| | ᠠᠨᠲ᠋ᠣᠨᠢ · ᠯᠸᠧᠸ᠋ᠨᠬᠤᠺ ︵列文虎克᠂ Antoni van Leeuwenhoek︶ 1632 ᠣᠨ | ᠤ 10 ᠰᠠᠷ᠎ᠠ ᠶᠢᠨ 24-1723 ᠣᠨ ᠤ 8 ᠰᠠᠷ᠎ᠠ ᠶᠢᠨ 26 ᠪᠣᠯᠳᠠᠯ᠎ᠠ ᠠᠮᠢᠳᠣᠷᠠᠵᠣ ᠪᠠᠶᠢᠵᠠᠢ᠃ ᠲᠡᠭᠦᠨ ᠤ | ᠨᠡᠷ᠎ᠡ ᠶᠢ ᠪᠠᠰᠠ Thonius Philips van Leeuwenhoek ᠭᠡᠳᠡᠭ ᠶᠣᠮ᠃ ᠲᠡᠷᠡ ᠪᠣᠯ ᠬᠤᠯᠠᠨᠳ᠋ | ᠶᠢᠨ ᠠᠷᠠᠯᠵᠢᠶᠠᠴᠢᠨ ᠪᠦᠭᠡᠳ ᠰᠢᠨᠵᠢᠯᠡᠬᠦ ᠣᠬᠠᠭᠠᠨᠳᠠᠨ ᠮᠦᠨ᠃ ᠲᠡᠭᠦᠨ ᠢ ᠬᠦᠮᠦᠰ ᠮᠢᠺᠷᠣᠪ ᠰᠣᠳᠣᠯᠣᠯ ᠤᠨ | ᠡᠪᠦᠭᠡ ᠭᠡᠵᠦ ᠲᠠᠭᠤᠳᠠᠳᠠᠭ᠃ ᠲᠡᠭᠦᠨ ᠤ ᠬᠠᠮᠤᠭ ᠶᠡᠭᠡ ᠠᠮᠵᠢᠯᠳᠠ ᠭᠡᠪᠡᠯ ᠲᠣᠮᠣᠷᠠᠭᠤᠯᠬᠤ ᠰᠢᠯ ᠢ ᠵᠠᠰᠠᠨ | ᠰᠠᠶᠢᠵᠢᠷᠠᠭᠤᠯᠵᠣ᠂ ᠮᠢᠺᠷᠣᠪ ᠰᠣᠳᠣᠯᠣᠯ ᠢ ᠡᠭᠦᠳᠦᠭᠰᠡᠨ ᠬᠡᠷᠡᠭ ᠪᠣᠯᠬᠤ ᠶᠣᠮ᠃ ᠡᠶᠢᠮᠦ ᠠᠴᠠ ᠣᠳᠣ ᠦᠶ᠎ᠡ ᠶᠢᠨ | ᠬᠦᠮᠦᠰ ᠴᠣ᠋ ᠲᠡᠭᠦᠨ ᠳᠤ ᠮᠠᠰᠢ ᠬᠦᠷᠢᠶᠡᠯᠡᠯ ᠲᠠᠢ᠂ ᠵᠢᠱᠢᠶᠡᠯᠡᠪᠡᠯ 2004 ᠣᠨ ᠤ ᠪᠢᠯᠧᠲ ᠦᠭᠴᠦ ᠰᠣᠩᠭᠤᠬᠤ | ᠠᠷᠭ᠎ᠠ ᠪᠠᠷ ᠲᠣᠲᠣᠷᠠᠭᠤᠯᠣᠭᠰᠠᠨ ᠬᠤᠯᠠᠨᠳ᠋ ᠶᠢᠨ ᠠᠭᠤᠤ ᠶᠡᠭᠡ ᠬᠦᠮᠦᠰ ᠳᠣᠮᠳᠠ ᠲᠡᠭᠦᠨ ᠤ ᠪᠢᠯᠧᠲ ᠨᠢ | ᠲᠦᠷᠪᠡᠳᠦᠭᠡᠷ ᠲᠤ ᠣᠷᠣᠵᠣ᠂ ᠬᠤᠯᠠᠨᠳ᠋ ᠶᠢᠨ ᠠᠭᠤᠤ ᠶᠡᠭᠡ ᠬᠦᠨ ᠣᠬᠠᠭᠠᠨᠳᠠᠨ᠂ ᠬᠦᠮᠦᠯᠢᠭ ᠦᠵᠡᠯᠳᠡᠨ ᠤ ᠡᠪᠦᠭᠡ | ᠭᠡᠭᠳᠡᠭᠰᠡᠨ ᠳ᠋ᠧᠰᠢᠳᠧᠷᠢᠦ᠋ᠰ · ᠢᠷᠠᠰᠮᠦᠰ ᠤᠨ ᠡᠮᠦᠨ᠎ᠡ ᠵᠢᠬᠰᠠᠭᠠᠭᠳᠠᠭᠰᠠᠨ ᠪᠢᠯᠡ᠃ | ᠲᠡᠷᠡ ᠭᠠᠷ ᠢᠶᠠᠷ ᠵᠣᠬᠢᠶᠠᠭᠰᠠᠨ ᠲᠣᠮᠣᠷᠠᠭᠤᠯᠬᠤ ᠰᠢᠯ ᠢᠶᠠᠷ ᠬᠠᠮᠤᠭ ᠠᠩᠬ᠎ᠠ ᠳ᠋ᠠᠩ ᠡᠰ ᠲᠤ ᠠᠮᠢᠳᠣ ᠪᠣᠳᠠᠰ ᠢ | ᠠᠵᠢᠭᠯᠠᠨ ᠲᠠᠶᠢᠯᠪᠣᠷᠢᠯᠠᠭᠰᠠᠨ ᠬᠦᠮᠦᠨ ᠪᠦᠭᠡᠳ ᠡᠳᠡᠭᠡᠷ ᠠᠮᠢᠳᠣ ᠪᠣᠳᠠᠰ ᠢᠶᠠᠨ animalcules ᠭᠡᠵᠦ | ᠨᠡᠷᠡᠶᠢᠳᠴᠡᠢ᠃ ᠲᠡᠷᠡ ᠡᠬᠦᠨ ᠠᠴᠠ ᠭᠠᠳᠠᠨ᠎ᠠ ᠪᠠᠰᠠ ᠪᠣᠯᠴᠢᠩ ᠤᠨ ᠡᠰ᠂ ᠪᠠᠺᠲ᠋ᠧᠷᠢ᠂ ᠦᠷ᠎ᠡ ᠶᠢᠨ ᠡᠰ᠂ | ᠬᠢᠯᠭᠠᠰᠣᠨ ᠰᠣᠳᠠᠯ ᠲᠣᠲᠣᠷ᠎ᠠ ᠣᠷᠣᠰᠴᠣ ᠪᠠᠶᠢᠭ᠎ᠠ ᠴᠢᠰᠣᠨ ᠤ ᠣᠷᠣᠰᠬᠠᠯ ᠵᠡᠷᠬᠡ ᠶᠢ ᠠᠵᠢᠭᠯᠠᠨ ᠬᠠᠷᠠᠵᠣ | ᠲᠠᠶᠢᠯᠪᠣᠷᠢᠯᠠᠭᠰᠠᠨ ᠰᠢᠨᠵᠢᠯᠡᠬᠦ ᠣᠬᠠᠭᠠᠨᠳᠠᠨ ᠶᠣᠮ᠃ | ᠲᠡᠷᠡ ᠨᠢᠭᠡᠨ ᠨᠠᠰᠣᠨ ᠳᠠᠭᠠᠨ ᠲᠠᠪᠣᠨ ᠵᠠᠭᠤ ᠠᠴᠠ ᠲᠡᠭᠡᠭᠰᠢ ᠰᠢᠯ ᠬᠠᠪᠳᠠᠰᠣ ᠶᠢ ᠦᠷᠦᠵᠦ᠂ ᠲᠦᠷᠪᠡᠨ ᠵᠠᠭᠤ | ᠠᠴᠠ ᠲᠡᠭᠡᠭᠰᠢ ᠲᠣᠮᠣᠷᠠᠭᠤᠯᠬᠤ ᠰᠢᠯ ᠵᠣᠬᠢᠶᠠᠭᠰᠠᠨ ᠬᠦᠮᠦᠨ ᠶᠣᠮ᠃ ᠣᠳᠣ ᠪᠣᠯᠳᠠᠯ᠎ᠠ ᠲᠡᠭᠦᠨ ᠤ ᠲᠣᠲᠣᠷ᠎ᠠ ᠶᠢᠰᠦᠨ | ᠵᠦᠢᠯ ᠤᠨ ᠲᠣᠮᠣᠷᠠᠭᠤᠯᠬᠤ ᠰᠢᠯ ᠨᠢ ᠬᠦᠮᠦᠰ ᠲᠤ ᠬᠡᠷᠡᠭᠯᠡᠭᠳᠡᠭᠰᠡᠭᠡᠷ ᠪᠣᠢ᠃ | ᠯᠸᠧᠸ᠋ᠨᠬᠤᠺ ᠨᠠᠰᠣ ᠪᠠᠷᠠᠭᠰᠠᠨ ᠤ ᠲᠠᠷᠠᠭ᠎ᠠ ᠲᠡᠭᠦᠨ ᠤ ᠰᠣᠳᠣᠯᠣᠯᠭᠠᠨ ᠤ ᠦᠢᠯᠡᠰ ᠢ ᠵᠠᠯᠭᠠᠮᠵᠢᠯᠠᠬᠤ ᠬᠦᠮᠦᠨ ᠦᠭᠡᠢ | ᠪᠣᠯᠣᠭᠠᠳ᠂ ᠮᠢᠺᠷᠣᠪ ᠰᠣᠳᠣᠯᠣᠯ ᠬᠠᠷᠠᠩᠭᠤᠢ ᠦᠶ᠎ᠡ ᠳᠤ ᠣᠷᠣᠵᠠᠢ᠃ ᠲᠡᠭᠦᠨ ᠤ ᠰᠢᠯᠳᠠᠭᠠᠨ ᠨᠢ ᠭᠤᠣᠯᠳᠠᠭᠤ | ᠮᠢᠺᠷᠣᠪ ᠤᠨ ᠲᠣᠬᠠᠢ ᠰᠣᠷᠣᠯᠴᠠᠬᠤ ᠮᠡᠷᠭᠡᠵᠢᠯ ᠲᠡᠯᠭᠡᠷᠡᠭᠡᠳᠦᠢ ᠪᠠᠶᠢᠭᠰᠠᠨ ᠪᠠ ᠬᠦᠮᠦᠰ ᠮᠢᠺᠷᠣᠪ ᠠᠮᠢᠳᠠᠨ ᠢ ᠵᠦᠪᠬᠡᠨ | ᠨᠢᠭᠡᠨ ᠰᠣᠨᠢᠷᠬᠠᠯ ᠲᠡᠳᠦᠢ ᠪᠣᠯᠬᠤ ᠠᠴᠠ ᠪᠢᠰᠢ᠂ ᠨᠡᠶᠢᠭᠡᠮ ᠨᠡᠶᠢᠳᠡ ᠳᠤ ᠢᠳᠡᠪᠬᠢᠳᠡᠢ ᠨᠦᠯᠦᠭᠡ ᠪᠣᠯᠬᠤ ᠦᠭᠡᠢ | ᠶᠠᠯᠢᠮ ᠦᠭᠡᠢ ᠬᠡᠷᠡᠭ ᠭᠡᠵᠦ ᠦᠵᠡᠭᠰᠡᠨ ᠠᠴᠠ ᠪᠣᠯᠵᠠᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |