ᠮᠤᠩᠭᠤᠯ ᠤᠪᠤᠭ ᠤᠨ ᠡᠭᠦᠰᠤᠯ
ᠨᠡᠶᠢᠲᠡᠯᠡᠭᠰᠡᠨ ᠴᠠᠭ᠄
2020/10/19
︽ᠮᠤᠩᠭᠤᠯ ᠤᠨ ᠨᠢᠭᠤᠴᠠ ᠳᠤᠪᠴᠢᠶᠠᠨ︾ ᠳᠤ ᠲᠠᠮᠳᠡᠭᠯᠡᠭᠰᠡᠨ ᠢ ᠦᠨᠳᠤᠰᠤᠯᠠᠪᠠᠯ᠂ ᠪᠦᠷᠳᠠ ᠴᠢᠨ᠋ᠸ᠎ᠠ ᠪᠤᠯ ᠮᠤᠩᠭᠤᠯ ᠤᠨ ᠪᠤᠷᠵᠢᠭᠢᠨ ᠤᠪᠤᠭ ᠤᠨ ᠡᠷᠡᠭᠳᠠᠢ ᠲᠠᠭᠡᠳᠤᠰ ᠮᠦᠨ᠃ ᠪᠦᠷᠳᠠ ᠴᠢᠨ᠋ᠸ᠎ᠠ ᠠᠴᠠ ᠬᠤᠶᠢᠰᠢ ᠠᠷᠪᠠᠨ ᠨᠢᠭᠡᠨ ᠦᠶ᠎ᠠ᠂ ᠪᠠᠷᠤᠭ ᠭᠤᠷᠪᠠᠨ ᠵᠠᠭᠤᠭᠠᠳ ᠵᠢᠯ ᠤᠨ ᠳᠤᠷᠰᠢ ᠮᠤᠩᠭᠤᠯᠴᠤᠳ ᠭᠠᠭᠴᠠ ᠤᠪᠤᠭ ᠢᠶᠠᠷ ᠠᠵᠤ ᠲᠦᠷᠦᠵᠤ ᠪᠠᠶᠢᠵᠠᠢ᠃ ᠪᠦᠷᠳᠠ ᠴᠢᠨ᠋ᠸ᠎ᠠ ᠶᠢᠨ ᠠᠷᠪᠠᠨ ᠨᠢᠭᠡᠳᠤᠭᠡᠷ ᠦᠶ᠎ᠠ ᠶᠢᠨ ᠠᠴᠢ ᠳᠤᠷᠭᠤᠯᠵᠢᠨ ᠪᠠᠶᠠᠨ ᠤ ᠦᠶ᠎ᠠ ᠳᠤ ᠭᠦᠷᠤᠭᠡᠳ ᠤᠭ ᠤᠪᠤᠭ ᠠᠴᠠ ᠭᠡᠳᠤ ᠭᠡᠳᠤᠨ ᠰᠠᠯᠪᠤᠷᠢ ᠤᠪᠤᠭ ᠰᠠᠯᠤᠨ ᠭᠠᠷᠴᠠᠢ᠃ ᠳᠤᠷᠭᠤᠯᠵᠢᠨ ᠪᠠᠶᠠᠨ ᠠᠴᠠ ᠲᠤᠸ᠎ᠠ ᠰᠤᠬᠤᠷ᠂ ᠳᠤᠪᠤ ᠮᠡᠷᠭᠡᠨ ᠭᠡᠮᠡᠭᠦ ᠬᠤᠶᠠᠷ ᠭᠦᠤ ᠲᠠᠢ᠃ ᠲᠤᠸ᠎ᠠ ᠰᠤᠬᠤᠷ ᠲᠦᠷᠪᠠᠨ ᠭᠦᠤ ᠲᠠᠢ᠂ ᠲᠦᠷᠪᠡᠳ ᠤᠪᠤᠭᠳᠠᠨ ᠪᠤᠯᠪᠠ᠃ ᠳᠤᠪᠤ ᠮᠡᠷᠭᠡᠨ ᠠᠮᠢᠳᠤ ᠪᠠᠶᠢᠬᠤ ᠳᠤ ᠲᠠᠭᠦᠨ ᠤ ᠭᠡᠷᠭᠡᠢ ᠠᠯᠤᠨ ᠭᠤᠸ᠎ᠠ ︵ᠬᠤᠷᠢ ᠲᠦᠮᠠᠳ ᠤᠨ ᠨᠤᠶᠠᠨ ᠬᠤᠷᠢᠯᠠᠷᠳᠠᠢ ᠮᠡᠷᠭᠡᠨ ᠤ ᠦᠭᠢᠨ︶ ᠠᠴᠠ ᠲᠦᠷᠦᠭᠰᠡᠨ ᠪᠦᠭᠦᠨᠤᠳᠠᠢ᠂ ᠪᠠᠯᠭᠦᠨᠤᠳᠠᠢ ᠬᠤᠶᠠᠷ ᠭᠦᠤ ᠨᠢ ᠳᠤᠰ ᠪᠦᠷᠢ ᠪᠦᠭᠦᠨᠤᠳ᠂ ᠪᠠᠯᠭᠦᠨᠤᠳ ᠤᠪᠤᠭᠳᠠᠨ ᠪᠤᠯᠪᠠ᠃ ᠲᠦᠷᠪᠡᠳ᠂ ᠪᠦᠭᠦᠨᠤᠳ᠂ ᠪᠠᠯᠭᠦᠨᠤᠳ ᠡᠨᠡ ᠭᠤᠷᠪᠠᠨ ᠤᠪᠤᠭ ᠪᠤᠯ ᠴᠠᠭᠠᠨ ᠶᠠᠰᠤᠨ ᠭᠡᠯᠭᠢᠶ᠎ᠠ ᠲᠠᠢ᠂ ᠤᠯᠠᠭᠠᠨ ᠴᠢᠰᠤᠨ ᠪᠠᠷᠢᠯᠳᠤᠯᠭ᠎ᠠ ᠲᠠᠢ ᠲᠦᠷᠦᠯ ᠤᠪᠤᠭ ᠮᠦᠨ᠃ ᠡᠭᠦᠨ ᠢ ︽ᠲᠠᠷᠯᠡᠭᠡᠨ ᠮᠤᠩᠭᠤᠯ︾ ᠳᠤ ᠪᠠᠭᠳᠠᠭᠠᠨ᠎ᠠ᠃ ᠳᠤᠪᠤ ᠮᠡᠷᠭᠡᠨ ᠨᠠᠰᠤ ᠪᠠᠷᠠᠭᠰᠠᠨ ᠤ ᠬᠤᠶᠢᠨ᠎ᠠ᠂ ᠲᠠᠭᠦᠨ ᠤ ᠭᠡᠷᠭᠡᠢ ᠠᠯᠳᠠ ᠭᠤᠸ᠎ᠠ ᠪᠠᠰᠠ ︽ᠲᠡᠭᠷᠢ ᠠᠴᠠ ᠵᠠᠶᠠᠭᠠᠳᠤ ᠳᠦᠷᠦᠭᠰᠡᠨ︾ ᠪᠤᠭᠤ ᠬᠠᠳᠠᠭᠢ᠂ ᠪᠤᠬᠠᠳᠤ ᠰᠠᠯᠵᠢ᠂ ᠪᠤᠳᠤᠨᠴᠠᠷ ᠮᠤᠩᠬᠠᠭ ᠭᠤᠷᠪᠠᠨ ᠭᠦᠤ ᠲᠠᠢ ᠪᠤᠯᠵᠠᠢ᠃ ᠡᠳᠠ ᠬᠠᠳᠠᠭᠢᠨ᠂ ᠰᠠᠯᠵᠢᠭᠤᠳ᠂ ᠪᠤᠷᠵᠢᠭᠢᠨ ᠤᠪᠤᠭᠳᠠᠨ ᠪᠤᠯᠪᠠ᠃ ᠡᠨᠡ ᠭᠤᠷᠪᠠᠨ ᠤᠪᠤᠭ ᠠᠴᠠ ᠡᠭᠦᠰᠦᠭᠰᠡᠨ ᠮᠤᠩᠭᠤᠯᠴᠤᠳ ᠢ ︽ᠨᠢᠷᠤᠭᠤᠨ ᠮᠤᠩᠭᠤᠯ︾ ᠭᠡᠨ᠎ᠠ᠃ ᠨᠢᠷᠤᠭᠤᠨ ᠮᠤᠩᠭᠤᠯ ᠤᠨ ᠪᠤᠷᠵᠢᠭᠢᠨ ᠤᠪᠤᠭ ᠠᠴᠠ ᠬᠤᠷᠢᠭᠠᠳ ᠤᠪᠤᠭ ᠰᠠᠯᠤᠨ ᠭᠠᠷᠴᠠᠢ᠃ ᠪᠤᠳᠤᠨᠴᠠᠷ ᠪᠤᠯ 10 ᠳ᠋ᠤᠭᠠᠷ ᠵᠠᠭᠤᠨ ᠤ ᠡᠭᠢᠨ ᠤ ᠦᠶ᠎ᠠ ᠶᠢᠨ ᠭᠦᠮᠦᠨ ᠮᠦᠨ᠂ ᠲᠠᠭᠦᠨ ᠤ ᠨᠠᠢᠮᠠᠳᠤᠭᠠᠷ ᠦᠶ᠎ᠠ ᠶᠢᠨ ᠠᠴᠢ ᠨᠢ ᠲᠠᠮᠤᠵᠢᠨ ᠴᠢᠩᠭᠢᠰ ᠬᠠᠭᠠᠨ ᠶᠤᠮ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号