ᠭᠠᠯ ᠲᠠᠬᠢᠬᠤ ᠢᠷᠥᠬᠡᠯ
ᠨᠡᠶᠢᠲᠡᠯᠡᠭᠰᠡᠨ ᠴᠠᠭ᠄
2020/1/17
ᠤᠮ ᠰᠠᠶᠢᠨ ᠠᠮᠤᠭᠤᠯᠠᠩ ᠪᠤᠯᠳᠤᠭᠠᠢ︕ ᠲᠡᠬᠡᠷ᠎ᠡ ᠮᠥᠩᠬᠡ ᠲᠡᠭᠷᠢ ᠶᠢ ᠲᠡᠪᠰᠢ ᠶᠢᠨ ᠴᠢᠨᠡᠬᠡᠨ ᠪᠥᠬᠦᠢ ᠠᠴᠠ ᠲᠤᠤᠷ᠎ᠠ ᠡᠯᠢᠬᠡᠨ ᠡᠬᠡ ᠶᠢ ᠡᠷᠬᠡᠢ ᠴᠢᠨᠡᠬᠡᠨ ᠪᠥᠬᠦᠢ ᠠᠴᠠ ᠰᠥᠮᠪᠥᠷ ᠶᠡᠭᠡ ᠠᠭᠤᠯᠨ ᠶᠢ ᠲᠤᠪᠤ ᠴᠢᠨᠡᠬᠡᠨ ᠪᠥᠬᠦᠢ ᠠᠴᠠ ᠰᠥᠨ ᠠᠨᠠᠪᠠᠳ ᠲᠠᠯᠠᠢ ᠶᠢ ᠱᠠᠯᠴᠢᠭ ᠲᠡᠳᠥᠢ ᠪᠥᠬᠦᠢ ᠠᠴᠠ ᠡᠬᠦᠳᠡᠨ ᠵᠠᠶᠠᠭᠠᠭᠰᠠᠨ ᠭᠠᠯ ᠭᠠᠯᠢᠬᠠᠨ ᠡᠬᠡ ᠳᠡᠭᠡᠨ ᠥᠬᠡᠬᠦ ᠲᠤᠰᠤ ᠶᠢ ᠡᠷᠬᠦᠨᠡᠮ ᠡᠰᠥᠭ ᠲᠤᠰᠤ ᠲᠠᠷᠠᠰᠤ ᠶᠢ ᠲᠤᠰᠤᠭᠠᠨᠠᠮ ᠥᠬᠡᠳᠡ ᠶᠡᠭᠡ ᠪᠤᠶᠠᠨ ᠤ ᠲᠤᠮᠳᠠ ᠥᠨᠢᠳᠡ ᠵᠢᠷᠭᠠᠨ ᠰᠠᠭᠤᠳᠤᠭᠠᠢ︕ ᠬᠠᠩᠭᠠᠢ ᠬᠠᠨ ᠶᠢ ᠲᠤᠪᠤ ᠲᠡᠳᠥᠢ ᠪᠥᠬᠦᠢ ᠠᠴᠠ ᠬᠠᠳᠤᠨ ᠲᠠᠯᠠᠢ ᠶᠢ ᠱᠠᠯᠴᠢᠭ ᠲᠡᠳᠥᠢ ᠪᠥᠬᠦᠢ ᠠᠴᠠ ᠬᠠᠶᠢᠯᠠᠰᠤᠨ ᠮᠤᠳᠤ ᠶᠢ ᠨᠠᠶᠢᠯᠵᠠᠭᠤᠷ ᠪᠥᠬᠦᠢ ᠠᠴᠠ ᠬᠠᠨ ᠭᠠᠷᠤᠳᠢ ᠶᠢ ᠲᠡᠭᠳᠡᠬᠡᠬᠡᠢ ᠪᠥᠬᠦᠢ ᠠᠴᠠ ᠬᠠᠭᠠᠨ ᠴᠢᠩᠬᠢᠰ ᠤᠨ ᠲᠠᠬᠢᠭᠰᠠᠨ ᠬᠠᠳᠤᠨ ᠡᠬᠡ ᠶᠢᠨ ᠥᠯᠢᠶᠡᠭᠰᠡᠨ ᠬᠠᠶᠢᠷ ᠴᠢᠯᠠᠭᠤᠨ ᠡᠬᠡ ᠳᠤ ᠬᠠᠳᠠ ᠲᠡᠮᠥᠷ ᠡᠴᠢᠬᠡᠳᠥ ᠴᠢᠩ ᠴᠢᠯᠠᠭᠤᠨ ᠡᠬᠡ ᠳᠤ ᠴᠡᠩᠬᠡᠯ ᠲᠡᠮᠥᠷ ᠡᠴᠢᠬᠡᠳᠥ ᠡᠬᠦᠯᠡᠨ ᠮᠡᠳᠥ ᠤᠨᠢᠶᠠᠷᠳᠤ ᠡᠳᠥᠷ ᠮᠡᠳᠥ ᠢᠯᠴᠢᠳᠥ ᠲᠤᠷᠭᠠᠨ ᠴᠢᠷᠠᠶᠢᠳᠤ ᠲᠤᠰᠤᠨ ᠠᠮᠢᠳᠤ ᠥᠷᠬᠡᠨ ᠴᠢᠷᠠᠶᠢᠳᠤ ᠥᠬᠡᠬᠦᠨ ᠠᠮᠢᠳᠤ ᠬᠠᠳᠠᠭᠤ ᠶᠢ ᠤᠶᠠᠷᠠᠭᠤᠯᠤᠭᠴᠢ ᠬᠠᠷᠠᠩᠭᠤᠢ ᠶᠢ ᠬᠡᠶᠢᠬᠦᠯᠥᠭᠴᠢ ᠬᠡᠬᠡᠨ ᠴᠢᠨᠠᠷᠳᠤ ᠬᠡᠷᠡᠯ ᠢᠯᠴᠢᠳᠥ ᠭᠠᠯ ᠭᠠᠯᠢᠬᠠᠨ ᠡᠬᠡ ᠳᠡᠭᠡᠨ ᠥᠬᠡᠬᠦ ᠲᠤᠰᠤ ᠡᠷᠬᠦᠨᠡᠮ ᠡᠰᠥᠭ ᠲᠠᠷᠠᠰᠤ ᠶᠢ ᠲᠤᠰᠤᠭᠠᠨᠠᠮ ᠥᠬᠡᠳᠡᠯᠡᠬᠦ ᠶᠡᠭᠡ ᠵᠢᠷᠭᠠᠯᠠᠩ ᠥᠨᠢᠳᠡ ᠤᠷᠤᠰᠢᠬᠤ ᠪᠤᠯᠳᠤᠭᠠᠢ︕ ᠲᠠᠶᠠᠩ ᠬᠠᠨ ᠢ ᠲᠤᠪᠤ ᠪᠥᠬᠦᠢ ᠠᠴᠠ ᠲᠠᠯᠠᠢ ᠲᠠᠩᠬᠢᠰ ᠶᠢ ᠱᠠᠯᠴᠢᠭ ᠪᠥᠬᠦᠢ ᠠᠴᠠ ᠲᠠᠭᠠᠷᠢ ᠬᠠᠷᠴᠠᠭᠠᠢ ᠶᠢ ᠵᠤᠯᠵᠠᠭ᠎ᠠ ᠪᠥᠬᠦᠢ ᠠᠴᠠ ᠲᠠᠷᠠᠭᠠᠢ ᠲᠠᠬᠢ ᠶᠢ ᠢᠰᠢᠬᠡ ᠪᠥᠬᠦᠢ ᠠᠴᠠ ᠬᠠᠯᠠᠭᠤᠨ ᠭᠤᠯᠤᠮᠳᠠ ᠳᠤᠷ ᠤᠷᠤᠰᠢᠨ ᠬᠠᠮᠤᠭ ᠲᠤᠷ ᠵᠠᠶᠠᠭᠠᠭᠰᠠᠨ ᠭᠠᠯ ᠭᠠᠯᠢᠬᠠᠨ ᠡᠬᠡ ᠳᠡᠭᠡᠨ ᠬᠠᠷ᠎ᠠ ᠠᠷᠢᠬᠢ ᠶᠢ ᠠᠶᠠᠭ᠎ᠠ ᠪᠠᠷ ᠲᠤᠰᠤᠭᠠᠵᠤ ᠬᠠᠯᠢᠮ ᠥᠬᠡᠬᠦ ᠶᠢ ᠠᠯᠠᠭ᠎ᠠ ᠪᠠᠷ ᠡᠷᠬᠦᠵᠥ ᠥᠯᠵᠡᠶᠢᠳᠥ ᠡᠨᠡ ᠡᠳᠥᠷ ᠥᠨᠡᠰᠥ ᠶᠢ ᠴᠢᠨᠢ ᠲᠠᠭᠤᠳᠠᠬᠤ ᠥᠰᠬᠦ ᠠᠴᠠ ᠪᠠᠨ ᠲᠤᠷᠠᠳᠬᠠᠬᠤ ᠥᠨᠡᠨ ᠰᠢᠯᠳᠠᠭᠠᠨ ᠶᠠᠭᠤ ᠪᠤᠢ ᠬᠡᠪᠡᠯ ᠨᠠᠭᠤᠷ ᠲᠤᠷ ᠵᠤᠭᠰᠤᠬᠤ ᠤᠯᠠᠨ ᠰᠢᠷᠭ᠎ᠠ ᠠᠳᠤᠭᠤ ᠲᠠᠢ ᠪᠤᠯᠭᠠᠮᠤ ᠨᠤᠳᠤᠭ ᠢᠶᠠᠨ ᠬᠠᠶᠢᠷᠠᠯᠠᠬᠤ ᠤᠮᠤᠭᠳᠤ ᠴᠢᠬᠢᠷᠠᠭ ᠬᠥᠪᠡᠬᠦᠳ ᠲᠠᠢ ᠪᠤᠯᠭᠠᠮᠤ ᠵᠠᠳᠠᠭᠠᠢ ᠲᠤᠷ ᠤᠰᠤᠯᠠᠬᠤ ᠬᠤᠨ ᠴᠠᠭᠠᠨ ᠬᠤᠨᠢᠳ ᠲᠠᠢ ᠪᠤᠯᠭᠠᠮᠤ ᠵᠠᠩ ᠰᠠᠶᠢᠳᠠᠢ ᠬᠤᠩᠭᠤᠷ ᠴᠡᠴᠡᠨ ᠥᠬᠢᠳ ᠲᠠᠢ ᠪᠤᠯᠭᠠᠮᠤ ᠬᠠᠯᠠᠭᠤᠨ ᠠᠮᠢ ᠶᠢ ᠮᠢᠨᠢ ᠮᠥᠩᠬᠡ ᠪᠤᠯᠭᠠᠵᠤ ᠬᠠᠷᠠᠶᠢᠵᠤ ᠪᠤᠷᠤᠶᠢᠬᠤ ᠥᠮᠴᠢ ᠶᠢ ᠡᠩᠬᠡ ᠪᠤᠯᠭᠠᠵᠤ ᠬᠠᠶᠢᠷᠠᠯᠠᠬᠤ ᠲᠠᠪᠤᠨ ᠬᠤᠰᠢᠭᠤ ᠮᠠᠯ ᠢ ᠮᠢᠨᠢ ᠬᠠᠩᠭᠠᠢ ᠵᠤ ᠶᠢ ᠪᠥᠷᠬᠦᠨ ᠭᠠᠳᠠᠨ᠎ᠠ ᠪᠠᠶᠢᠬᠤ ᠮᠠᠯ ᠮᠢᠨᠢ ᠭᠠᠯᠠᠭᠤ ᠮᠡᠳᠥ ᠥᠰᠬᠡᠵᠥ ᠭᠠᠭ᠋ᠠᠢ ᠮᠡᠳᠥ ᠲᠠᠷᠭᠤᠯᠠᠵᠤ ᠭᠠᠵᠠᠷ ᠤᠰᠤ ᠶᠢ ᠪᠥᠷᠬᠦᠬᠦ ᠪᠤᠯᠳᠤᠭᠠᠢ︕ ᠬᠤᠷᠮᠤᠢ ᠮᠢᠨᠢ ᠬᠤᠳᠤᠭ ᠲᠠᠢ ᠪᠤᠯᠭᠠᠳᠤᠭᠠᠢ ᠲᠤᠬᠤᠢ ᠶᠢ ᠮᠢᠨᠢ ᠲᠤᠰᠤ ᠲᠠᠢ ᠪᠤᠯᠳᠤᠭᠠᠢ ᠬᠤᠷᠤᠢ ᠬᠤᠷᠤᠢ ᠬᠤᠷᠤᠢ︕ ᠠᠯᠳᠠᠳᠤ ᠶᠢ ᠡᠵᠡᠯᠡᠵᠥ ᠠᠮᠳᠠᠳᠤ ᠶᠢ ᠢᠳᠡᠵᠥ ᠠᠰᠢᠳᠠ ᠶᠢᠨ ᠵᠢᠷᠭᠠᠯᠠᠩ ᠤᠨ ᠲᠤᠮᠳᠠ ᠠᠬᠤ ᠪᠤᠯᠳᠤᠭᠠᠢ ᠰᠥᠮᠪᠥᠷ ᠠᠭᠤᠯᠨ ᠮᠡᠳᠥ ᠪᠠᠳᠤ ᠭᠤᠯᠤᠮᠳᠠ ᠰᠥᠨ ᠲᠠᠯᠠᠢ ᠮᠡᠳᠥ ᠪᠠᠶᠠᠨ ᠬᠥᠷᠥᠩᠬᠡ ᠲᠠᠢ ᠪᠤᠯᠭᠠᠮᠤ ᠲᠠᠰᠤᠷᠬᠠᠢ ᠶᠢ ᠮᠢᠨᠢ ᠵᠠᠯᠭᠠᠵᠤ ᠲᠠᠮᠳᠤᠷᠬᠠᠢ ᠶᠢ ᠮᠢᠨᠢ ᠨᠥᠬᠦᠬᠦ ᠥᠬᠡᠶᠢᠷᠡᠭᠰᠡᠨ ᠢ ᠮᠢᠨᠢ ᠪᠠᠶᠠᠵᠢᠭᠤᠯᠵᠤ ᠥᠷᠡᠭᠳᠡᠭᠰᠡᠨ ᠢ ᠮᠢᠨᠢ ᠤᠯᠭᠤᠵᠤ ᠲᠤᠮᠳᠠ ᠶᠢ ᠮᠢᠨᠢ ᠲᠥᠬᠦᠷᠬᠡᠵᠥ ᠲᠤᠳᠠᠭᠤ ᠶᠢ ᠨᠢ ᠬᠥᠢᠴᠡᠬᠡᠬᠦ ᠮᠡᠬᠦᠰ ᠶᠢ ᠲᠡᠭᠵᠢᠷᠡᠬᠦᠯᠵᠥ ᠲᠡᠬᠦᠰ ᠪᠥᠷᠢᠨ ᠪᠤᠯᠭᠠᠮᠤ ᠬᠤᠷᠤᠢ ᠬᠤᠷᠤᠢ ᠬᠤᠷᠤᠢ︕ ᠬᠥᠷᠥᠩᠬᠡ ᠶᠢᠨ ᠡᠯᠪᠡᠭ ᠪᠠᠶᠠᠨ ᠴᠤᠭᠯᠠᠷᠠᠬᠤ ᠬᠥᠪᠴᠢᠨ ᠲᠠᠶᠠᠭᠠᠷ ᠡᠩᠬᠡ ᠵᠢᠷᠭᠠᠳᠤᠭᠠᠢ︕ ᠵᠤᠭᠳᠤᠷ ᠶᠡᠬᠡᠳᠥ ᠪᠤᠤᠷ᠎ᠠ ᠲᠤᠭᠤᠯᠭ᠎ᠠ ᠶᠡᠬᠡᠳᠥ ᠪᠤᠬ᠎ᠠ ᠲᠠᠭᠤ ᠶᠡᠬᠡᠳᠥ ᠨᠤᠬᠠᠢ ᠲᠡᠯ ᠶᠡᠬᠡᠳᠥ ᠠᠵᠢᠷᠭ᠎ᠠ ᠲᠡᠯᠡᠩ ᠶᠡᠬᠡᠳᠥ ᠥᠨᠢᠶ᠎ᠡ ᠬᠤᠯᠪᠤᠭ᠎ᠠ ᠡᠪᠡᠷᠳᠥ ᠥᠬᠡᠷ ᠬᠤᠩᠭᠤ ᠰᠠᠶᠢᠳᠠᠢ ᠬᠡᠬᠦᠥ ᠲᠠᠩᠬᠢᠭᠰᠠᠨ ᠲᠠᠭ᠎ᠠ ᠢᠬᠢᠷᠯᠡᠭᠰᠡᠨ ᠢᠰᠢᠬᠡ ᠪᠡᠶᠡᠵᠢᠭᠰᠡᠨ ᠪᠢᠷᠠᠭᠤ ᠲᠥᠯᠵᠢᠭᠰᠡᠨ ᠲᠥᠯᠬᠡ ᠪᠤᠶᠢᠯᠠᠭᠰᠠᠨ ᠪᠤᠳᠤᠭᠤ ᠴᠢᠨᠳᠠᠮᠤᠨᠢ ᠢᠶᠠᠷ ᠪᠥᠬᠡᠯᠵᠢᠭᠰᠡᠨ ᠴᠠᠭᠠᠨ ᠬᠤᠯᠤᠭᠠᠨ᠎ᠠ ᠡᠷᠳᠡᠨᠢ ᠪᠠᠷ ᠪᠥᠬᠡᠯᠵᠢᠭᠰᠡᠨ ᠡᠷᠳᠡᠨᠢᠳᠤ ᠲᠤᠭᠤᠰ ᠡᠨᠡ ᠪᠥᠬᠦᠨ ᠡᠷᠬᠢᠮ ᠵᠥᠢᠯᠡᠰ ᠡᠳ᠋ ᠤᠨ ᠬᠡᠰᠢᠭ ᠤᠷᠤᠰᠢᠬᠤ ᠪᠤᠯᠳᠤᠭᠠᠢ ᠬᠤᠷᠤᠢ ᠬᠤᠷᠤᠢ ᠬᠤᠷᠤᠢ︕ ᠳ᠋᠊᠂᠂ ᠵᠢᠮᠪᠠᠵᠠᠮᠰᠤ ᠶᠢᠨ ᠢᠷᠥᠬᠡᠯ ᠮᠠᠭᠳᠠᠭᠠᠯ ᠤᠨ ᠤᠶᠠᠩᠭᠠᠯᠠᠯ ᠠᠴᠠ ᠪᠠᠭᠤᠯᠪᠠᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号