ᠡᠷᠳᠡᠨ ᠤ ᠯᠸᠥ ᠯᠠᠨ ᠤ ᠪᠠᠭᠤᠷᠢ ᠤᠣᠬᠠᠨ ᠬ᠊
ᠨᠡᠶᠢᠲᠡᠯᠡᠭᠰᠡᠨ ᠴᠠᠭ᠄
2020/10/19
ᠡᠷᠳᠡᠨ ᠤ ᠯᠸᠥ ᠯᠠᠨ ᠤ ᠪᠠᠭᠤᠷᠢ᠂ ᠣᠳᠣᠬᠢ ᠰᠢᠨᠵᠢᠶᠠᠩ ᠤᠨ ᠪᠠᠶᠠᠨᠭᠤᠣᠯ ᠮᠣᠩᠭᠤᠯ ᠦᠨᠳᠦᠰᠦᠳᠡᠨ ᠤ ᠦᠪᠡᠷᠳᠡᠭᠡᠨ ᠵᠠᠰᠠᠬᠤ ᠵᠸᠥ ᠶᠢᠨ ᠷᠦᠸᠧ ᠴᠢᠶᠠᠩ ᠰᠢᠶᠠᠨ ᠤ ᠣᠮᠠᠷ᠎ᠠ᠂ ᠯᠣᠪ ᠨᠠᠭᠤᠷ ᠤᠨ ᠪᠠᠷᠠᠭᠤᠨ ᠬᠤᠶᠢᠨ᠎ᠠ ᠦᠨᠴᠦᠭ ᠲᠤ ᠪᠠᠶᠢᠭ᠎ᠠ ᠶᠣᠮ᠃ ᠯᠸᠥ ᠯᠠᠨ ᠪᠣᠯ ︽ᠰᠣᠳᠣᠷ ᠲᠡᠮᠳᠡᠭᠯᠡᠯ︾᠎ ᠠᠴᠠ ᠡᠬᠢᠯᠡᠨ ᠲᠡᠣᠬᠡᠨ ᠨᠣᠮ ᠳᠤ ᠬᠠᠷᠠᠭᠳᠠᠭᠰᠠᠨ ᠰᠢᠨᠵᠢᠶᠠᠩ ᠳᠠᠬᠢ ᠡᠷᠳᠡᠨ ᠤ ᠰᠣᠶᠣᠯ ᠪᠣᠯᠪᠠᠰᠣᠨ ᠲᠤ ᠣᠯᠣᠰ ᠤᠨ ᠨᠢᠭᠡ ᠨᠢ ᠪᠣᠯᠣᠨ᠎ᠠ᠃ ᠲᠡᠭᠡᠳᠦ ᠵᠠᠭᠤᠨ ᠤ ᠡᠬᠢᠨ ᠢᠶᠠᠷ ᠰᠸᠧᠳᠧᠨ ᠤ ᠪᠠᠷᠳᠠᠭ᠎ᠠ ᠰᠢᠨᠵᠢᠯᠡᠭᠴᠢ᠂ ᠬᠠᠭᠤᠴᠢ ᠰᠣᠳᠣᠯᠣᠭᠴᠢ ᠰᠸᠧᠨ · ᠾᠧᠳᠢᠨ ︵Sven Hedin︶ ᠭᠡᠳᠡᠭ ᠬᠦᠮᠦᠨ ᠰᠢᠨᠵᠢᠶᠠᠩ ᠳᠤ ᠪᠠᠷᠳᠠᠭ᠎ᠠ ᠬᠠᠶᠢᠵᠣ ᠪᠠᠶᠢᠭᠠᠳ ᠲᠣᠰ ᠪᠠᠭᠤᠷᠢ ᠶᠢ ᠢᠯᠡᠷᠡᠬᠦᠯᠵᠦ᠂ ᠮᠠᠰᠢ ᠣᠯᠠᠨ ᠬᠠᠭᠤᠴᠢ ᠦᠯᠡᠳᠡᠭᠳᠡᠯ ᠣᠯᠵᠣ᠂ ᠬᠤᠯᠣᠰᠣ ᠮᠣᠳᠣᠨ ᠳᠤ ᠪᠢᠴᠢᠭᠰᠡᠨ ᠡᠯᠳᠡᠪ ᠵᠦᠢᠯ ᠤᠨ ᠪᠢᠴᠢᠭ ᠎ ᠠᠴᠠ Kroraina ︵ᠺᠷᠦᠷᠠᠶᠢᠨᠠ︶ ᠭᠡᠳᠡᠭ ᠦᠰᠦᠭ ᠪᠠᠶᠢᠬᠤ ᠶᠢ ᠣᠯᠵᠣ ᠮᠡᠳᠡᠭᠡᠳ᠂ ᠡᠨᠡᠬᠦ ᠪᠠᠭᠤᠷᠢ ᠪᠣᠯ ᠲᠠᠷᠣᠢ ᠣᠷᠴᠢᠨ ᠦᠶ᠎ᠡ ᠳᠤ ᠬᠡᠯᠡᠳᠡᠭ Kroran ︵ᠺᠷᠦᠷᠠᠨ︶ ᠲᠠᠷᠣᠢ ᠡᠷᠳ᠋ᠨ ᠦᠶ᠎ᠡ ᠶᠢᠨ ᠺᠷᠦᠷᠠᠶᠢᠨᠠ᠂ ᠬᠢᠳᠠᠳ ᠲᠡᠣᠬᠡᠨ ᠳᠤ ᠪᠢᠴᠢᠭᠳᠡᠭᠰᠡᠨ ᠯᠸᠥ ᠯᠠᠨ ᠤ ᠪᠠᠭᠤᠷᠢ ᠪᠣᠯᠣᠨ᠎ᠠ ᠭᠡᠵᠦ ᠮᠠᠭᠠᠳᠯᠠᠨ ᠲᠣᠳᠣᠯᠠᠵᠠᠢ᠃ ᠭᠡᠪᠡᠴᠦ ᠰᠢᠥᠢ ᠭᠤᠸᠠᠩ ᠤᠨ ᠬᠡᠯᠡᠭᠰᠡᠨ ᠯᠸᠥ ᠯᠠᠨ ᠢ ᠪᠠᠰᠠ ᠯᠸᠥ ᠬᠤᠸᠠᠩ ᠬᠡᠮᠡᠮᠣᠢ ᠭᠡᠳᠡᠭ ᠤᠨ ᠯᠸᠥ ᠬᠤᠸᠠᠩ ᠭᠡᠰᠡᠨ ᠦᠭᠡ ᠶᠢ ᠬᠠᠶᠢᠵᠣ ᠣᠯᠣᠭᠰᠠᠨ ᠦᠭᠡᠢ᠃ ᠭᠤᠣᠯ ᠲᠠᠶᠢᠯᠪᠣᠷᠢ ᠳᠤ ᠬᠡᠯᠡᠭᠰᠡᠨ ᠯᠸᠥ ᠯᠠᠨ ᠪᠣᠯ ᠴᠠᠩ ᠠᠨ ᠠᠴᠠ ᠮᠢᠩᠭ᠎ᠠ ᠵᠢᠷᠭᠤᠭᠠᠨ ᠭᠠᠵᠠᠷ ᠭᠡᠰᠡᠨ ᠠᠴᠠ ᠦᠵᠡᠬᠦᠯ᠎ᠡ ᠡᠨᠡᠬᠦ ᠲᠤᠭ᠎ᠠ ᠪᠣᠷᠣᠭᠤ ᠦᠭᠡᠢ ᠪᠣᠯ ᠬᠠᠨ ᠣᠯᠣᠰ ᠤᠨ ᠦᠶ᠎ᠡ ᠶᠢᠨ ᠭᠠᠵᠠᠷ ᠤᠨ ᠵᠠᠢ ᠪᠠ ᠴᠢᠨ ᠣᠯᠣᠰ ᠤᠨ ᠬᠢ ᠠᠴᠠ ᠶᠡᠭᠡ ᠪᠠᠶᠢᠭ᠎ᠠ ᠨᠢ ᠲᠣᠲᠣᠷᠬᠠᠢ ᠪᠠᠶᠢᠨ᠎ᠠ᠃ ᠡᠳᠦᠬᠡ ᠶᠢᠨ ᠰᠢ ᠠᠨ ᠠᠴᠠ ᠷᠦᠸᠧ ᠴᠢᠶᠠᠩ ᠳᠤ ᠬᠦᠷᠳᠡᠯ᠎ᠡ ᠠᠰ ᠵᠠᠢ ᠨᠢ ᠪᠠᠷᠤᠭ ᠨᠢᠭᠡ ᠮᠢᠩᠭ᠎ᠠ ᠶᠢᠰᠦᠨ ᠵᠠᠭᠤᠨ ᠺᠢᠯᠣᠮᠧᠲᠷ ᠣᠷᠴᠢᠮ ᠪᠣᠢ᠃ ᠡᠭᠦᠨ ᠢᠶᠠᠷ ᠦᠵᠡᠬᠦᠯ᠎ᠡ ᠭᠤᠣᠯ ᠲᠠᠶᠢᠯᠪᠣᠷᠢ ᠳᠤ ᠪᠣᠷᠣᠭᠤ ᠬᠡᠯᠡᠭᠰᠡᠨ ᠪᠣᠶᠣ ᠬᠤᠵᠢᠮ ᠤᠨ ᠬᠦᠮᠦᠰ ᠪᠣᠷᠣᠭᠤ ᠡᠰᠢᠯᠡᠭᠰᠡᠨ ᠴᠦ ᠮᠠᠭᠠᠳ ᠦᠭᠡᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号