ᠲᠡᠭᠷᠢ ᠲᠤᠤᠭᠠᠷᠴᠤ ᠠᠶᠤᠩᠭ᠎ᠠ ᠪᠠᠭᠤᠬᠤ ᠲᠠᠢ ᠬᠤᠯᠪᠤᠭᠳᠠᠭᠰᠠᠨ ᠵᠠᠩ ᠦᠢᠯᠡᠪᠠ᠊ · ᠤᠷ᠊
ᠨᠡᠶᠢᠲᠡᠯᠡᠭᠰᠡᠨ ᠴᠠᠭ᠄
2020/10/19
ᠮᠤᠩᠭᠤᠯᠴᠤᠳ ᠡᠷᠳᠡᠨ ᠠᠴᠠ ᠪᠠᠨ ᠠᠪᠤᠭᠠᠳ ᠲᠡᠭᠷᠢ ᠶᠢ ᠬᠢᠵᠠᠭᠠᠷᠯᠠᠰᠢ ᠦᠭᠡᠢ ᠷᠢᠳᠢ ᠰᠢᠳᠢ ᠲᠠᠢ ᠭᠡᠮᠡᠨ ᠪᠢᠰᠢᠷᠡᠵᠦ᠂ ︽ᠡᠴᠢᠭᠡ ᠲᠡᠭᠷᠢ︾᠂ ︽ᠪᠤᠷᠬᠠᠨ ᠲᠡᠭᠷᠢ︾᠂ ︽ᠲᠦᠮᠡᠨ ᠨᠢᠳᠦᠳᠡᠢ ᠲᠡᠭᠷᠢ ᠠᠪᠤ︾ ᠭᠡᠮᠡᠨ ᠬᠦᠨᠳᠦᠳᠭᠡᠨ ᠲᠠᠭᠤᠳᠠᠵᠦ᠂ ᠠᠯᠢᠪᠠ ᠦᠢᠯᠡ ᠶᠠᠪᠤᠳᠠᠯ ᠤᠨ ᠦᠷ᠎ᠡ ᠳ᠋ᠦᠩ ᠢ ᠲᠡᠭᠷᠢ ᠶᠢᠨ ᠰᠠᠨᠠᠭ᠎ᠠ ᠪᠠᠷ ᠪᠤᠯᠤᠯ᠎ᠠ ᠭᠡᠵᠦ ᠦᠵᠡᠳᠡᠭ᠃ ᠲᠡᠭᠷᠢ ᠲᠤᠭᠰᠢᠷᠠᠨ ᠬᠦᠴᠦᠲᠡᠢ ᠲᠤᠤᠭᠠᠷᠬᠤ ᠶᠢ ︽ᠲᠡᠭᠷᠢ ᠠᠪᠤ ᠠᠭᠤᠷᠯᠠᠨ ᠬᠢᠯᠢᠩᠨᠡᠵᠦ ᠪᠠᠶᠢᠨ᠎ᠠ︾ ᠭᠡᠵᠦ ᠠᠶᠤᠵᠦ ᠡᠮᠢᠶᠡᠨ ᠦᠷᠦᠰᠢᠶᠡᠯ ᠡᠨᠡᠷᠢᠯ ᠭᠤᠶᠤᠵᠦ ᠲᠠᠭᠠᠳᠬᠠᠨ ᠵᠠᠯᠪᠠᠷᠢᠳᠠᠭ ᠢᠶᠠᠷ ᠦᠯᠦ ᠪᠠᠷᠠᠮ ᠡᠷᠬᠦᠯ ᠰᠠᠴᠤᠯᠢ ᠴᠤ ᠡᠷᠬᠦᠳᠡᠭ ᠪᠠᠶᠢᠪᠠ᠃ ᠠᠷᠠᠳ ᠤᠨ ᠲᠤᠮᠳᠠ ︽ᠲᠡᠭᠷᠢ ᠲᠤᠤᠭᠠᠷᠪᠠᠯ ᠬᠤᠪᠢᠯᠵᠠ ᠦᠬᠦᠨ᠎ᠡ︾᠂ ︽ᠲᠡᠭᠷᠢ ᠲᠤᠤᠭᠠᠷᠬᠤ ᠦᠭᠡᠢ ᠪᠤᠯ ᠬᠠᠯᠠᠭᠠᠢ ᠢᠳᠡᠵᠦ ᠪᠤᠯᠬᠤ ᠦᠭᠡᠢ︾ ᠬᠡᠬᠦ ᠮᠡᠳᠦ ᠶᠢᠨ ᠠᠮᠢᠳᠤᠷᠠᠯ ᠤᠨ ᠮᠡᠳᠡᠯᠭᠡ ᠪᠤᠯᠤᠭᠰᠠᠨ ᠦᠬᠡ ᠨᠦᠭᠦᠳ ᠪᠠᠶᠢᠳᠠᠭ ᠮᠦᠷᠳᠡᠭᠡᠨ ᠬᠤᠷᠴᠢᠨ ᠳᠤ ᠲᠡᠭᠷᠢ ᠲᠤᠤᠭᠠᠷᠬᠤ ᠦᠶ᠎ᠡ ᠳᠤ ︽ᠬᠤᠷᠤᠬᠠᠢ ᠰᠢᠪᠠᠵᠢ ᠶᠢ ᠠᠷᠢᠯᠭᠠᠵᠦ ᠪᠠᠶᠢᠨ᠎ᠠ︾ ᠭᠡᠵᠦ ᠬᠠᠨᠵᠤᠨ ᠤ ᠪᠠᠨ ᠰᠢᠷᠤᠢ ᠶᠢ ᠱᠦᠬᠦᠷᠳᠡᠵᠦ᠂ ᠭᠡᠷ ᠡᠷᠦᠬᠡ ᠪᠠᠨ ᠴᠡᠪᠡᠷᠯᠡᠨ ᠠᠷᠢᠭᠤᠳᠬᠠᠳᠠᠭ ᠵᠠᠩᠰᠢᠯ ᠤᠳᠤ ᠪᠤᠯᠳᠠᠯ᠎ᠠ ᠤᠯᠠᠮᠵᠢᠯᠠᠭᠳᠠᠵᠦ ᠪᠠᠶᠢᠭᠰᠠᠭᠠᠷ᠃ ᠦᠵᠦᠮᠦᠴᠢᠨ ᠳᠤ ᠲᠡᠭᠷᠢ ᠬᠦᠴᠦᠳᠡᠢ ᠲᠤᠤᠭᠠᠷᠬᠤ ᠦᠶ᠎ᠡ ᠳᠤ ᠭᠡᠷ ᠤᠨ ᠡᠵᠡᠨ ᠬᠦᠮᠦᠨ ︽ᠬᠦ᠋᠂ ᠬᠦ᠋︾ ᠭᠡᠵᠦ ᠲᠡᠭᠡᠷ᠎ᠡ ᠲᠠᠭᠤ ᠪᠠᠷ ᠪᠠᠷᠬᠢᠷᠠᠳᠠᠭ᠃ ᠢᠩᠬᠢᠪᠡᠯ ︽ᠲᠡᠭᠷᠢ ᠶᠢᠨ ᠲᠠᠭᠤ ᠬᠤᠯᠠᠳᠠᠨ᠎ᠠ︾ ᠭᠡᠳᠡᠭ᠃ ᠴᠠᠭᠠᠨ ᠬᠤᠪᠴᠠᠰᠤ ᠡᠮᠤᠰᠴᠦ ᠪᠠᠶᠢᠭᠰᠠᠨ ᠬᠦᠮᠦᠨ ᠪᠤᠯ ᠪᠠᠷᠢᠨ ᠲᠤᠤᠷ᠎ᠠ ᠪᠠᠨ ᠲᠠᠶᠢᠯᠵᠦ᠂ ᠦᠭᠡᠷ᠎ᠡ ᠬᠠᠷ᠎ᠠ ᠪᠠᠷᠠᠭᠠᠨ ᠦᠩᠭᠡ ᠶᠢᠨ ᠬᠤᠪᠴᠠᠰᠦ ᠰᠤᠯᠢᠵᠦ᠂ ᠮᠤᠩᠭᠤᠯ ᠭᠡᠷ ᠤᠨ ᠪᠠᠭᠠᠨ᠎ᠠ᠂ ᠬᠤᠯᠠᠩ ᠵᠡᠷᠭᠡ ᠪᠠᠨ ᠪᠠᠭᠤᠯᠭᠠᠨ ᠬᠡᠪᠳᠡᠬᠦᠯᠵᠦ ᠲᠠᠯᠪᠢᠳᠠᠭ᠃ ᠶᠠᠮᠠᠷ ᠨᠢᠭᠡᠨ ᠬᠦᠮᠦᠨ ᠵᠠᠪᠠᠯ ᠭᠠᠳᠠᠨ᠎ᠠ ᠭᠠᠷᠬᠤ ᠴᠢᠬᠤᠯᠠᠳᠠᠢ ᠪᠤᠯ ᠮᠠᠯᠠᠭᠠᠢ ᠡᠮᠤᠰᠴᠤ᠂ ᠠᠯᠴᠢᠭᠤᠷ ᠤᠷᠢᠶᠠᠬᠤ ᠪᠤᠶᠤ ᠲᠤᠯᠤᠭᠠᠢ ᠲᠡᠭᠡᠷ᠎ᠡ ᠪᠠᠨ ᠶᠠᠭᠤᠮ᠎ᠠ ᠲᠠᠯᠪᠢᠵᠦ ᠭᠠᠷᠳᠠᠭ᠃ ᠲᠠᠭᠤᠤ ᠬᠢᠩᠰᠢᠬᠦ ᠪᠤᠶᠤ ᠭᠡᠤᠭᠡᠳ ᠢ ᠤᠬᠢᠯᠠᠭᠤᠯᠬᠤ᠂ ᠡᠬᠦᠳᠡᠨ ᠭᠤᠤᠯ ᠳᠤ ᠠᠰᠯᠠᠵᠦ ᠵᠤᠭᠰᠤᠬᠤ᠂ ᠲᠤᠭᠤᠭ᠎ᠠ ᠰᠢᠨᠠᠭ᠎ᠠ ᠤᠷᠤᠭᠤᠯᠵᠦ ᠭᠠᠷᠭᠠᠬᠤ ᠶᠢ ᠲᠠᠰᠤ ᠴᠡᠭᠡᠷᠯᠡᠳᠡᠭ᠃ ᠮᠤᠩᠭᠤᠯᠴᠤᠳ ᠲᠡᠭᠷᠢ ᠲᠤᠤᠭᠠᠷᠬᠤ ᠦᠶᠡᠰ ᠦᠷᠦᠰᠢᠶᠡᠯ ᠡᠨᠡᠷᠢᠯ ᠬᠠᠶᠢᠷᠠᠯᠠᠬᠤ ᠶᠢ ᠭᠤᠶᠤᠨ ᠲᠠᠭᠠᠳᠬᠠᠬᠤ ᠳᠠᠭᠠᠨ᠄ ᠲᠠᠭᠤᠳᠤ ᠲᠡᠭᠷᠢ ᠮᠢᠨᠦ ᠲᠤᠭᠳᠠᠭᠠᠵᠦ ᠬᠠᠶᠢᠷᠠᠯᠠ ᠲᠤᠳᠤᠭᠠᠳᠦ ᠦᠷᠬᠦᠭᠡ ᠶᠢ ᠮᠢᠨᠢ ᠦᠷᠦᠰᠢᠶᠡᠵᠦ ᠬᠠᠶᠢᠷᠠᠯᠠ ᠠᠶᠤᠩᠭᠠᠳᠦ ᠲᠡᠭᠷᠢ ᠮᠢᠨᠦ ᠠᠶᠠᠳᠠᠵᠦ ᠬᠠᠶᠢᠷᠠᠯᠠ ᠠᠳᠤᠭᠤ ᠮᠠᠯ ᠢ ᠮᠢᠨᠦ ᠠᠪᠤᠷᠠᠵᠦ ᠬᠠᠶᠢᠷᠠᠯᠠ ᠬᠢᠯᠪᠠᠭᠠᠳᠦ ᠲᠡᠭᠷᠢ ᠮᠢᠨᠦ ᠬᠡᠶᠢᠬᠦᠯᠵᠦ ᠬᠠᠶᠢᠷᠠᠯᠠ ᠬᠡᠷ ᠬᠤᠳᠠᠯᠠᠭᠠᠷ ᠢ ᠮᠢᠨᠦ ᠪᠤᠯᠭᠤᠭᠠᠵᠦ ᠬᠠᠶᠢᠷᠠᠯᠠ ᠭᠡᠵᠦ ᠰᠢᠪᠰᠢᠭᠡᠳ ᠭᠠᠳᠠᠭᠰᠢ ᠪᠠᠨ ᠰᠦ ᠶᠢᠨ ᠰᠠᠴᠤᠯᠢ ᠡᠷᠬᠦᠳᠡᠭ᠃ ᠭᠡᠷᠪᠡ ᠭᠡᠭᠡᠷ᠎ᠡ ᠭᠠᠳᠠᠨ᠎ᠠ ᠠᠳᠤᠭᠤ ᠮᠠᠯ ᠳᠤ ᠶᠠᠪᠤᠵᠦ ᠪᠠᠶᠢᠭᠰᠠᠨ ᠪᠤᠯ ᠦᠨᠳᠦᠷ ᠭᠠᠵᠠᠷ ᠬᠦᠳᠡᠯᠤᠯ ᠦᠭᠡᠢ ᠰᠠᠭᠤᠭᠠᠳ ᠠᠯᠠᠭ᠎ᠠ ᠪᠠᠨ ᠬᠠᠪᠰᠤᠷᠤᠨ ᠵᠠᠯᠪᠠᠷᠢᠵᠦ ᠲᠠᠭᠠᠳᠬᠠᠳᠠᠭ᠃ ᠪᠤᠷᠢᠶᠠᠳᠴᠤᠳ ᠲᠡᠭᠷᠢ ᠲᠤᠤᠭᠠᠷᠴᠤ ᠴᠠᠬᠢᠯᠭᠠᠨ ᠬᠢᠯᠪᠠᠵᠦ ᠪᠠᠶᠢᠬᠤ ᠦᠶ᠎ᠡ ᠳᠤ᠄ ᠦᠨᠳᠦᠷ ᠭᠡᠪᠡᠯ ᠠᠭᠤᠯᠠ ᠶᠢ ᠨᠢᠷᠭᠡᠭ ᠦᠨᠦᠴᠢᠨ ᠭᠡᠪᠡᠯ ᠨᠠᠮ᠎ᠠ ᠶᠢ ᠨᠢᠷᠭᠡᠭ ᠬᠠᠨ ᠴᠠᠭᠠᠨ ᠶᠠᠰᠤ ᠲᠠᠢ ᠪᠢᠯᠡ ᠬᠠᠷᠢᠶᠠᠳ ᠪᠤᠷᠢᠶᠠᠳ ᠤᠪᠤᠭ ᠲᠠᠢ ᠪᠢᠯᠡ ᠬᠠᠪᠠ ᠵᠢᠭᠠᠰᠤᠨ ᠮᠢᠬ᠎ᠠ ᠢᠳᠡᠭᠡ ᠦᠭᠡᠢ ᠪᠢᠯᠡ ᠬᠠᠢ ᠭᠡ᠂ ᠬᠠᠢ ᠬᠡ ᠬᠡᠬᠦ ᠪᠤᠶᠤ ᠦᠨᠢᠷ ᠭᠡᠪᠡᠯ ᠨᠠᠮ᠎ᠠ ᠶᠢ ᠨᠢᠷᠭᠡᠭ ᠦᠷᠭᠡᠨ ᠭᠡᠪᠡᠯ ᠲᠠᠯᠠᠢ ᠶᠢ ᠨᠢᠷᠭᠡᠭ ᠲᠡᠯᠢᠬᠦᠤ ᠢᠳᠡᠭᠰᠡᠨ ᠪᠤᠯ ᠲᠡᠯᠪᠡ ᠨᠢᠷᠭᠡᠭ ᠰᠠᠷᠬᠢᠨᠠᠭ ᠢᠳᠡᠭᠰᠡᠨ ᠪᠤᠯ ᠰᠠᠯᠪᠠ ᠨᠢᠷᠭᠡᠭ ᠬᠡᠬᠦ ᠮᠡᠳᠦ ᠪᠠᠷ ᠰᠢᠪᠰᠢᠳᠡᠭ᠃ ᠬᠠᠯᠬ᠎ᠠ ᠶᠢᠨ ᠰᠢᠷᠠᠨᠤᠳ ᠤᠪᠤᠭ ᠤᠨ ᠬᠢᠨ ᠪᠤᠯ᠄ ᠭᠤᠴᠢᠨ ᠭᠤᠷᠪᠠᠨ ᠬᠤᠷᠮᠤᠰᠳᠠ ᠭᠤᠨᠢᠭᠠᠷ ᠰᠢᠷᠠᠨᠤᠳ ᠤᠨ ᠦᠷ᠎ᠡ ᠰᠡᠳᠦ ᠪᠠᠶᠢᠨ᠎ᠠ  ᠲᠠᠬᠢ ᠲᠠᠢ ᠭᠡᠪᠡᠯ ᠨᠠᠮ᠎ᠠ ᠶᠢ ᠨᠢᠷᠭᠡᠭ ᠲᠠᠯᠠᠩ ᠲᠠᠢ ᠭᠡᠪᠡᠯ ᠮᠤᠷᠢ ᠶᠢ ᠮᠢᠨᠢ ᠨᠢᠷᠭᠡᠭ ᠬᠡᠬᠦ ᠪᠤᠶᠤ ᠬᠠᠨ ᠴᠠᠭᠠᠨ ᠶᠠᠰᠤ ᠲᠠᠢ ᠪᠢᠯᠡ ᠬᠠᠰ ᠨᠤᠮᠢᠨ ᠵᠢᠩᠰᠠ ᠲᠠᠢ ᠪᠢᠯᠡ ᠬᠠᠭᠠᠨ ᠲᠡᠭᠷᠢ ᠢᠵᠠᠭᠤᠷ ᠲᠠᠢ ᠪᠢᠯᠡ ᠭᠡᠵᠦ ᠲᠡᠭᠷᠢ ᠵᠦᠭ ᠬᠠᠨᠳᠤᠨ ᠰᠢᠪᠰᠢᠳᠡᠭ᠃ ᠦᠩᠭᠡᠷᠡᠭᠰᠡᠨ ᠳᠤ ᠠᠶᠤᠩᠭ᠎ᠠ ᠳᠤ ᠲᠠᠭᠠᠷᠢᠭᠳᠠᠨ ᠬᠦᠮᠦᠨ ᠮᠠᠯ ᠡ᠊ᠨᠳᠡᠵᠤ ᠦᠷᠡᠭᠳᠡᠬᠦ ᠶᠠᠪᠤᠳᠠᠯ ᠭᠠᠷᠪᠠᠯ ᠪᠦᠬᠡ ᠵᠠᠯᠠᠵᠦ ᠨᠤᠮ ᠬᠦᠷᠢᠮ ᠤᠩᠰᠢᠭᠤᠯᠤᠨ ᠲᠤᠮ ᠲᠠᠷᠤᠯᠭ᠎ᠠ ᠬᠢᠯᠭᠡᠵᠦ᠂ ᠭᠡᠷ ᠡᠷᠦᠬᠡ᠂ ᠬᠤᠳᠠ ᠬᠤᠷᠤᠭ᠎ᠠ᠂ ᠮᠠᠯ ᠰᠦᠷᠦᠭ ᠢᠶᠠᠨ ᠪᠦᠬᠦᠨ ᠢ ᠠᠷᠢᠭᠤᠯᠠᠨ ᠤᠳᠤᠵᠦ᠂ ᠰᠠᠩ ᠵᠤᠯᠠ ᠡᠷᠬᠦᠵᠦ ᠲᠡᠭᠷᠢ ᠲᠠᠬᠢᠳᠠᠭ ᠦᠵᠡᠭᠳᠡᠯ ᠨᠡᠶᠢᠳᠡᠮ ᠤᠷᠤᠰᠢᠵᠦ ᠪᠠᠶᠢᠪᠠ᠃ ᠤᠯᠠᠩᠬᠢ ᠪᠦᠬᠡ ᠠᠶᠤᠩᠭ᠎ᠠ ᠳᠤ ᠲᠠᠭᠠᠷᠢᠭᠳᠠᠭᠰᠠᠨ ᠬᠦᠮᠦᠨ ᠮᠠᠯ ᠤᠨ ᠮᠠᠩᠨᠠᠢ ᠲᠤᠮᠳᠠ ᠵᠢᠳᠠ ᠪᠠᠷ ︽+︾ ᠲᠡᠮᠳᠡᠭ ᠵᠢᠷᠤᠵᠦ ᠲᠤᠮ ᠲᠠᠷᠤᠯᠭ᠎ᠠ ᠬᠢᠳᠡᠭ᠃ ᠦᠵᠦᠮᠦᠴᠢᠨ ᠳᠤ ᠠᠶᠤᠩᠭ᠎ᠠ ᠳᠤ ᠲᠠᠭᠠᠷᠢᠭᠳᠠᠭᠰᠠᠨ ᠬᠦᠮᠦᠨ ᠢ ᠬᠤᠷᠢᠨ ᠲᠦᠷᠪᠡᠨ ᠴᠠᠭ ᠤᠨ ᠲᠤᠳᠤᠷ᠎ᠠ ᠬᠦᠳᠡᠯᠤᠯ ᠦᠭᠡᠢ ᠪᠠᠷ ᠲᠤᠬᠠᠢ ᠶᠢᠨ ᠤᠷᠤᠨ ᠳᠤᠨᠢ ᠭᠡᠪᠳᠡᠬᠦᠯᠵᠦ᠂ ᠭᠠᠳᠠᠭᠤᠷ ᠨᠢ ᠮᠤᠳᠤ ᠪᠠᠷ ᠲᠤᠭᠤᠷᠢᠭ ᠵᠢᠷᠤᠭᠠᠰᠦ ᠵᠢᠷᠤᠭᠠᠳ ︽ᠲᠡᠭᠷᠢ ᠲᠠᠭᠤᠳᠠᠭᠴᠢ︾ ᠬᠡᠳᠡᠭ ᠲᠤᠰᠬᠠᠢ ᠪᠦᠬᠡ ᠶᠢ ᠵᠠᠯᠠᠨ ᠠᠪᠴᠢᠷᠠᠵᠦ᠂ ᠠᠶᠢᠷᠠᠭ ᠤᠨ ᠭᠠᠩ ᠳᠤᠨᠢ ᠬᠢᠳᠤᠭ᠎ᠠ ᠬᠢᠵᠦ ᠪᠦᠯᠢᠬᠦ ᠶᠢᠨ ᠲᠠᠭᠠᠤ ᠨᠤᠮ ᠬᠦᠷᠢᠮ ᠤᠩᠰᠢᠭᠤᠯᠵᠦ᠂ ᠲᠤᠮ ᠲᠠᠷᠤᠯᠭ᠎ᠠ ᠬᠢᠯᠬᠡᠳᠡᠭ ᠪᠠᠶᠢᠵᠠᠢ᠃ ᠪᠤᠷᠢᠶᠠᠳᠴᠤᠳ ᠠᠶᠤᠩᠭ᠎ᠠ ᠳᠤ ᠲᠠᠭᠠᠷᠢᠭᠳᠠᠭᠰᠠᠨ ᠬᠦᠮᠦᠨ ᠢ ᠤᠭ ᠤᠷᠤᠨ ᠠᠴᠠ ᠨᠢ ᠰᠢᠯᠵᠢᠬᠦᠯᠦᠯ ᠦᠭᠡᠢ ᠪᠠᠷ ᠬᠡᠪᠳᠡᠬᠦᠯᠵᠦ᠂ ᠪᠡᠶ᠎ᠡ ᠲᠡᠭᠡᠷ᠎ᠡ ᠨᠢ ᠬᠦᠢᠳᠡᠨ ᠤᠰᠤ ᠰᠦᠷᠴᠢᠵᠦ᠂ ᠪᠦᠭᠡ ᠵᠠᠯᠠᠵᠦ ᠪᠦᠭᠡᠯᠡᠬᠦᠯᠳᠡᠭ᠃ ᠡ᠊ᠨᠳᠡᠭᠰᠡᠳ ᠢ ᠤᠳᠤᠵᠦ ᠠᠷᠢᠭᠤᠯᠠᠭᠠᠳ ᠶᠢᠰᠦᠨ ᠬᠦᠤ ᠪᠠᠷ ᠬᠡᠬᠦᠷ ᠢ ᠨᠢ ᠭᠤᠷᠪᠠᠨ ᠡᠳᠦᠷ ᠭᠤᠷᠪᠠᠨ ᠰᠦᠨᠢ ᠰᠠᠬᠢᠭᠤᠯᠵᠦ᠂ ᠲᠠᠰᠤᠷᠠᠯ ᠦᠭᠡᠢ ᠭᠤᠨᠢᠬᠳᠦ ᠲᠠᠭᠤᠤ ᠬᠢᠩᠰᠢᠬᠦᠯᠦᠨ᠂ ᠤᠢ ᠶᠢᠨ ᠬᠦᠨ ᠳᠤ ᠠᠪᠠᠴᠢᠵᠦ ᠤᠷᠤᠰᠢᠭᠤᠯᠳᠠᠭ᠃ ᠵᠠᠷᠢᠮ ᠭᠠᠵᠠᠷ ᠠᠶᠤᠩᠭ᠎ᠠ ᠳᠤ ᠲᠠᠭᠠᠷᠢᠭᠳᠠᠨ ᠨᠦᠭᠴᠢᠭᠰᠡᠳ ᠢ ᠪᠤᠶᠢᠳᠠ ᠪᠦᠭᠯᠡᠬᠦᠤ ᠭᠠᠵᠠᠷ ᠠᠪᠠᠴᠢᠵᠦ ᠤᠷᠤᠰᠢᠭᠤᠯᠤᠭᠠᠳ ᠶᠢᠰᠦᠨ ᠬᠦᠤ ᠰᠤᠩᠭᠤᠵᠦ᠂ ᠲᠤᠰ ᠪᠦᠷᠢ ᠴᠠᠭᠠᠨ ᠬᠤᠪᠴᠠᠰᠦ ᠡᠮᠤᠰᠤᠬᠦᠯᠦᠨ ᠴᠠᠭᠠᠨ ᠮᠤᠷᠢ ᠤᠨᠤᠭᠤᠯᠵᠦ ᠪᠤᠯᠠᠰᠢ ᠶᠢ ᠨᠢ ᠡᠷᠬᠢᠨ ᠦᠨᠳᠦᠷ ᠲᠠᠭᠤ ᠪᠠᠷ ᠬᠠᠰᠬᠢᠷᠤᠨ ᠲᠠᠪᠬᠢᠭᠤᠯᠳᠠᠭ᠃ ᠬᠠᠷᠢᠨ ᠡ᠊ᠨᠳᠡᠭᠰᠡᠳ ᠲᠤ ᠪᠤᠶᠠᠨ ᠨᠤᠮ ᠦᠢᠯᠡᠳᠬᠦ ᠦᠭᠡᠢ ᠮᠦᠷᠳᠡᠭᠡᠨ ᠬᠡᠬᠦᠷ ᠢ ᠨᠢ ᠤᠩᠭᠤᠨ ᠳᠤ ᠤᠷᠤᠭᠤᠯᠳᠠᠭ ᠦᠭᠡᠢ᠃ ᠬᠡᠷ ᠤᠨ ᠡᠵᠡᠨ ᠨᠢ ᠵᠠᠭᠤ ᠬᠤᠨᠤᠭ ᠤᠨ ᠲᠤᠳᠤᠷ᠎ᠠ ᠠᠶᠢᠯ ᠳᠤ ᠤᠷᠤᠬᠤ ᠦᠭᠡᠢ ᠬᠦᠯ ᠴᠡᠭᠡᠷᠯᠡᠳᠡᠭ᠃ ᠡ᠊ᠨᠳᠡᠭᠰᠡᠨ ᠮᠠᠯ ᠢ ᠪᠤᠯ ᠮᠢᠬ᠎ᠠ ᠶᠢ ᠨᠢ ᠬᠦᠨᠳᠡᠳᠡᠭ ᠦᠭᠡᠢ᠂ ᠤᠭ ᠤᠷᠤᠨ ᠳᠤᠨᠢ ᠪᠤᠯᠠᠵᠦ ᠲᠠᠯᠪᠢᠬᠤ ᠪᠤᠶᠤ ᠦᠨᠳᠦᠷ ᠠᠭᠤᠯᠠ ᠶᠢᠨ ᠤᠷᠤᠢ ᠳᠤ ᠲᠠᠯᠪᠢᠵᠦ᠂ ᠮᠠᠯ ᠡ᠊ᠨᠳᠡᠭᠰᠡᠨ ᠭᠠᠵᠠᠷ ᠨᠢᠭᠡ ᠵᠢᠯ ᠤᠨ ᠲᠤᠳᠤᠷ᠎ᠠ ᠪᠤᠰᠤᠳ ᠮᠠᠯ ᠢ ᠪᠡᠯᠴᠢᠭᠡᠷᠯᠡᠬᠦᠯᠳᠡᠭ ᠦᠭᠡᠢ ᠴᠡᠭᠡᠷ ᠲᠠᠢ ᠪᠠᠶᠢᠳᠠᠭ ᠬᠤᠷᠴᠢᠨ ᠳᠤ ᠠᠶᠤᠩᠭ᠎ᠠ ᠳᠤ ᠡ᠊ᠨᠳᠡᠭᠰᠡᠳ ᠢ ᠲᠡᠭᠷᠢ ᠳᠤ ᠡᠰᠡ ᠲᠠᠭᠠᠯᠠᠭᠳᠠᠯ᠎ᠠ ᠭᠡᠮᠡᠨ ᠦᠵᠡᠵᠦ᠂ ᠲᠤᠰᠬᠠᠶᠢᠯᠠᠨ ᠪᠦᠭᠡ ᠵᠠᠯᠠᠵᠦ ᠲᠤᠮ ᠲᠠᠷᠤᠯᠭ᠎ᠠ ᠬᠢᠯᠭᠡᠳᠡᠭ᠃ ᠵᠠᠯᠠᠭᠳᠠᠵᠦ ᠢᠷᠡᠭᠰᠡᠨ ︽ᠲᠡᠭᠷᠢ ᠲᠠᠭᠤᠳᠠᠭᠴᠢ︾ ᠨᠢ ᠶᠡᠭᠡ ᠯᠡ ᠠᠭᠤᠷᠯᠠᠭᠰᠠᠨ ᠶᠠᠩᠵᠤᠳᠠᠢ ᠬᠦᠷᠴᠦ ᠢᠷᠡᠭᠡᠳ ︽ᠶᠡᠷᠡ ᠶᠢᠰᠦᠨ ᠲᠡᠭᠷᠢ ᠶᠢᠨ ᠠᠯᠢ ᠲᠡᠭᠷᠢ ᠨᠢ ᠪᠠᠭᠤᠭᠰᠠᠨ ᠶᠤᠮ︖ ︾ ᠬᠡᠬᠦ ᠪᠤᠶᠤ ︽ᠠᠳᠠᠭᠠᠳᠦ ᠲᠡᠭᠷᠢ ᠠᠪᠤ ᠮᠢᠨᠢ᠂ ᠠᠴᠢᠷ ᠦᠷ᠎ᠡ ᠪᠠᠨ ᠢᠩᠬᠢᠵᠦ ᠵᠤᠪᠠᠭᠠᠬᠤ ᠴᠢᠨᠢ ᠶᠠᠭᠤ ᠪᠤᠢ︖ ᠪᠤᠷᠤᠭᠠᠨ ᠬᠤᠷ᠎ᠠ ᠤᠷᠤᠭᠤᠯᠬᠤ ᠪᠠᠷ ᠢᠶᠠᠨ ᠤᠷᠤᠭᠤᠯᠤᠨ᠎ᠠ ᠪᠠ᠂ ᠪᠠᠭᠤᠬᠤ ᠦᠭᠡᠢ ᠭᠠᠵᠠᠷ ᠪᠠᠭᠤᠵᠦ᠂ ᠪᠦᠬᠦᠳᠡ ᠤᠯᠠᠨ ᠢ ᠦᠢᠮᠡᠬᠦᠯᠳᠡᠭ ᠨᠢ ᠶᠠᠭᠤ ᠶᠤᠮ︖︾ ᠭᠡᠵᠦ ᠪᠤᠷᠤᠭᠤᠰᠢᠶᠠᠨ ᠵᠢᠮᠡᠯᠡᠬᠦ ᠶᠢᠨ ᠲᠠᠭᠠᠤ ᠮᠠᠯ ᠰᠦᠷᠦᠭ ᠢ ᠨᠢ ᠡᠶᠢᠰᠢ ᠲᠡᠶᠢᠰᠢ ᠲᠠᠭᠤᠵᠦ᠂ ᠲᠤᠷ᠎ᠠ ᠪᠠᠷ ᠢᠶᠠᠨ ᠠᠭᠠᠰᠢᠯᠠᠳᠠᠭ᠃ ᠲᠡᠭᠡᠭᠡᠳ ᠲᠤᠰᠬᠠᠢ ᠲᠤᠮ ᠲᠠᠷᠤᠯᠭ᠎ᠠ ᠪᠠᠨ ᠠᠯᠬᠤᠮ ᠲᠠᠷᠠᠭ᠎ᠠ ᠲᠠᠢ ᠬᠢᠵᠦ ᠪᠠᠷᠠᠭᠠᠳ ᠤᠷᠭ᠎ᠠ ᠪᠠᠷ ᠬᠡᠮᠵᠢᠬᠦᠷ ᠪᠤᠯᠭᠠᠵᠦ᠂ ᠲᠤᠬᠠᠢ ᠶᠢᠨ ᠭᠠᠵᠠᠷ ᠠᠴᠠ ᠨᠡᠯᠢᠶᠡᠳ ᠵᠠᠶᠢᠳᠠᠢ ᠦᠨᠳᠦᠷ ᠭᠠᠵᠠᠷ ᠠᠪᠠᠴᠢᠵᠦ᠂ ᠡ᠊ᠨᠳᠡᠭᠰᠡᠳ ᠢ ᠡᠮᠤᠨᠡᠰᠢ ᠬᠠᠷᠠᠭᠤᠯᠤᠨ ᠰᠦᠬᠦᠳᠭᠡᠵᠦ ᠤᠷᠤᠰᠢᠭᠤᠯᠳᠠᠭ᠃ ᠶᠠᠪᠤᠬᠤ ᠳᠠᠭᠠᠨ ᠲᠡᠭᠷᠢ ᠲᠤᠤᠭᠠᠷᠴᠦ᠂ ᠴᠠᠬᠢᠯᠭᠠᠨ ᠬᠢᠯᠪᠠᠵᠦ ᠪᠠᠶᠢᠬᠤ ᠳᠤ ᠠᠶᠢᠷᠠᠭ ᠪᠦᠯᠢᠬᠦ᠂ ᠦᠨᠢᠶ᠎ᠡ ᠰᠠᠭᠠᠬᠤ᠂ ᠮᠤᠷᠢ ᠠᠮᠠᠭᠠᠶᠢᠯᠠᠬᠤ᠂ ᠴᠠᠭᠠᠨ ᠦᠩᠭᠡ ᠶᠢᠨ ᠬᠤᠪᠴᠠᠰᠦ ᠪᠤᠶᠤ ᠨᠦᠢᠳᠠᠨ ᠴᠢᠬᠢᠭᠳᠡᠢ ᠬᠤᠪᠴᠠᠰᠦ ᠡᠮᠤᠰᠬᠦ᠂ ᠤᠷᠭᠤᠭ᠎ᠠ ᠮᠤᠳᠤᠨ ᠤ ᠲᠤᠤᠷ᠎ᠠ ᠵᠤᠭᠰᠤᠬᠤ᠂ ᠮᠠᠯᠠᠭᠠᠢ ᠦᠭᠡᠢ ᠪᠠᠷ ᠭᠠᠳᠠᠭᠤᠷ ᠶᠠᠪᠤᠬᠤ ᠵᠡᠷᠭᠡ ᠶᠢ ᠴᠡᠭᠡᠷᠯᠡᠬᠦᠯᠦᠨ ᠵᠠᠬᠢᠳᠠᠭ ᠪᠠᠶᠢᠵᠠᠢ᠃ ᠬᠦᠬᠡᠨᠠᠭᠤᠷ ᠮᠤᠵᠢ ᠶᠢᠨ ᠲᠡᠭᠡᠳᠦ ᠮᠤᠩᠭᠤᠯᠴᠤᠳ ᠬᠠᠪᠤᠷ ᠲᠡᠭᠷᠢ ᠠᠩᠬ᠎ᠠ ᠲᠤᠤᠭᠠᠷᠬᠤ ᠳᠤ ︽ᠯᠾᠠᠷᠠᠵᠠᠯᠠᠬᠤ︾ ᠭᠡᠵᠦ ᠰᠢᠪᠰᠢᠭᠡᠳ ᠭᠠᠳᠠᠨ᠎ᠠ ᠭᠠᠷᠴᠤ ᠭᠡᠷ ᠤᠨ ᠤᠶᠢᠷᠠᠯᠴᠠᠭ᠎ᠠ ᠲᠤᠮᠤ ᠴᠢᠯᠠᠭᠤ ᠶᠢ ᠬᠦᠷᠪᠡᠬᠦᠯᠵᠦ ᠲᠠᠯᠪᠢᠳᠠᠭ᠂ ᠢᠩᠬᠢᠪᠡᠯ ᠨᠢᠭᠡ ᠵᠢᠯ ᠤᠨ ᠲᠤᠳᠤᠷ᠎ᠠ ᠭᠡᠷ ᠲᠤ ᠮᠤᠭᠠᠢ ᠤᠷᠤᠬᠤ ᠦᠭᠡᠢ ᠪᠤᠶᠤ ᠮᠤᠭᠠᠢ ᠦᠵᠡᠪᠡᠯ ᠠᠶᠤᠵᠦ ᠰᠤᠴᠢᠬᠤ ᠦᠭᠡᠢ ᠪᠤᠯᠤᠨ᠎ᠠ ᠭᠡᠵᠦ ᠦᠵᠡᠳᠡᠭ᠃  ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号