| ᠣᠣᠬᠠᠨ · ᠬᠠᠭᠳᠠ | ᠡᠷᠳᠡᠨ ᠤ ᠬᠢᠳᠠᠳ ᠲᠡᠣᠬᠡ ᠰᠣᠷᠪᠣᠯᠵᠢᠰ ᠲᠤ ᠬᠢᠳᠠᠳ ᠦᠰᠦᠭ ᠢᠶᠠᠷ ᠭᠠᠯᠢᠭᠴᠢᠯᠠᠨ ᠦᠯᠡᠳᠡᠭᠰᠡᠨ ᠾᠦᠩᠨᠦ ᠦᠭᠡ | ᠮᠠᠰᠢ ᠣᠯᠠᠨ ᠪᠠᠶᠢᠭ᠎ᠠ ᠶᠣᠮ᠃ 径路刀 ᠶᠢᠨ 径路 ᠪᠣᠯ ᠲᠠᠷᠣᠢ ᠡᠶᠢᠮᠦ ᠾᠦᠩᠨᠦ ᠦᠭᠡ ᠶᠣᠮ᠃ 刀 | ᠦᠰᠦᠭ ᠨᠢ ᠬᠢᠳᠤᠭ᠎ᠠ ᠭᠡᠳᠡᠭ ᠬᠢᠳᠠᠳ ᠦᠭᠡ ᠭᠡᠬᠦ ᠳᠤ ᠬᠦᠮᠦᠰ ᠶᠠᠮᠠᠷᠴᠣ ᠰᠠᠨᠠᠯ ᠪᠠᠶᠢᠬᠤ ᠦᠭᠡᠢ ᠲᠣᠯᠠ᠂ | ᠲᠣᠣᠷ᠎ᠠ ᠵᠦᠪᠬᠡᠨ 径路 ᠬᠤᠶᠠᠷ ᠦᠰᠦᠭ ᠤᠨ ᠶᠠᠮᠠᠷ ᠲᠡᠣᠬᠡᠳᠦ ᠨᠦᠬᠦᠴᠡᠯ ᠳᠤ ᠢᠯᠡᠷᠡᠭᠰᠡᠨ ᠦᠯᠢᠭᠡᠷ ᠢ ᠨᠢ | ᠶᠠᠷᠢᠭᠠᠳ᠂ ᠲᠠᠷᠠᠭ᠎ᠠ ᠨᠢ ᠲᠣᠰ ᠦᠰᠦᠭ ᠤᠨ ᠡᠷᠳᠡ ᠡᠳᠦᠬᠡ ᠶᠢᠨ ᠠᠪᠢᠶ᠎ᠠ ᠪᠠ ᠣᠳᠬ᠎ᠠ ᠶᠢ ᠨᠢ ᠲᠠᠶᠢᠯᠪᠣᠷᠢᠯᠠᠭᠠᠳ᠂ | ᠬᠠᠮᠤᠭ ᠰᠡᠬᠦᠯ ᠳᠤ ᠾᠦᠩᠨᠦ ᠬᠡᠯᠡᠨ ᠳᠤ ᠶᠠᠭᠠᠬᠢᠵᠣ ᠰᠡᠷᠬᠦᠭᠡᠭᠰᠡᠨ ᠢᠶᠠᠨ ᠶᠠᠷᠢᠶ᠎ᠠ᠃ | ᠨᠢᠭᠡ 径路刀 ᠶᠢᠨ ᠲᠡᠣᠬᠡᠳᠦ ᠦᠯᠢᠭᠡᠷ᠄ | ︵ᠨᠢᠭᠡ︶ 径路刀 ᠭᠡᠳᠡᠭ ᠦᠭᠡ ᠶᠠᠮᠠᠷ ᠭᠠᠵᠠᠷ ᠢᠯᠡᠷᠡᠭᠰᠡᠨ ᠪᠣᠢ ᠭᠡᠪᠡᠯ᠄ ᠲᠡᠣᠬᠡᠨ ᠳᠤ ᠢᠯᠡᠷᠡᠭᠰᠡᠨ 径路 | 刀 ᠭᠡᠳᠡᠭ ᠾᠦᠩᠨᠦ ᠦᠭᠡ ᠪᠣᠯ ᠬᠠᠮᠤᠭ ᠲᠲᠦᠷᠦᠭᠦᠥ ︽ᠬᠠᠨ ᠣᠯᠣᠰ ᠤᠨ ᠪᠢᠴᠢᠭ · ᠾᠦᠩᠨᠦ ᠶᠢᠨ ᠱᠠᠰᠳᠢᠷ · | ᠲᠣᠣᠷᠠᠳᠣ ᠪᠣᠳᠢ︾ ᠳᠤ᠄ ︽ᠴᠠᠩ᠂ ᠮᠧᠩ ᠪᠣᠯᠣᠨ ᠴᠠᠨ ᠢᠥᠢ ᠵᠢᠴᠢ ᠲᠡᠭᠦᠨ ᠤ ᠶᠡᠬᠡᠰ ᠲᠦᠰᠢᠮᠡᠳ ᠬᠠᠮᠳᠣ ᠪᠠᠷ | ᠾᠦᠩᠨᠦ ᠶᠢᠨ ᠨᠦᠸᠧ ᠱᠦᠢ ᠣᠰᠣᠨ ᠤ ᠵᠡᠭᠦᠨ ᠠᠭᠤᠯᠠᠨ ᠳᠤ ᠠᠪᠠᠷᠢᠨ᠂ ᠴᠠᠭᠠᠨ ᠮᠣᠷᠢᠨ ᠨᠢᠳᠣᠯᠵᠣ᠂ ᠴᠠᠨ | ᠢᠥᠢ 径路刀 ᠁ ᠪᠠᠷ ᠢᠶᠠᠨ ᠠᠷᠢᠬᠢ ᠬᠤᠣᠬᠤᠵᠣ᠂ ᠯᠣᠣᠰ ᠤᠨ ︵老上︶ ᠴᠠᠨ ᠢᠥᠢ ᠶᠢᠨ | ᠷᠸᠥᠽᠢ ᠠᠶᠢᠮᠠᠭ ᠢ ᠡᠪᠳᠡᠨ᠂ ᠲᠡᠭᠦᠨ ᠤ ᠸᠠᠩ ᠢ ᠠᠯᠠᠵᠣ ᠭᠠᠪᠠᠯᠠ ︵ ᠶᠢᠨ ᠶᠠᠰᠣ︶ ᠪᠠᠷ ᠨᠢ ᠬᠢᠭᠰᠡᠨ ᠠᠯᠳᠠᠨ | ᠠᠶᠠᠭᠠᠨ ᠳᠤ ᠴᠢᠰᠣᠳᠣ ᠠᠷᠢᠬᠢ ᠬᠡᠮᠨᠡᠨ ᠣᠣᠭᠤᠯᠴᠠᠵᠣ ᠲᠠᠩᠭᠠᠷᠢᠭᠯᠠᠪᠠ︾ ᠭᠡᠵᠦ ᠲᠡᠣᠬᠡᠨ ᠳᠤ ᠢᠯᠡᠷᠡᠭᠰᠡᠨ ᠶᠣᠮ᠃ | | ︵ᠬᠤᠶᠠᠷ︶ ᠡᠨᠡᠬᠦ ᠲᠡᠣᠬᠡᠳᠦ ᠬᠡᠷᠡᠭ ᠤᠨ ᠠᠭᠤᠯᠭ᠎ᠠ ᠪᠠ ᠡᠭᠦᠰᠦᠭᠰᠡᠨ ᠴᠠᠭ ᠦᠶ᠎ᠡ ᠭᠡᠪᠡᠯ᠄ ᠠᠳᠡ ᠦᠬᠦᠯᠡᠨ | ᠪᠦᠬᠦᠢ ᠴᠠᠨ ᠢᠥᠢ ᠭᠡᠳᠡᠭ ᠨᠢ ᠰᠣᠳᠣᠷ ᠲᠡᠮᠳᠡᠭᠯᠡᠯ ᠳᠤ ᠲᠡᠮᠳᠡᠭᠯᠡᠭᠳᠡᠭᠰᠡᠨ ᠾᠦᠩᠨᠦ ᠶᠢᠨ ᠬᠠᠮᠤᠭ ᠡᠷᠳᠡᠨ ᠤ ᠴᠠᠨ | ᠢᠥᠢ ᠪᠣᠯᠬᠤ ᠲᠦᠮᠡᠨ ᠴᠠᠨ ᠢᠥᠢ ᠠᠴᠠ ᠡᠬᠢᠯᠡᠨ᠂ ᠲᠣᠷᠣᠭᠰᠢ ᠲᠡᠰ ᠲᠠᠷᠠᠭᠠᠯᠠᠨ ᠲᠣᠭᠠᠯᠠᠪᠠᠯ ᠠᠷᠪᠠᠨ | ᠲᠦᠷᠪᠡᠳᠦᠭᠡᠷ ᠦᠶ᠎ᠡ ᠶᠢᠨ ᠴᠠᠨ ᠢᠥᠢ ᠪᠣᠯᠬᠤ ᠬᠣ᠋ ᠬᠠᠨ ᠶᠧ ᠴᠠᠨ ᠢᠥᠢ ᠮᠦᠨ᠃ ᠲᠡᠭᠦᠨ ᠤ ᠡᠴᠢᠭᠡ ᠨᠢ | ᠬᠦᠯᠢᠴᠡᠩᠭᠦᠢ ︵虚闾权渠︶ ᠴᠠᠨ ᠢᠥᠢ ᠭᠡᠳᠡᠭ ᠶᠣᠮ᠃ ᠬᠦᠯᠢᠴᠡᠩᠭᠦᠢ ᠴᠠᠨ ᠢᠥᠢ ᠶᠢᠨ ᠰᠠᠭᠤᠷᠢᠨ | ᠳᠤ ᠰᠠᠭᠤᠵᠣ ᠪᠠᠶᠢᠭᠰᠠᠨ ᠴᠠᠭ ᠦᠶ᠎ᠡ ᠪᠣᠯ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 68 — ᠡᠮᠦᠨ᠎ᠡ 60 | ᠣᠨ ᠶᠣᠮ᠃ ᠡᠨᠡᠬᠦ ᠴᠠᠨ ᠢᠥᠢ ᠰᠠᠭᠤᠷᠢᠨ ᠳᠤ ᠪᠠᠶᠢᠭ᠎ᠠ ᠬᠤᠭᠤᠴᠠᠭᠠᠨ ᠳᠠᠭᠠᠨ ᠣᠯᠣᠰ ᠤᠨ ᠲᠣᠲᠣᠭᠠᠳᠣ ᠶᠢᠨ | ᠵᠦᠷᠢᠴᠡᠯ ᠢᠶᠠᠨ ᠰᠢᠢᠳᠪᠦᠷᠢᠯᠡᠵᠦ ᠴᠢᠳᠠᠭᠰᠠᠨ ᠦᠭᠡᠢ ᠪᠠᠷ ᠪᠠᠷᠠᠬᠤ᠂ ᠭᠠᠳᠠᠭᠠᠳᠣ ᠶᠢᠨ ᠲᠦᠷᠢᠮᠡᠬᠡᠶᠢᠯᠡᠯ ᠢ ᠴᠦ | ᠠᠷᠠᠭᠠᠴᠠᠵᠣ ᠲᠡᠶᠢᠯᠦᠭᠰᠡᠨ ᠦᠭᠡᠢ ᠪᠣᠯᠬᠤᠷ᠂ ᠲᠣᠲᠣᠭᠠᠳᠣ ᠳᠤ ᠨᠢ ᠲᠠᠷᠣᠵᠣ ᠲᠡᠶᠢᠯᠦᠰᠢ ᠦᠭᠡᠢ ᠬᠠᠭᠠᠷᠠᠯ ᠪᠣᠳᠠᠷᠠᠯ | ᠦᠷᠪᠢᠰᠦᠨ᠂ ᠭᠠᠳᠠᠭᠠᠳᠣ ᠳᠤ ᠨᠢ ᠬᠠᠨ ᠣᠯᠣᠰ ᠣᠳᠣᠬᠢ ᠰᠢ ᠢᠥᠢ ᠣᠷᠣᠨ ᠳᠤ ᠶᠡᠬᠡᠪᠡᠷ ᠴᠡᠷᠢᠭ ᠣᠷᠣᠭᠤᠯᠵᠣ᠂ | ᠣᠣᠯ ᠳᠠᠭᠠᠨ ᠾᠦᠩᠨᠦ ᠳᠤ ᠲᠠᠭᠠᠵᠣ ᠪᠠᠶᠢᠭᠰᠠᠨ ᠰᠢ ᠢᠥᠢ ᠶᠢᠨ ᠨᠣᠭᠤᠭᠠᠨ ᠪᠦᠷᠢᠳᠦ ᠪᠠᠷ ᠲᠠᠷᠬᠠᠵᠣ ᠪᠠᠶᠢᠭᠰᠠᠨ | ᠭᠤᠴᠢᠨ ᠬᠡᠳᠦᠨ ᠵᠢᠵᠢᠭ ᠣᠯᠣᠰ ᠢ ᠪᠦᠷ ᠦᠪᠡᠷ ᠤᠨ ᠬᠠᠷᠢᠶᠠᠳᠣ ᠣᠯᠣᠰ ᠪᠣᠯᠭᠠᠨ ᠠᠪᠣᠭᠠᠳ᠂ ᠲᠡᠨᠳᠡ ᠶᠡᠭᠡ | ᠬᠡᠮᠵᠢᠶᠡᠨ ᠤ ᠲᠠᠷᠢᠶᠠᠯᠠᠬᠤ ᠴᠡᠷᠢᠭ ᠰᠠᠭᠤᠯᠭᠠᠨ ᠣᠷᠳᠣ ᠬᠤᠭᠤᠴᠠᠭ᠎ᠠ ᠪᠠᠷ ᠨᠣᠶᠠᠷᠬᠠᠬᠤ ᠠᠷᠭ᠎ᠠ ᠬᠡᠮᠵᠢᠶ᠎ᠡ ᠪᠣᠯᠭᠠᠵᠣ | ᠪᠠᠶᠢᠳᠠᠯ᠎ᠠ᠂ ᠲᠡᠷᠡ ᠬᠠᠵᠠᠭᠤ ᠠᠴᠠ ᠨᠢ ᠬᠠᠷᠠᠬᠤ ᠶᠢᠨ ᠲᠡᠳᠦᠶᠢᠯᠡ ᠪᠠᠶᠢᠵᠣ ᠶᠠᠮᠠᠷᠴᠣ ᠲᠣᠬᠢᠳᠠᠢ ᠠᠷᠭ᠎ᠠ ᠬᠡᠮᠵᠢᠶ᠎ᠡ | ᠠᠪᠣᠭᠰᠠᠨ ᠦᠭᠡᠢ᠃ ᠴᠢᠨᠠᠭᠰᠢᠯᠠᠪᠠᠯ ᠲᠡᠨᠳᠡᠬᠢ ᠠᠷᠠᠳ ᠢᠷᠭᠡᠳ ᠬᠠᠨ ᠣᠯᠣᠰ ᠤᠨ ᠵᠠᠬᠢᠷᠣᠭᠴᠢ ᠵᠠᠩᠵᠣᠨ ᠠᠴᠠ | ᠣᠷᠪᠠᠵᠠᠭᠠᠨ᠂ ᠾᠦᠩᠨᠦ ᠶᠢᠨ ᠲᠡᠮᠵᠢᠯᠭᠡ ᠬᠠᠪᠰᠣᠷᠣᠯᠭ᠎ᠠ ᠶᠢ ᠬᠦᠰᠡᠵᠦ ᠪᠠᠶᠢᠭᠰᠠᠨ ᠰᠠᠨ ᠲᠣᠬᠢᠶᠠᠯ ᠢ ᠴᠦ ᠨᠢᠭᠡᠴᠦ | ᠠᠰᠢᠭᠯᠠᠵᠣ ᠴᠢᠳᠠᠭᠰᠠᠨ ᠡᠶᠢᠮᠦ ᠨᠢᠭᠡᠨ ᠲᠣᠷᠣᠢ ᠨᠣᠮᠣᠢ ᠬᠠᠭᠠᠨ ᠡᠵᠡᠨ ᠢᠶᠠᠨ ᠾᠦᠩᠨᠦᠴᠦᠳ ᠬᠠᠷᠢᠨ ︽ | ᠬᠦᠯᠢᠴᠡᠩᠭᠦ︾ ︵虚闾权渠᠂ ᠬᠦᠯᠢᠴᠡᠩᠬᠦᠢ︶ ᠴᠣᠯᠠ ᠵᠡᠭᠦᠯᠭᠡᠵᠡᠢ᠃ ᠡᠨᠡᠬᠦ ᠴᠠᠨ ᠢᠥᠢ ᠨᠠᠰᠣ | ᠪᠠᠷᠠᠭᠰᠠᠨ ᠤ ᠲᠠᠷᠠᠭ᠎ᠠ ᠬᠤᠶᠠᠷᠬᠠᠨ ᠵᠢᠯ ᠪᠣᠯᠣᠭᠠᠳ᠂ ᠨᠡᠶᠢᠳᠡ ᠶᠢᠨ ᠣᠨ ᠲᠣᠭᠠᠯᠠᠯ ᠤᠨ ᠡᠮᠦᠨ᠎ᠡ 58 ᠣᠨ ᠳᠤ | ᠾᠦᠩᠨᠦ ᠶᠢᠨ ᠲᠣᠲᠣᠭᠠᠳᠣ ᠳᠤ ᠣᠷᠢᠳᠣ ᠡᠮᠦᠨ᠎ᠡ ᠦᠵᠡᠭᠳᠡᠭᠡ ᠦᠭᠡᠢ ᠶᠡᠭᠡ ᠰᠠᠮᠠᠭᠤᠷᠠᠯ ᠭᠠᠷᠴᠣ᠂ ᠨᠢᠭᠡᠨ ᠵᠡᠷᠭᠡᠳᠡ | ᠲᠠᠪᠣᠨ ᠬᠦᠮᠦᠨ ᠲᠣᠰ ᠲᠣᠰ ᠦᠪᠡᠷ ᠢ ᠪᠠᠨ ᠴᠠᠨ ᠢᠥᠢ ᠡᠷᠬᠦᠮᠵᠢᠯᠡᠬᠦ ᠳᠤ ᠬᠦᠷᠴᠡᠢ᠃ ᠡᠨᠡ ᠦᠶ᠎ᠡ ᠪᠠᠷ ᠲᠡᠭᠦᠨ ᠤ | ᠬᠦᠪᠡᠭᠦᠨ ᠬᠣ᠋ ᠬᠠᠨ ᠶᠧ ︵ᠴᠣᠬᠤᠮ ᠨᠡᠷ᠎ᠡ ᠨᠢ 稽侯㹪 ᠭᠡᠳᠡᠭ︶ ᠴᠦ ᠦᠪᠡᠷ ᠤᠨ ᠪᠡᠶ᠎ᠡ ᠪᠠᠨ ᠡᠴᠢᠬᠡ | ᠴᠠᠨ ᠢᠥᠢ ᠶᠢᠨ ᠰᠠᠭᠤᠷᠢᠨ ᠳᠤ ᠰᠠᠭᠤᠬᠤ ᠶᠣᠰᠣᠳᠠᠢ ᠬᠦᠮᠦᠨ ᠬᠡᠮᠡᠨ ᠦᠵᠡᠵᠦ᠂ ᠦᠪᠡᠷ ᠢ ᠨᠢ ᠬᠦᠷᠢᠶᠡᠯᠡᠨ ᠪᠦᠬᠦᠢ | ᠬᠦᠮᠦᠰ ᠤᠨ ᠲᠡᠮᠵᠢᠯᠭᠡ ᠪᠠᠷ ᠴᠠᠨ ᠢᠥᠢ ᠪᠣᠯᠵᠣ ᠬᠣ᠋ ᠬᠠᠨ ᠶᠧ ᠴᠠᠨ ᠢᠥᠢ ᠬᠡᠮᠡᠨ ᠴᠣᠯᠠ ᠠᠪᠣᠪᠠ᠃ ᠬᠣ᠋ ᠬᠠᠨ | ᠶᠧ ︵呼韩邪︶ ᠭᠡᠮᠡᠭᠴᠢ ᠨᠢ ᠲᠠᠷᠣᠢ ᠬᠠᠭᠠᠨ ᠭᠡᠳᠡᠭ ᠦᠭᠡᠨ ᠤ ᠡᠷᠳᠡᠨ ᠤ ᠬᠡᠯᠪᠡᠷᠢ ᠪᠣᠯᠬᠤ ᠬᠠᠭᠠᠰ᠎ᠡ | ᠭᠡᠳᠡᠭ ᠮᠣᠩᠭᠤᠯ ᠦᠭᠡ ᠶᠣᠮ ︵ᠡᠨᠡ ᠦᠭᠡ ᠶᠢ ᠨᠢᠭᠡᠨᠳᠡ ᠲᠠᠶᠢᠯᠪᠣᠷᠢᠯᠠᠵᠣ ᠦᠩᠭᠡᠷᠡᠪᠡ︶᠃ ᠡᠨᠡᠬᠦ ᠬᠠᠭᠠᠰ᠎ᠡ ᠴᠠᠨ | ᠢᠥᠢ ᠬᠡᠳᠦᠶᠢᠪᠡᠷ ᠰᠠᠭᠤᠷᠢᠨ ᠡᠵᠡᠯᠡᠪᠡ ᠭᠡᠳᠡᠭ ᠪᠣᠯᠪᠠᠴᠣ᠂ ᠦᠪᠡᠷ ᠤᠨ ᠬᠦᠴᠦᠨ ᠴᠢᠳᠠᠯ ᠢᠶᠠᠷ ᠢᠶᠠᠨ ᠨᠦᠬᠦᠭᠡ | ᠲᠦᠷᠪᠡᠨ ᠴᠠᠨ ᠢᠥᠢ ᠪᠠᠨ ᠲᠠᠶᠢᠯᠠᠨ ᠲᠠᠷᠣᠵᠣ ᠲᠡᠶᠢᠯᠦᠬᠦ ᠦᠭᠡᠢ ᠪᠣᠯᠬᠤᠷ᠂ ᠠᠷᠭ᠎ᠠ ᠪᠣᠰᠣ ᠠᠷᠠᠳ ᠢᠷᠭᠡᠳ ᠤᠨ | ᠲᠣᠮᠳᠠ ᠲᠡᠨᠦᠭᠦᠴᠢᠯᠡᠨ ᠠᠮᠢᠳᠣᠷᠠᠵᠣ ᠪᠠᠶᠢᠭᠰᠠᠨ ᠦᠪᠡᠷ ᠤᠨ ᠠᠬ᠎ᠠ ᠬᠤᠲᠣᠬᠤᠰ ᠢᠶᠠᠨ ᠡᠷᠢᠨ ᠠᠪᠴᠢᠷᠠᠵᠣ᠂ ᠠᠷᠠᠳ | ᠢᠷᠭᠡᠳ ᠠᠳᠣᠭᠤ ᠮᠠᠯ ᠴᠡᠷᠢᠭ ᠲᠠᠶᠢᠴᠢᠳ ᠦᠭᠴᠦ᠂ ᠠᠬ᠎ᠠ ᠲᠡᠭᠦᠥ ᠬᠤᠶᠠᠭᠤᠯᠠ ᠨᠢᠬᠳᠠᠷᠠᠨ ᠬᠠᠮᠵᠢᠯᠴᠠᠵᠣ | ᠨᠦᠬᠦᠭᠡ ᠲᠦᠷᠪᠡᠨ ᠴᠠᠨ ᠢᠥᠢ ᠪᠠᠨ ᠲᠠᠷᠣᠵᠣ ᠨᠣᠮᠣᠳᠬᠠᠬᠤ ᠪᠠᠷ ᠴᠢᠷᠮᠠᠶᠢᠵᠠᠢ᠃ ᠡᠨᠡᠬᠦ ᠬᠠᠮᠵᠢᠯᠴᠠᠭ᠎ᠠ ᠴᠢᠷᠮᠠᠶᠢᠯᠳᠠ | ᠲᠡᠭᠦᠨ ᠢ ᠭᠤᠮᠣᠳᠠᠭᠠᠭᠰᠠᠨ ᠦᠭᠡᠢ᠂ ᠣᠨᠴᠠᠭᠠᠶᠢᠯᠠᠨ ᠠᠬ᠎ᠠ ᠬᠤᠳᠣᠬᠤᠰ ᠤᠨ ᠢᠶᠠᠨ ᠮᠡᠷᠭᠡᠨ ᠪᠠᠭᠠᠳᠣᠷ ᠢᠶᠠᠷ | ᠲᠠᠶᠢᠰᠣᠨ ᠨᠤᠭᠤᠳ ᠢᠶᠠᠨ ᠪᠦᠬᠦᠨ ᠢ ᠲᠠᠷᠣᠨ ᠨᠣᠮᠣᠳᠬᠠᠭᠰᠠᠨ ᠪᠣᠯᠪᠠᠴᠣ᠂ ᠠᠬ᠎ᠠ ᠬᠤᠲᠣᠬᠤᠰ ᠨᠢ ᠬᠠᠷᠢᠨ ᠡᠨᠡ | ᠦᠶ᠎ᠡ ᠪᠠᠷ ᠨᠢᠭᠡᠨᠳᠡ ᠭᠠᠷ ᠲᠠᠭᠠᠨ ᠡᠵᠡᠮᠰᠢᠵᠣ ᠪᠠᠶᠢᠭ᠎ᠠ ᠴᠡᠷᠢᠭ ᠮᠣᠷᠢᠨ ᠤ ᠪᠠᠨ ᠰᠦᠷ ᠬᠦᠴᠦᠨ ᠤ ᠲᠠᠪᠠᠭᠤᠯᠢᠭ | ᠲᠤ ᠡᠷᠳᠦᠨ᠂ ᠮᠦᠨ ᠦᠪᠡᠷ ᠢᠶᠠᠨ ᠴᠠᠨ ᠢᠥᠢ ᠶᠢᠨ ᠰᠠᠭᠤᠷᠢᠨ ᠳᠤ ᠰᠠᠭᠤᠴᠢᠬᠠᠪᠠ᠃ ᠡᠨᠡ ᠦᠶ᠎ᠡ ᠳᠤ ᠬᠠᠭᠠᠰ᠎ᠡ | ᠴᠠᠨ ᠢᠥᠢ ᠨᠢᠭᠡᠨᠳᠡ ᠬᠦᠴᠦᠨ ᠰᠦᠷ ᠪᠠᠭᠤᠷᠠᠨ᠂ ᠦᠪᠡᠷ ᠢᠶᠠᠨ ᠶᠠᠭᠠᠬᠢᠵᠣ ᠴᠢᠷᠮᠠᠶᠢᠨ ᠠᠬ᠎ᠠ ᠲᠠᠢ ᠪᠠᠨ ᠲᠡᠮᠡᠴᠡᠨ | ᠪᠠᠶᠢᠯᠳᠣᠭᠰᠠᠨ ᠴᠦ ᠲᠠᠬᠢᠨ ᠲᠠᠪᠳᠠᠨ ᠴᠡᠷᠢᠭ ᠲᠠᠷᠣᠭᠳᠠᠵᠣ᠂ ᠨᠢᠭᠡᠮᠦᠰᠦᠨ ᠠᠬ᠎ᠠ ᠬᠤᠳᠣᠬᠤᠰ ᠢᠶᠠᠨ ᠠᠷᠭᠠᠯᠠᠵᠣ | ᠲᠡᠶᠢᠯᠦᠬᠦ ᠦᠭᠡᠢ ᠪᠣᠯᠴᠢᠬᠠᠪᠠ᠃ ᠮᠦᠬᠦᠯ ᠤᠨ ᠢᠷᠮᠡᠭ ᠲᠤ ᠬᠦᠷᠦᠭᠰᠡᠨ ᠬᠠᠭᠠᠰ᠎ᠡ ᠴᠠᠨ ᠢᠥᠢ ᠠᠷᠭ᠎ᠠ ᠪᠣᠰᠣ ᠵᠠᠷᠢᠮ | ᠨᠢᠭᠡᠨ ᠶᠡᠬᠡᠰ ᠲᠦᠰᠢᠮᠡᠯ ᠤᠨ ᠢᠳᠬᠠᠯ ᠢᠶᠠᠷ ᠬᠠᠨ ᠣᠯᠣᠰ ᠲᠤ ᠪᠠᠭᠤᠵᠣ ᠦᠭᠬᠦ ᠪᠠᠷ ᠨᠦᠬᠦᠴᠡᠯ ᠪᠣᠯᠭᠠᠨ᠂ ᠬᠠᠨ | ᠣᠯᠣᠰ ᠤᠨ ᠲᠡᠮᠵᠢᠯᠭᠡ ᠳᠤ ᠲᠦᠰᠢᠭᠯᠡᠪᠡᠯ ᠦᠪᠡᠷ ᠢ ᠪᠠᠨ ᠠᠪᠣᠷᠠᠵᠣ ᠪᠣᠯᠣᠨ᠎ᠠ ᠭᠡᠵᠦ ᠪᠣᠳᠣᠭᠠᠳ᠂ ᠣᠯᠠᠨ | ᠲᠦᠰᠢᠮᠡᠳ ᠲᠠᠢ ᠪᠠᠨ ᠵᠦᠪᠳᠡᠯᠴᠡᠵᠡᠢ᠃ ᠡᠭᠦᠨ ᠳᠤ ᠣᠯᠠᠩᠬᠢ ᠳᠦᠰᠢᠮᠡᠳ ᠨᠢ᠂ ᠲᠠᠨ ᠤ ᠠᠬ᠎ᠠ ᠲᠡᠭᠦᠥ ᠶᠢᠨ | ᠬᠤᠭᠤᠷᠣᠨᠳᠣᠬᠢ ᠲᠡᠮᠡᠴᠡᠯ ᠳᠤ ᠬᠠᠭᠠᠨ ᠰᠠᠭᠤᠷᠢ ᠠᠬ᠎ᠠ ᠶᠢᠨ ᠴᠢᠨᠢ ᠪᠢᠰᠢ ᠪᠣᠯ ᠴᠢᠨᠦ ᠬᠢ᠂ ᠶᠠᠮᠠᠷ ᠪᠠᠶᠢᠭᠰᠠᠨ ᠴᠦ | ᠪᠣᠰᠣᠳ ᠣᠭᠰᠠᠭᠠᠳᠠᠨ ᠤ ᠭᠠᠷ ᠲᠤ ᠣᠷᠣᠬᠤ ᠦᠭᠡᠢ ᠨᠢ ᠯᠠᠪ ᠪᠣᠯᠠᠢ᠃ ᠡᠷᠳᠡᠨ ᠠᠴᠠ ᠢᠨᠠᠭᠰᠢ ᠮᠠᠨ ᠤ ᠾᠦᠩᠨᠦ | ᠣᠯᠣᠰ ᠲᠡᠯᠡᠬᠡᠢ ᠲᠠᠬᠢᠨ ᠳᠤ ︽ᠲᠦᠮᠡᠨ ᠣᠯᠣᠰ ᠤᠨ ᠲᠡᠷᠢᠭᠦᠨ᠂ ᠮᠢᠩᠭᠠᠨ ᠬᠦᠷᠦᠨ ᠤ ᠮᠠᠩᠯᠠᠢ︾ ᠬᠡᠮᠡᠨ ᠠᠯᠳᠠᠷ | ᠴᠣᠣᠳᠠᠢ ᠶᠠᠪᠣᠵᠣ ᠪᠠᠶᠢᠭᠠᠳ᠂ ᠶᠠᠭᠤᠨ ᠳᠤ ᠬᠠᠨ ᠣᠯᠣᠰ ᠲᠤ ᠪᠠᠭᠤᠵᠣ ᠦᠭᠬᠦ ᠶᠣᠰᠣᠨ ᠪᠣᠢ ᠬᠡᠮᠡᠨ ᠡᠰᠡᠷᠭᠦ ᠰᠠᠨᠠᠯ | ᠭᠠᠷᠭᠠᠵᠣ ᠪᠠᠶᠢᠵᠠᠢ᠃ ᠭᠡᠪᠡᠴᠦ ᠬᠠᠭᠠᠰ᠎ᠡ ᠴᠠᠨ ᠢᠥᠢ ᠶᠢᠨ ᠰᠡᠳᠬᠢᠯ ᠨᠢᠭᠡᠨᠳᠡ ᠰᠢᠭᠤᠳᠣᠭᠰᠠᠨ ᠪᠣᠯᠬᠤᠷ ᠣᠯᠠᠨ | ᠢᠶᠠᠷ ᠢᠶᠠᠨ ᠦᠭᠡᠷ᠎ᠡ ᠦᠭᠡ ᠦᠭᠡᠢ ᠪᠣᠯᠵᠣ᠂ ᠬᠠᠭᠠᠰ᠎ᠡ ᠴᠠᠨ ᠢᠥᠢ ᠬᠠᠨ ᠣᠯᠣᠰ ᠲᠤ ᠡᠯᠴᠢ ᠢᠯᠡᠭᠡᠨ ᠡᠨᠡᠬᠦ ᠰᠠᠨᠠᠯ | ᠢᠶᠠᠨ ᠲᠠᠮᠵᠢᠭᠤᠯᠵᠣ᠂ ᠬᠠᠨ ᠣᠯᠣᠰ ᠵᠦᠪᠰᠢᠶᠡᠷᠡᠪᠡᠯ ᠲᠠᠷᠠᠭ᠎ᠠ ᠵᠢᠯ ︵ᠨᠡᠶᠢᠳᠡ ᠶᠢᠨ ᠣᠨ ᠲᠣᠭᠠᠯᠠᠯ ᠠᠴᠠ ᠡᠮᠦᠨᠡᠬᠢ | 56 ᠣᠨ ᠣᠷᠴᠢᠮ ᠢᠶᠠᠷ︶ ᠴᠠᠩ ᠠᠨ ᠬᠤᠳᠠᠨ᠎ᠠ ᠣᠷᠣᠵᠣ ᠬᠠᠨ ᠣᠯᠣᠰ ᠤᠨ ᠬᠠᠭᠠᠨ ᠳᠤ ᠪᠠᠷᠠᠭᠠᠳᠠᠨᠠ ᠭᠡᠵᠦ | ᠮᠡᠳᠡᠭᠳᠡᠵᠡᠢ᠃ | ᠬᠠᠨ ᠣᠯᠣᠰ ᠪᠠᠶᠢᠭᠤᠯᠣᠭᠳᠠᠭᠰᠠᠨ ᠠᠴᠠ ᠢᠨᠠᠭᠰᠢ ᠵᠠᠭᠤ ᠲᠠᠪᠢᠭᠠᠳ ᠣᠨ ᠪᠣᠯᠳᠡᠯ᠎ᠡ᠂ ᠲᠡᠭᠦᠨ ᠤ ᠭᠠᠳᠠᠭᠰᠢ | ᠲᠦᠷᠢᠬᠦ ᠲᠠᠶᠢᠨ ᠨᠢ ᠭᠠᠭᠴᠠᠬᠠᠨ ᠾᠦᠩᠨᠦ ᠶᠢ ᠭᠠᠷᠭᠠᠪᠠᠯ᠂ ᠡᠮᠦᠨᠡᠰᠢ ᠶᠣᠸᠠᠢ ᠣᠯᠣᠰ᠂ ᠵᠡᠭᠦᠨᠰᠢ ᠰᠣᠯᠣᠩᠭᠤᠰ | ᠣᠯᠣᠰ᠂ ᠪᠠᠷᠠᠭᠤᠨ ᠡᠮᠦᠨᠡᠰᠢ ᠣᠯᠠᠨ ᠮᠠᠨ ᠵᠡᠷᠭᠡ ᠦᠨᠳᠦᠰᠦᠳᠡᠨ ᠤ ᠣᠯᠣᠰ ᠣᠷᠣᠨ ᠢ ᠲᠦᠷᠢᠮᠡᠬᠡᠶᠢᠯᠡᠬᠦ | ᠲᠦᠪᠰᠢᠳᠭᠡᠬᠦ ᠳᠤ ᠣᠳᠠᠭᠠᠨ ᠳᠠᠭᠠᠨ ᠬᠠᠭᠠᠰ ᠵᠢᠯ ᠤᠨ ᠲᠠᠶᠢᠨ ᠢᠶᠠᠷ ᠰᠢᠢᠳᠪᠦᠷᠢᠯᠡᠵᠦ᠂ ᠬᠤᠷᠳᠣᠨ ᠨᠢ ᠬᠠᠭᠠᠰ | ᠰᠠᠷ᠎ᠠ ᠴᠦ ᠬᠡᠷᠡᠭᠯᠡᠭᠰᠡᠨ ᠦᠭᠡᠢ ᠢᠯᠭᠤᠮ ᠰᠢᠯᠣᠭᠤᠨ ᠲᠦᠪᠰᠢᠳᠭᠡᠵᠦ ᠪᠠᠶᠢᠵᠠᠢ᠃ ᠭᠠᠭᠴᠠᠬᠠᠨ ᠾᠦᠩᠨᠦ ᠣᠯᠣᠰ | ᠵᠠᠭᠤ ᠲᠠᠪᠢᠭᠠᠳ ᠣᠨ ᠪᠣᠯᠳᠠᠯ᠎ᠠ ᠬᠠᠨ ᠣᠯᠣᠰ ᠲᠤ ᠠᠮᠠᠷᠬᠠᠨ ᠲᠡᠶᠢᠯᠦᠭᠳᠡᠵᠦ ᠦᠭᠬᠦ ᠦᠭᠡᠢ ᠮᠦᠷᠳᠡᠭᠡᠨ ᠣᠣᠯ ᠬᠡᠪ | ᠢᠶᠠᠷ ᠨᠣᠴᠢᠳᠠᠢ ᠰᠦᠷᠳᠡᠭᠦᠯᠦᠯ ᠪᠣᠯᠣᠭᠰᠠᠭᠠᠷ ᠢᠷᠡᠵᠡᠢ᠃ ᠢᠩᠬᠢᠭᠡᠳ ᠡᠷᠳᠡ ᠦᠶ᠎ᠡ ᠳᠤ ᠬᠠᠨ ᠡᠣ ᠳ᠋ᠢ ᠬᠠᠭᠠᠨ | ᠰᠠᠭᠤᠷᠢᠨ ᠳᠤ ᠪᠠᠶᠢᠭ᠎ᠠ ᠲᠠᠪᠢᠨ ᠬᠡᠳᠦᠨ ᠵᠢᠯ ︵ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 141 — ᠡᠮᠦᠨ᠎ᠡ | 87︶ ᠲᠣᠲᠣᠷ᠎ᠠ ᠣᠯᠣᠰ ᠤᠨ ᠬᠦᠷᠦᠩᠭᠡ ᠪᠠᠨ ᠬᠦᠨᠳᠦᠷᠴᠦ ᠪᠠᠶᠢᠭᠠᠳ ᠵᠠᠪᠠᠯ ᠾᠦᠩᠨᠦ ᠶᠢ ᠮᠦᠬᠦᠭᠡᠨ᠂ ᠡᠪᠦᠭᠡ | ᠲᠡᠭᠡᠳᠦᠰ ᠤᠨ ᠦᠰᠢᠶ᠎ᠡ ᠬᠤᠷᠣᠰᠣᠯ ᠢ ᠴᠠᠭᠠᠳᠭᠠᠬᠤ ᠨᠡᠷ᠎ᠡ ᠪᠠᠷ ᠵᠢᠯ ᠦᠨᠵᠢᠯ ᠦᠭᠡᠢ ᠾᠦᠩᠨᠦ ᠳᠤ ᠲᠠᠶᠢᠨ ᠵᠠᠷᠯᠠᠨ | ᠲᠠᠶᠢᠯᠠᠯᠳᠣᠵᠣ᠂ ᠴᠢᠨᠠᠭᠰᠢᠯᠠᠪᠠᠯ ᠵᠢᠯ ᠳᠤ ᠬᠡᠳᠦ ᠣᠳᠠᠭᠠᠨ ᠤ ᠶᠡᠭᠡ ᠴᠡᠷᠢᠭ ᠬᠦᠳᠡᠯᠭᠡᠵᠣ ᠪᠠᠶᠢᠪᠠᠴᠣ᠂ ᠲᠣᠣᠱᠳᠠᠢ | ᠢᠯᠠᠯᠳᠠ ᠪᠠᠶᠢᠭᠤᠯᠵᠣ ᠾᠦᠩᠨᠦ ᠶᠢ ᠮᠦᠬᠦᠭᠡᠬᠦ ᠵᠣᠷᠢᠯᠭ᠎ᠠ ᠳᠠᠭᠠᠨ ᠬᠦᠷᠴᠦ ᠴᠢᠳᠠᠭᠰᠠᠨ ᠦᠭᠡᠢ ᠮᠦᠷᠳᠡᠭᠡᠨ᠂ | ᠲᠡᠭᠦᠨ ᠤ ᠦᠳᠡᠯ᠎ᠡ ᠨᠠᠰᠣᠨ ᠳᠤ ᠢᠷᠡᠭᠡᠳ ᠶᠡᠭᠡ ᠵᠠᠩᠵᠣᠨ ᠨᠡᠷ ᠨᠢ ᠦᠷᠬᠦᠯᠵᠢ ᠾᠦᠩᠨᠦ ᠳᠤ ᠢᠯᠠᠭᠳᠠᠬᠤ ᠪᠣᠯᠵᠠᠢ | ᠂ ᠣᠨᠴᠠᠭᠠᠶᠢᠯᠠᠨ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 90 ᠣᠨ ᠳᠤ᠂ ᠯᠢ ᠭᠤᠸᠠᠩ ᠯᠢ ᠪᠠᠷ ᠭᠤᠴᠢ | ᠭᠠᠷᠣᠢ ᠲᠦᠮᠡᠨ ᠶᠡᠭᠡ ᠴᠡᠷᠢᠭ ᠲᠠᠶᠢᠴᠢᠯᠠᠭᠤᠯᠣᠨ᠂ ᠠᠷᠪᠠ ᠭᠠᠷᠣᠢ ᠠᠯᠳᠠᠷᠳᠣ ᠵᠠᠩᠵᠣᠨ ᠢᠶᠠᠨ ᠬᠠᠷᠢᠶᠠᠯᠠᠭᠤᠯᠵᠣ᠂ | ᠾᠦᠩᠨᠦ ᠣᠯᠣᠰ ᠤᠨ ᠭᠦᠨ ᠵᠦᠭ ᠲᠤ ᠲᠠᠪᠣᠨ ᠵᠠᠮ ᠢᠶᠠᠷ ᠶᠡᠭᠡ ᠴᠡᠷᠢᠭ ᠣᠷᠣᠭᠤᠯᠵᠠᠢ᠃ ᠭᠡᠪᠡᠴᠦ ᠾᠦᠩᠨᠦ ᠶᠢᠨ | ᠦᠯᠡᠭᠦᠥ ᠴᠠᠨ ᠢᠥᠢ ᠳᠤ ᠬᠢᠶᠠᠷ ᠬᠢᠳᠣᠭᠳᠠᠨ᠂ ᠡᠵᠡᠨ ᠵᠠᠩᠵᠣᠨ ᠯᠢ ᠭᠤᠸᠠᠩ ᠯᠢ ᠬᠦᠷᠳᠡᠯ᠎ᠡ ᠲᠠᠶᠢᠨ ᠳᠤ | ᠣᠯᠵᠠᠯᠠᠭᠳᠠᠨ ᠾᠦᠩᠨᠦ ᠳᠤ ᠪᠠᠭᠤᠵᠣ ᠦᠭᠬᠦ ᠳᠤ ᠬᠦᠷᠴᠡᠢ᠃ ︽ᠡᠨᠡ ᠲᠠᠶᠢᠨ ᠠᠴᠠ ᠪᠣᠴᠠᠵᠣ ᠢᠷᠡᠭᠴᠢᠳ ᠠᠷᠠᠢ | ᠮᠢᠩᠭᠠᠨ ᠤ ᠭᠤᠷᠪᠠ ᠲᠦᠷᠪᠡᠬᠡᠨ ᠪᠠᠶᠢᠯ᠎ᠠ︾ ᠭᠡᠵᠦ ︽ᠬᠠᠨ ᠣᠯᠣᠰ ᠤᠨ ᠪᠢᠴᠢᠭ︾ ᠲᠤ ᠲᠡᠮᠳᠡᠭᠯᠡᠭᠳᠡᠨ ᠦᠯᠡᠳᠡᠵᠡᠢ | ᠃ ᠡᠶᠢᠮᠦ ᠠᠴᠠ ᠬᠠᠨ ᠡᠣ ᠳ᠋ᠢ ᠬᠠᠭᠠᠨ ᠴᠦ ᠵᠣᠷᠢᠭᠰᠠᠨ ᠲᠠᠭᠠᠨ ᠬᠦᠷᠴᠦ ᠴᠢᠳᠠᠭᠰᠠᠨ ᠦᠭᠡᠢ ᠭᠤᠷᠪᠠᠭ᠋ᠠᠨ ᠵᠢᠯ ᠤᠨ | ᠲᠠᠷᠠᠭ᠎ᠠ ᠨᠢ ᠡᠪᠴᠢᠭᠦᠥ ᠲᠦᠭᠦᠷᠡᠩ ᠬᠠᠷᠠᠮᠰᠠᠯ ᠲᠠᠢ ᠦᠬᠦᠭᠰᠡᠨ ᠶᠣᠮ᠃ ᠢᠩᠬᠢᠭᠡᠳ ᠬᠡᠳᠦᠨ ᠵᠠᠭᠤᠨ ᠣᠨ ᠢᠶᠠᠷ | ᠾᠦᠩᠨᠦ ᠶᠢ ᠮᠦᠬᠦᠭᠡᠬᠦ ᠠᠷᠭ᠎ᠠ ᠮᠡᠭᠡ ᠶᠢ ᠰᠣᠳᠣᠯᠣᠨ ᠰᠢᠨᠵᠢᠯᠡᠭᠰᠡᠨ ᠬᠠᠨ ᠣᠯᠣᠰ ᠤᠨ ᠮᠡᠷᠭᠡᠨ ᠲᠦᠰᠢᠮᠡᠳ ᠤᠨ | ᠰᠢᠨᠵᠢᠯᠡᠵᠦ ᠰᠣᠳᠣᠯᠵᠣ ᠣᠯᠣᠭᠰᠠᠨ ᠭᠠᠭᠴᠠ ᠳ᠋ᠦᠩᠨᠡᠯᠳᠡ ᠨᠢ ︽ᠾᠦᠩᠨᠦ ᠶᠢᠨ ᠲᠡᠶᠢᠯᠦᠭᠳᠡᠰᠢ ᠦᠭᠡᠢ ᠰᠢᠯᠳᠠᠭᠠᠨ | ᠤ ᠭᠤᠣᠯ ᠨᠢ ᠾᠦᠩᠨᠦᠴᠦᠳ ᠬᠠᠨ ᠣᠯᠣᠰ ᠤᠨ ᠰᠠᠯᠬᠢᠨ ᠤ ᠲᠡᠭᠡᠷ᠎ᠡ ᠲᠠᠯ᠎ᠠ ᠳᠤ ᠪᠠᠶᠢᠭ᠎ᠠ ᠠᠴᠠ ᠪᠣᠯᠪᠠᠢ︾ ᠭᠡᠵᠦ | ᠪᠠᠶᠢᠬᠠᠯᠢ ᠶᠢᠨ ᠨᠦᠬᠦᠴᠡᠯ ᠳᠤ ᠳᠦᠯᠬᠢᠬᠦ ᠱᠤᠭ ᠲᠠᠢ ᠦᠷ᠎ᠡ ᠳ᠋ᠦᠩ ᠳᠤ ᠬᠦᠷᠭᠡᠭᠰᠡᠨ ᠲᠡᠣᠬᠡᠨ ᠲᠡᠮᠳᠡᠭᠯᠡᠯ | ᠦᠯᠡᠳᠡᠭᠡᠭᠰᠡᠨ ᠶᠣᠮ᠃ | ᠡᠳᠦᠬᠡ ᠬᠡᠳᠦᠶᠢᠪᠡᠷ ᠾᠦᠩᠨᠦᠦᠴᠦᠳ ᠪᠦᠬᠦ ᠣᠯᠣᠰ ᠢᠶᠠᠷ ᠢᠶᠠᠨ ᠪᠠᠭᠤᠵᠣ ᠦᠭᠬᠦ ᠦᠭᠡᠢ ᠪᠣᠯᠪᠠᠴᠣ᠂ ᠬᠠᠭᠠᠰ᠎ᠡ | ᠴᠠᠨ ᠢᠥᠢ ᠶᠢᠨ ᠲᠠᠭᠠᠭᠤᠯᠭ᠎ᠠ ᠲᠣᠣᠷᠠᠬᠢ ᠾᠦᠩᠨᠦᠴᠦᠳ ᠪᠠᠷᠤᠭ ᠭᠤᠷᠪᠠᠨ ᠤ ᠨᠢᠭᠡ ᠶᠢᠨ ᠲᠤᠭ᠎ᠠ ᠳᠤ ᠬᠦᠷᠴᠦ | ᠪᠠᠶᠢᠭ᠎ᠠ ᠪᠣᠯᠬᠤᠷ᠂ ᠬᠠᠨ ᠣᠯᠣᠰ ᠲᠤ ᠠᠪᠴᠣ ᠬᠡᠯᠡᠪᠡᠯ ᠲᠡᠣᠬᠡᠨ ᠳᠤ ᠭᠠᠷᠣᠭᠠᠳᠦᠢ ᠬᠠᠮᠤᠭ ᠰᠠᠶᠢᠨ ᠵᠠᠪᠰᠢᠶᠠᠨ | ᠪᠣᠯᠵᠠᠢ᠃ ᠲᠣᠬᠠᠢ ᠶᠢᠨ ᠦᠶ᠎ᠡ ᠳᠤ ᠬᠠᠨ ᠣᠯᠣᠰ ᠤᠨ ᠬᠠᠭᠠᠨ ᠳᠦᠰᠢᠮᠡᠳ ᠶᠡᠭᠡ ᠵᠦᠪᠯᠡᠯᠭᠡᠨ ᠪᠣᠯᠵᠣ ᠶᠠᠭᠠᠬᠢᠵᠣ | ᠠᠷᠭᠠᠴᠠᠬᠤ ᠪᠠᠨ ᠰᠣᠳᠣᠯᠵᠠᠢ᠃ ᠬᠠᠭᠠᠰ᠎ᠡ ᠴᠠᠨ ᠢᠥᠢ ᠶᠢᠨ ᠴᠠᠭᠠᠨ᠎ᠠ ᠨᠢ ᠪᠠᠰᠠ ᠨᠡᠩ ᠣᠯᠠᠨ ᠬᠦᠮᠦᠨ ᠠᠮᠠ ᠲᠠᠢ | ᠾᠦᠩᠨᠦᠴᠦᠳ ᠬᠤᠳᠣᠬᠤᠰ ᠴᠠᠨ ᠢᠥᠢ ᠶᠢ ᠬᠦᠷᠢᠶᠡᠯᠡᠨ ᠲᠠᠭᠠᠵᠣ ᠪᠠᠶᠢᠭ᠎ᠠ ᠲᠣᠯᠠ ᠬᠠᠭᠠᠰ᠎ᠡ ᠴᠠᠨ ᠢᠥᠢ ᠶᠢᠨ | ᠲᠠᠭᠠᠭᠤᠯᠭ᠎ᠠ ᠲᠣᠣᠷᠠᠬᠢ ᠾᠦᠩᠨᠦᠴᠦᠳ ᠢ ᠨᠢᠭᠡᠯᠡ ᠲᠡᠭᠡᠷ᠎ᠡ ︽ᠵᠠᠯᠭᠢᠬᠤ︾ ᠨᠢ ᠠᠷᠠᠢ ᠪᠦᠳᠦᠮᠵᠢ ᠲᠠᠢ ᠰᠢᠢᠳᠪᠦᠷᠢ | ᠪᠣᠯᠵᠣ ᠴᠢᠳᠠᠬᠤ ᠦᠭᠡᠢ ᠨᠢ ᠮᠡᠳᠡᠭᠡᠵᠢ ᠬᠡᠷᠡᠭ ᠲᠣᠯᠠ᠂ ᠬᠠᠷᠢᠨ ᠡᠨᠡ ᠠᠬ᠎ᠠ ᠲᠡᠭᠦᠥ ᠬᠤᠶᠠᠭᠤᠯᠠ ᠶᠢᠨ | ᠬᠤᠭᠤᠷᠣᠨᠳᠣ ᠶᠠᠰᠣ ᠬᠠᠶᠠᠵᠣ᠂ ᠣᠷᠳᠣ ᠬᠤᠭᠤᠴᠠᠭ᠎ᠠ ᠪᠠᠷ ᠬᠠᠷᠢᠯᠴᠠᠨ ᠲᠡᠮᠡᠴᠡᠭᠦᠯᠦᠨ᠂ ᠬᠦᠴᠦ ᠶᠢ ᠨᠢ | ᠬᠤᠷᠣᠭᠳᠠᠭᠤᠯᠬᠤ ᠪᠠ ᠵᠣᠬᠢᠰᠳᠠᠢ ᠴᠠᠭ ᠦᠶ᠎ᠡ ᠪᠣᠯᠣᠭᠰᠠᠭᠠᠷ ᠵᠠᠳᠠᠷᠠᠭᠤᠯᠣᠨ ᠪᠣᠳᠠᠷᠭᠠᠵᠣ ᠪᠠᠶᠢᠭᠠᠳ ᠠᠭᠠᠵᠢᠮ ᠢᠶᠠᠷ | ᠮᠡᠷᠡᠨ ᠢᠳᠡᠬᠦ ᠨᠢ ᠬᠠᠷᠢᠨ ᠬᠠᠮᠤᠭ ᠲᠡᠭᠡᠳᠦ ᠮᠡᠷᠭᠡᠨ ᠪᠣᠳᠣᠯᠭ᠎ᠠ ᠬᠡᠮᠡᠨ ᠲᠣᠭᠳᠠᠵᠠᠢ᠃ | ᠠᠳᠡ ᠬᠦᠷᠦᠭᠡᠳ᠂ ᠬᠠᠨ ᠣᠯᠣᠰ ᠬᠤᠶᠠᠷ ᠶᠡᠭᠡ ᠳᠦᠰᠢᠮᠡᠯ ᠬᠠᠨ ᠴᠠᠩ᠂ ᠵᠠᠩ ᠮᠧᠩ ᠢ ᠲᠣᠮᠢᠯᠠᠨ ᠬᠠᠭᠠᠰ᠎ᠡ ᠴᠠᠨ | ᠢᠥᠢ ᠶᠢ ᠪᠠᠳᠣᠳᠠᠢ ᠨᠣᠭᠳᠣᠯᠬᠤ ᠠᠷᠭ᠎ᠠ ᠪᠠᠨ ᠲᠣᠣᠱᠯᠠᠭᠤᠯᠬᠤ ᠪᠠᠷ ᠡᠯᠴᠢᠭᠦᠯᠦᠨ ᠢᠷᠡᠭᠦᠯᠵᠡᠢ᠃ ᠬᠤᠶᠠᠷ ᠲᠠᠯ᠎ᠠ | ᠶᠢᠨ ᠬᠡᠯᠡᠯᠴᠡᠭᠡᠷ ᠤᠨ ᠪᠣᠳᠠᠳᠣ ᠠᠭᠤᠯᠭ᠎ᠠ ᠨᠢ ᠬᠡᠳᠦᠶᠢᠪᠡᠷ ᠲᠡᠣᠬᠡᠨ ᠳᠤ ᠲᠡᠮᠳᠡᠭᠯᠡᠨ ᠦᠯᠡᠳᠡᠭᠡᠭᠰᠡᠨ ᠵᠦᠢᠯ ᠦᠭᠡᠢ | ᠪᠣᠯᠪᠠᠴᠣ᠂ ᠭᠠᠷᠴᠣ ᠦᠩᠭᠡᠷᠡᠭᠰᠡᠨ ᠲᠡᠣᠬᠡᠳᠦ ᠬᠡᠷᠡᠭ ᠠᠴᠠ ᠨᠢᠬᠳᠠᠯᠠᠨ ᠰᠢᠨᠵᠢᠬᠦᠯ᠎ᠡ᠂ ᠬᠠᠭᠠᠰ᠎ᠡ ᠴᠠᠨ ᠢᠥᠢ ᠶᠢᠨ | ᠲᠣᠷᠠᠳᠣᠭᠰᠠᠨ ᠨᠦᠬᠦᠴᠡᠯ ᠶᠣᠰᠣᠭᠠᠷ ᠬᠠᠨ ᠣᠯᠣᠰ ᠠᠴᠠ ᠲᠡᠭᠦᠨ ᠳᠤ ᠠᠵᠣ ᠠᠬᠤᠢ ᠶᠢᠨ ᠲᠡᠮᠵᠢᠯᠭᠡ ᠦᠵᠡᠬᠦᠯᠬᠦ᠂ | ᠠᠷᠠᠳ ᠢᠷᠭᠡᠳ ᠲᠤ ᠨᠢ ᠠᠮᠣ ᠬᠦᠨᠡᠰᠦᠨ ᠣᠯᠭᠤᠬᠤ᠂ ᠬᠡᠷᠡᠭᠴᠡᠭᠡ ᠲᠠᠢ ᠦᠶ᠎ᠡ ᠳᠤ ᠴᠡᠷᠢᠭ ᠤᠨ ᠲᠣᠰᠠᠯᠠᠮᠵᠢ | ᠬᠠᠩᠭᠠᠬᠤ᠂ ᠲᠠᠶᠢᠰᠣᠨ ᠢᠷᠡᠪᠡᠯ ᠬᠠᠮᠳᠣᠷᠠᠨ ᠴᠡᠷᠢᠭ ᠭᠠᠷᠴᠣ ᠡᠰᠡᠷᠭᠦᠴᠡᠨ ᠪᠠᠶᠢᠯᠳᠣᠬᠤ᠂ ᠪᠠᠰᠠ ᠨᠢᠭᠡ ᠨᠢ ᠬᠡᠣᠬᠡᠨ | ᠢᠶᠠᠨ ᠪᠣᠭᠳᠣᠯᠣᠨ ᠦᠭᠬᠦ ᠵᠡᠷᠭᠡ ᠨᠦᠬᠦᠴᠡᠯ ᠢ ᠪᠦᠷ ᠵᠦᠪᠰᠢᠶᠡᠷᠡᠨ ᠬᠡᠷᠡᠭᠵᠢᠭᠦᠯᠵᠡᠢ᠃ ᠭᠡᠶ᠎ᠡ ᠬᠠᠭᠠᠰ᠎ᠡ ᠴᠠᠨ ᠢᠥᠢ | ᠴᠦ ᠬᠠᠨ ᠣᠯᠣᠰ ᠤᠨ ᠬᠢᠯᠢ ᠣᠶᠢᠷᠬᠠᠨ ᠢᠷᠡᠵᠦ ᠰᠠᠭᠤᠨ ᠬᠠᠨ ᠣᠯᠣᠰ ᠤᠨ ᠬᠠᠮᠠᠭᠠᠯᠠᠯ ᠳᠤ ᠪᠠᠭᠳᠠᠬᠤ᠂ ᠲᠠᠬᠢᠵᠣ | ᠬᠠᠨ ᠣᠯᠣᠰ ᠲᠤ ᠴᠡᠷᠢᠭ ᠣᠷᠣᠬᠤ ᠦᠭᠡᠢ ᠮᠦᠷᠳᠡᠭᠡᠨ ᠦᠷᠬᠦᠯᠵᠢ ᠬᠠᠨ ᠣᠯᠣᠰ ᠤᠨ ᠬᠢᠯᠢ ᠬᠢᠵᠠᠭᠠᠷ ᠢ ᠴᠠᠭᠳᠠᠨ | ᠰᠠᠬᠢᠵᠣ ᠦᠭᠬᠦ ᠵᠡᠷᠭᠡ ᠠᠮᠠᠯᠠᠯ ᠦᠭᠴᠡᠢ᠃ ᠡᠳᠡᠭᠡᠷ ᠬᠡᠷᠡᠭ ᠢ ᠬᠡᠯᠡᠯᠴᠡᠨ ᠲᠣᠭᠳᠠᠭᠠᠳ ᠬᠠᠨ ᠴᠠᠩ᠂ ᠵᠠᠩ ᠮᠧᠩ | ᠨᠡᠷ ᠬᠠᠭᠠᠰ᠎ᠡ ᠴᠠᠨ ᠢᠥᠢ ᠪᠠ ᠾᠦᠩᠨᠦ ᠶᠢᠨ ᠶᠡᠬᠡᠰ ᠳᠦᠰᠢᠮᠡᠳ ᠲᠠᠢ ᠬᠠᠮᠳᠣᠪᠠᠷ ᠾᠦᠩᠨᠦ ᠶᠢᠨ ᠨᠦᠸᠧ ᠱᠦᠢ | ᠣᠰᠣᠨ ᠤ ᠵᠡᠭᠦᠨ ᠠᠭᠤᠯᠠᠨ ᠳᠤ ᠠᠪᠠᠷᠢᠨ ᠴᠠᠭᠠᠨ ᠮᠣᠷᠢᠨ ᠠᠯᠠᠵᠣ᠂ ᠴᠢᠰᠣᠳᠣ ᠠᠷᠢᠬᠢ ᠣᠣᠭᠤᠨ ᠲᠠᠩᠭᠠᠷᠢᠭ | ᠬᠢᠭᠰᠡᠨ ᠨᠢ ᠡᠨᠡ ᠠᠵᠠᠢ᠃ ᠬᠠᠨ ᠣᠯᠣᠰ ᠤᠨ ᠲᠡᠣᠬᠡᠨ ᠳᠤ ᠲᠡᠮᠳᠡᠭᠯᠡᠭᠰᠡᠨ ᠢᠶᠠᠷ᠂ ᠡᠷᠳᠡ ᠴᠠᠭ ᠯᠣᠣᠰ ᠤᠨ ᠴᠠᠨ | ᠢᠥᠢ ᠶᠢᠨ ᠦᠶ᠎ᠡ ᠳᠤ ᠷᠸᠥᠽᠢᠴᠦᠳ ᠢ ᠲᠠᠶᠢᠯᠠᠨ ᠲᠠᠷᠣᠵᠣ᠂ ᠲᠡᠬᠦᠨ ᠤ ᠸᠠᠩ ᠢ ᠠᠯᠠᠨ ᠭᠠᠪᠠᠯᠠ ᠪᠠᠷ ᠨᠢ ᠬᠢᠭᠰᠡᠨ | ᠲᠡᠷᠡᠬᠦ ᠠᠯᠳᠠᠨ ᠠᠶᠠᠭᠠᠨ ᠳᠤ ᠲᠠᠩᠭᠠᠷᠢᠭᠯᠠᠬᠤ ᠳᠤ ᠬᠡᠷᠡᠭᠯᠡᠬᠦ ᠴᠢᠰᠣᠳᠣ ᠠᠷᠢᠬᠢ ᠪᠠᠨ ᠬᠡᠮᠨᠡᠨ᠂ ᠬᠠᠭᠠᠰ᠎ᠡ ᠴᠠᠨ ᠢᠥᠢ | 径路刀 ᠪᠣᠯᠣᠨ 金留犁 ᠪᠠᠷ ᠡᠨᠡᠬᠦ ᠴᠢᠰᠣᠳᠣ ᠠᠷᠢᠬᠢ ᠪᠠᠨ ᠰᠠᠶᠢᠳᠣᠷ ᠬᠤᠣᠬᠤᠨ᠂ ᠬᠠᠨ ᠣᠯᠣᠰ | ᠤᠨ ᠡᠯᠴᠢ ᠲᠠᠢ ᠬᠠᠮᠳᠣᠪᠡᠷ ᠣᠣᠭᠤᠵᠣ ᠲᠠᠩᠭᠠᠷᠢᠭ ᠬᠢᠭᠰᠡᠨ ᠭᠡᠵᠦ ᠬᠠᠨ ᠣᠯᠣᠰ ᠤᠨ ᠪᠢᠴᠢᠭ ᠲᠤ ᠲᠡᠮᠳᠡᠭᠯᠡᠨ | ᠦᠯᠡᠳᠡᠭᠡᠵᠡᠢ᠃ | ︵ᠭᠤᠷᠪᠠ︶ 径路 ᠬᠤᠶᠠᠷ ᠦᠰᠦᠭ ᠤᠨ ᠲᠣᠬᠠᠢ ᠬᠢᠳᠠᠳ ᠲᠣᠯᠢ ᠪᠠ ᠲᠡᠣᠬᠡᠴᠢᠳ ᠤᠨ ᠲᠠᠶᠢᠯᠪᠣᠷᠢ᠄ | 1 径路 ᠬᠤᠶᠠᠷ ᠬᠢᠳᠠᠳ ᠦᠰᠦᠭ ᠤᠨ ᠣᠳᠣ ᠦᠶ᠎ᠡ ᠶᠢᠨ ᠲᠣᠯᠢ ᠪᠢᠴᠢᠭ ᠳᠠᠬᠢ ᠲᠠᠶᠢᠯᠪᠣᠷᠢ ᠭᠡᠪᠡᠯ ︽ | ᠣᠯᠣᠰ ᠤᠨ ᠬᠡᠯᠡᠨ ᠤ ᠲᠣᠯᠢ︾ ᠭᠡᠳᠡᠭ ᠲᠣᠯᠢ ᠪᠢᠴᠢᠭ ᠲᠤ ᠲᠠᠶᠢᠯᠪᠣᠷᠢᠯᠠᠭᠰᠠᠨ ᠨᠢ ᠬᠠᠮᠤᠭ ᠨᠡᠶᠢᠳᠡᠯᠢᠭ ᠶᠣᠮ᠃ | ᠲᠡᠭᠦᠨ ᠳᠤ ᠬᠡᠯᠡᠭᠰᠡᠨ ᠨᠢ᠂ 径路 ᠶᠢᠨ ᠠᠪᠢᠶ᠎ᠠ ᠨᠢ ᠵᠦᠪᠬᠡᠨ jìng lù ︵ᠵᠢᠩ ᠯᠣ᠋︶ ᠪᠠᠶᠢᠵᠣ᠂ | ᠣᠳᠬ᠎ᠠ ᠨᠢ ᠬᠤᠶᠠᠷ ᠪᠣᠢ᠂ ᠨᠢᠭᠡ ᠨᠢ ᠬᠢᠳᠠᠳ ᠬᠡᠯᠡᠨ᠎ᠡ ᠵᠦᠷᠢᠭ ᠵᠠᠮ ︵ᠴᠣᠪᠣᠭ᠎ᠠ ᠵᠠᠮ︶ ᠬᠡᠬᠦ ᠣᠳᠬ᠎ᠠ ᠲᠠᠢ᠂ | ᠨᠦᠬᠦᠭᠡ ᠨᠢ ᠡᠷᠳᠡᠨ ᠤ ᠾᠦᠩᠨᠦ ᠶᠢᠨ ᠰᠢᠳᠦᠳᠡᠭ ᠰᠠᠬᠢᠭᠤᠯᠰᠣᠨ ᠤ ᠨᠡᠷ᠎ᠡ ᠪᠣᠯᠣᠨ᠎ᠠ ᠭᠡᠵᠡᠢ᠃ | 2 ᠡᠷᠳᠡᠨ ᠤ ᠬᠢᠳᠠᠳ ᠲᠡᠣᠬᠡᠴᠢᠳ ᠤᠨ ᠲᠠᠶᠢᠯᠪᠣᠷᠢ᠄ ᠶᠠᠨ ᠱᠢ ᠭᠦ᠋ ᠶᠢᠨ ᠲᠠᠶᠢᠯᠪᠣᠷᠢᠯᠠᠬᠤ ᠪᠠᠷ᠂ ᠲᠡᠷᠡ ᠲᠡᠭᠦᠨ | ᠠᠴᠠ ᠨᠡᠩ ᠡᠷᠳᠡᠨ ᠤ ᠬᠦᠮᠦᠨ ᠪᠣᠯᠬᠤ ᠶᠢᠩ ᠱᠣᠣ ᠶᠢᠨ ᠦᠭᠡ ᠶᠢ ᠡᠰᠢᠯᠡᠨ ᠶᠠᠲᠢᠭᠰᠠᠨ ᠨᠢ᠄ ︽径路 | ᠬᠡᠮᠡᠭᠴᠢ ᠾᠦᠩᠨᠦ ᠶᠢᠨ ᠡᠷᠳᠡᠨᠢ ᠶᠢᠨ ᠬᠢᠳᠤᠭ᠎ᠠ ᠪᠣᠯᠠᠢ︾ ᠭᠡᠵᠡᠢ᠃ | 3 ︽ᠬᠠᠨ ᠣᠯᠣᠰ ᠤᠨ ᠪᠢᠴᠢᠭ · ᠭᠠᠵᠠᠷ ᠵᠦᠢ ᠶᠢᠨ ᠴᠠᠳᠢᠭ ᠤᠨ ᠲᠡᠭᠡᠳᠦ ᠪᠣᠳᠢ · ᠽᠦᠸᠧ ᠫᠢᠩ ᠶᠢ ︵左馮 | 翊︶︾ ᠭᠡᠳᠡᠭ ᠵᠣᠷᠪᠣᠰ ᠲᠤ ᠨᠦᠬᠦᠪᠦᠷᠢ ᠲᠠᠶᠢᠯᠠᠪᠣᠷᠢ ᠬᠢᠭᠰᠡᠨ ᠸᠠᠩ ᠰᠢᠶᠠᠨ ᠴᠢᠶᠠᠨ ᠭᠡᠳᠡᠭ ᠬᠦᠮᠦᠨ ᠤ | ᠲᠠᠶᠢᠯᠪᠣᠷᠢᠯᠠᠨ ᠬᠡᠯᠡᠭᠰᠡᠨ ᠨᠢ᠄ ︽径路 ᠬᠡᠮᠡᠭᠴᠢ ᠣᠣᠯ ᠨᠢ ᠰᠢᠥ ᠲᠸᠥ ᠸᠠᠩ ᠤᠨ ᠨᠡᠷ᠎ᠡ ᠪᠦᠯᠦᠭᠡ᠂ ᠲᠡᠷᠡ | ᠦᠬᠦᠭᠡᠳ ᠰᠠᠬᠢᠭᠤᠯᠰᠣᠨ ᠪᠣᠯᠪᠠᠢ᠃ ᠲᠡᠭᠦᠨ ᠤ ᠦᠯᠡᠳᠡᠭᠰᠡᠨ ᠬᠢᠳᠤᠭ᠎ᠠ ᠶᠢ ᠴᠦ 径路 ᠬᠢᠳᠤᠭ᠎ᠠ ᠬᠡᠮᠡᠳᠡᠭ | ᠪᠣᠯᠪᠠᠢ︾ ᠭᠡᠵᠡᠢ᠃ ᠪᠣᠰᠣᠳ ᠲᠣᠯᠢ ᠪᠢᠴᠢᠭ ᠪᠣᠶᠣ ᠲᠡᠣᠬᠡᠴᠢᠳ ᠤᠨ ᠲᠠᠶᠢᠯᠪᠣᠷᠢ ᠲᠡᠭᠡᠷᠡᠬᠢ ᠲᠠᠢ ᠦᠨᠳᠦᠰᠦᠨ | ᠳᠡᠭᠡᠨ ᠠᠳᠠᠯᠢᠪᠳᠣᠷ ᠪᠣᠯᠬᠤᠷ ᠲᠡᠷᠡ ᠪᠦᠬᠦᠨ ᠢ ᠵᠢᠬᠰᠠᠭᠠᠨ ᠭᠠᠷᠭᠠᠬᠤ ᠦᠭᠡᠢ ᠣᠷᠬᠢᠶ᠎ᠠ᠃ | ᠲᠡᠭᠡᠷᠡᠬᠢ 1᠂ 2᠂ 3 ᠳ᠋ᠣᠭᠠᠷ ᠵᠣᠷᠪᠣᠰ ᠲᠤ ᠦᠨᠳᠦᠰᠦᠨ ᠳᠡᠭᠡᠨ ᠣᠳᠣ ᠦᠶ᠎ᠡ ᠳᠤ ᠣᠯᠠᠮᠵᠢᠯᠠᠵᠣ ᠢᠷᠡᠭᠰᠡᠨ 径 | 路 ᠶᠢᠨ ᠲᠣᠬᠠᠢ ᠨᠡᠶᠢᠳᠡᠯᠢᠭ ᠬᠡᠯᠡᠯᠭᠡ ᠪᠦᠬᠦᠨ ᠢᠶᠠᠷ ᠢᠶᠠᠨ ᠪᠠᠭᠳᠠᠵᠣ ᠪᠣᠢ᠃ ᠲᠠᠷᠣᠢ ᠾᠦᠩᠨᠦ ᠶᠢᠨ ᠡᠷᠳᠡᠨᠢ ᠶᠢᠨ | ᠬᠢᠳᠤᠭ᠎ᠠ᠂ ᠰᠠᠬᠢᠭᠤᠯᠰᠣᠨ ᠬᠢᠳᠤᠭ᠎ᠠ᠂ ᠰᠢᠥ ᠲᠸᠥ ᠸᠠᠩ ᠤᠨ ᠨᠡᠷ᠎ᠡ᠂ ᠰᠢᠥ ᠲᠸᠥ ᠸᠠᠩ ᠤᠨ ᠦᠯᠡᠳᠡᠭᠡᠭᠰᠡᠨ | ᠰᠠᠬᠢᠭᠤᠯᠰᠣᠨ ᠬᠢᠳᠤᠭ᠎ᠠ ᠭᠡᠬᠦ ᠮᠡᠳᠦ ᠪᠣᠯᠣᠨ᠎ᠠ᠃ ᠡᠭᠦᠨ ᠳᠤ ᠵᠦᠪᠬᠡᠨ ᠶᠠᠨ ᠱᠢ ᠭᠦ᠋ ᠶᠢᠨ ᠲᠠᠶᠢᠯᠪᠣᠷᠢ ︽ᠾᠦᠩᠨᠦ | ᠶᠢᠨ ᠡᠷᠳᠡᠨᠢ ᠶᠢᠨ ᠬᠢᠳᠤᠭ᠎ᠠ︾ ᠭᠡᠳᠡᠭ ᠲᠠᠶᠢᠯᠪᠣᠷᠢ ᠪᠣᠯ ᠲᠡᠣᠬᠡᠨ ᠦᠨᠡᠨ ᠠᠴᠠ ᠬᠠᠮᠤᠭ ᠣᠶᠢᠷ᠎ᠠ ᠲᠠᠶᠢᠯᠪᠣᠷᠢ ᠪᠣᠯᠬᠤ | ᠶᠣᠮ᠃ ᠡᠭᠦᠨ ᠢ ᠲᠠᠪᠳᠠᠨ ᠨᠣᠳᠠᠯᠠᠬᠤ ᠠᠴᠠ ᠡᠮᠦᠨ᠎ᠡ ᠣᠷᠢᠳᠠᠪᠠᠷ ᠪᠣᠰᠣᠳ ᠵᠦᠢᠯ ᠤᠨ ᠬᠡᠯᠡᠯᠭᠡ ᠶᠢ ᠨᠢᠭᠡ ᠨᠢᠭᠡ | ᠪᠠᠷ ᠦᠵᠡᠶ᠎ᠡ᠄ | ︵1︶ ᠰᠢᠥ ᠲᠸᠥ ᠸᠠᠩ ᠤᠨ ᠨᠡᠷ᠎ᠡ ᠭᠡᠬᠦ ᠬᠡᠯᠡᠯᠭᠡ ᠳᠤ ᠶᠠᠮᠠᠷᠴᠣ ᠲᠡᠣᠬᠡ ᠶᠢᠨ ᠬᠡᠷᠡᠴᠢ ᠪᠠᠷᠢᠮᠳᠠ ᠠᠯᠠᠭ᠎ᠠ ᠪᠣᠯᠬᠤᠷ | ᠢᠳᠡᠭᠡᠮᠵᠢ ᠦᠭᠡᠢ ᠬᠡᠯᠡᠯᠭᠡ ᠮᠦᠨ᠃ ᠲᠡᠣᠬᠡ ᠰᠣᠳᠣᠷ ᠲᠤ ᠰᠢᠥ ᠲᠸᠥ ᠸᠠᠩ ᠭᠡᠬᠦ ᠨᠡᠷ᠎ᠡ ᠦᠭᠡ ᠵᠦᠪᠬᠡᠨ | ᠬᠤᠶᠠᠷᠬᠠᠨ ᠣᠳᠠᠭ᠎ᠠ ᠢᠯᠡᠷᠡᠵᠡᠢ᠃ ᠲᠦᠷᠦᠭᠦᠥ ᠣᠳᠠᠭ᠎ᠠ ᠨᠢ ᠾᠦᠸᠧ ᠴᠢᠥᠢ ᠪᠢᠩ ᠲᠠᠶᠢᠨ ᠳᠤ ᠰᠢᠥ ᠲᠸᠥ ᠸᠠᠩ | ᠤᠨ ᠲᠡᠭᠷᠢ ᠲᠠᠬᠢᠬᠤ ᠠᠯᠳᠠᠨ ᠬᠦᠮᠦᠨ ᠢ ᠣᠯᠵᠠᠯᠠᠭᠰᠠᠨ ᠭᠡᠬᠦ ᠲᠡᠮᠳᠡᠭᠯᠡᠯ ᠲᠠᠢ᠂ ᠡᠨᠡᠬᠦ ᠰᠢᠥ ᠲᠸᠥ ᠸᠠᠩ ᠤᠨ ᠲᠡᠭᠷᠢ | ᠲᠠᠬᠢᠬᠤ ᠠᠯᠳᠠᠨ ᠬᠦᠮᠦᠨ ᠭᠡᠳᠡᠭ ᠨᠢ ᠠᠯᠳᠠᠨ ᠪᠠᠷ ᠱᠣᠭᠤᠮᠯᠠᠨ ᠪᠦᠳᠦᠭᠡᠭᠰᠡᠨ ᠪᠣᠷᠬᠠᠨ ᠪᠠᠶᠢᠭ᠎ᠠ ᠨᠢ ᠦᠵᠡᠳᠡᠯ᠎ᠡ | ᠢᠯᠡᠷᠬᠡᠢ ᠪᠠᠶᠢᠨ᠎ᠠ᠃ ᠬᠤᠶᠠᠳᠣᠭᠠᠷ ᠣᠳᠠᠭ᠎ᠠ ᠨᠢ ᠾᠦᠩᠨᠦ ᠶᠢᠨ ᠪᠠᠷᠠᠭᠤᠨ ᠭᠠᠷ ᠢ ᠲᠠᠷᠣᠩᠭᠤᠶᠢᠯᠠᠨ ᠰᠠᠭᠤᠵᠣ | ᠪᠠᠶᠢᠭᠰᠠᠨ ᠬᠤᠨ ᠶᠧ ᠸᠠᠩ ᠪᠣᠯᠣᠨ ᠰᠢᠥ ᠲᠸᠥ ᠸᠠᠩ ᠠᠵᠢᠯ ᠳᠠᠭᠠᠨ ᠬᠦᠨᠳᠦ ᠨᠣᠴᠢᠳᠠᠢ ᠬᠠᠷᠢᠭᠤᠴᠠᠯᠭ᠎ᠠ ᠠᠯᠳᠠᠵᠣ | ᠂ ᠴᠠᠨ ᠢᠥᠢ ᠳᠠᠭᠠᠨ ᠠᠯᠠᠭᠳᠠᠬᠤ ᠠᠴᠠ ᠠᠶᠣᠵᠣ ᠳᠠᠭᠠᠨ ᠬᠠᠨ ᠣᠯᠣᠰ ᠲᠤ ᠪᠠᠭᠤᠵᠣ ᠦᠭᠬᠦ ᠪᠠᠷ ᠬᠤᠣᠪᠢᠯᠳᠣᠵᠠᠢ᠂ | ᠭᠡᠪᠡᠴᠦ ᠰᠢᠥ ᠲᠤ ᠸᠠᠩ ᠪᠠᠰᠠ ᠵᠢᠭᠠᠬᠠᠨ ᠡᠷᠡᠭᠡᠯᠵᠡᠭᠡ ᠲᠠᠢ ᠪᠠᠶᠢᠭᠰᠠᠨ ᠳᠤ ᠬᠤᠨ ᠶᠧ ᠸᠠᠩ ᠲᠡᠭᠦᠨ ᠢ ᠠᠯᠠᠵᠣ᠂ | ᠬᠠᠳᠣᠳ ᠬᠦᠪᠡᠭᠦᠳ ᠠᠷᠠᠳ ᠢᠷᠭᠡᠳ ᠲᠠᠢ ᠪᠦᠬᠦᠨ ᠢ ᠣᠣᠯᠭᠠᠭᠤᠯᠣᠨ ᠠᠪᠴᠣ᠂ ᠨᠡᠶᠢᠳᠡ ᠲᠦᠷᠪᠡ ᠲᠠᠪᠣᠨ | ᠲᠦᠮᠡᠨ ᠬᠦᠮᠦᠨ ᠬᠠᠨ ᠣᠯᠣᠰ ᠲᠤ ᠪᠠᠭᠤᠵᠣ ᠦᠭᠪᠡ᠃ ᠬᠠᠨ ᠣᠯᠣᠰ ᠲᠡᠭᠦᠨ ᠢ ᠠᠷᠪᠠᠨ ᠲᠦᠮᠡ ᠬᠡᠮᠡᠨ | ᠠᠳᠠᠷᠰᠢᠭᠤᠯᠪᠠᠢ ᠭᠡᠳᠡᠭ ᠲᠡᠣᠬᠡᠨ ᠲᠡᠮᠳᠡᠭᠯᠡᠯ ᠪᠠᠶᠢᠭ᠎ᠠ ᠶᠣᠮ᠃ ᠡᠭᠦᠨ ᠠᠴᠠ ᠪᠣᠰᠣᠳ ᠲᠣᠰᠬᠠᠶᠢᠯᠠᠨ ᠰᠢᠥ ᠲᠸᠥ | ᠸᠠᠩ ᠢ ᠦᠬᠦᠯᠡᠭᠰᠡᠨ ᠶᠠᠮᠠᠷᠴᠣ ᠲᠡᠮᠳᠡᠭᠯᠡᠯ ᠪᠠᠶᠢᠬᠤ ᠦᠭᠡᠢ ᠪᠦᠭᠡᠳ ᠲᠡᠭᠦᠨ ᠤ ᠣᠣᠯ ᠤᠨ ᠨᠡᠷ᠎ᠡ ᠨᠢ ᠵᠢᠩ ᠯᠣ᠋ | ᠭᠡᠳᠡᠭ ᠲᠡᠮᠳᠡᠭᠯᠡᠯ ᠲᠡᠣᠬᠡ ᠰᠣᠳᠣᠷ ᠲᠤ ᠶᠡᠷᠦᠨᠢ ᠬᠠᠷᠠᠭᠳᠠᠭᠰᠠᠨ ᠦᠭᠡᠢ᠃ | ︵2︶ ᠰᠢᠥ ᠲᠸᠥ ᠸᠠᠩ ᠦᠬᠦᠭᠡᠳ ᠰᠠᠬᠢᠭᠤᠯᠰᠣᠨ ᠪᠣᠯᠪᠠᠢ᠂ ︵ᠢᠩᠬᠢᠭᠡᠳ︶ ᠲᠡᠭᠦᠨ ᠤ ᠦᠯᠡᠳᠡᠭᠰᠡᠨ ᠬᠢᠳᠤᠭ᠎ᠠ | ᠶᠢ ᠰᠠᠬᠢᠭᠤᠯᠰᠣᠨ ᠬᠢᠳᠤᠭ᠎ᠠ ᠬᠡᠮᠡᠪᠡᠢ ᠭᠡᠳᠡᠭ ᠬᠡᠯᠡᠯᠭᠡ ᠴᠦ ᠬᠤᠵᠢᠮ ᠤᠨ ᠬᠦᠮᠦᠨ ᠤ ᠵᠣᠬᠢᠶᠠᠭᠰᠠᠨ ᠲᠣᠮᠤᠭ ᠶᠣᠮ᠃ | ᠡᠭᠦᠨ ᠤ ᠲᠣᠬᠠᠢ ᠵᠢᠩᠬᠢᠨᠢ ᠲᠡᠣᠬᠡ ᠰᠣᠳᠣᠷ ᠲᠤ ᠶᠠᠮᠠᠷᠴᠣ ᠲᠡᠮᠳᠡᠭᠯᠡᠯ ᠪᠠᠶᠢᠬᠤ ᠦᠭᠡᠢ᠃ ᠵᠣᠬᠢᠶᠠᠭᠴᠢ ᠶᠢᠨ ᠦᠵᠡᠬᠦ | ᠪᠠᠷ ᠰᠢᠥ ᠲᠸᠥ ᠸᠠᠩ ᠤᠨ ᠬᠦᠪᠡᠭᠦᠨ ᠶᠢᠨ ᠮᠢ ᠳ᠋ᠢ ︵ᠬᠢᠮᠡᠭᠳᠡᠢ︶ ᠬᠡᠳᠦᠶᠢᠪᠡᠷ ᠠᠷᠪᠠᠨ ᠭᠤᠷᠪᠠ ᠲᠦᠷᠪᠡᠳᠡᠶᠢᠬᠡᠨ | ᠬᠡᠣᠬᠡᠳ ᠨᠠᠰᠣᠨ ᠳᠠᠭᠠᠨ᠂ ᠬᠤᠨ ᠶᠧ ᠸᠠᠩ ᠳᠤ ᠣᠣᠯᠭᠠᠭᠤᠯᠣᠭᠳᠠᠨ᠂ ᠬᠠᠨ ᠣᠯᠣᠰ ᠤᠨ ᠲᠠᠶᠢᠨ ᠳᠤ | ᠣᠯᠵᠠᠯᠠᠭᠳᠠᠭᠰᠠᠨ ᠪᠣᠭᠤᠯ ᠤᠨ ᠬᠤᠪᠢ ᠪᠠᠷ ᠬᠠᠨ ᠡᠣ ᠳ᠋ᠢ ᠬᠠᠭᠠᠨ ᠤ ᠠᠭᠳᠠ ᠶᠢ ᠲᠡᠵᠢᠭᠡᠵᠦ ᠠᠷᠠᠴᠢᠯᠠᠬᠤ ᠪᠣᠭᠤᠯ | ᠪᠣᠯᠵᠠᠢ᠃ ᠭᠡᠪᠡᠴᠦ ᠲᠡᠷᠡ ᠠᠵᠢᠯ ᠲᠠᠭᠠᠨ ᠬᠢᠨᠠᠮᠭᠠᠢ ᠮᠦᠷᠳᠡᠭᠡᠨ ᠴᠢᠷᠮᠠᠶᠢᠯᠳᠠ ᠰᠠᠶᠢᠳᠠᠢ ᠪᠣᠯᠬᠤᠷ ᠬᠠᠨ ᠡᠣ ᠳ᠋ᠢ | ᠬᠠᠭᠠᠨ ᠳᠤ ᠲᠣᠭᠤᠭᠳᠠᠨ ᠢᠳᠡᠭᠡᠨ ᠬᠡᠷᠡᠭᠯᠡᠵᠦ ᠠᠭᠠᠵᠢᠮ ᠢᠶᠠᠷ ᠵᠡᠷᠭᠡ ᠲᠡᠪᠰᠢᠭᠰᠡᠭᠡᠷ ᠪᠠᠶᠢᠵᠣ᠂ ᠬᠠᠨ ᠣᠯᠣᠰ ᠤᠨ | ᠬᠠᠭᠠᠨ ᠲᠦᠷᠦ ᠶᠢᠨ ᠬᠠᠮᠤᠭ ᠦᠨᠳᠦᠷ ᠡᠷᠬᠢᠮ ᠲᠣᠰᠢᠶᠠᠯ ᠳᠤ ᠬᠦᠷᠦᠭᠰᠡᠨ ᠶᠣᠮ᠃ ᠡᠴᠦᠰ ᠲᠡᠭᠡᠨ ᠬᠠᠨ ᠡᠣ ᠳ᠋ᠢ | ᠬᠠᠭᠠᠨ ᠦᠬᠦᠬᠦ ᠦᠶ᠎ᠡ ᠳᠤ ᠲᠡᠭᠦᠨ ᠢ ᠪᠠᠭᠳᠠᠭᠠᠭᠰᠠᠨ ᠲᠦᠷᠪᠡᠨ ᠶᠡᠬᠡᠰ ᠳᠦᠰᠢᠮᠡᠯ ᠲᠡᠭᠡᠨ ᠦᠪᠡᠷ ᠤᠨ ᠨᠠᠢᠮᠠᠬᠠᠨ | ᠨᠠᠰᠣᠳᠠᠢ ᠦᠨᠦᠴᠢᠨ ᠬᠦᠪᠡᠭᠦᠨ ᠯᠢᠥ ᠹᠦ᠋ ᠯᠢᠩ ᠢ ᠲᠡᠮᠵᠢᠨ ᠬᠠᠭᠠᠨ ᠰᠢᠷᠡᠭᠡᠨ ᠳᠤ ᠰᠠᠭᠤᠯᠭᠠᠭᠳᠣᠨ ᠬᠡᠮᠡᠨ ᠨᠠᠶᠢᠳᠠᠨ | ᠬᠡᠷᠢᠶᠡᠰᠦᠯᠡᠵᠡᠢ᠃ ᠶᠢᠨ ᠮᠢ ᠳ᠋ᠢ ᠶᠢᠨ ᠣᠨᠴᠠᠭᠠᠢ ᠲᠠᠯ᠎ᠠ ᠪᠣᠯ ᠲᠡᠷᠡ ᠬᠠᠨ ᠣᠯᠣᠰ ᠤᠨ ᠲᠦᠷᠦ ᠳᠤ ᠲᠦᠴᠢᠭᠡᠳ ᠵᠢᠯ | ᠵᠢᠳᠬᠦᠬᠦ ᠳᠡᠭᠡᠨ ᠶᠠᠮᠠᠷᠴᠣ ᠠᠯᠳᠠᠭ᠎ᠠ ᠪᠣᠷᠣᠭᠤ ᠭᠠᠷᠭᠠᠭᠰᠠᠨ ᠦᠭᠡᠢ ᠪᠠᠷ ᠢᠶᠠᠨ ᠲᠡᠯᠡᠬᠡᠢ ᠲᠠᠬᠢᠨ ᠳᠤ ᠠᠯᠳᠠᠷ | ᠮᠠᠨᠳᠣᠭᠰᠠᠨ ᠢ ᠬᠡᠯᠡᠬᠦ ᠦᠭᠡᠢ ᠪᠠᠰᠠ ᠣᠬᠠᠭᠠᠨ ᠪᠠᠭᠠᠳᠣᠷ ᠬᠤᠣᠰᠯᠠᠭᠰᠠᠨ ᠬᠦᠮᠦᠨ ᠶᠣᠮ᠃ ᠶᠠᠭ ᠡᠶᠢᠮᠦ ᠠᠴᠠ | ᠬᠤᠵᠢᠮ ᠤᠨ ᠬᠢᠳᠠᠳ ᠲᠡᠣᠬᠡᠴᠢᠳ ᠦᠨᠡᠯᠡᠨ ᠪᠢᠴᠢᠭᠰᠡᠨ ᠨᠢ᠄ ︽ ᠶᠢᠨ ᠮᠢ ᠳ᠋ᠢ ᠶᠢᠨ ᠬᠤᠶᠢᠴᠢᠰ ᠲᠣᠯᠣᠭᠠᠨ ᠦᠶ᠎ᠡ | ᠲᠣᠲᠣᠭᠠᠳᠣ ᠳᠦᠰᠢᠮᠡᠯ ᠪᠣᠯᠵᠣ ᠬᠠᠭᠠᠨ ᠤ ᠰᠢᠳᠠᠷ ᠶᠠᠪᠣᠵᠣ᠂ ᠶᠠᠮᠠᠷᠴᠣ ᠬᠡᠷᠡᠭ ᠵᠣᠷᠢᠭ ᠲᠤ ᠣᠷᠢᠶᠠᠯᠴᠠᠭᠰᠠᠨ ᠦᠭᠡᠢ | ᠨᠢ ᠲᠡᠭᠦᠨ ᠤ ᠭᠡᠷ ᠤᠨ ᠰᠣᠷᠭᠠᠯ ᠤᠨ ᠴᠢᠩᠭ᠎ᠠ ᠬᠢᠨᠠᠮᠭᠠᠢ ᠳᠤ ᠪᠠᠶᠢᠮᠣᠢ︾ ᠭᠡᠵᠦ ᠦᠨᠡᠯᠡᠵᠡᠭᠡᠵᠡᠢ᠃ ᠡᠶᠢᠮᠦᠷᠬᠦ | ᠠᠯᠳᠠᠷ ᠮᠠᠨᠳᠣᠭᠰᠠᠨ ᠣᠬᠠᠭᠠᠨ ᠪᠠᠭᠠᠳᠣᠷ ᠬᠤᠣᠰᠯᠠᠨ ᠬᠦᠮᠦᠨ ᠢ ᠰᠠᠬᠢᠭᠤᠯᠰᠣᠨ ᠪᠣᠯᠪᠠ᠃ ᠲᠡᠭᠦᠨ ᠤ ᠬᠡᠷᠡᠭᠯᠡᠵᠦ | ᠪᠠᠶᠢᠭᠰᠠᠨ ᠬᠢᠳᠤᠭ᠎ᠠ ᠨᠢ ᠰᠠᠬᠢᠭᠤᠯᠰᠣᠨ ᠬᠢᠳᠤᠭ᠎ᠠ ᠪᠣᠯᠪᠠ ᠭᠡᠳᠡᠭ ᠬᠡᠯᠡᠯᠭᠡ ᠪᠣᠯ ᠪᠦᠷ ᠠᠷᠠᠳ ᠢᠷᠭᠡᠳ ᠤᠨ | ᠲᠣᠮᠳᠠᠬᠢ ᠢᠷᠭᠡᠨ ᠤ ᠰᠣᠶᠣᠯ ᠤᠨ ᠨᠢᠭᠡᠨ ᠦᠵᠡᠭᠳᠡᠯ ᠪᠣᠯᠬᠤ ᠲᠡᠳᠦᠢ ᠶᠣᠮ᠃ ᠠᠳᠡ ᠣᠨᠴᠠᠭᠠᠶᠢᠯᠠᠨ ᠬᠡᠯᠡᠬᠦ ᠨᠢ | ᠰᠢᠥ ᠲᠸᠥ ᠸᠠᠩ ᠤᠨ ᠦᠯᠡᠳᠡᠭᠡᠭᠰᠡᠨ ᠰᠠᠬᠢᠭᠤᠯᠰᠣᠨ ᠬᠢᠳᠤᠭ᠎ᠠ ᠭᠡᠬᠦ ᠬᠡᠯᠡᠯᠭᠡ ᠪᠣᠯ ᠦᠨᠳᠦᠰᠦᠯᠡᠯ ᠦᠭᠡᠢ ᠮᠦᠷᠳᠡᠭᠡᠨ | ᠪᠣᠯᠣᠮᠵᠢ ᠦᠭᠡᠢ ᠬᠡᠯᠡᠯᠭᠡ ᠶᠣᠮ᠃ ᠣᠴᠢᠷ ᠨᠢ ᠰᠢᠥ ᠲᠸᠥ ᠸᠠᠩ᠂ ᠬᠤᠨ ᠶᠧ ᠸᠠᠩ ᠳᠤ ᠠᠯᠠᠭᠳᠠᠭᠰᠠᠨ ᠬᠡᠷᠡᠭ ᠪᠣᠯ | ᠪᠠᠷᠤᠭ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 121 ᠣᠨ ᠤ ᠣᠴᠢᠷ ᠪᠣᠯᠣᠨ᠎ᠠ᠃ ᠬᠠᠭᠠᠰ᠎ᠡ ᠴᠠᠨ ᠢᠥᠢ 径 | 路 ᠬᠢᠳᠤᠭ᠎ᠠ ᠪᠠᠷ ᠢᠶᠠᠨ ᠴᠢᠰᠣᠳᠣ ᠠᠷᠢᠬᠢ ᠬᠤᠳᠬᠤᠭᠰᠠᠨ ᠬᠡᠷᠡᠭ ᠪᠣᠯ ᠨᠡᠶᠢᠳᠡ ᠶᠢᠨ ᠣᠨ ᠲᠣᠭᠠᠯᠠᠯ ᠠᠴᠠ | ᠡᠮᠦᠨ᠎ᠡ 56 ᠣᠨ ᠣᠷᠴᠢᠮ ᠤᠨ ᠬᠡᠷᠡᠭ ᠪᠣᠯᠣᠨ᠎ᠠ᠃ ᠨᠢᠭᠡ ᠳᠤ ᠡᠨᠡ ᠬᠤᠶᠠᠭᠤᠯᠠ ᠶᠢᠨ ᠬᠤᠭᠤᠷᠣᠨᠳᠣ ᠪᠠᠨ ᠵᠢᠷᠠᠨ | ᠬᠡᠳᠦᠨ ᠵᠢᠯ ᠤᠨ ᠵᠦᠷᠢᠶ᠎ᠡ ᠲᠠᠢ᠂ ᠬᠤᠶᠠᠷ ᠲᠤ ᠰᠢᠥ ᠲᠸᠥ ᠸᠠᠩ ᠤᠨ ᠬᠢᠳᠤᠭ᠎ᠠ ᠲᠣᠬᠠᠢ ᠶᠢᠨ ᠦᠶ᠎ᠡ ᠳᠤ ᠬᠡᠨ ᠤ | ᠭᠠᠷ ᠲᠤ ᠣᠷᠣᠬᠤ ᠪᠣᠯᠣᠮᠵᠢ ᠲᠠᠢ ᠪᠣᠢ ᠭᠡᠪᠡᠯ ᠨᠢᠭᠡ ᠨᠢ ᠲᠡᠭᠦᠨ ᠤ ᠬᠦᠪᠡᠭᠦᠨ ᠶᠢᠨ ᠮᠢ ᠳ᠋ᠢ᠂ ᠨᠦᠭᠦᠭᠡ ᠨᠢ ᠲᠡᠭᠦᠨ | ᠢ ᠠᠯᠠᠭᠰᠠᠨ ᠬᠤᠨ ᠶᠧ ᠸᠠᠩ ᠪᠣᠯᠣᠨ᠎ᠠ᠃ ᠪᠣᠰᠣᠳ ᠬᠦᠮᠦᠨ ᠤ ᠭᠠᠷ ᠲᠤ ᠣᠷᠣᠬᠤ ᠪᠣᠯᠣᠮᠵᠢ ᠦᠭᠡᠢ ᠪᠣᠶᠣ ᠮᠠᠰᠢ | ᠪᠠᠭ᠎ᠠ ᠶᠣᠮ᠃ ᠣᠴᠢᠷ ᠨᠢ ᠬᠤᠨ ᠶᠧ ᠸᠠᠩ ᠪᠣᠶᠣ ᠶᠢᠨ ᠮᠢ ᠳ᠋ᠢ ᠬᠤᠶᠠᠷ ᠬᠦᠮᠦᠨ ᠪᠦᠷ ᠬᠠᠨ ᠣᠯᠣᠰ ᠲᠤ | ᠣᠷᠣᠭᠰᠠᠨ ᠤ ᠲᠠᠷᠠᠭ᠎ᠠ ᠲᠠᠬᠢᠵᠣ ᠾᠦᠩᠨᠦ ᠲᠠᠭᠠᠨ ᠪᠣᠴᠠᠵᠣ ᠴᠢᠳᠠᠭᠰᠠᠨ ᠦᠭᠡᠢ ᠲᠡᠨᠳᠡ ᠪᠠᠨ ᠨᠠᠰᠣ ᠪᠠᠷᠠᠵᠠᠢ᠃ | ᠡᠶᠢᠮᠦ ᠠᠴᠠ ᠡᠨᠡᠬᠦ ᠬᠢᠳᠤᠭ᠎ᠠ ᠶᠠᠭᠠᠬᠢᠵᠣ ᠵᠢᠷᠠᠨ ᠬᠡᠳᠦᠨ ᠵᠢᠯ ᠤᠨ ᠰᠡᠭᠦᠯᠡᠷᠬᠢ ᠾᠦᠩᠨᠦ ᠲᠠᠭᠠᠨ ᠪᠠᠶᠢᠭ᠎ᠠ ᠬᠠᠭᠠᠰ᠎ᠡ | ᠴᠠᠨ ᠢᠥᠢ ᠶᠢᠨ ᠭᠠᠷ ᠲᠤ ᠣᠷᠣᠬᠤ ᠪᠣᠯᠣᠮᠵᠢ ᠪᠠᠶᠢᠭ᠎ᠠ ᠪᠣᠢ᠃ ︵3︶ ᠶᠠᠨ ᠱᠢ ᠭᠦ᠋ ᠶᠢᠨ ᠬᠡᠯᠡᠭᠰᠡᠨ ︽ᠾᠦᠩᠨᠦ | ᠶᠢᠨ ᠡᠷᠳᠡᠨᠢ ᠶᠢᠨ ᠬᠢᠳᠤᠭ᠎ᠠ︾ ᠭᠡᠰᠡᠨ ᠦᠭᠡ ᠪᠣᠯ ᠬᠠᠮᠤᠭ ᠢᠳᠡᠭᠡᠮᠵᠢ ᠲᠠᠢ ᠦᠭᠡ ᠪᠣᠯᠣᠨ᠎ᠠ᠃ ᠲᠣᠬᠠᠢ ᠶᠢᠨ | ᠦᠶ᠎ᠡ ᠶᠢᠨ ᠨᠡᠶᠢᠭᠡᠮ ᠨᠢᠭᠡᠨᠳᠡ ᠲᠡᠮᠦᠷᠯᠢᠭ ᠪᠠᠭᠠᠵᠢ ᠶᠢᠨ ᠦᠶ᠎ᠡ ᠳᠤ ᠣᠷᠣᠵᠣ ᠪᠠᠶᠢᠭ᠎ᠠ ᠲᠣᠯᠠ ᠲᠡᠮᠦᠷ ᠢ ︽ᠲᠠᠪᠳᠠᠨ | ᠦᠢᠯᠡᠳᠬᠦ ᠮᠡᠷᠭᠡᠵᠢᠯ︾ ᠨᠢ ᠬᠦᠷᠡᠯ ᠢᠶᠠᠷ ︽ᠴᠢᠳᠬᠤᠨ ᠦᠢᠯᠡᠳᠬᠦ ᠮᠡᠷᠭᠡᠵᠢᠯ︾ ᠠᠴᠠ ᠬᠤᠯᠠ ᠲᠠᠪᠰᠢᠭᠰᠠᠨ | ᠪᠣᠯᠬᠤᠷ ᠰᠠᠶᠢᠨ ᠬᠢᠳᠤᠭ᠎ᠠ ᠲᠠᠪᠳᠠᠨ ᠦᠢᠯᠡᠳᠬᠦ ᠪᠣᠯᠣᠮᠵᠢ ᠪᠠᠶᠢᠨ᠎ᠠ ᠭᠡᠵᠦ ᠪᠣᠳᠣᠨ᠎ᠠ᠃ ᠨᠦᠬᠦᠭᠡ ᠲᠠᠯ᠎ᠠ ᠠᠴᠠ | ᠡᠵᠡᠳ ᠬᠠᠭᠠᠳ ᠮᠡᠳᠦ ᠬᠦᠮᠦᠰ ᠤᠨ ᠬᠡᠷᠡᠭᠯᠡᠳᠡᠭ ᠬᠢᠳᠤᠭ᠎ᠠ ᠪᠣᠶᠣ ᠬᠢᠳᠣᠭᠠᠨ ᠬᠤᠢ ᠳᠠᠭᠠᠨ ᠠᠯᠳᠠ ᠮᠦᠩᠭᠦ | ᠡᠰᠡᠬᠦᠯ᠎ᠡ ᠰᠣᠪᠣᠳ ᠡᠷᠳᠡᠨᠢ ᠶᠢᠨ ᠴᠢᠮᠡᠭᠯᠡᠯ ᠬᠢᠬᠦ ᠨᠢ ᠣᠶᠢᠯᠭᠠᠮᠵᠢ ᠲᠠᠢ ᠬᠡᠷᠡᠭ ᠪᠢᠵᠡ᠃ ᠡᠶᠢᠮᠦ ᠠᠴᠠ ᠲᠣᠬᠠᠢ ᠶᠢᠨ | ᠦᠶ᠎ᠡ ᠶᠢᠨ ᠬᠠᠨ ᠴᠠᠩ᠂ ᠵᠠᠩ ᠮᠧᠩ ᠮᠡᠳᠦ ᠶᠢᠨ ᠬᠢᠳᠠᠳ ᠬᠦᠮᠦᠰ ᠲᠡᠭᠦᠨ ᠢ ︽ᠡᠷᠳᠡᠨᠢ ᠶᠢᠨ ᠬᠢᠳᠤᠭ᠎ᠠ︾ ᠭᠡᠵᠦ | ᠣᠶᠢᠯᠭᠠᠬᠤ ᠨᠢ ᠪᠣᠷᠣᠭᠤ ᠦᠭᠡᠢ ᠶᠣᠮ᠃ | ᠬᠤᠶᠠᠷ 径路 ᠬᠤᠶᠠᠷ ᠦᠰᠦᠭ ᠤᠨ ᠡᠷᠳᠡᠨ ᠤ ᠠᠪᠢᠶ᠎ᠠ ᠠᠶᠠᠯᠭᠤ ᠵᠢᠴᠢ ᠲᠡᠭᠦᠨ ᠤ ᠾᠦᠩᠨᠦ ᠬᠡᠯᠡᠨ ᠳᠠᠬᠢ | ᠰᠡᠷᠭᠦᠭᠡᠯᠳᠡ᠄ | ︵ᠨᠢᠭᠡ︶ 径 ᠦᠰᠦᠭ᠄ ᠲᠡᠭᠡᠳᠦ ᠡᠷᠳᠡᠨ ᠤ ᠠᠪᠢᠶ᠎ᠠ᠄ keːŋs᠃ ᠴᠢᠨ ᠠᠴᠠ ᠡᠮᠦᠨᠡᠬᠢ ᠠᠪᠢᠶ᠎ᠠ᠄ | kieŋ᠂ keŋ᠂ kingh᠃ ᠲᠣᠮᠳᠠ ᠡᠷᠳᠡᠨ ᠤ ᠠᠪᠢᠶ᠎ᠠ᠄ kieŋ᠂ keŋ᠂ kɛŋ᠃ ᠱᠦᠸᠧ | ᠸᠧᠨ ᠵᠢᠶᠧ ᠽᠢ ᠲᠣᠯᠢ᠄ 从彳巠聲。居正切᠃ ᠭᠤᠸᠠᠩ ᠶᠦᠨ ᠲᠣᠯᠢ᠄ 古定切 ︵ | kieŋ︶᠃ ᠵᠢᠢ ᠶᠦᠨ ᠳᠤ᠄ 堅靈切᠂ kiɛŋ ᠪᠣᠯᠣᠨ 吉定切 ︵kiɛŋ︶᠃ | ᠮᠣᠩᠭᠤᠯ ᠲᠦᠷᠪᠡᠯᠵᠢᠨ ᠪᠢᠴᠢᠭ ᠤᠨ ᠠᠶᠠᠯᠭᠤ ᠲᠤ᠄ ꡂꡦꡞꡃ ︵gÿing︶᠃ ᠶᠠᠫᠣᠨ ᠬᠡᠯᠡᠨ ᠤ 音読 | ᠳᠤ᠄ けい᠃ ᠺᠣᠷᠢᠶᠠ ᠬᠡᠯᠡᠨ ᠳᠤ᠄ KYENG᠃ ᠸᠢᠶᠧᠲᠨᠠᠮ ᠬᠡᠯᠡᠨ ᠳᠤ᠄ ᠡᠷᠢᠵᠣ ᠣᠯᠣᠭᠰᠠᠨ ᠦᠭᠡᠢ᠃ | ᠣᠳᠣ ᠦᠶ᠎ᠡ ᠶᠢᠨ ᠨᠣᠳᠤᠭ ᠤᠨ ᠠᠪᠢᠶ᠎ᠠ ᠳᠤ᠄ ᠺᠧ ᠵᠢᠶᠠ ᠬᠡᠯᠡᠨ ᠳᠤ᠄ kiŋ᠂ kiaŋ᠂ kaŋ ᠵᠡᠷᠭᠡ ᠪᠣᠢ᠃ | ᠮᠢᠨᠨᠠᠨ ᠬᠡᠯᠡᠨ ᠳᠤ᠄ kɛ̃᠂ kɛŋ᠂ kiŋ᠂ keŋ ᠵᠡᠷᠭᠡ ᠪᠣᠢ᠃ ᠶᠣᠸᠠᠢ ᠬᠡᠯᠡᠨ ᠳᠤ᠄ keŋ᠂ | kɛŋ᠂ kiŋ ᠵᠡᠷᠭᠡ ᠪᠣᠢ᠃ ᠡᠣ ᠬᠡᠯᠡᠨ ᠳᠤ᠄ tɕiŋ᠂ tɕəŋ᠂ kɪŋ᠂ kiẽi ᠵᠡᠷᠭᠡ ᠪᠣᠢ | ᠠᠯᠪᠠᠨ ᠬᠡᠯᠡᠨ ︵官话︶ ᠳᠤ᠄ tsin᠂ kien ︵ᠪᠠᠷᠠᠭᠤᠨ ᠡᠮᠦᠨᠡᠳᠦ ᠶᠢᠨ ᠠᠯᠪᠠᠨ ᠬᠡᠯᠡ︶᠃ | ︵ᠬᠤᠶᠠᠷ︶ 路 ᠦᠰᠦᠭ᠄ ᠲᠡᠭᠡᠳᠦ ᠡᠷᠳᠡᠨ ᠤ ᠠᠪᠢᠶ᠎ᠠ᠄ ɡ·raːɡs᠃ ᠴᠢᠨ ᠠᠴᠠ ᠡᠮᠦᠨᠡᠬᠢ | ᠠᠪᠢᠶ᠎ᠠ᠄ ɡlɑɡ᠂ lɑɡ᠂ ɡl agh᠃ ᠲᠣᠮᠳᠠ ᠡᠷᠳᠡᠨ ᠤ ᠠᠪᠢᠶ᠎ᠠ᠄ luo᠂ lo᠂ l u᠃ ᠱᠦᠸᠧ | ᠸᠧᠨ ᠵᠢᠶᠧ ᠽᠢ ᠲᠣᠯᠢ᠄ 从足从各 ᠭᠡᠵᠡᠢ᠃ 各 ᠶᠢᠨ ᠲᠡᠭᠡᠳᠦ ᠡᠷᠳᠡᠨ ᠤ ᠠᠪᠢᠶ᠎ᠠ ᠨᠢ ᠮᠦᠨᠴᠣ | klaːɡ ᠪᠠᠶᠢᠵᠣ᠂ ɡ·raːɡs ᠪᠣᠯᠣᠨ ɡlɑɡ ᠲᠠᠢ ᠲᠣᠩ ᠣᠶᠢᠷᠠᠯᠴᠠᠭ᠎ᠠ ᠠᠪᠢᠶ᠎ᠠ ᠲᠠᠢ ᠪᠠᠶᠢᠪᠠ | ᠂ ᠪᠠᠰᠠ 洛故切 ᠭᠡᠪᠡ᠃ ᠲᠠᠩ ᠶᠦᠨ ᠳᠤ᠄ 洛故切᠃ ᠭᠤᠸᠠᠩ ᠶᠦᠨ ᠲᠣᠯᠢ᠄ 洛故切 | ︵luo︶᠃ ᠵᠢᠢ ᠶᠦᠨ ᠳᠤ᠄ 魯故切 ︵lo︶ ᠪᠣᠯᠣᠨ 歷各切 ︵lɑk︶᠃ ᠮᠣᠩᠭᠤᠯ | ᠲᠦᠷᠪᠡᠯᠵᠢᠨ ᠪᠢᠴᠢᠭ ᠤᠨ ᠠᠶᠠᠯᠭᠤ ᠲᠤ᠄ ꡙꡟ ︵lu︶᠃ ᠶᠠᠫᠣᠨ ᠬᠡᠯᠡᠨ ᠤ 音読 ᠳᠤ᠄ ろ᠃ ᠺᠣᠷᠢᠶᠠ | ᠬᠡᠯᠡᠨ ᠳᠤ᠄ LO᠃ ᠸᠢᠶᠧᠲᠨᠠᠮ ᠬᠡᠯᠡᠨ ᠳᠤ᠄ lộ᠃ ᠣᠳᠣ ᠦᠶ᠎ᠡ ᠶᠢᠨ ᠨᠣᠳᠤᠭ ᠤᠨ ᠠᠪᠢᠶ᠎ᠠ ᠳᠤ᠄ ᠺᠧ ᠵᠢᠶᠠ | ᠬᠡᠯᠡᠨ ᠳᠤ᠄ lu᠂ luo᠂ lo ᠵᠡᠷᠭᠡ ᠪᠣᠢ᠃ ᠮᠢᠨᠨᠠᠨ ᠬᠡᠯᠡᠨ ᠳᠤ᠄ lɔ̃᠂ lɔu᠂ l ou᠂ l u ᠵᠡᠷᠭᠡ | ᠪᠣᠢ᠃ ᠶᠣᠸᠠᠢ ᠬᠡᠯᠡᠨ ᠳᠤ᠄ lou᠂ lu᠂ læu ᠵᠡᠷᠭᠡ ᠪᠣᠢ᠃ ᠡᠣ ᠬᠡᠯᠡᠨ ᠳᠤ᠄ lʌɣ ︵lɑɡ︶᠂ | lɜɣ ︵læɡ︶᠂ ləu᠂ lu ᠵᠡᠷᠭᠡ ᠪᠣᠢ᠃ ᠠᠯᠪᠠᠨ ᠬᠡᠯᠡᠨ ︵官话︶ ᠳᠤ᠄ lu᠂ ləu ︵ | ᠵᠦᠩ ᠶᠣᠸᠠᠨ ᠣᠷᠣᠨ ᠤ ᠠᠯᠪᠠᠨ ᠬᠡᠯᠡ︶᠃ | ︵ᠭᠤᠷᠪᠠ︶ 径路 ᠶᠢᠨ ᠾᠦᠩᠨᠦ ᠬᠡᠯᠡᠨ ᠲᠠᠬᠢ ᠠᠪᠢᠶᠠᠨ ᠤ ᠰᠡᠷᠭᠦᠭᠡᠯᠳᠡ᠄ | 1径 ᠦᠰᠦᠭ᠄ keːŋs᠂ kieŋ᠂ keŋ᠂ kiŋ ᠪᠣᠯᠬᠤ ᠨᠢ ᠲᠣᠲᠣᠷᠬᠠᠢ᠃ ᠡᠷᠳᠡᠨ ᠤ ᠬᠢᠳᠠᠳ | ᠳᠣᠯᠢ ᠪᠢᠴᠢᠭ ᠨᠦᠭᠦᠳ ᠢᠶᠠᠷ 居正切᠂ 古定切᠂ 堅靈切 ᠪᠣᠯᠣᠨ 吉定切 | ᠭᠡᠵᠦ ᠲᠠᠶᠢᠯᠪᠣᠷᠢᠯᠠᠵᠣ ᠪᠠᠶᠢᠭ᠎ᠠ ᠨᠢ ᠪᠦᠷ ᠣᠶᠢᠷᠠᠯᠴᠠᠭ᠎ᠠ ᠪᠠᠷ kiŋ ︵ging︶ ᠪᠣᠯᠣᠨ᠎ᠠ᠃ ᠡᠳᠡᠭᠡᠷ ᠨᠢ ᠬᠤᠵᠢᠮ | ᠤᠨ ᠮᠣᠩᠭᠤᠯ ᠲᠦᠷᠪᠡᠯᠵᠢᠨ ᠪᠢᠴᠢᠭ ᠤᠨ ᠠᠶᠠᠯᠭᠤ ᠳᠤ ꡂꡦꡞꡃ ︵gÿing︶ ᠠᠪᠢᠶ᠎ᠠ ᠪᠣᠯᠵᠣ᠂ ᠺᠣᠷᠢᠶᠠ | ᠬᠡᠯᠡᠨ ᠲᠠᠬᠢ KYENG ᠲᠠᠢ ᠴᠦ ᠨᠡᠶᠢᠴᠡᠵᠦ ᠪᠠᠶᠢᠨ᠎ᠠ᠃ ᠪᠠᠰᠠ ᠬᠢᠳᠠᠳ ᠬᠡᠯᠡᠨ ᠤ ᠦᠢ ᠣᠯᠠᠨ ᠨᠣᠳᠤᠭ ᠤᠨ | ᠬᠡᠯᠡ ᠲᠠᠢ ᠴᠦ ᠲᠣᠩ ᠰᠠᠶᠢᠬᠠᠨ ᠨᠡᠶᠢᠴᠡᠵᠦ ᠪᠠᠶᠢᠭ᠎ᠠ ᠶᠣᠮ᠃ ᠡᠶᠢᠮᠦ ᠠᠴᠠ ᠲᠣᠰ ᠦᠰᠦᠭ ᠤᠨ ᠲᠣᠬᠠᠢ ᠶᠢᠨ | ᠦᠶ᠎ᠡ ᠶᠢᠨ ᠠᠪᠢᠶ᠎ᠠ ᠶᠢ ᠺᠢᠩ ︵kiŋ︶ ᠭᠡᠵᠦ ᠰᠡᠷᠭᠦᠭᠡᠬᠦ ᠨᠢ ᠵᠦᠪ ᠪᠠᠶᠢᠨ᠎ᠠ᠃ | 2路 ᠦᠰᠦᠭ᠄ ɡ·raːɡs᠂ ɡlɑɡ᠂ lɑɡ ᠪᠣᠯᠣᠨ᠎ᠠ᠃ ᠬᠢᠳᠠᠳ ᠳᠣᠯᠢ ᠪᠢᠴᠢᠭ ᠨᠦᠭᠦᠳ | ᠢᠶᠠᠷ 从足从各᠂ 洛故切᠂ 洛故切᠂ 洛故切᠂ 魯故切᠂ 歷各 | 切 ᠭᠡᠵᠦ ᠭᠠᠯᠢᠭᠴᠢᠯᠠᠵᠣ ᠪᠠᠶᠢᠭ᠎ᠠ ᠪᠠᠶᠢᠳᠠᠯ ᠠᠴᠠ ᠦᠵᠡᠬᠦᠯ᠎ᠡ᠂ ᠱᠦᠸᠧ ᠸᠧᠨ ᠵᠢᠶᠧ ᠽᠢ ᠶᠢᠨ 从足从各 | ᠭᠡᠳᠡᠭ ᠤᠨ 各 ᠶᠢᠨ ᠲᠡᠭᠡᠳᠦ ᠡᠷᠳᠡᠨ ᠤ ᠠᠪᠢᠶ᠎ᠠ ᠨᠢ ᠮᠦᠨᠴᠣ klaːɡ ᠪᠠᠶᠢᠵᠣ᠂ 路 ᠦᠰᠦᠭ ᠤᠨ | ᠲᠡᠭᠡᠳᠦ ᠡᠷᠳᠡᠨ ᠤ ᠠᠪᠢᠶ᠎ᠠ ɡ·raːɡs ᠪᠣᠯᠣᠨ ᠴᠢᠨ ᠠᠴᠠ ᠡᠮᠦᠨᠡᠬᠢ ᠠᠪᠢᠶ᠎ᠠ ɡlɑɡ ᠲᠠᠢ ᠲᠣᠩ | ᠣᠶᠢᠷᠠᠯᠴᠠᠭ᠎ᠠ ᠪᠠᠶᠢᠵᠣ᠂ ᠵᠦᠪᠬᠡᠨ ᠠᠶᠠᠯᠭᠤ ᠶᠢᠨ ᠲᠠᠯ᠎ᠠ ᠶᠢᠨ ᠵᠦᠷᠢᠶ᠎ᠡ ᠲᠠᠢ ᠪᠠᠶᠢᠭᠰᠠᠨ ᠮᠠᠭᠠᠳ᠃ ᠲᠡᠭᠡᠪᠡᠯ ᠲᠣᠰ | ᠦᠰᠦᠭ ᠢ ᠵᠢᠢ ᠶᠦᠨ ᠲᠣᠯᠢ ᠳᠤ ᠮᠦᠨ 歷各切 ︵lak︶ ᠭᠡᠵᠦ ᠭᠠᠯᠢᠭᠴᠢᠯᠠᠵᠣ ᠪᠠᠶᠢᠭ᠎ᠠ ᠪᠠᠶᠢᠳᠠᠯ ᠠᠴᠠ | ᠬᠠᠷᠠᠪᠠᠯ᠂ ᠨᠡᠶᠢᠳᠡ ᠶᠢᠨ ᠣᠨ ᠲᠣᠭᠠᠯᠠᠯ ᠤᠨ 1037 ᠣᠨ ᠤ ᠦᠶ᠎ᠡ ᠳᠤ ᠲᠣᠰ ᠦᠰᠦᠭ ᠢ ᠪᠠᠰᠠ laɡ ᠪᠣᠶᠣ | lak ᠭᠡᠵᠦ ᠠᠪᠢᠶᠠᠯᠠᠵᠣ ᠪᠠᠶᠢᠭᠰᠠᠭᠠᠷ ᠪᠠᠶᠢᠨ᠎ᠠ᠃ ᠡᠬᠦᠨ ᠢ ᠬᠤᠷᠢᠶᠠᠩᠭᠤᠶᠢᠯᠠᠵᠣ ᠦᠵᠡᠪᠡᠯ 路 ᠦᠰᠦᠭ ᠤᠨ | ᠠᠪᠢᠶᠠᠨ ᠤ ᠬᠤᠪᠢᠷᠠᠯ ᠲᠡᠭᠡᠳᠦ ᠡᠷᠳᠡᠨ ᠤ ᠦᠶ᠎ᠡ ᠳᠤ ɡ·raːɡs᠂ ᠴᠢᠨ ᠠᠴᠠ ᠡᠮᠦᠨᠡᠬᠢ ᠦᠶ᠎ᠡ ᠳᠤ | ɡlɑɡ᠂ ᠵᠡᠭᠦᠨ ᠬᠠᠨ ᠤ ᠦᠶ᠎ᠡ ᠳᠤ 从足从各 ︵klaːɡ︶ ᠪᠠᠶᠢᠵᠣ ᠬᠤᠵᠢᠮ ᠰᠠᠶ᠋ᠢ | ᠠᠭᠠᠵᠢᠮ ᠢᠶᠠᠷ lak,᠂ lok᠂ luk ᠠᠴᠠ lu ᠪᠣᠯᠣᠭᠰᠠᠨ ᠲᠦᠯᠦᠪᠳᠡᠢ ᠪᠠᠶᠢᠨ᠎ᠠ᠃ | 3径路 ᠬᠤᠶᠠᠷ ᠦᠰᠦᠭ ᠤᠨ ᠠᠪᠢᠶᠠᠯᠯᠠᠭ᠎ᠠ ᠶᠢ ᠾᠦᠩᠨᠦ ᠬᠡᠯᠡᠨ ᠳᠤ ᠰᠡᠷᠭᠦᠭᠡᠪᠡᠯ᠄ kiŋ ︵ging︶᠂ | ɡ·raːɡ ︵ɡlɑɡ︶ ᠪᠠᠶᠢᠵᠠᠢ᠃ ᠯᠠᠲ᠋ᠢᠨ ᠦᠰᠦᠭ ᠢᠶᠠᠷ ᠢᠯᠡᠳᠭᠡᠪᠡᠯ hing ga r-a ᠪᠣᠶᠣ | hing ga rag ᠪᠣᠯᠣᠨ᠎ᠠ᠃ ᠡᠨᠡ ᠨᠢ ᠾᠦᠩᠨᠦ — ᠮᠣᠩᠭᠤᠯ ᠬᠡᠯᠡᠨ ᠳᠤ ᠺᠢᠩ ᠭᠠ ᠷᠠᠭ ᠭᠡᠵᠦ ᠠᠪᠢᠶᠠᠯᠠᠨ᠂ | ᠮᠣᠩᠭᠤᠯ ᠬᠡᠯᠡᠨ ᠤ ᠬᠢᠩᠭᠠᠷᠠᠭ ᠪᠣᠯᠵᠣ ᠵᠢᠵᠢᠭ ᠬᠢᠳᠣᠭᠠᠨ ᠤ ᠨᠡᠷ᠎ᠡ ᠪᠣᠯᠪᠠ᠃ ᠺᠠ ᠬᠠ ᠭᠠ ᠴᠢᠨᠠᠭᠰᠢᠯᠠᠪᠠᠯ ᠠ | ᠵᠡᠷᠭᠡ ᠶᠢ ᠰᠡᠯᠭᠦᠴᠡᠨ ᠬᠡᠷᠡᠭᠯᠡᠬᠦ ᠦᠵᠡᠭᠳᠡᠯ ᠡᠷᠳᠡ ᠡᠳᠦᠬᠡ ᠶᠢᠨ ᠮᠣᠩᠭᠤᠯ ᠬᠡᠯᠡᠨ ᠳᠤ ᠲᠣᠩ ᠲᠦᠭᠡᠮᠡᠯ ᠪᠠᠶᠢᠳᠠᠭ | ᠶᠣᠮ᠃ ᠬᠢᠩᠭᠠᠷᠠᠭ ᠢ ᠣᠳᠣᠬᠢ ᠮᠣᠩᠭᠤᠯ ᠬᠡᠯᠡᠨ ᠳᠤ ᠬᠢᠩᠭᠠᠷ᠎ᠠ ︵xinggar-a︶ ᠭᠡᠵᠦ᠂ ᠺᠢᠷᠢᠯ ᠮᠣᠩᠭᠤᠯ | ᠢᠶᠠᠷ ︵хянгар︶ ᠭᠡᠳᠡᠭ ᠠᠵᠠᠢ᠃ ᠣᠳᠣ ᠦᠶ᠎ᠡ ᠶᠢᠨ ᠡᠯ᠎ᠡ ᠵᠦᠢᠯ ᠤᠨ ᠮᠣᠩᠭᠤᠯ ᠬᠡᠯᠡᠨ ᠤ ᠲᠣᠯᠢ | ᠪᠢᠴᠢᠭ ᠲᠤ ᠪᠠᠶᠢᠭ᠎ᠠ ᠬᠢᠩᠭᠠᠷᠠᠭ ᠤᠨ ᠲᠣᠬᠠᠢ ᠠᠳᠠᠯᠢ ᠪᠣᠰᠣ ᠲᠠᠶᠢᠯᠪᠣᠷᠢ ᠶᠢ ᠵᠢᠬᠰᠠᠭᠠᠪᠠᠯ᠄ ᠨᠢᠭᠡ᠂ ᠵᠢᠵᠢᠭ | ᠬᠢᠳᠤᠭ᠎ᠠ᠃ ᠬᠤᠶᠠᠷ᠂ ᠶᠠᠭᠤᠮ᠎ᠠ ᠬᠡᠣᠮ᠎ᠡ ᠶᠢ ᠬᠢᠷᠣᠵᠣ ᠬᠡᠷᠴᠢᠬᠦ ᠬᠢᠳᠤᠭ᠎ᠠ ᠭᠡᠬᠦ ᠪᠣᠶᠣ ᠶᠠᠭᠤᠮ᠎ᠠ ᠬᠡᠣᠮ᠎ᠡ ᠶᠢ | ᠬᠢᠷᠣᠵᠣ ᠬᠡᠷᠴᠢᠬᠦ ᠦᠷᠭᠡᠨ ᠬᠢᠳᠤᠭ᠎ᠠ ᠭᠡᠬᠦ᠃ ᠭᠤᠷᠪᠠ ᠠᠷᠠᠰᠣ ᠡᠯᠳᠡᠬᠦ ᠳᠤ ᠬᠡᠷᠡᠭᠯᠡᠬᠦ ᠬᠠᠷᠣᠵᠣ ᠬᠤᠰᠣᠬᠤ ᠬᠢᠳᠤᠭ᠎ᠠ | ᠭᠡᠬᠦ ᠪᠣᠶᠣ ᠰᠢᠭᠤᠳ ᠡᠯᠳᠡᠭᠦᠷ ᠶᠢᠨ ᠬᠢᠳᠤᠭ᠎ᠠ ᠭᠡᠬᠦ᠃ ᠲᠦᠷᠪᠡ᠂ ᠬᠢᠩᠭᠠᠷ᠎ᠠ ᠰᠢᠯᠪᠢ᠃ ᠲᠠᠪᠤ᠂ ᠬᠠᠮᠠᠷ ᠤᠨ | ᠬᠢᠩᠭ᠎ᠠ᠂ ᠠᠭᠤᠯᠠᠨ ᠬᠢᠩᠭ᠎ᠠ ᠵᠡᠷᠭᠡ ᠪᠣᠢ᠃ | ᠭᠤᠷᠪᠠ ᠲᠦᠭᠦᠮ ᠶᠠᠷᠢᠯᠴᠠᠭ᠎ᠠ᠄ | 1 径路刀 ᠭᠡᠳᠡᠭ ᠡᠨᠡᠬᠦ ᠾᠦᠩᠨᠦ — ᠮᠣᠩᠭᠤᠯ ᠦᠭᠡ ᠶᠢᠨ ᠠᠯᠢ ᠡᠷᠳᠡᠨ ᠤ ᠠᠪᠢᠶ᠎ᠠ ᠨᠢ ᠲᠠᠷᠣᠢ kiŋ | ɡ·raːɡ ᠪᠠᠶᠢᠵᠠᠢ᠃ ᠯᠠᠲ᠋ᠢᠨ ᠦᠰᠦᠭ ᠢᠶᠠᠷ ᠢᠯᠡᠳᠭᠡᠪᠡᠯ hing ga r-a ᠪᠣᠶᠣ hing ga rag | ᠪᠣᠯᠣᠨ᠎ᠠ᠃ ᠲᠣᠬᠠᠢ ᠶᠢᠨ ᠣᠳᠬ᠎ᠠ ᠨᠢ ᠬᠤᠭᠤᠯᠠᠨ ᠤ ᠵᠢᠵᠢᠭ ᠬᠢᠳᠤᠭ᠎ᠠ ᠲᠠᠷᠣᠢ ᠮᠢᠬ᠎ᠠ ᠢᠳᠡᠳᠡᠭ ᠵᠢᠵᠢᠭ | ᠬᠢᠳᠳᠤᠭᠠ ᠪᠣᠯᠣᠨ᠎ᠠ᠃ ᠬᠢᠩᠭᠠᠷᠠᠭᠠ ᠢ ᠵᠢᠵᠢᠭ ᠬᠢᠳᠤᠭ᠎ᠠ ᠭᠡᠪᠡᠯ ᠲᠡᠭᠦᠨ ᠲᠠᠢ ᠢᠵᠢᠯᠰᠢᠭ ᠪᠠᠰᠠ ᠨᠢᠭᠡᠨ ᠵᠢᠵᠢᠭ | ᠬᠢᠳᠤᠭ᠎ᠠ ᠪᠣᠢ᠂ ᠲᠡᠭᠦᠨ ᠤ ᠨᠡᠷ᠎ᠡ ᠶᠢ ᠲᠣᠩᠭᠤᠷᠠᠭ ᠭᠡᠳᠡᠭ᠂ ᠲᠣᠩᠭᠤᠷᠠᠭ ᠪᠣᠯᠣᠨ ᠬᠢᠩᠭᠠᠷᠠᠭ ᠤᠨ ᠠᠳᠠᠯᠢ ᠪᠣᠰᠣ | ᠲᠠᠯ᠎ᠠ ᠭᠡᠪᠡᠯ ᠲᠣᠩᠭᠤᠷᠠᠭ ᠪᠣᠯ ᠡᠪᠬᠡᠵᠦ ᠪᠣᠯᠳᠠᠭ ᠵᠢᠵᠢᠭ ᠬᠢᠳᠤᠭ᠎ᠠ᠂ ᠭᠤᠣᠯᠳᠠᠭᠤ ᠰᠠᠬᠠᠯ ᠦᠰᠦ ᠵᠠᠰᠠᠬᠤ ᠳᠤ | ᠵᠣᠷᠢᠭᠤᠯᠣᠯᠳᠠ ᠲᠠᠢ ᠰᠢᠭ ᠡᠳ᠋ ᠶᠣᠮ᠃ ᠬᠠᠷᠢᠨ ᠬᠢᠩᠭᠠᠷᠠᠭ ᠪᠣᠯ ᠬᠤᠭᠤᠯᠠᠨ ᠤ ᠬᠢᠳᠤᠭ᠎ᠠ ᠮᠦᠨ᠂ ᠪᠠᠰᠠ ᠮᠣᠩᠭᠤᠯ | ᠬᠦᠮᠦᠨ ᠤ ᠡᠳᠦᠷ ᠲᠣᠲᠣᠮ ᠤᠨ ᠠᠮᠢᠳᠣᠷᠠᠯ ᠲᠣᠮᠳᠠ ᠬᠡᠷᠡᠭᠯᠡᠬᠦ ᠭᠠᠷ ᠦᠵᠦᠬᠦᠷ ᠵᠠᠷᠣᠬᠤ ᠵᠢᠵᠢᠭ ᠪᠠᠭᠠᠵᠢ ᠴᠦ ᠮᠦᠨ | ᠃ ᠲᠡᠭᠡᠷᠡᠬᠢ ᠪᠠᠶᠢᠳᠠᠯ ᠠᠴᠠ ᠦᠵᠡᠪᠡᠯ ᠬᠢᠩᠭᠠᠷᠠᠭ ᠪᠣᠯ ᠠᠯᠢ ᠡᠷᠳᠡ ᠦᠶ᠎ᠡ ᠳᠡᠭᠡᠨ ᠬᠤᠭᠤᠯᠠᠨ ᠤ ᠵᠢᠵᠢᠭ ᠬᠢᠳᠤᠭ᠎ᠠ | ︵ᠭᠤᠣᠯᠳᠠᠭᠤ ᠮᠢᠬ᠎ᠠ ᠢᠳᠡᠬᠦ ᠳᠤ ᠵᠣᠷᠢᠭᠤᠯᠣᠯᠳᠠ ᠲᠠᠢ︶ ᠪᠠᠶᠢᠵᠠᠢ᠃ ᠨᠦᠬᠦᠭᠡ ᠲᠠᠯ᠎ᠠ ᠠᠴᠠ ᠦᠵᠡᠪᠡᠯ ᠲᠡᠭᠦᠨ | ᠢᠶᠠᠷ ᠴᠢᠰᠣᠳᠣ ᠠᠷᠢᠬᠢ ᠶᠢ ᠬᠤᠳᠬᠤᠵᠣ ᠪᠠᠶᠢᠭᠰᠠᠨ ᠪᠠᠶᠢᠳᠠᠯ ᠴᠦ ᠡᠨᠡᠬᠦ 径路刀 ᠪᠣᠯ ᠨᠢᠭᠡᠨ ᠵᠢᠵᠢᠭ | ᠬᠢᠳᠤᠭ᠎ᠠ ᠭᠡᠳᠡᠭ ᠬᠡᠯᠡᠯᠭᠡ ᠶᠢ ᠭᠡᠷᠡᠴᠢᠯᠡᠵᠦ ᠪᠠᠶᠢᠨ᠎ᠠ᠃ | 2 ᠠᠳᠡ ᠠᠴᠠ ᠪᠢᠳᠡ ᠲᠡᠷᠡᠬᠦ ᠬᠤᠯᠠ ᠶᠢᠨ ᠾᠦᠩᠨᠦ ᠦᠭᠡ ᠡᠳᠦᠬᠡ ᠶᠢᠨ ᠮᠣᠩᠭᠤᠯ ᠦᠭᠡ ᠲᠠᠢ ᠮᠠᠰᠢ | ᠠᠳᠠᠯᠢᠬᠠᠨ ᠪᠠᠶᠢᠵᠣ᠂ ᠠᠪᠢᠶ᠎ᠠ ᠠᠶᠠᠯᠭᠤ ᠪᠠ ᠣᠳᠬ᠎ᠠ ᠶᠢᠨ ᠲᠠᠯ᠎ᠠ ᠪᠠᠷ ᠮᠠᠰᠢ ᠲᠣᠭᠳᠠᠪᠣᠷᠢ ᠲᠠᠢ ᠪᠠᠶᠢᠵᠣ᠂ ᠲᠡᠮᠡᠢ | ᠶᠡᠭᠡ ᠬᠤᠪᠢᠷᠠᠯᠳᠠ ᠭᠠᠷᠣᠭᠰᠠᠨ ᠦᠭᠡᠢ ᠣᠯᠠᠮᠵᠢᠯᠠᠭᠳᠠᠵᠣ ᠢᠷᠡᠭᠰᠡᠨ ᠮᠡᠳᠦ ᠰᠠᠨᠠᠭᠳᠠᠬᠤ ᠨᠢ ᠲᠣᠩ ᠰᠣᠨᠢᠷᠬᠠᠯ ᠲᠠᠢ | ᠪᠠᠶᠢᠨ᠎ᠠ᠃ ᠬᠠᠷᠢᠴᠠᠭᠤᠯᠪᠠᠯ᠂ ᠬᠢᠳᠠᠳ ᠬᠡᠯᠡ ᠪᠣᠯ ᠠᠪᠢᠶ᠎ᠠ ᠠᠶᠠᠯᠭᠤ ᠪᠠ ᠣᠳᠬ᠎ᠠ ᠶᠢᠨ ᠲᠠᠯ᠎ᠠ ᠪᠠᠷ ᠴᠢᠨᠠᠭᠰᠢᠯᠠᠪᠠᠯ | ᠪᠢᠴᠢᠯᠭᠡ ᠵᠢᠷᠣᠯᠭ᠎ᠠ ᠶᠢᠨ ᠲᠠᠯ᠎ᠠ ᠪᠠᠷ ᠪᠦᠷ ᠲᠣᠩ ᠶᠡᠭᠡ ᠬᠤᠪᠢᠷᠠᠯᠳᠠ ᠲᠠᠢ ᠶᠣᠮ᠃ | 3 ᠲᠣᠬᠠᠢ ᠶᠢᠨ ᠦᠶ᠎ᠡ ᠶᠢᠨ ᠪᠠᠨ ᠭᠦ᠋ ᠮᠡᠳᠦ ᠶᠢᠨ ᠲᠡᠣᠬᠡᠴᠢᠳ ᠬᠠᠷᠢ ᠬᠡᠯᠡ ᠪᠣᠯᠬᠤ ᠾᠦᠩᠨᠦ ᠦᠭᠡ ᠶᠢ ᠵᠦᠪ | ᠭᠦᠢᠴᠡᠳ ᠠᠪᠢᠶᠠᠯᠠᠨ ᠲᠡᠮᠳᠡᠭᠯᠡᠬᠦ ᠪᠠᠷ ᠮᠠᠰᠢ ᠮᠡᠷᠡᠶᠢᠵᠦ ᠪᠠᠶᠢᠭᠰᠠᠨ ᠨᠢ ᠲᠣᠲᠣᠷᠬᠠᠢ ᠪᠠᠶᠢᠨ᠎ᠠ᠃ ᠬᠡᠳᠦᠶᠢᠪᠡᠷ ᠪᠠᠨ | ᠭᠦ᠋ ᠶᠢᠨ ᠴᠠᠭ ᠦᠶ᠎ᠡ ᠳᠤ 路 ᠦᠰᠦᠭ ᠢ ɡ·raːɡ ᠭᠡᠵᠦ ᠠᠪᠢᠶᠠᠯᠠᠬᠤ ᠦᠭᠡᠢ ᠪᠣᠯᠣᠭᠰᠠᠨ ᠪᠣᠯᠪᠠᠴᠣ᠂ | ᠲᠡᠷᠡ ᠡᠨᠡᠬᠦ ᠠᠪᠢᠶᠠᠯᠯᠠᠭ᠎ᠠ ᠠᠴᠠ ᠨᠡᠩ ᠣᠶᠢᠷᠬᠠᠨ ᠬᠡᠯᠪᠡᠷᠢ ᠪᠣᠯᠬᠤ ɡ·laːɡ ᠢ ᠰᠣᠩᠭᠤᠨ ᠬᠡᠷᠡᠭᠯᠡᠵᠦ | ᠪᠠᠶᠢᠭᠰᠠᠨ ᠪᠣᠯᠣᠯᠴᠠᠭ᠎ᠠ ᠲᠠᠢ ᠪᠠᠶᠢᠨ᠎ᠠ᠃ ᠨᠢᠭᠡᠯᠡ ᠦᠭᠡ ᠪᠠᠷ ᠢᠯᠡᠳᠭᠡᠪᠡᠯ ᠡᠷᠳᠡᠨ ᠤ ᠬᠢᠳᠠᠳ ᠲᠡᠣᠬᠡᠴᠢᠳ ᠴᠦ | ᠬᠠᠷᠢ ᠦᠭᠡ ᠶᠢ ᠵᠦᠪ ᠠᠪᠢᠶᠠᠯᠠᠨ ᠲᠡᠮᠳᠡᠭᠯᠡᠬᠦ ᠶᠢᠨ ᠲᠦᠯᠦᠭᠡ ᠨᠡᠩ ᠡᠷᠳᠡᠨ ᠤ ᠬᠢᠳᠠᠳ ᠦᠰᠦᠭ ᠤᠨ ᠠᠪᠢᠶ᠎ᠠ | ᠠᠶᠠᠯᠭᠤ ᠶᠢ ᠬᠦᠷᠳᠡᠯ᠎ᠡ ᠭᠦᠢᠴᠡᠳ ᠠᠰᠢᠭᠯᠠᠵᠣ ᠪᠠᠶᠢᠭᠰᠠᠨ ᠨᠢ ᠲᠣᠲᠣᠷᠬᠠᠢ ᠮᠡᠳᠡᠭᠳᠡᠵᠦ ᠪᠠᠶᠢᠨ᠎ᠠ᠃ | 4 ᠲᠡᠭᠡᠪᠡᠯ ᠲᠡᠷᠡᠬᠦ ᠬᠤᠯᠠ ᠶᠢᠨ ᠾᠦᠩᠨᠦ ᠶᠢᠨ ᠴᠠᠭ ᠦᠶ᠎ᠡ ᠳᠤ ᠬᠢᠩᠭᠠᠷᠠᠭ ︵хянгар︶ ᠢ | ᠺᠢᠩᠭᠠᠷᠠᠭ ᠭᠡᠵᠦ ᠠᠪᠢᠶᠠᠯᠠᠵᠣ ᠪᠠᠶᠢᠭᠰᠠᠨ ᠪᠣᠯᠣᠯᠴᠠᠭ᠎ᠠ ᠲᠠᠢ᠂ ᠡᠨᠡ ᠨᠢ ᠾᠦᠩᠨᠦ — ᠮᠣᠩᠭᠤᠯ ᠬᠡᠯᠡᠨ ᠳᠤ ᠺᠠ | ᠭᠠ ᠬᠠ ᠶᠢᠨ ᠠᠶᠢᠮᠠᠭ ᠴᠢᠨᠠᠭᠰᠢᠯᠠᠪᠠᠯ ᠠ ᠶᠢᠨ ᠠᠶᠢᠮᠠᠭ ᠢ ᠬᠦᠷᠳᠡᠯ᠎ᠡ ᠰᠡᠯᠭᠦᠴᠡᠨ ᠬᠡᠷᠡᠭᠯᠡᠬᠦ ᠦᠵᠡᠭᠳᠡᠯ ᠲᠡᠷᠡ | ᠬᠤᠯᠠ ᠴᠠᠭ ᠦᠶ᠎ᠡ ᠠᠴᠠ ᠣᠳᠣ ᠦᠶ᠎ᠡ ᠳᠤ ᠢᠷᠡᠳᠡᠯ᠎ᠡ ᠨᠡᠶᠢᠳᠡᠮ ᠲᠦᠭᠡᠮᠡᠯ ᠪᠠᠶᠢᠭᠰᠠᠨ ᠬᠠᠷᠠᠭᠤᠯᠵᠣ ᠪᠠᠶᠢᠨ᠎ᠠ᠂ | ᠦᠨᠡᠨᠳᠡᠭᠡᠨ ᠣᠳᠣ ᠪᠠᠷ ᠮᠠᠨ ᠤ ᠮᠡᠳᠡᠵᠦ ᠪᠠᠶᠢᠭ᠎ᠠ ︽ᠮᠣᠩᠭᠤᠯ ᠤᠨ ᠨᠢᠭᠤᠴᠠ ᠲᠣᠪᠴᠢᠶᠠᠨ︾ ᠲᠠᠬᠢ ᠮᠣᠩᠭᠤᠯ | ᠬᠡᠯᠡ ᠶᠢ ᠲᠣᠬᠠᠢ ᠶᠢᠨ ᠦᠶ᠎ᠡ ᠶᠢᠨ ᠮᠣᠩᠭᠤᠯ ᠣᠪᠣᠭ ᠠᠶᠢᠮᠠᠭ ᠲᠣᠲᠣᠷᠠᠬᠢ ᠨᠣᠳᠤᠭ ᠤᠨ ᠠᠶᠠᠯᠭᠤ ᠭᠡᠵᠦ | ᠣᠶᠢᠯᠭᠠᠪᠠᠯ᠂ ᠪᠢᠳᠡᠨ ᠳᠤ ᠨᠡᠩ ᠡᠷᠳᠡᠨ ᠤ ᠮᠣᠩᠭᠤᠯ ᠬᠡᠯᠡ ᠶᠢ ᠰᠣᠳᠣᠯᠬᠤ ᠳᠤ ᠣᠯᠠᠮ ᠰᠠᠷᠠᠭᠤᠯ ᠲᠠᠷᠳᠠᠩ ᠭᠠᠷᠬᠤ | ᠵᠠᠮ ᠲᠠᠢ ᠪᠣᠯᠬᠤ ᠨᠢ ᠯᠠᠪᠳᠠᠢ ᠶᠣᠮ᠃ ᠴᠡᠯᠡᠭᠡᠷ ᠭᠡᠳᠡᠭ ᠰᠦᠯᠵᠢᠶᠡᠨ ᠨᠠᠶᠢᠵᠠ ︽ᠬᠦᠢᠰᠦ ᠲᠣᠯᠣᠭᠠᠢ ᠶᠢᠨ | ᠪᠢᠴᠢᠭᠡᠰᠦ︾ ᠶᠢ ᠨᠢᠬᠳᠠᠯᠠᠨ ᠰᠣᠳᠣᠯᠣᠭᠠᠳ ᠪᠢᠴᠢᠭᠰᠡᠨ ᠦᠬᠦᠯᠡᠯ ᠳᠡᠭᠡᠨ ᠲᠣᠬᠠᠢ ᠶᠢᠨ ᠦᠶ᠎ᠡ ᠶᠢᠨ ᠮᠣᠩᠭᠤᠯ | ᠬᠡᠯᠡᠨ ᠳᠤ ᠦᠬᠡᠷ ᠢ ︽ᠫᠦᠬᠡᠷ︾᠂ ᠦᠨᠡᠭᠡ ᠶᠢ ︽ᠫᠦᠨᠡᠭᠡ︾ ᠭᠡᠵᠦ ᠠᠪᠢᠶᠠᠯᠠᠳᠠᠭ ᠭᠡᠰᠡᠨ ᠢ ᠢᠯᠡᠷᠡᠭᠦᠯᠵᠡᠢ᠃ | ᠦᠩᠭᠡᠷᠡᠭᠰᠡᠨ ᠳᠤ ᠪᠢᠳᠡ ᠵᠦᠪᠬᠡᠨ ︽ᠮᠣᠩᠭᠤᠯ ᠤᠨ ᠨᠢᠭᠤᠴᠠ ᠲᠣᠪᠴᠢᠶᠠᠨ︾ ᠠᠴᠠ ᠦᠬᠡᠷ ᠢ ᠬᠦᠬᠡᠷ᠂ | ᠣᠯᠠᠭᠠᠨ ᠢ ᠬᠤᠯᠠᠭᠠᠨ᠂ ᠡᠯᠢᠭᠡ ᠶᠢ ᠬᠡᠯᠢᠭᠡ ᠵᠡᠷᠭᠡ ᠪᠠᠷ ᠠᠪᠢᠶᠠᠯᠠᠳᠠᠭ ᠢ ᠮᠡᠳᠡᠵᠦ ᠪᠠᠶᠢᠵᠠᠢ᠃ ᠴᠡᠯᠡᠭᠡᠷ ᠨᠠᠶᠢᠵᠠ ᠶᠢᠨ | ᠬᠡᠯᠡᠬᠦ ᠪᠠᠷ ︽ᠫᠦᠬᠡᠷ︾ ︽ᠫᠦᠨᠡᠭᠡ︾ ᠭᠡᠳᠡᠭ ᠨᠢ ᠲᠣᠬᠠᠢ ᠶᠢᠨ ᠦᠶ᠎ᠡ ᠶᠢᠨ ᠷᠸᠥᠷᠠᠨ — ᠮᠣᠩᠭᠤᠯ ᠤᠨ ᠬᠡᠯᠡ | ᠭᠡᠳᠡᠭ ᠨᠢ ᠨᠡᠩ ᠰᠣᠨᠢᠷᠬᠠᠯ ᠲᠠᠢ ᠰᠡᠳᠦᠪ ᠪᠣᠯᠣᠭᠰᠠᠨ ᠶᠣᠮ᠃ ᠶᠠᠭᠤ ᠶᠢ ᠶᠠᠷᠢᠬᠤ ᠭᠡ ᠪᠣᠢ ᠭᠡᠪᠡᠯ᠂ ᠴᠠᠭ ᠦᠶ᠎ᠡ | ᠦᠩᠭᠡᠷᠡᠬᠦ ᠪᠠ ᠰᠢᠨ᠎ᠡ ᠬᠡᠷᠡᠭ ᠪᠣᠳᠠᠰ ᠤᠨ ᠢᠯᠡᠷᠡᠬᠦ ᠶᠢ ᠲᠠᠭᠠᠯᠳᠣᠨ ᠪᠢᠳᠡᠨ ᠤ ᠣᠶᠢᠯᠭᠠᠯᠳᠠ ᠪᠠ ᠣᠬᠠᠭᠳᠠᠬᠤᠨ | ᠬᠦᠷᠳᠡᠯ᠎ᠡ ᠰᠢᠨᠡᠴᠢᠯᠡᠭᠳᠡᠬᠦ ᠶᠣᠰᠣᠳᠠᠢ ᠪᠣᠯᠵᠠᠢ ᠭᠡᠰᠡᠨ ᠢ ᠦᠭᠦᠯᠡᠶ᠎ᠡ ᠭᠡᠰᠡᠨ ᠶᠣᠮ᠃ | | | | | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |