孤 ᠭᠡᠳᠡᠭ ᠾᠦᠩᠨᠦ ᠦᠭᠡ ᠶᠢ ᠲᠠᠶᠢᠯᠪᠣᠷᠢᠯᠠᠬᠤ ᠨᠢ
ᠨᠡᠶᠢᠲᠡᠯᠡᠭᠰᠡᠨ ᠴᠠᠭ᠄
2020/10/20
ᠣᠣᠬᠠᠨ · ᠬᠠᠭᠳᠠ 撐 犁孤 塗᠄ ᠣᠳᠣ ᠦᠶ᠎ᠡ ᠶᠢᠨ ᠠᠪᠢᠶ᠎ᠠ ᠨᠢ chēng lí gū tú᠂ ᠲᠣᠰ ᠦᠭᠡ ᠶᠢ ᠵᠦᠪᠬᠡᠨ ︽ᠬᠠᠨ ᠣᠯᠣᠰ ᠤᠨ ᠪᠢᠴᠢᠭ · ᠾᠦᠩᠨᠦ ᠶᠢᠨ ᠱᠠᠰᠳᠢᠷ︾᠎ ᠤᠨ ᠲᠡᠭᠡᠳᠦ ᠪᠣᠳᠢ ᠳᠤ ᠲᠡᠮᠳᠡᠭᠯᠡᠭᠳᠡᠵᠡᠢ᠃ ᠲᠡᠭᠦᠨ ᠳᠤ ᠦᠬᠦᠯᠡᠭᠰᠡᠨ ᠨᠢ᠂ ᠴᠠᠨ ᠢᠥᠢ ᠪᠣᠯᠪᠠᠰᠣ 攣鞮 ︵ᠣᠳᠣ ᠦᠶ᠎ᠡ ᠶᠢᠨ ᠠᠪᠢᠶ᠎ᠠ ᠨᠢ luán dī︶ ᠣᠪᠣᠭ ᠲᠠᠢ᠂ ᠲᠡᠭᠦᠨ ᠤ ᠣᠯᠣᠰ ᠤᠨ ᠬᠦᠮᠦᠰ ᠨᠢ ᠲᠡᠭᠦᠨ ᠢ 撐犁孤塗單于 ᠴᠠᠨ ᠢᠥᠢ ᠬᠡᠮᠡᠮᠣᠢ᠃ ᠾᠦᠩᠨᠦ ᠬᠡᠯᠡᠨ ᠳᠤ ᠲᠡᠭᠷᠢ ᠶᠢ ︽撐犁︾ ᠬᠡᠮᠡᠨ ᠬᠦᠪᠡᠭᠦᠨ ᠢ ︽孤塗︾ ᠬᠡᠮᠡᠮᠣᠢ᠃ ᠴᠠᠨ ᠢᠥᠢ ᠭᠡᠰᠡᠨ ᠦᠭᠡ ᠪᠣᠯ ᠲᠠᠷᠣᠢ ᠲᠡᠭᠷᠢ ᠮᠡᠳᠦ ᠠᠭᠤᠳᠠᠮ ᠭᠡᠳᠡᠭ ᠣᠳᠬ᠎ᠠ ᠪᠦᠬᠦᠢ ᠦᠭᠡ ᠪᠣᠯᠣᠨ᠎ᠠ ᠭᠡᠵᠦ ᠲᠡᠮᠳᠡᠭᠯᠡᠵᠡᠢ᠃ 孤 ᠦᠰᠦᠭ᠄ ⑴孤 ᠦᠰᠦᠭ ᠤᠨ ᠣᠳᠣ ᠦᠶ᠎ᠡ ᠶᠢᠨ ᠯᠠᠲ᠋ᠢᠨ ᠭᠠᠯᠢᠭ᠄ gū᠃ ⑵孤 ᠦᠰᠦᠭ ᠤᠨ ᠬᠢᠳᠠᠳ ᠤᠨ ︽ᠣᠯᠣᠰ ᠤᠨ ᠬᠡᠯᠡᠨ ᠤ ᠦᠭᠡᠰ ᠤᠨ ᠲᠣᠯᠢ︾᠎ ᠲᠠᠬᠢ ᠣᠳᠬ᠎ᠠ ᠶᠢᠨ ᠲᠠᠶᠢᠯᠪᠣᠷᠢ᠄ ᠲᠣᠣᠷᠠᠬᠢ ᠮᠡᠳᠦ ᠬᠡᠳᠦᠨ ᠵᠦᠢᠯ ᠢᠶᠠᠷ ᠬᠡᠷᠡᠭᠯᠡᠨ᠎ᠡ᠃ ᠲᠡᠮᠳᠡᠭ ᠦᠭᠡ ᠪᠠᠷ ᠬᠡᠷᠡᠭᠯᠡᠬᠦ᠂ ᠦᠨᠦᠴᠢᠨ᠂ ᠭᠠᠭᠴᠠᠷᠳᠠᠮᠠᠯ᠂ ᠡᠳᠡᠭᠡᠳ ᠵᠠᠩ ᠵᠡᠷᠭᠡ᠃ ᠨᠡᠷᠡᠰ ᠦᠭᠡ ᠪᠠᠷ ᠬᠡᠷᠡᠭᠯᠡᠬᠦ᠂ ᠡᠷᠳᠡᠨ ᠤ ᠬᠢᠳᠠᠳ ᠵᠦᠴᠦᠭᠡ ᠲᠣᠲᠣᠷᠠᠬᠢ ᠲᠣᠭᠳᠠᠮᠠᠯ ᠨᠣᠶᠠᠳ ᠢ ᠲᠣᠭᠯᠠᠬᠤ ᠲᠣᠭᠯᠠᠭᠴᠢ ᠶᠢ ᠵᠢᠭᠠᠳᠠᠭ ᠭᠡᠵᠡᠢ᠃ ᠡᠷᠳᠡᠨ ᠦᠶ᠎ᠡ ᠳᠤ ᠪᠠᠰᠠ ᠣᠪᠣᠭ ᠢᠶᠠᠷ ᠬᠡᠷᠡᠭᠯᠡᠳᠡᠭ ᠪᠠᠶᠢᠵᠠᠢ᠃ ᠲᠦᠯᠦᠭᠡᠨ ᠤ ᠦᠭᠡ ᠪᠠᠷ ᠬᠡᠷᠡᠭᠯᠡᠬᠦ᠂ ᠡᠷᠳᠡᠨ ᠤ ᠬᠢᠳᠠᠳ ᠨᠡᠶᠢᠭᠡᠮ ᠤᠨ ᠸᠠᠩ ᠾᠸᠥ ᠮᠡᠳᠦ ᠎ ᠶᠢᠨ ᠬᠡᠷᠬᠢᠮᠳᠡᠳ ᠤᠨ ᠦᠪᠡᠷ ᠤᠨ ᠪᠡᠶ᠎ᠡ ᠪᠠᠨ ᠵᠢᠭᠠᠬᠤ ᠲᠦᠯᠦᠭᠡᠨ ᠤ ᠦᠭᠡ᠃ ᠦᠢᠯᠡ ᠦᠭᠡ ᠪᠠᠷ ᠬᠡᠷᠡᠭᠯᠡᠬᠦ᠂ ᠦᠳᠡᠭᠡᠷᠡᠬᠦ ᠭᠡᠳᠡᠭ ᠣᠳᠬ᠎ᠠ ᠪᠦᠬᠦᠢ ᠦᠭᠡ ᠪᠣᠯᠣᠨ᠎ᠠ ᠭᠡᠵᠡᠢ᠃ ⑶孤 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ᠄ kʷaː ᠭᠡᠵᠡᠢ᠃ ⑷孤 ᠦᠰᠦᠭ ᠤᠨ ᠴᠢᠨ ᠠᠴᠠ ᠡᠮᠦᠨᠡᠬᠢ ᠠᠪᠢᠶ᠎ᠠ ᠠᠶᠠᠯᠭᠤ᠄ ᠠᠪᠢᠶ᠎ᠠ ᠨᠢ k ᠪᠣᠶᠣ kw᠂ ᠠᠶᠠᠯᠭᠤ ᠨᠢ wo᠂ a᠂ uɑɡ᠂ waɣ᠂ ag ᠵᠡᠷᠭᠡ ᠪᠣᠢ ᠭᠡᠵᠡᠢ᠃ ᠭᠡᠪᠡᠴᠦ w ᠪᠣᠯ ᠠᠪᠢᠶ᠎ᠠ ᠶᠢᠨ ᠨᠢᠭᠡ ᠬᠡᠰᠡᠭ ᠪᠣᠯᠬᠤ ᠲᠦᠯᠦᠪᠳᠡᠢ ᠪᠣᠯᠬᠤᠷ o᠂ a᠂ uɑɡ᠂ aɣ᠂ ag ᠪᠣᠯ ᠠᠶᠠᠯᠭᠤ ᠪᠠᠶᠢᠵᠣ ᠲᠠᠭᠠᠷᠠᠨ᠎ᠠ᠃ ᠰᠢᠯᠳᠠᠭᠠᠨ ᠨᠢ kʷ ᠪᠣᠯ ᠠᠪᠢᠶ᠎ᠠ ᠶᠣᠮ᠃ ᠡᠶᠢᠮᠦ ᠠᠴᠠ w ᠪᠣᠯ ᠦᠨᠡᠨᠳᠡᠭᠡᠨ ᠲᠡᠭᠡᠳᠦ ᠡᠷᠳᠡᠨ ᠤ ᠦᠶ᠎ᠡ ᠶᠢᠨ kʷ᠎ ᠶᠢᠨ ᠲᠡᠷᠡᠬᠦ ᠵᠢᠵᠢᠭ ʷ᠎ ᠨᠢ ᠪᠣᠯᠣᠨ᠎ᠠ᠃ ⑸孤 ᠦᠰᠦᠭ ᠤᠨ ᠬᠠᠨ ᠣᠯᠣᠰ ᠤᠨ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾ ᠎ ᠳᠠᠬᠢ ᠠᠪᠢᠶ᠎ᠠ ᠠᠶᠠᠯᠭᠤ᠄ 从子瓜聲 ᠭᠡᠵᠡᠢ᠃ ᠲᠠᠷᠣᠢ 孤᠎ ᠶᠢᠨ ᠡᠷᠳᠡᠨ ᠤ ᠠᠪᠢᠶ᠎ᠠ ᠨᠢ 瓜᠎ ᠠᠴᠠ ᠣᠶᠢᠷᠬᠠᠨ ᠠᠪᠢᠶᠠᠯᠠᠳᠠᠭ ᠪᠠᠶᠢᠵᠠᠢ ᠭᠡᠰᠡᠨ ᠦᠭᠡ ᠶᠣᠮ᠃ 瓜 ᠦᠰᠦᠭ ᠤᠨ ᠶᠢᠨ ᠲᠡᠭᠡᠳᠦ ᠡᠷᠳᠡᠨ ᠤ ᠣᠩᠰᠢᠯᠭ᠎ᠠ ᠎ ᠨᠢ kʷraː ᠪᠠᠶᠢᠵᠠᠢ᠃ ᠲᠠᠷᠣᠢ 孤᠎ ᠶᠢᠨ ᠣᠩᠰᠢᠯᠭ᠎ᠠ kʷaː᠎ ᠲᠠᠢ ᠦᠨᠳᠦᠰᠦᠨ ᠳᠡᠭᠡᠨ ᠠᠳᠠᠯᠢ᠂ ᠵᠦᠪᠬᠡᠨ ᠠᠪᠢᠶ᠎ᠠ ᠨᠢ ᠵᠢᠭᠠᠬᠠᠨ ᠠᠳᠠᠯᠢ ᠦᠭᠡᠢ᠂ ᠠᠶᠠᠯᠭᠤ ᠨᠢ ᠪᠦᠷᠢᠮᠦᠰᠦᠨ ᠠᠳᠠᠯᠢ ᠪᠠᠶᠢᠵᠠᠢ᠃ ⑹孤 ᠦᠰᠦᠭ ᠤᠨ ᠲᠠᠩ ᠶᠦᠨ ᠭᠤᠸᠠᠩ ᠶᠦᠨ᠂ ᠵᠢᠢ ᠶᠦᠨ᠂ ᠶᠦᠨ ᠾᠦᠢ᠂ ᠵᠧᠩ ᠶᠦᠨ ᠵᠡᠷᠭᠡ ᠲᠣᠯᠢ ᠪᠢᠴᠢᠭ ᠳᠠᠬᠢ ᠠᠪᠢᠶ᠎ᠠ ᠠᠶᠠᠯᠭᠤ᠄ ᠲᠠᠩ ᠶᠦᠨ 古乎切᠂ ᠵᠢᠢ ᠶᠦᠨ᠂ ᠶᠦᠨ ᠾᠦᠢ ᠪᠣᠯᠣᠨ ᠵᠧᠩ ᠶᠦᠨ ᠪᠦᠷ 攻乎切 ᠭᠡᠵᠦ ᠨᠢᠭᠡᠳᠦᠯ ᠲᠠᠢ ᠪᠠᠷ 音姑 ᠭᠡᠵᠦ ᠲᠠᠶᠢᠯᠪᠣᠷᠢᠯᠠᠵᠠᠢ᠃ ⑺孤 ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ ᠨᠢ᠄ *go ᠭᠡᠪᠡ᠃ ⑻孤 ᠦᠰᠦᠭ ᠤᠨ ᠶᠠᠫᠣᠨ ᠬᠡᠯᠡᠨ ᠳᠠᠬᠢ ᠣᠩᠰᠢᠯᠭ᠎ᠠ᠄ こ ᠭᠡᠪᠡ᠃ ⑼孤 ᠦᠰᠦᠭ ᠤᠨ ᠺᠣᠷᠢᠶ᠎ᠠ ᠬᠡᠯᠡᠨ ᠳᠠᠬᠢ ᠣᠩᠰᠢᠯᠭ᠎ᠠ᠄ KO ᠭᠡᠵᠡᠢ᠃ ⑽孤 ᠦᠰᠦᠭ ᠤᠨ ᠸᠢᠶᠧᠲᠨᠠᠮ ᠬᠡᠯᠡᠨ ᠳᠠᠬᠢ ᠣᠩᠰᠢᠯᠭ᠎ᠠ᠄ cô ᠭᠡᠵᠡᠢ᠃ ᠶᠠᠫᠣᠨ ᠰᠣᠯᠣᠩᠭᠤᠰ ᠬᠡᠯᠡ ᠪᠠ ᠸᠢᠶᠧᠲᠨᠠᠮ ᠬᠡᠯᠡᠨ ᠳᠠᠬᠢ ᠠᠪᠢᠶ᠎ᠠ ᠨᠢ ᠦᠨᠳᠦᠰᠦᠨ ᠳᠡᠭᠡᠨ ᠠᠳᠠᠯᠢ ᠪᠠᠶᠢᠨ᠎ᠠ᠃ ⑾孤 ᠦᠰᠦᠭ ᠤᠨ ᠬᠢᠳᠠᠳ ᠤᠨ ᠲᠣᠲᠣᠭᠠᠳᠣ ᠭᠠᠳᠠᠭᠠᠳᠣ ᠶᠢᠨ ᠬᠢᠳᠠᠳᠴᠢ ᠡᠷᠳᠡᠮᠳᠡᠳ ᠤᠨ ᠰᠡᠷᠭᠦᠭᠡᠭᠰᠡᠨ ᠲᠣᠮᠳᠠᠳᠣ ᠡᠷᠳᠡᠨ ᠤ ᠠᠪᠢᠶ᠎ᠠ ᠠᠶᠠᠯᠭᠤ᠄ kwa᠂ kua᠂ kɣua᠂ kʷɯa᠂ kwaɨ ᠭᠡᠵᠡᠢ᠃ ⑿孤 ᠦᠰᠦᠭ ᠤᠨ ᠮᠣᠩᠭᠤᠯ ᠫᠠᠭᠰᠪᠠ ᠦᠰᠦᠭ ᠳᠠᠬᠢ ᠣᠩᠰᠢᠯᠭ᠎ᠠ᠄ ꡂꡧ᠂ gwa ᠭᠡᠵᠡᠢ᠃ ⒀孤 ᠦᠰᠦᠭ ᠤᠨ ᠬᠢᠳᠠᠳ ᠬᠡᠯᠡᠨ ᠤ ᠣᠯᠠᠨ ᠨᠣᠳᠤᠭ ᠤᠨ ᠠᠪᠢᠶᠠᠨ ᠳᠠᠬᠢ ᠠᠪᠢᠶ᠎ᠠ᠄ ᠺᠧ ᠵᠢᠶᠠ ᠬᠡᠯᠡ ᠪᠣᠯ ᠮᠠᠰᠢ ᠨᠢᠭᠡᠳᠦᠯ ᠲᠠᠢ ᠪᠠᠷ ᠪᠦᠷ ku ᠭᠡᠵᠡᠢ᠃ ᠲᠠᠷᠣᠢ gū ᠭᠡᠳᠡᠭ ᠠᠪᠢᠶ᠎ᠠ ᠪᠣᠯᠬᠤ ᠶᠣᠮ᠃ ᠠᠳᠡ ku᠎ ᠨᠢ ᠲᠡᠯᠡᠬᠡᠢ ᠨᠡᠶᠢᠳᠡ ᠶᠢᠨ ᠠᠪᠢᠶᠠᠨ ᠭᠠᠯᠢᠭ᠂ ᠬᠠᠷᠢᠨ gū᠎ ᠨᠢ ᠬᠢᠳᠠᠳ ᠦᠰᠦᠭ ᠤᠨ ᠯᠠᠲ᠋ᠢᠨ ᠭᠠᠯᠢᠭ ᠪᠣᠯᠣᠨ᠎ᠠ᠃ ᠶᠣᠸᠠᠢ ᠬᠡᠯᠡᠨ ᠳᠤ ᠠᠪᠢᠶ᠎ᠠ ᠠᠶᠠᠯᠭᠤ ᠨᠢ ᠮᠦᠨ ᠠᠳᠠᠯᠢᠬᠠᠨ ᠪᠠᠶᠢᠨ᠎ᠠ᠃ ᠭᠡᠪᠡᠴᠦ ᠮᠢᠨᠨᠠᠨ ᠬᠡᠯᠡᠨ ᠳᠤ ᠵᠢᠭᠠᠬᠠᠨ ᠵᠦᠷᠢᠶ᠎ᠡ ᠲᠠᠢ᠃ ᠲᠠᠷᠣᠢ ᠠᠶᠠᠯᠭᠤ ᠨᠢ u ᠪᠣᠯᠣᠨ ou ᠪᠠᠶᠢᠳᠠᠭ᠃ ᠣᠨᠴᠠ ᠵᠠᠷᠢᠮ ᠭᠠᠵᠠᠷ ᠲᠤ ᠪᠠᠰᠠ ɔ ᠴᠦ ᠪᠠᠶᠢᠳᠠᠭ᠃ ᠪᠣᠰᠣᠳ ᠢ ᠨᠢ ᠲᠣᠪᠴᠢᠯᠠᠪᠠ᠃ ⒁孤 ᠦᠰᠦᠭ ᠤᠨ ︽ᠬᠢᠳᠠᠳ ᠬᠡᠯᠡᠨ ᠤ ᠨᠣᠳᠤᠭ ᠤᠨ ᠠᠪᠢᠶᠠᠨ ᠤ ᠲᠣᠯᠢ︾᠎ ᠳᠠᠬᠢ ᠠᠪᠢᠶ᠎ᠠ᠄ ᠭᠤᠸᠠᠩ ᠶᠦᠨ ᠤ ᠠᠪᠢᠶ᠎ᠠ ᠨᠢ ᠮᠠᠰᠢ ᠲᠣᠲᠣᠷᠬᠠᠢ ᠪᠠᠷ ko ᠭᠡᠵᠦ ᠲᠦᠷᠪᠡᠳᠦᠭᠡᠷ ᠡᠬᠡᠰᠢᠭ ᠢᠶᠠᠷ ᠣᠩᠰᠢᠵᠣ ᠪᠠᠶᠢᠨ᠎ᠠ᠃ ᠺᠧ ᠵᠢᠶᠠ ᠬᠡᠯᠡ ᠪᠡ ᠶᠣᠸᠠᠢ ᠬᠡᠯᠡᠨ ᠳᠤ ᠪᠦᠷ gu ᠭᠡᠵᠦ ᠲᠣᠯᠣᠳᠣᠭᠠᠷ ᠡᠬᠡᠰᠢᠭ ᠢᠶᠠᠷ ᠣᠩᠰᠢᠵᠣ᠂ ᠪᠣᠰᠣᠳ ᠨᠢ ᠪᠦᠷ ᠲᠦᠷᠪᠡᠳᠦᠭᠡᠷ ᠡᠬᠡᠰᠢᠭ ᠢᠶᠠᠷ ᠣᠩᠰᠢᠵᠣ ᠪᠠᠶᠢᠨ᠎ᠠ᠃ ᠡᠭᠦᠨ ᠠᠴᠠ ᠦᠵᠡᠪᠡᠯ 孤 ᠦᠰᠦᠭ ᠤᠨ ᠠᠪᠢᠶ᠎ᠠ ᠶᠢ k ᠪᠣᠶᠣ g᠎ ᠪᠠᠷ ᠪᠦᠷ ᠣᠩᠰᠢᠵᠣ ᠪᠣᠯᠳᠠᠭ ᠠᠵᠠᠢ᠃ ⒂孤 ᠦᠰᠦᠭ ᠤᠨ ᠡᠷᠳᠡᠨ ᠤ ᠠᠪᠢᠶᠠᠨ ᠤ ᠬᠢᠨᠠᠨ ᠲᠣᠭᠳᠠᠭᠠᠯᠳᠠ᠄ gu ᠭᠡᠵᠦ ᠣᠩᠰᠢᠬᠤ ᠨᠢ ᠵᠦᠪ ᠪᠠᠶᠢᠨ᠎ᠠ᠃ ᠬᠤᠳᠤᠭ ᠭᠡᠳᠡᠭ ᠦᠭᠡᠨ ᠤ ᠡᠬᠢᠨ ᠤ ᠦᠶ᠎ᠡ ︽ᠬᠣ︾᠎ ᠶᠢ ᠠᠪᠢᠶᠠᠯᠠᠨ ᠣᠷᠴᠢᠭᠤᠯᠣᠭᠰᠠᠨ ᠦᠰᠦᠭ ᠪᠣᠯᠣᠨ᠎ᠠ᠃ ᠠᠳᠡ ᠠᠩᠬᠠᠷᠬᠤ ᠨᠢ ᠮᠣᠩᠭᠤᠯ ᠲᠦᠷᠦᠯ ᠬᠡᠯᠡᠨ ᠳᠤ ᠬᠠ ᠭᠠ ᠺᠠ ᠶᠢ ᠰᠡᠯᠭᠦᠴᠡᠨ ᠬᠡᠷᠡᠭᠯᠡᠬᠦ ᠦᠵᠡᠭᠳᠡᠯ ᠮᠠᠰᠢ ᠲᠦᠭᠡᠮᠡᠯ ᠣᠷᠣᠰᠢᠬᠤ ᠶᠣᠮ᠃ ᠡᠶᠢᠮᠦ ᠠᠴᠠ ᠠᠳᠠᠯᠢ ᠪᠣᠰᠣ ᠨᠣᠳᠤᠭ ᠤᠨ ᠠᠪᠢᠶᠠᠨ ᠳᠤ ᠡᠨᠡᠬᠦ ︽ᠬᠣ︾᠎ ᠶᠢ ᠺᠤ ᠪᠣᠶᠣ ᠭᠣ ᠭᠡᠵᠦ ᠠᠪᠢᠶᠠᠯᠠᠬᠤ ᠨᠢ ᠰᠣᠨᠢᠨ ᠣᠴᠢᠷ ᠪᠢᠰᠢ ᠶᠣᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号