠤ ᠪᠠᠷᠢᠭᠳᠠᠵᠤ ᠡᠳᠡᠭᠡᠷᠡᠬᠦ ᠦᠭᠡᠢ ᠤᠳᠠᠭᠰᠠᠨ ᠢ ᠲᠠᠩᠭᠤᠳ ᠤᠨ ᠲᠡᠮᠦᠷ ᠬᠠᠳᠠᠭ ᠭᠡᠳᠡᠭ | ᠬᠥᠮᠥᠨ ᠣᠯᠵᠤ ᠮᠡᠳᠡᠨ᠂ ᠭᠤᠶᠤᠵᠤ ᠦᠵᠡᠭᠡᠳ ᠪᠦᠲᠦᠭᠡ ᠦᠭᠡᠢ ᠲᠤᠯᠠ ᠪᠠᠭᠠᠢ ᠠᠴᠠ ᠪᠤᠯᠢᠶᠠᠨ ᠠᠪᠴᠤ᠂ ᠥᠪᠡᠷ | ᠤᠨ ᠡᠬᠡᠨᠡᠷ ᠰᠠᠶᠢᠬᠠᠢ ᠪᠠᠷ ᠠᠰᠠᠷᠠᠭᠤᠯᠵᠠᠢ᠃ ᠡᠭᠦᠨ ᠤ ᠳᠠᠷᠠᠭ᠎ᠠ ᠲᠡᠮᠦᠷ ᠬᠠᠳᠠᠭ᠂ ᠪᠠᠲᠤᠮᠥ᠋ᠩᠬᠡ ᠶᠢ ᠮᠠᠨᠳᠤᠬᠠᠢ | ᠰᠡᠴᠡᠨ ᠬᠠᠲᠤᠨ ᠳᠤ ᠠᠪᠴᠢᠷᠠᠵᠤ ᠥᠭᠴᠡᠢ᠃ ᠮᠠᠨᠳᠤᠬᠠᠢ ᠰᠡᠴᠡᠨ ᠬᠠᠲᠤᠨ ᠠᠯᠲᠠᠨ ᠤᠷᠤᠭ ᠤᠨ ᠭᠠᠭᠴᠠ ᠬᠦᠦ | ᠪᠠᠲᠤᠮᠥ᠋ᠩᠬᠡ ᠶᠢ ᠠᠰᠠᠷᠠᠨ ᠬᠥᠮᠥᠵᠢᠭᠦᠯᠵᠦ᠂ ᠠᠭᠤᠤ ᠰᠠᠭᠤᠳᠠᠯ ᠳᠤ ᠰᠠᠭᠤᠯᠭᠠᠬᠤ ᠪᠣᠳᠣᠯ ᠲᠠᠢ ᠪᠠᠶᠢᠬᠤ ᠦᠶ᠎ᠡ ᠳᠤ᠂ | ᠬᠤᠷᠴᠢᠨ ᠠᠶᠢᠮᠠᠭ ᠤᠨ ᠬᠠᠪᠤᠲᠤ ᠬᠠᠰᠠᠷ ᠤᠨ ᠬᠤᠶᠢᠴᠢᠰ ᠦᠨᠡᠨᠪᠣᠯᠣᠳ ᠸᠠᠩ ᠡᠯᠴᠢ ᠢᠯᠡᠭᠡᠵᠦ᠂ ︽ᠭᠠᠯ ᠢ ᠴᠢᠨᠢ | ᠴᠢᠬᠢᠵᠦ᠂ ᠨᠤᠲᠤᠭ ᠢ ᠴᠢᠨᠢ ᠵᠢᠭᠠᠵᠤ ᠥᠭᠰᠥ︾ ᠭᠡᠵᠦ ᠬᠡᠯᠡᠭᠦᠯᠪᠡ᠃ ᠭᠡᠪᠡᠴᠦ ᠮᠠᠨᠳᠤᠬᠠᠢ ᠰᠡᠴᠡᠨ ᠬᠠᠲᠤᠨ᠄ ︽ | ᠬᠠᠭᠠᠨ ᠤ ᠥᠪ ᠢ ᠬᠠᠰᠠᠷ ᠤᠨ ᠦᠷ᠎ᠡ ᠴᠢ ᠢᠳᠡᠨ᠎ᠡ ᠦᠦ︖ ᠬᠠᠰᠠᠷ ᠤᠨ ᠦᠷ᠎ᠡ ᠴᠢᠨᠦ ᠥᠪ ᠢ ᠪᠢᠳᠠ ᠢᠳᠡᠨ᠎ᠡ | ᠦᠦ︖ ᠡᠷᠭᠦᠵᠦ ᠦᠯᠦ ᠪᠣᠯᠬᠤ ᠡᠭᠦᠳᠡ ᠲᠠᠢ ᠪᠢᠯᠡ᠃ ᠠᠯᠬᠤᠵᠤ ᠦᠯᠦ ᠭᠠᠷᠬᠤ ᠪᠣᠱᠤᠭ ᠲᠠᠢ ᠪᠢᠯᠡ᠃ ᠬᠠᠭᠠᠨ | ᠤ ᠮᠢᠨᠢ ᠦᠷ᠎ᠡ ᠪᠠᠶᠢᠲᠠᠯ᠎ᠠ᠂ ᠬᠠᠰᠠᠷ ᠤᠨ ᠦᠷ᠎ᠡ ᠴᠢᠮ᠎ᠠ ᠲᠠᠢ ᠶᠠᠭᠤ ᠭᠡᠵᠦ ᠭᠡᠷᠯᠡᠬᠦ ᠶᠤᠮ ᠪᠣᠢ︖︾ ᠭᠡᠵᠦ | ᠬᠠᠷᠢᠭᠤ ᠪᠠᠷᠢᠪᠠ᠃ | 1470 ᠣᠨ ᠳᠤ ᠪᠠᠲᠤᠮᠥ᠋ᠩᠬᠡ ᠶᠢ ᠪᠦᠬᠦ ᠮᠣᠩᠭᠤᠯ ᠤᠨ ᠬᠠᠭᠠᠨ ᠰᠢᠷᠡᠭᠡᠨ ᠳᠤ ᠡᠷᠭᠦᠮᠵᠢᠯᠡᠨ ᠳᠠᠶᠠᠭᠠᠷ ᠤᠯᠤᠰ | ᠢᠶᠠᠨ ᠵᠢᠷᠭᠠᠭᠠᠵᠤ ᠶᠠᠪᠤ ᠬᠡᠮᠡᠨ ᠳᠠᠶᠠᠨ ᠬᠠᠭᠠᠨ ᠴᠣᠯᠠ ᠡᠷᠭᠦᠮᠵᠢᠯᠡᠪᠡ᠃ 22 ᠨᠠᠰᠤᠲᠠᠢ ᠪᠠᠶᠢᠭᠰᠠᠨ ᠮᠠᠨᠳᠤᠬᠠᠢ 7 | ᠨᠠᠰᠤᠲᠠᠢ ᠪᠠᠲᠤᠮᠥ᠋ᠩᠬᠡ ᠶᠢ ᠳᠠᠭᠠᠭᠤᠯᠤᠨ᠂ ᠭᠤᠷᠪᠠᠨ ᠳᠠᠪᠬᠤᠷ ᠭᠤᠲᠤᠯ ᠡᠮᠦᠰᠬᠡᠨ᠂ ᠣᠷᠳᠣᠰ ᠲᠠᠬᠢ ᠡᠵᠡᠨ | ᠴᠢᠩᠭᠢᠰ ᠤᠨ ᠨᠠᠢᠮᠠᠨ ᠴᠠᠭᠠᠨ ᠭᠡᠷ ᠡᠮᠦᠨ᠎ᠡ ᠣᠴᠢᠭᠠᠳ᠂ ᠰᠤᠤᠲᠤ ᠬᠠᠭᠠᠨ᠂ ᠬᠠᠲᠤᠨ ᠤ ᠰᠦᠯᠳᠡ ᠳᠤ ᠰᠠᠴᠤᠯᠢ | ᠡᠷᠭᠦᠨ ᠥᠴᠢᠭ ᠲᠠᠩᠭᠠᠷᠢᠭ ᠡᠷᠭᠦᠵᠡᠢ᠃ ᠪᠠᠲᠤᠮᠥ᠋ᠩᠬᠡ ᠳᠠᠶᠠᠨ ᠬᠠᠭᠠᠨ ᠲᠥᠷᠥ ᠪᠠᠷᠢᠬᠤ ᠴᠢᠳᠠᠪᠤᠷᠢ ᠲᠠᠢ ᠪᠣᠯᠤᠭ᠎ᠠ | ᠦᠭᠡᠢ ᠪᠠᠯᠴᠢᠷ ᠪᠠᠶᠢᠭᠰᠠᠨ ᠲᠤᠯᠠ ᠮᠠᠨᠳᠤᠬᠠᠢ ᠰᠡᠴᠡᠨ ᠬᠠᠲᠤᠨ ᠲᠡᠭᠦᠨ ᠤ ᠬᠠᠲᠤᠨ ᠨᠢ ᠪᠣᠯᠵᠤ᠂ ︽ᠡᠷᠬᠡᠲᠦ | ᠪᠣᠷᠵᠢᠭᠢᠨ ᠤ ᠤᠨᠲᠠᠷᠠᠵᠤ ᠪᠠᠶᠢᠭᠰᠠᠨ ᠭᠠᠯ ᠢ ᠠᠰᠠᠭᠠᠭᠰᠠᠨ︾ ᠪᠠᠶᠢᠨ᠎ᠠ᠃ 1471 ᠣᠨ ᠤ ᠴᠠᠭᠠᠭᠴᠢᠨ ᠲᠠᠤᠯᠠᠢ | ᠵᠢᠯ ᠮᠠᠨᠳᠤᠬᠠᠢ ᠰᠡᠴᠡᠨ ᠬᠠᠲᠤᠨ ᠪᠠᠲᠤᠮᠥ᠋ᠩᠬᠡ ᠶᠢ ᠦᠬᠡᠷ ᠲᠡᠷᠭᠡᠨ ᠳᠤ ᠰᠠᠭᠤᠯᠭᠠᠨ᠂ ᠴᠡᠷᠢᠭᠯᠡᠨ ᠮᠣᠷᠳᠠᠵᠤ᠂ | ᠰᠠᠮᠠᠭᠤᠨ ᠦᠢᠮᠡᠭᠡᠨ ᠲᠠᠷᠢᠵᠤ ᠠᠮᠤᠷ ᠵᠠᠶᠠᠭ᠎ᠠ ᠦᠵᠡᠭᠦᠯᠬᠦ ᠦᠭᠡᠢ ᠪᠠᠶᠢᠭᠰᠠᠨ ᠳᠥᠷᠪᠡᠨ ᠣᠶᠢᠷᠠᠳ ᠢ ᠲᠠᠰ ᠪᠦᠷᠢᠳᠦ | ᠬᠡᠮᠡᠬᠦ ᠭᠠᠵᠠᠷ ᠲᠣᠰᠴᠤ ᠪᠠᠶᠢᠯᠳᠤᠪᠠ᠃ 1473 ᠣᠨ ᠤ ᠬᠠᠷᠠᠭᠴᠢᠨ ᠮᠣᠭᠠᠢ ᠵᠢᠯ᠂ ᠮᠠᠨᠳᠤᠬᠠᠢ ᠰᠡᠴᠡᠨ ᠬᠠᠲᠤᠨ | ᠲᠥᠷᠥ ᠶᠢᠨ ᠬᠡᠷᠡᠭ ᠢ 10 ᠨᠠᠰᠤᠲᠠᠢ ᠪᠠᠲᠤᠮᠥ᠋ᠩᠬᠡ ᠳᠤ ᠰᠢᠯᠵᠢᠭᠦᠯᠦᠨ ᠥᠭᠭᠦᠭᠰᠡᠨ ᠢᠶᠠᠨ ᠵᠠᠷᠯᠠᠭᠰᠠᠨ ᠪᠠᠶᠢᠨ᠎ᠠ᠃ | 1482 ᠣᠨ ᠳᠤ 34 ᠨᠠᠰᠤᠲᠠᠢ ᠮᠠᠨᠳᠤᠬᠠᠢ ᠰᠡᠴᠡᠨ ᠬᠠᠲᠤᠨ ᠪᠠ 19 ᠨᠠᠰᠤᠲᠠᠢ ᠪᠠᠲᠤᠮᠥ᠋ᠩᠬᠡ ᠳᠠᠶᠠᠨ ᠬᠠᠭᠠᠨ | ᠬᠤᠶᠠᠷ ᠤᠨ ᠳᠤᠮᠳᠠ ᠠᠴᠠ ᠬᠤᠶᠠᠷ ᠵᠦᠢᠷᠠᠢ ᠬᠦᠦ ᠲᠥᠷᠥᠭᠰᠡᠨ ᠨᠢ ᠲᠥᠷᠥᠪᠣᠯᠣᠳ᠂ ᠤᠯᠤᠰᠪᠤᠯᠤᠳ ᠪᠣᠯᠠᠢ᠃ | 1490 ᠣᠨ ᠤ ᠴᠠᠭᠠᠨ ᠨᠣᠬᠠᠢ ᠵᠢᠯ ᠳᠥᠷᠪᠡᠨ ᠣᠶᠢᠷᠠᠳ ᠤᠨ ᠲᠥᠷᠥ ᠶᠢ ᠰᠠᠮᠠᠭᠤᠷᠠᠭᠤᠯᠬᠤ ᠦᠢᠯᠡ ᠶᠠᠪᠤᠳᠠᠯ | ᠬᠤᠷᠴᠠᠳᠠᠭᠰᠠᠨ ᠲᠤᠯᠠ᠂ ᠮᠠᠨᠳᠤᠬᠠᠢ ᠰᠡᠴᠡᠨ ᠬᠠᠲᠤᠨ ᠬᠥᠯ ᠬᠦᠨᠳᠦ ᠪᠠᠶᠢᠭᠰᠠᠨ ᠪᠣᠯᠪᠠᠴᠤ ᠳᠥᠷᠪᠡᠨ ᠣᠶᠢᠷᠠᠳ ᠢ | ᠳᠠᠬᠢᠨ ᠳᠠᠶᠢᠯᠠᠵᠤ ᠨᠢᠭᠡᠮᠦᠰᠦᠨ ᠳᠠᠷᠤᠵᠤ ᠠᠪᠤᠪᠠ᠃ ᠲᠡᠷᠡ ᠬᠦ ᠳᠠᠶᠢᠨ ᠤ ᠲᠠᠯᠠᠪᠤᠷ ᠲᠤ ᠮᠠᠨᠳᠤᠬᠠᠢ ᠬᠠᠲᠤᠨ ᠠᠴᠠ | ᠠᠯᠴᠤᠪᠤᠯᠤᠳ᠂ ᠸᠠᠴᠢᠷᠪᠣᠯᠣᠳ ᠬᠤᠶᠠᠷ ᠵᠦᠢᠷᠠᠢ ᠬᠦᠦ ᠲᠥᠷᠥᠵᠡᠢ᠃ | ᠮᠠᠨᠳᠤᠬᠠᠢ ᠰᠡᠴᠡᠨ ᠬᠠᠲᠤᠨ ᠮᠣᠩᠭᠤᠯ ᠤᠯᠤᠰ ᠤᠨ ᠲᠡᠦᠬᠡᠨ ᠳᠤ ᠡᠭᠦᠷᠢᠳᠡ ᠳᠤᠷᠠᠰᠤᠭᠳᠠᠬᠤ ᠭᠠᠪᠢᠶ᠎ᠠ ᠲᠠᠢ | ᠪᠥᠭᠡᠳ ᠲᠡᠭᠦᠨ ᠤ ᠳᠡᠮ ᠢᠶᠠᠷ ᠪᠠᠲᠤᠮᠥ᠋ᠩᠬᠡ ᠳᠠᠶᠠᠨ ᠬᠠᠭᠠᠨ ᠪᠦᠬᠦ ᠤᠯᠤᠰ ᠢᠶᠠᠨ 40 ᠵᠢᠯ ᠨᠢᠭᠡᠳᠬᠡᠨ ᠵᠠᠬᠢᠷᠴᠤ᠂ | ︽ᠵᠢᠷᠭᠤᠭᠠᠨ ᠲᠦᠮᠡᠨ ᠢ ᠡᠮᠬᠢᠯᠡᠨ ᠴᠤᠭᠯᠠᠭᠤᠯᠵᠤ᠂ ᠡᠩᠬᠡᠵᠢᠨ ᠵᠢᠷᠭᠠᠭᠤᠯᠤᠭᠰᠠᠨ︾ ᠪᠢᠯᠡ᠃ ᠲᠡᠷᠡ ᠪᠠᠷ ᠮᠣᠩᠭᠤᠯ | ᠤᠨ ᠠᠯᠳᠠᠷᠲᠤ ᠤᠳᠤᠷᠢᠳᠤᠭᠴᠢ ᠪᠠᠶᠢᠭᠰᠠᠨ᠃ ᠳᠠᠶᠢᠨ ᠤ ᠲᠠᠯᠠᠪᠤᠷ ᠲᠤ ᠪᠠᠭᠠᠲᠤᠷ ᠢ ᠣᠷᠣᠯᠠᠨ ᠶᠡᠭᠡ ᠵᠠᠩᠵᠤᠨ᠂ | ᠡᠩᠬᠡ ᠶᠢᠨ ᠴᠠᠭ ᠲᠤ ᠬᠠᠭᠠᠨ ᠢ ᠣᠷᠣᠯᠠᠨ ᠲᠥᠷᠥ ᠶᠢ ᠪᠠᠷᠢᠭᠴᠢ᠂ ᠭᠡᠷ ᠲᠡᠭᠡᠨ 8 ᠬᠡᠦᠬᠡᠳ ᠤᠨ ᠡᠯᠪᠡᠷᠢᠯᠲᠦ ᠡᠬᠡ | ᠪᠠᠶᠢᠵᠤ᠂ 19 ᠨᠠᠰᠤᠨ ᠠᠴᠠ ᠪᠠᠨ ᠡᠬᠢᠯᠡᠨ 40 ᠨᠠᠰᠦ ᠬᠦᠷᠲᠡᠯ᠎ᠡ ᠶᠡᠭᠡ ᠮᠣᠩᠭᠤᠯ ᠤᠨ ᠲᠥᠷᠥ ᠶᠢ | ᠲᠥᠪᠯᠡᠷᠡᠭᠦᠯᠦᠨ ᠪᠠᠷᠢᠭᠰᠠᠨ ᠭᠠᠶᠢᠬᠠᠮᠰᠢᠭᠲᠤ ᠡᠮᠡᠭᠲᠡᠢ ᠪᠠᠶᠢᠪᠠ᠃ ᠮᠠᠨᠳᠤᠬᠠᠢ ᠰᠡᠴᠡᠨ ᠬᠠᠲᠤᠨ ᠢ 1526 ᠣᠨ ᠤ | ᠤᠯᠠᠭᠠᠨ ᠨᠣᠬᠠᠢ ᠵᠢᠯ 78 ᠨᠠᠰᠤᠨ ᠳᠠᠭᠠᠨ ᠲᠠᠭᠠᠯᠠᠯ ᠲᠡᠭᠦᠰᠦᠭᠰᠡᠨ ᠭᠡᠵᠦ ᠦᠵᠡᠳᠡᠭ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |