ᠮᠤᠩᠭᠤᠯᠴᠤᠳ ᠤᠨ ᠭᠠᠯ ᠤᠨ ᠴᠡᠭᠡᠷ ᠶᠤᠰᠤᠨ
ᠨᠡᠶᠢᠲᠡᠯᠡᠭᠰᠡᠨ ᠴᠠᠭ᠄
2020/1/17
ᠮᠤᠩᠭᠤᠯᠴᠤᠳ ᠭᠠᠯ ᠢ ᠲᠡᠭᠡᠳᠤᠯᠡᠵᠤ ᠲᠠᠬᠢᠳᠠᠭ᠂ ᠭᠠᠯ ᠪᠠ ᠭᠠᠯ ᠭᠤᠯᠤᠮᠳᠠ ᠶᠢᠨ ᠠᠷᠢᠭᠤᠨ ᠲᠠᠷᠬᠠᠨ ᠢ ᠪᠠᠳᠤᠯᠠᠬᠤ ᠳᠤ ᠵᠤᠷᠢᠭᠤᠯᠤᠬᠳᠠᠬᠰᠠᠨ ᠠᠯᠢ ᠤᠯᠠᠨ ᠬᠤᠷᠢᠭ᠎ᠠ ᠴᠡᠭᠡᠷ ᠢ ᠴᠤ ᠵᠤᠬᠢᠶᠠᠨ ᠪᠠᠷᠢᠮᠳᠠᠯᠠᠵᠤ ᠪᠠᠶᠢᠳᠠᠭ᠃ ᠭᠠᠯ ᠤᠨ ᠬᠤᠪᠢ ᠳᠤ ᠡᠳᠤᠷ ᠲᠤᠳᠤᠮ ᠤᠨ ᠴᠡᠭᠡᠷ᠂ ᠲᠠᠬᠢᠯᠭ᠎ᠠ ᠶᠢᠨ ᠴᠡᠭᠡᠷ ᠬᠡᠵᠤ ᠬᠤᠪᠢᠶᠠᠨ᠎ᠠ᠃ ᠡᠳᠤᠷ ᠲᠤᠳᠤᠮ ᠤᠨ ᠴᠡᠭᠡᠷ᠄ ᠭᠠᠯ ᠭᠤᠯᠤᠮᠳᠠ ᠶᠢᠨ ᠲᠡᠭᠡᠭᠦᠷ ᠠᠯᠬᠤᠵᠤ ᠭᠠᠷᠬᠤ︔ ᠭᠠᠯ ᠳᠤ ᠬᠦᠯ ᠢᠶᠠᠨ ᠡᠭᠡᠭᠡᠭᠦ︔ ᠭᠠᠯ ᠲᠡᠭᠡᠷ᠎ᠠ ᠠᠯᠴᠠᠶᠢᠬᠤ︔ ᠵᠤᠤᠬᠠᠨ ᠭᠠᠯ ᠢ ᠬᠦᠯ ᠢᠶᠠᠷ ᠢᠰᠭᠦᠯᠭᠦ︔ ᠭᠠᠵᠠᠷ ᠤᠨᠠᠬᠰᠠᠨ ᠭᠠᠯ ᠢ ᠬᠦᠯ ᠢᠶᠠᠷ ᠬᠢᠰᠬᠢᠵᠤ ᠤᠨᠳᠠᠷᠠᠭᠠᠬᠤ ᠵᠡᠷᠭᠡ ᠶᠢ ᠴᠡᠭᠡᠷᠯᠡᠵᠤ᠂ ᠬᠦᠯ ᠤᠨ ᠪᠠᠮ ᠡᠪᠡᠳᠴᠢᠨ ᠲᠠᠢ ᠪᠤᠯᠤᠨ᠎ᠠ ᠬᠡᠳᠡᠭ᠃ ᠭᠠᠯ ᠳᠤ ᠬᠢᠳᠤᠭ᠎ᠠ ᠰᠢᠪᠦᠭᠡ ᠲᠦᠷᠦᠭᠦ︔ ᠭᠠᠷ ᠬᠦᠯ ᠤᠨ ᠬᠢᠮᠤᠰᠤ ᠪᠠᠨ ᠬᠢᠬᠦ︔ ᠰᠤᠩᠬᠢᠨ᠎ᠠ᠂ ᠰᠠᠷᠢᠮᠰᠠᠭ ᠤᠨ ᠬᠠᠯᠢᠰᠤ᠂ ᠨᠤᠬᠠᠢ ᠭᠠᠭ᠋ᠠᠢ ᠰᠢᠪᠠᠭᠤ ᠶᠢᠨ ᠪᠠᠭᠠᠰᠤ ᠦᠳᠤ ᠶᠢ ᠬᠢᠬᠦ︔ ᠬᠠᠷᠢᠶᠠᠵᠤ ᠮᠠᠭᠤᠯᠠᠬᠤ ᠵᠡᠷᠭᠡ ᠶᠢ ᠴᠡᠭᠡᠷᠯᠡᠵᠤ᠂ ᠭᠠᠯ ᠤᠨ ᠪᠤᠷᠬᠠᠨ ᠢ ᠪᠤᠵᠠᠷᠳᠠᠭᠤᠯᠪᠠᠯ ᠠᠭᠤᠷᠯᠠᠵᠤ ᠬᠢᠯᠢᠩᠨᠠᠵᠤ᠂ ᠭᠠᠢ ᠭᠠᠮᠰᠢᠭ ᠪᠤᠯᠤᠨ᠎ᠠ ᠬᠡᠭᠦ᠃ ᠵᠤᠤᠬ᠎ᠠ ᠶᠢᠨ ᠲᠡᠭᠡᠷ᠎ᠠ ᠲᠦᠷᠦᠭᠡᠯᠡᠨ ᠵᠤᠬᠰᠤᠬᠤ︔ ᠵᠤᠤᠬ᠎ᠠ ᠲᠤᠯᠭ᠎ᠠ ᠶᠢᠨ ᠲᠡᠭᠡᠷ᠎ᠠ ᠰᠠᠭᠤᠬᠤ︔ ᠵᠤᠤᠬ᠎ᠠ ᠶᠢᠨ ᠲᠡᠭᠡᠷ᠎ᠠ ᠪᠤᠵᠠᠷ ᠶᠠᠭᠤᠮ᠎ᠠ ᠲᠠᠯᠪᠢᠬᠤ︔ ᠵᠤᠤᠬ᠎ᠠ ᠶᠢᠨ ᠠᠮᠠᠰᠠᠷ ᠢ ᠰᠡᠳᠡᠷᠭᠡᠢ ᠡᠮᠳᠡᠷᠭᠡᠢ ᠪᠠᠶᠢᠯᠭᠠᠬᠤ ᠵᠡᠷᠭᠡ ᠶᠢ ᠴᠡᠭᠡᠷᠯᠡᠵᠤ᠂ ᠭᠠᠯ ᠭᠤᠯᠤᠮᠳᠠ ᠲᠤᠷᠦ᠋ᠢᠳᠠᠵᠤ᠂ ᠤᠳᠤᠮ ᠤᠬᠰᠠᠭ᠎ᠠ ᠮᠠᠭᠤᠳᠠᠨ᠎ᠠ ᠬᠡᠳᠡᠭ᠃ ᠭᠠᠯ ᠲᠡᠭᠡᠭᠦᠷ ᠤᠯᠠᠭᠠᠨ ᠪᠦᠰ ᠡᠷᠬᠢᠭᠦᠯᠪᠠᠯ᠂ ᠭᠠᠯ ᠪᠠ ᠤᠯᠠᠭᠠᠨ ᠪᠦᠰ ᠬᠤᠶᠠᠷ ᠦᠡᠭᠭᠡ ᠬᠠᠷᠰᠢᠯᠳᠤᠵᠤ᠂ ᠭᠡᠷ ᠵᠠᠭᠤᠷ᠎ᠠ ᠪᠠᠨ ᠶᠠᠷᠬᠢᠶᠠᠨ ᠲᠠᠢ ᠪᠤᠯᠤᠨ᠎ᠠ ᠬᠡᠭᠦ︔ ᠬᠡᠤᠭᠡᠳ ᠭᠠᠯ ᠢᠶᠠᠷ ᠨᠠᠭᠠᠳᠤᠪᠠᠯ ᠮᠠᠯ ᠬᠤᠯᠠᠳᠠᠨ᠎ᠠ ᠬᠡᠭᠦ︔ ᠭᠠᠯ ᠳᠤ ᠰᠦ᠂ ᠤᠰᠤ ᠵᠡᠷᠭᠡ ᠰᠢᠩᠭᠡᠨ ᠶᠠᠭᠤᠮ᠎ᠠ ᠴᠢᠳᠬᠤᠪᠠᠯ ᠭᠠᠯ ᠭᠤᠯᠤᠮᠳᠠ ᠬᠠᠷᠠᠯᠠᠨ᠎ᠠ ᠬᠡᠭᠦ᠃ ᠬᠤᠪᠤᠡᠭ ᠤᠨ ᠭᠠᠯ ᠬᠦᠷᠦᠩᠭᠡ ᠦᠭᠡᠢ ᠪᠤᠯᠳᠠᠯ᠎ᠠ ᠤᠨᠳᠠᠷᠠᠪᠠᠯ ᠭᠠᠯ ᠭᠤᠯᠤᠮᠳᠠ ᠬᠠᠷᠠᠯᠠᠨ᠎ᠠ ᠬᠡᠭᠦ︔ ᠬᠤᠪᠤᠡᠭ ᠤᠨ ᠭᠠᠯ ᠢ ᠭᠠᠳᠠᠨᠠᠬᠢ ᠬᠦᠮᠤᠨ ᠬᠦᠨᠳᠡᠪᠠᠯ ᠲᠤᠰ ᠠᠶᠢᠯ ᠤᠨ ᠭᠠᠯ ᠭᠤᠯᠤᠮᠳᠠ ᠳᠤ ᠬᠠᠯᠳᠠᠬᠰᠠᠨ ᠬᠡᠭᠦ︔ ᠬᠤᠪᠤᠡᠭ ᠤᠨ ᠭᠠᠯ ᠤᠨ ᠤᠷᠤᠢ ᠲᠡᠭᠡᠷ᠎ᠠ ᠠᠴᠠ ᠬᠦᠨᠳᠠᠪᠠᠯ ᠠᠮᠢᠳᠤᠷᠠᠯ ᠤᠷᠤᠭᠤᠳᠠᠨ᠎ᠠ ᠬᠡᠭᠦ︔ ᠬᠤᠪᠤᠡᠭ ᠤᠨ ᠭᠠᠯ ᠳᠤ ᠲᠠᠪᠤᠰᠤ ᠤᠷᠤᠭᠤᠯᠪᠠᠯ ᠭᠠᠯ ᠤᠨ ᠪᠤᠷᠬᠠᠨ ᠤ ᠨᠢᠳᠤ ᠰᠤᠬᠤᠷᠠᠨ᠎ᠠ ᠬᠡᠭᠦ᠃ ᠦᠨᠡᠰᠤ ᠶᠢ ᠬᠠᠮᠢᠶ᠎ᠠ ᠨᠠᠮᠢᠶ᠎ᠠ ᠦᠭᠡᠢ ᠬᠠᠶᠠᠳᠠᠭ ᠦᠭᠡᠢ︔ ᠦᠨᠡᠰᠤ ᠬᠤᠭ ᠬᠤᠶᠠᠷ ᠢ ᠨᠠᠶᠢᠯᠡᠭᠦᠯᠳᠡᠭ ᠦᠭᠡᠢ︔ ᠦᠨᠡᠰᠤ ᠶᠢ ᠪᠤᠳᠠᠷᠭᠠᠳᠠᠭ ᠦᠭᠡᠢ᠃ ᠭᠠᠯ ᠲᠠᠬᠢᠯᠭ᠎ᠠ ᠶᠢᠨ ᠴᠡᠭᠡᠷ᠄ ᠨᠠᠭᠠᠴᠤ ᠶᠢᠨ ᠭᠠᠯ ᠲᠠᠬᠢᠯᠭ᠎ᠠ ᠳᠤ ᠵᠢᠭᠡ ᠤᠷᠤᠯᠴᠠᠬᠤ ᠶᠢ ᠴᠡᠭᠡᠷᠯᠡᠭᠦ᠂ ᠵᠢᠭᠡ ᠬᠡᠤᠭᠡᠳ ᠠᠴᠠ ᠲᠡᠭᠷᠢ ᠠᠶᠤᠨ᠎ᠠ ᠬᠡᠳᠡᠭ᠃ ᠬᠦᠭᠵᠢᠵᠤ ᠪᠠᠶᠢᠭ᠎ᠠ ᠭᠠᠯ ᠳᠤ ᠲᠤᠰᠤᠭᠠᠯ ᠲᠤᠰᠤᠭᠠᠬᠤ ᠳᠠᠭᠠᠨ ᠵᠢᠷᠮᠤᠰᠤᠨ ᠡᠮᠡᠭᠳᠡᠢ ᠬᠠᠵᠠᠭᠤ ᠳᠤ ᠪᠠᠶᠢᠬᠤ ᠶᠢ ᠴᠡᠭᠡᠷᠯᠡᠨ᠎ᠠ᠃ ᠭᠠᠯ ᠲᠠᠬᠢᠯᠭ᠎ᠠ ᠶᠢᠨ ᠡᠪᠴᠢᠭᠦᠨ ᠤ ᠬᠤᠷᠤᠭᠤ ᠶᠤᠰᠤ ᠶᠢ ᠮᠤᠯᠳᠤᠯᠬᠤ ᠶᠢ ᠴᠡᠭᠡᠷᠯᠡᠭᠦ᠂ ᠪᠦᠳᠦᠨ ᠪᠢᠰᠢ ᠪᠤᠯᠤᠨ᠎ᠠ ᠬᠡᠭᠦ᠃ ᠭᠠᠯ ᠲᠠᠬᠢᠬᠤ᠂ ᠢᠳᠡᠭᠡᠨ ᠡᠷᠭᠦᠭᠦ ᠳᠡᠭᠡᠨ ᠤᠯᠠᠭᠠᠨ ᠦᠡᠭᠭᠡ ᠶᠢᠨ ᠰᠠᠪᠬ᠎ᠠ ᠬᠡᠷᠡᠭᠯᠡᠭᠦ ᠶᠢ ᠴᠡᠭᠡᠷᠯᠡᠭᠦ᠂ ᠦᠡᠭᠭᠡ ᠬᠠᠷᠰᠢᠯᠳᠤᠨ᠎ᠠ ᠬᠡᠭᠦ᠃ ᠭᠠᠯ ᠲᠠᠬᠢᠬᠤ ᠦᠶ᠎ᠠ ᠳᠤ ᠭᠠᠯ ᠤᠨ ᠬᠠᠶᠢᠴᠢ ᠶᠢ ᠢᠯᠠ ᠲᠠᠯᠪᠢᠬᠤ ᠦᠭᠡᠢ ᠡᠷᠭᠡᠪᠰᠢ ᠨᠢᠭᠤᠵᠤ ᠲᠠᠯᠪᠢᠳᠠᠭ᠂ ᠭᠠᠯ ᠤᠨ ᠪᠤᠷᠬᠠᠨ ᠰᠤᠴᠢᠨ᠎ᠠ ᠬᠡᠭᠦ᠃ ᠭᠠᠯ ᠲᠠᠬᠢᠬᠰᠠᠨ ᠤ ᠲᠠᠷᠠᠭᠠᠬᠢ ᠭᠤᠷᠪᠠᠨ ᠡᠳᠤᠷ ᠢ ︽ᠭᠠᠯ ᠤᠨ ᠴᠡᠭᠡᠷ ᠡᠳᠤᠷ︾ ᠬᠡᠨ᠎ᠠ᠂ ᠶᠠᠮᠠᠷᠪᠠ ᠶᠠᠭᠤᠮ᠎ᠠ ᠶᠢ ᠪᠤᠰᠤᠳ ᠲᠤ ᠦᠭᠭᠦ ᠪᠤᠶᠤ ᠭᠡᠷ ᠲᠡᠷᠭᠡ᠂ ᠬᠦᠷᠢᠶ᠎ᠠ ᠬᠠᠰᠢᠶᠠᠨ ᠤ ᠬᠤᠭ ᠯᠠᠢ ᠪᠠᠨ ᠴᠤ ᠭᠠᠳᠠᠬᠰᠢ ᠭᠠᠷᠭᠠᠳᠠᠭ ᠦᠭᠡᠢ ᠂ ᠭᠠᠯ ᠤᠨ ᠬᠡᠰᠢᠭ ᠵᠠᠶᠢᠯᠠᠨ᠎ᠠ ᠬᠡᠭᠦ᠃ ᠤᠨᠴᠠᠭᠠᠢ ᠤᠴᠢᠷ ᠢᠶᠠᠷ ᠪᠤᠰᠤᠳ ᠲᠤ ᠶᠠᠭᠤᠮ᠎ᠠ ᠦᠭᠭᠦ ᠴᠢᠬᠤᠯᠠᠳᠠᠢ ᠪᠤᠯ ᠭᠠᠳᠠᠨᠠᠬᠢ ᠰᠡᠪᠡ ᠳᠤ ᠰᠡᠮᠡᠭᠡᠷ ᠬᠢᠵᠤ ᠲᠠᠯᠪᠢᠬᠤ ᠳᠤ ᠠᠪᠠᠴᠢᠬᠤ ᠬᠦᠮᠤᠨ ᠨᠢ ᠦᠭᠡ ᠲᠠᠭᠤ ᠦᠭᠡᠢ ᠠᠪᠴᠤ ᠶᠠᠪᠤᠳᠠᠭ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号