| ᠰᠣᠶᠣᠯ | | ᠮᠣᠩᠭᠤᠯᠴᠣᠳ ᠶᠢᠷᠤ ᠨᠢ ᠦᠡᠳᠦᠷ ᠨᠠᠰᠤ ᠲᠠᠢ ᠪᠠᠨ ︽ᠮᠡᠳᠡᠭᠡᠳᠡᠢ ᠭᠦᠮᠦᠨ︾ ᠭᠡᠵᠥ ᠭᠦᠡᠳᠣᠳᠭᠡᠨ ᠭᠡᠯᠡᠳᠡᠭ᠃ | ︽ᠮᠡᠳᠡᠭᠡᠳᠡᠢ ᠭᠦᠮᠦᠨ︾ ᠭᠡᠵᠥ ᠭᠦᠡᠳᠣᠳᠭᠡᠨ ᠭᠡᠯᠡᠭᠦ ᠨᠢ ᠡᠪᠣᠭᠡᠨ ᠨᠠᠰᠣᠳᠠᠳ ᠤᠨ ᠣᠯᠠᠨ ᠡᠳᠤᠷ ᠵᠣᠵᠠᠭᠠᠨ | ᠬᠤᠨᠤᠭ ᠤᠨ ᠠᠮᠢᠳᠣᠷᠠᠯ ᠲᠡᠮᠡᠴᠡᠯ ᠤᠨ ᠲᠣᠮᠳᠠ ᠨᠡᠶᠢᠭᠡᠮ ᠤᠨ ᠠᠳᠠᠯᠢ ᠪᠣᠰᠣ ᠱᠠᠳᠤ ᠦᠶ᠎ᠡ ᠶᠢ ᠦᠩᠭᠡᠷᠡᠭᠦᠯᠵᠥ᠂ | ᠠᠳᠠᠯᠢ ᠪᠣᠰᠣ ᠭᠦᠮᠦᠰ ᠲᠠᠢ ᠶᠠᠪᠣᠯᠴᠠᠵᠥ᠂ ᠠᠳᠠᠯᠢ ᠪᠣᠰᠣ ᠠᠮᠢᠳᠣᠷᠠᠯ ᠤᠨ ᠲᠠᠪᠠᠭ᠎ᠠ ᠶᠢ ᠲᠠᠪᠠᠵᠥ ᠶᠠᠪᠣᠬᠤ ᠳᠠᠭᠠᠨ | ᠦᠵᠡᠭᠰᠠᠨ ᠰᠣᠨᠣᠰᠣᠭᠰᠠᠨ ᠣᠯᠠᠨ᠂ ᠣᠬᠠᠭᠠᠷᠠᠵᠥ ᠲᠠᠨᠢᠭᠰᠠᠨ ᠨᠢ ᠣᠯᠠᠨ ᠪᠠᠶᠢᠵᠥ᠂ ᠣᠷᠴᠢᠯᠡᠩ ᠤᠨ ᠰᠠᠶᠢᠨ ᠮᠠᠭᠤ | ᠂ ᠦᠨᠠᠨ ᠬᠤᠳᠠᠯ ᠶᠢ ᠢᠯᠭᠠᠨ ᠲᠠᠨᠢᠵᠥ᠂ ᠡᠯᠪᠡᠭ ᠪᠠᠶᠠᠯᠢᠭ ᠲᠣᠷᠰᠢᠯᠭ᠎ᠠ ᠬᠤᠷᠡᠮᠳᠠᠭᠤᠯᠵᠥ ᠶᠠᠪᠣᠭ᠎ᠠ ᠶᠢ ᠪᠢᠰᠢᠷᠡᠨ | ᠰᠢᠳᠣᠵᠥ ᠪᠠᠶᠢᠬᠤ ᠣᠴᠢᠷ ᠲᠠᠢ ᠶᠣᠮ᠃ ᠮᠣᠩᠭᠤᠯᠴᠣᠳ ᠦᠷ᠎ᠡ ᠭᠡᠣᠭᠡᠳ ᠢᠶᠠᠨ ︽ᠭᠦᠮᠤᠨ ᠠᠬ᠎ᠠ ᠲᠠᠢ ᠲᠡᠪᠡᠯ | ᠵᠠᠬ᠎ᠠ ᠲᠠᠢ︾᠂ ︽ᠠᠬᠠᠮᠠᠳ ᠢᠶᠠᠨ ᠠᠯᠳᠠ ᠭᠦᠡᠳᠣᠯᠨ᠂ ᠲᠡᠭᠦᠦ ᠪᠠᠨ ᠲᠡᠯᠢᠮ ᠭᠦᠡᠳᠣᠯᠨ︾᠂ ︽ᠠᠬ᠎ᠠ ᠨᠢ | ᠭᠡᠯᠡᠵᠥ᠂ ᠲᠡᠭᠦᠦ ᠨᠢ ᠰᠣᠨᠣᠰᠳᠠᠭ︾ ︽ᠠᠬᠠᠮᠠᠳ ᠢᠶᠠᠨ ᠭᠦᠡᠳᠦᠯᠡᠭᠦ ᠨᠢ ᠰᠠᠴᠠᠨ ᠭᠦᠮᠦᠨ ᠤ ᠰᠢᠠᠵᠢ᠂ ᠠᠬᠠᠮᠠᠳ | ᠢᠶᠠᠨ ᠡᠰᠠ ᠭᠦᠡᠳᠦᠯᠡᠭᠦ ᠨᠢ ᠲᠡᠨᠡᠭ ᠭᠦᠮᠦᠨ ᠤ ᠰᠢᠠᠵᠢ︾ ᠭᠡᠭᠦ ᠮᠡᠳᠤ ᠶᠢᠨ ᠵᠦᠢᠷ ᠰᠠᠴᠠᠨ ᠦᠭᠡ ᠪᠠᠷ | ᠭᠦᠮᠦᠵᠢᠭᠦᠯᠳᠡᠭ ᠰᠠᠶᠢᠬᠠᠨ ᠣᠯᠠᠮᠵᠢᠯᠠᠯ ᠪᠢᠯᠨ᠃ ᠮᠠᠨ ᠤ ᠵᠠᠯᠠᠭᠤ ᠨᠢᠭᠡ ᠦᠶ᠎ᠡ ᠶᠢᠨ ᠭᠢᠰ ︽ᠠᠬᠠᠮᠠᠳ ᠤᠨ | ᠰᠣᠷᠭᠠᠯ ᠠᠯᠳᠠᠨ᠂ ᠪᠣᠭᠤᠷᠣᠯ ᠤᠨ ᠦᠭᠡ ᠪᠣᠶᠠᠨ︾ ᠪᠣᠯᠬᠤ ᠶᠢ ᠰᠠᠳᠭᠡᠯ ᠤᠨ ᠭᠦᠨ ᠳᠡᠭᠡᠨ ᠲᠣᠩᠭᠠᠨ | ᠪᠣᠳᠣᠯᠭᠢᠯᠠᠵᠥ᠂ ᠡᠪᠣᠭᠡᠨ ᠪᠣᠭᠤᠷᠣᠯᠴᠣᠳ ᠤᠨ ᠰᠣᠷᠭᠠᠯ ᠢ ᠲᠠᠷᠣᠣ ᠭᠡᠴᠢᠶᠡᠩᠭᠦᠢ ᠰᠣᠨᠣᠰᠴᠤ᠂ ᠠᠮᠢᠳᠣᠷᠠᠯ ᠤᠨ | ᠲᠣᠮᠳᠠ ᠭᠡᠴᠢᠶᠠᠵᠥ ᠶᠠᠪᠣᠳᠠᠭ ᠪᠠᠶᠢᠯ᠎ᠠ᠃ ᠭᠡᠳᠡᠯ᠎ᠡ ᠵᠡᠷᠢᠮ ᠵᠠᠯᠠᠭᠤᠴᠣᠳ ᠣᠳᠣᠭᠡᠴᠢᠯᠡᠭᠰᠠᠨ ᠨᠡᠶᠢᠭᠡᠮ ᠪᠣᠯᠣᠨ | ᠭᠦᠭᠰᠢᠳ ᠤᠨ ᠲᠠᠷᠨ ᠦᠶ᠎ᠡ ᠠᠳᠠᠯᠢ ᠦᠭᠡᠢ᠂ ᠲᠠᠳᠠᠨ ᠤ ᠭᠡᠯᠡᠭᠰᠠᠨ ᠦᠭᠡ ᠶᠢ ᠣᠳᠣᠭᠡᠴᠢᠯᠡᠭᠰᠠᠨ ᠨᠡᠶᠢᠭᠡᠮ ᠳᠤ | ᠠᠰᠢᠭᠯᠠᠬᠤ ᠶᠢᠨ ᠠᠷᠭ᠎ᠠ ᠦᠭᠡᠢ ᠭᠡᠵᠥ ᠡᠪᠣᠭᠡᠨ ᠪᠣᠭᠤᠷᠣᠯᠴᠣᠳ ᠤᠨ ᠴᠡᠭᠡᠵᠢ ᠪᠠᠨ ᠠᠭᠤᠳᠠᠯᠠᠵᠥ ᠪᠠᠶᠢᠭᠠᠳ | ᠭᠡᠯᠡᠭᠰᠠᠨ ᠦᠭᠡ ᠶᠢ ᠬᠠᠭᠤᠴᠢᠨ ᠦᠵᠡᠯᠳᠠ ᠪᠠᠨ ᠶᠠᠷᠢᠵᠥ ᠪᠠᠶᠢᠨ᠎ᠠ᠂ ᠦᠩᠭᠡᠷᠡᠭᠰᠠᠨ ᠢᠶᠠᠨ ᠭᠡᠯᠡᠭᠡᠳ ᠬᠠᠭᠤᠴᠢ | ᠲᠡᠯᠭᠡᠭᠡᠳ ᠪᠠᠶᠢᠨ᠎ᠠ ᠭᠡᠵᠥ ᠦᠵᠡᠳᠡᠭ ᠦᠵᠡᠭᠡᠳ ᠲᠠᠳᠠᠨ ᠤ ᠭᠡᠯᠡᠭᠰᠠᠨ ᠦᠭᠡ ᠶᠢ ᠭᠡᠴᠢᠶᠠᠵᠥ ᠰᠣᠨᠣᠰᠬᠤ ᠦᠭᠡᠢ᠂ | ᠶᠠᠭᠤᠨ ᠤ ᠣᠴᠢᠷ ᠲᠤ ᠢᠩᠭᠡᠵᠥ ᠭᠡᠯᠡᠵᠥ ᠪᠠᠶᠢᠬᠤ ᠶᠢ ᠲᠣᠩᠭᠠᠵᠥ ᠪᠣᠳᠣᠯᠭᠢᠯᠠᠬᠤ ᠦᠭᠡᠢ ᠪᠠᠶᠢᠳᠠᠭ᠃ ᠨᠡᠶᠢᠭᠡᠮ | ᠣᠯᠠᠨ ᠲᠠᠯ᠎ᠠ ᠪᠠᠷ ᠭᠦᠭᠵᠢᠵᠥ ᠪᠠᠶᠢᠬᠤ ᠴᠠᠭ ᠡᠷᠡᠨ ᠳᠤ ᠵᠠᠯᠠᠭᠤᠴᠣᠳ ᠦᠪᠠᠷ ᠤᠨ ᠦᠵᠡᠯᠳᠠ ᠲᠠᠢ ᠪᠠᠶᠢᠬᠤ ᠨᠢ | ᠲᠠᠭᠠᠷᠠᠨ᠎ᠠ᠂ ᠭᠡᠪᠡᠴᠤ ᠦᠪᠡᠷ ᠤᠨ ᠦᠵᠡᠯᠳᠠ ᠲᠡᠨᠢᠯᠳᠠ ᠶᠢ ᠭᠡᠵᠢᠶᠠᠳᠠ ᠵᠦᠪ ᠭᠡᠵᠥ ᠪᠠᠳᠣᠯᠠᠬᠤ ᠶᠢᠨ ᠠᠷᠭ᠎ᠠ ᠦᠭᠡᠢ | ᠂ ᠵᠠᠷᠢᠮ ᠨᠢᠭᠡ ᠠᠰᠠᠭᠤᠳᠠᠯ ᠲᠡᠭᠡᠷ᠎ᠡ ᠡᠪᠣᠭᠡᠨ ᠪᠣᠭᠤᠷᠣᠯᠴᠣᠳ ᠤᠨ ᠦᠵᠠᠯᠳᠠ ᠲᠠᠨᠢᠯᠳᠠ ᠶᠢ ᠪᠠᠰᠨ ᠣᠶᠢᠯᠭᠠᠬᠤ | ᠴᠢᠬᠤᠯᠨ ᠲᠠᠢ ᠶᠣᠮ᠃ ᠡᠪᠣᠭᠡᠨ ᠪᠣᠭᠤᠷᠣᠯᠴᠣᠳ ᠤᠨ ᠦᠭᠡ ᠶᠢ ᠲᠣᠩᠭᠠᠵᠥ ᠪᠣᠳᠣᠯᠭᠢᠯᠠᠬᠤ ᠦᠭᠡᠢ ᠪᠣᠯ ᠨᠢᠭᠡ ᠪᠣᠯ | ᠰᠣᠷᠭᠠᠮᠵᠢ ᠪᠣᠯᠵᠥ ᠬᠤᠴᠣᠷᠠᠨᠠ᠂ ᠨᠢᠭᠡ ᠪᠣᠯ ᠬᠠᠷᠠᠮᠰᠠᠯ ᠪᠣᠯᠵᠥ ᠬᠤᠴᠣᠷᠠᠨᠠ᠃ ᠮᠠᠨ ᠤ ᠨᠠᠰᠣᠳᠠᠨ | ᠪᠣᠭᠤᠷᠣᠯᠴᠣᠳ ᠪᠢᠳᠠᠨ ᠠᠴᠠ ᠢᠯᠡᠭᠦᠦ ᠭᠡᠳᠣᠨ ᠦᠮᠣᠰᠣ ᠡᠯᠢᠭᠡᠭᠰᠠᠨ ᠲᠣᠷᠰᠢᠯᠭ᠎ᠠ ᠪᠠᠷ ᠢᠶᠠᠨ ᠠᠮᠢᠳᠣᠷᠠᠯ ᠤᠨ | ᠡᠩᠭᠢᠯ ᠲᠣᠩᠬᠤᠯ ᠵᠠᠮ ᠢ ᠶᠠᠭᠠᠭᠢᠵᠥ ᠲᠣᠭᠤᠯᠠᠬᠤ᠂ ᠭᠦᠮᠦᠨ ᠣᠯᠠᠨ ᠤ ᠲᠣᠮᠳᠠ ᠭᠡᠪ ᠵᠢᠷᠣᠮ ᠲᠠᠢ ᠶᠠᠪᠣᠬᠤ ᠶᠢ ᠪᠦᠷ | ᠰᠠᠶᠢᠬᠠᠨ ᠮᠡᠳᠡᠳᠡᠭ ᠰᠢᠣ᠃ ᠲᠠᠳᠠᠨ ᠨᠡᠶᠢᠭᠡᠮ ᠤᠨ ᠭᠦᠭᠵᠢᠯᠳᠠ ᠶᠢ ᠰᠢᠰᠲ᠋ᠧᠮ ᠲᠠᠢ ᠶᠠᠷᠢᠵᠥ ᠴᠢᠳᠠᠬᠤ ᠦᠭᠡᠢ᠂ | ᠰᠢᠨ᠎ᠠ ᠭᠦᠭᠵᠢᠯᠳᠠ ᠶᠢᠨ ᠠᠶᠠᠰ ᠢ ᠲᠠᠭᠠᠭᠠᠵᠥ ᠴᠢᠳᠠᠬᠤ ᠦᠭᠡᠢ ᠴᠤ ᠭᠢᠵᠥ ᠦᠭᠭᠦ ᠠᠴᠠ ᠴᠢᠳᠠᠯ ᠨᠢ ᠭᠦᠷᠭᠦ ᠦᠭᠡᠢ | ᠪᠣᠯᠬᠤᠷ ᠭᠡᠯᠡᠵᠥ ᠮᠡᠳᠡᠭᠦᠯᠦᠭᠡᠳ ᠰᠠᠨᠠᠭᠤᠯᠭ᠎ᠠ ᠦᠭᠭᠦᠳᠡᠭ᠃ ᠲᠠᠳᠠᠨ ᠤ ᠡᠶᠢᠡᠭᠦ ᠰᠠᠶᠢᠨ ᠰᠠᠨᠠᠭᠠᠨ ᠠᠴᠠ | ᠣᠡᠳᠣᠷᠠᠭᠰᠠᠨ ᠦᠭᠡ ᠪᠣᠯᠣᠨ ᠰᠠᠨᠠᠭᠤᠯᠭ᠎ᠠ ᠶᠢ ᠵᠠᠯᠠᠭᠤ ᠨᠢᠭᠡ ᠦᠶ᠎ᠡ ᠶᠢᠨ ᠬᠥᠮᠥᠰ ᠰᠠᠨᠠᠭᠠᠨ ᠳᠠᠭᠠᠨ ᠬᠠᠪᠴᠢᠬᠤ | ᠦᠭᠡᠢ ᠪᠠᠶᠢᠬᠤ ᠨᠢ ᠬᠠᠷᠠᠮᠰᠠᠯ ᠲᠠᠢ ᠪᠠᠶᠢᠨ᠎ᠠ᠃ ᠠᠳᠠ ᠭᠦᠷᠳᠡᠯ᠎ᠡ ᠪᠢᠴᠢᠵᠥ ᠪᠠᠶᠢᠭᠠᠳ ᠪᠢᠳᠠᠨ ᠳᠤ ᠰᠠᠨᠠᠭᠤᠯᠭ᠎ᠠ | ᠪᠣᠯᠣᠮᠠᠷ ᠨᠢᠭᠡ ᠦᠯᠢᠭᠡᠷ ᠰᠠᠨᠠᠭᠠᠨ ᠳᠤ ᠮᠢᠨᠢ ᠣᠷᠣᠭᠰᠠᠨ ᠢᠶᠠᠨ ᠲᠣᠣᠷ᠎ᠡ ᠰᠠᠶᠢᠷᠠᠭᠤᠯᠵᠥ ᠲᠣᠯᠢᠳᠠᠭᠤᠯᠪᠠ᠃ | ᠡᠷᠳᠡ ᠣᠷᠢᠳᠤ ᠴᠠᠭ ᠲᠤ᠂ ᠭᠦᠭᠰᠢᠨ ᠭᠦᠮᠦᠨ ᠠᠮᠢᠳᠤ ᠶᠠᠪᠣᠬᠤ ᠨᠢ ᠢᠯᠡᠭᠦᠶᠢᠴᠠ ᠭᠡᠷᠡᠭ᠂ ᠭᠦᠭᠰᠢᠨ ᠭᠦᠮᠦᠨ ᠤ | ᠭᠦᠨᠡᠰᠤ ᠶᠢ ᠠᠷᠪᠢᠯᠠᠭᠠᠳ ᠪᠠᠯᠴᠢᠷ ᠪᠠᠭᠠᠴᠣᠳ ᠢ ᠠᠰᠠᠷᠠᠪᠠᠯ ᠵᠣᠭᠢᠨᠠ ᠭᠡᠵᠥ ᠦᠵᠡᠭᠡᠳ ᠭᠦᠭᠰᠢᠨ ᠭᠦᠮᠦᠨ ᠢ | ᠭᠡᠭᠡᠷ᠎ᠡ ᠴᠦᠯᠦᠵᠥ ᠬᠠᠶᠠᠳᠠᠭ ᠨᠢᠭᠡ ᠣ᠊ | ᠯᠣᠰ ᠪᠠᠶᠢᠵᠠᠢ᠃ ᠡᠨ᠋ᠨ ᠣᠯᠣᠰ ᠬᠠᠣᠯᠢ ᠲᠣᠭᠳᠠᠭᠠᠵᠥ᠂ ᠭᠡᠷ ᠲᠡᠭᠡᠨ ᠭᠦᠭᠰᠢᠨ ᠭᠦᠮᠦᠨ ᠢ ᠠᠰᠠᠷᠠᠵᠥ ᠪᠣᠯᠬᠤ ᠦᠭᠡᠢ | ᠂ ᠭᠦᠭᠰᠢᠳ ᠢ ᠭᠡᠭᠡᠷ᠎ᠡ ᠭᠦᠳᠡᠭᠡ ᠳᠤ ᠴᠦᠯᠦᠭᠦ ᠭᠡᠷᠡᠭᠳᠡᠢ ᠭᠡᠵᠡᠢ᠃ ᠠᠷᠠᠳ ᠲᠦᠮᠠᠨ ᠨᠠᠰᠤ ᠠᠭᠢᠭᠰᠠᠨ ᠠᠪᠤ | ᠡᠵᠢ ᠪᠠᠨ ᠭᠡᠴᠨ ᠳᠤ ᠬᠠᠶᠠᠵᠥ ᠭᠡᠭᠡᠷ᠎ᠡ ᠶᠢᠨ ᠠᠮᠢᠳᠠᠨ ᠤ ᠦᠯ ᠪᠣᠯᠭᠠᠬᠤ ᠳᠤ ᠰᠠᠳᠭᠡᠯ ᠨᠢ ᠲᠣᠷᠰᠢᠬᠤ ᠦᠭᠡᠢ᠂ | ᠭᠡᠳᠡᠯ᠎ᠡ ᠣᠯᠣᠰ ᠤᠨ ᠬᠠᠣᠯᠢ ᠶᠢ ᠵᠦᠷᠢᠴᠡᠭᠦ ᠠᠷᠭ᠎ᠠ ᠦᠭᠡᠢ ᠲᠠᠭᠠᠭᠠᠳᠠᠭ ᠪᠠᠶᠢᠵᠠᠢ᠃ ᠲᠣᠬᠠᠢ ᠶᠢᠨ ᠦᠶ᠎ᠡ ᠳᠤ ᠡᠨ᠋ᠨ | ᠣᠯᠣᠰ ᠲᠤ ᠨᠢᠭᠡ ᠭᠦᠭᠰᠢᠨ ᠡᠪᠦᠭᠡᠨ ᠭᠦᠪᠡᠭᠦᠨ ᠲᠠᠢ ᠪᠠᠨ ᠬᠤᠶᠠᠭᠤᠯᠨ ᠰᠠᠶᠢᠨ ᠰᠠᠶᠢᠬᠠᠨ ᠠᠮᠢᠳᠣᠷᠠᠵᠥ ᠪᠠᠶᠢᠵᠠᠢ᠃ | ᠠᠪᠤ ᠨᠢ ᠥᠳᠡᠯᠡᠭᠰᠡᠨ ᠦᠶ᠎ᠡ ᠳᠤ ᠭᠦᠦ ᠨᠢ ᠠᠪᠤ ᠪᠠᠨ ᠭᠡᠭᠡᠷ᠎ᠡ ᠭᠦᠳᠡᠭᠡ ᠬᠠᠶᠠᠵᠥ ᠵᠣᠯ ᠪᠣᠰᠣ ᠶᠢᠨ ᠭᠡᠷᠡᠭ | ᠡᠭᠦᠰᠭᠦ ᠳᠤ ᠰᠠᠳᠭᠡᠯ ᠨᠢ ᠲᠣᠷᠰᠢᠬᠤ ᠦᠭᠡᠢ᠂ ᠲᠡᠭᠡᠭᠡᠳ ᠨᠢᠭᠡ ᠠᠷᠭ᠎ᠠ ᠭᠠᠷᠳᠠᠵᠥ ᠭᠡᠷ ᠤᠨ ᠢᠶᠠᠨ ᠠᠷᠣ ᠳᠤ ᠨᠢᠭᠡ | ᠨᠦᠭᠡ ᠮᠠᠯᠳᠠᠵᠥ ᠠᠪᠤ ᠪᠠᠨ ᠲᠡᠷᠨ ᠨᠦᠭᠦᠨ ᠲᠣᠳᠣᠷ᠎ᠡ ᠠᠰᠠᠷᠠᠵᠥ ᠪᠠᠶᠢᠵᠠᠢ᠃ ᠣᠳᠠᠯ ᠦᠭᠡᠢ ᠭᠦᠷᠰᠢ ᠵᠡᠷᠭᠡᠯᠳᠡᠭᠡ | ᠣᠯᠣᠰ ᠨᠢ ᠡᠳᠡᠨ ᠤ ᠬᠠᠶᠢᠷ᠎ᠠ ᠨᠠᠶᠢᠷ ᠦᠭᠡᠢ ᠬᠠᠣᠯᠢ ᠲᠦᠷᠢᠮ ᠢ ᠨᠢ ᠦᠵᠡᠨ ᠶᠠᠳᠠᠵᠥ᠂ ᠪᠠᠶᠢᠯᠳᠣᠬᠤ ᠪᠢᠴᠢᠭ | ᠦᠭᠴᠦ᠂ ᠪᠢᠴᠢᠭ ᠲᠡᠭᠡᠨ᠄ ︽ᠲᠡᠯᠡᠭᠡᠢ ᠲᠡᠭᠡᠷ᠎ᠡ ᠶᠠᠮᠠᠷ ᠶᠠᠭᠤᠮ᠎ᠠ ᠬᠠᠮᠤᠭ ᠤᠨ ᠦᠨ᠎ᠡ ᠲᠠᠢ ᠪᠣᠢ︖ ᠲᠡᠯᠡᠭᠡᠢ | ᠲᠡᠭᠡᠷ᠎ᠡ ᠶᠠᠮᠠᠷ ᠭᠡᠷᠡᠭ ᠬᠠᠮᠤᠭ ᠤᠨ ᠪᠠᠶᠠᠰᠣᠯ ᠲᠠᠢ ᠪᠣᠢ︖ ᠲᠡᠯᠡᠭᠡᠢ ᠲᠡᠭᠡᠷ᠎ᠡ ᠶᠠᠮᠠᠷ ᠦᠨᠣᠷ ᠬᠠᠮᠤᠭ ᠤᠨ ᠰᠠᠶᠢᠨ | ᠪᠣᠢ︖ ᠲᠡᠯᠡᠭᠡᠢ ᠲᠡᠭᠡᠷ᠎ᠡ ᠭᠡᠨ ᠤ ᠠᠮᠢ ᠨᠠᠰᠤ ᠬᠠᠮᠤᠭ ᠤᠨ ᠣᠷᠳᠤ ᠪᠣᠢ︖ ᠭᠡᠳᠡᠭ ᠲᠦᠷᠪᠡᠨ ᠠᠰᠠᠭᠤᠯᠳᠠ | ᠲᠣᠷᠠᠳᠣᠨ᠂ ᠭᠤᠷᠪᠠᠨ ᠡᠳᠤᠷ ᠤᠨ ᠲᠣᠳᠣᠷ᠎ᠡ ᠬᠠᠷᠢᠭᠤᠯᠳᠠ ᠦᠭᠭᠦ ᠭᠡᠷᠡᠭᠳᠡᠢ᠂ ᠭᠡᠷᠪᠡ ᠬᠠᠷᠢᠭᠤᠯᠳᠠ ᠦᠭᠴᠤ | ᠴᠢᠳᠠᠬᠤ ᠦᠭᠡᠢ ᠪᠣᠯ ᠴᠡᠷᠢᠭ ᠭᠦᠳᠡᠯᠭᠡᠵᠥ ᠪᠠᠶᠢᠯᠳᠣᠨᠠ︾ ᠭᠡᠵᠡᠢ᠃ ᠪᠠᠶᠢᠯᠳᠣᠬᠤ ᠪᠢᠴᠢᠭ ᠬᠤᠷᠢᠶᠠᠭᠰᠠᠨ | ᠣᠯᠣᠰ ᠤᠨ ᠬᠠᠭᠠᠨ ᠲᠦᠰᠢᠮᠠᠯ ᠡᠷᠳᠡᠮᠳᠡᠨ ᠢᠶᠠᠨ ᠴᠤᠭᠯᠠᠭᠤᠯᠣᠨ ᠲᠡᠷᠨ ᠲᠦᠷᠪᠡᠨ ᠠᠰᠠᠭᠤᠯᠳᠠ ᠶᠢ ᠠᠰᠠᠭᠤᠬᠤ ᠳᠤ | ᠭᠡᠨ ᠴᠣ᠋ ᠬᠠᠷᠢᠭᠤᠯᠳᠠ ᠦᠭᠴᠤ ᠴᠢᠳᠠᠭᠰᠠᠨ ᠦᠭᠡᠢ ᠪᠠᠶᠢᠵᠠᠢ᠃ ᠬᠠᠭᠠᠨ ᠭᠠᠵᠠᠷ ᠪᠦᠷᠢ ᠳᠤ ᠵᠠᠷ ᠲᠠᠯᠪᠢᠵᠥ᠂ ᠵᠦᠪ | ᠬᠠᠷᠢᠭᠤᠯᠣᠭᠰᠠᠨ ᠭᠦᠮᠦᠨ ᠢ ᠱᠠᠩᠨᠠᠨ᠎ᠠ ᠭᠡᠵᠡᠢ᠃ ᠵᠠᠷ ᠲᠡᠷᠬᠠᠭᠠᠭᠰᠠᠨ ᠤ ᠭᠤᠷᠪᠠᠳᠣᠭᠠᠷ ᠡᠳᠤᠷ ᠲᠤ ᠨᠢᠭᠡ ᠵᠠᠯᠠᠭᠤ | ᠢᠷᠡᠵᠥ᠂ ︽ᠢᠳᠡᠭᠡᠯ ᠪᠣᠯ ᠬᠠᠮᠤᠭ ᠤᠨ ᠦᠨ᠎ᠠ ᠲᠠᠢ᠂ ᠬᠠᠣᠯᠢ ᠪᠠᠷ ᠶᠠᠪᠣᠬᠤ ᠪᠣᠯ ᠬᠠᠮᠤᠭ ᠤᠨ ᠪᠠᠶᠠᠰᠣᠯ ᠲᠠᠢ᠂ | ᠦᠨᠡᠨ ᠦᠭᠡ ᠪᠣᠯ ᠬᠠᠮᠤᠭ ᠤᠨ ᠠᠮᠳᠣᠳᠠᠢ᠂ ᠣᠶᠣᠨ ᠣᠬᠠᠭᠠᠨ ᠪᠣᠯ ᠬᠠᠮᠤᠭ ᠤᠨ ᠣᠷᠳᠤ ᠨᠡᠰᠤ ᠲᠠᠢ︾ ᠭᠡᠵᠥ | ᠭᠡᠯᠡᠭᠦ ᠳᠤ ᠵᠡᠷᠭᠡᠯᠳᠡᠭᠡ ᠣᠯᠣᠰ ᠤᠨ ᠲᠦᠰᠢᠮᠠᠯ ᠵᠦᠪ ᠪᠠᠶᠢᠨ᠎ᠠ ᠭᠡᠵᠥ ᠭᠡᠯᠡᠭᠰᠠᠨ ᠤ ᠬᠠᠮᠳᠤ ᠭᠠᠷ ᠲᠠᠭᠠᠨ ᠬᠤᠶᠠᠷ | ᠦᠵᠦᠭᠦᠷ ᠨᠢ ᠠᠳᠠᠯᠢ ᠽᠠᠠᠳᠠᠨ ᠮᠣᠳᠤ ᠪᠠᠷᠢᠵᠥ᠂ ᠣᠯᠠᠨ ᠠᠴᠠ ᠡᠨ᠋ᠨ ᠽᠠᠠᠳᠠᠨ ᠮᠣᠳᠣᠨ ᠤ ᠠᠯᠢ ᠲᠠᠯ᠎ᠠ ᠨᠢ | ᠦᠵᠦᠭᠦᠷ᠂ ᠠᠯᠢ ᠲᠠᠯ᠎ᠠ ᠨᠢ ᠤᠩᠭᠢ ᠪᠣᠯᠬᠤ ᠶᠢ ᠠᠰᠠᠭᠤᠭᠰᠠᠨ ᠳᠤ ᠣᠯᠠᠨ ᠲᠦᠰᠢᠮᠠᠯ ᠬᠠᠷᠢᠭᠤᠯᠵᠥ ᠡᠰᠠ ᠴᠢᠳᠠᠪᠠ | ᠃ ᠲᠠᠷᠨ ᠵᠠᠯᠠᠭᠤ ᠠᠪᠤ ᠳᠠᠭᠠᠨ ᠣᠴᠢᠭᠠᠳ ᠠᠰᠠᠭᠤᠬᠤ ᠳᠤ ᠠᠪᠤ ᠨᠢ᠄ ︽ᠽᠠᠠᠳᠠᠨ ᠮᠣᠳᠣ ᠶᠢ ᠣᠰᠣᠨ ᠳᠤ | ᠲᠠᠪᠢᠬᠤ ᠳᠤ ᠴᠢᠪᠪᠦᠭᠰᠠᠨ ᠲᠡᠯ᠎ᠡ ᠨᠢ ᠦᠵᠦᠭᠦᠷ᠂ ᠭᠦᠪᠪᠦᠭᠰᠠᠨ ᠲᠡᠯ᠎ᠡ ᠨᠢ ᠣᠩᠭᠢ︾ ᠭᠡᠵᠥ ᠭᠡᠯᠡᠭᠦ ᠳᠤ | ᠵᠡᠷᠭᠡᠯᠳᠣᠭᠡ ᠣᠯᠣᠰ ᠤᠨ ᠲᠦᠰᠢᠮᠠᠯ ᠵᠦᠪᠰᠢᠷᠡᠭᠡᠳ ᠲᠠᠭᠢᠨ ᠨᠢᠭᠡ ᠠᠰᠠᠭᠤᠯᠳᠠ ᠲᠣᠷᠠᠳᠣᠪᠠ᠃ ᠲᠡᠷᠨ ᠠᠪ ᠠᠳᠠᠯᠢ | ᠬᠤᠶᠠᠷ ᠴᠠᠭᠠᠨ ᠮᠣᠷᠢ ᠭᠦᠳᠡᠯᠡᠵᠥ ᠢᠷᠡᠭᠡᠳ ᠣᠯᠠᠨ ᠠᠴᠠ᠄ ︽ᠡᠨ᠋ᠨ ᠬᠤᠶᠠᠷ ᠮᠣᠷᠢᠨ ᠤ ᠠᠯᠢ ᠨᠢ ᠡᠭᠡ︖ ᠠᠯᠢ | ᠨᠢ ᠣᠨᠠᠭ᠎ᠠ ᠪᠣᠢ︖︾ ᠭᠡᠵᠥ ᠠᠰᠠᠭᠤᠬᠤ ᠳᠤ ᠬᠠᠭᠠᠨ ᠪᠠ ᠲᠦᠰᠢᠮᠠᠯ ᠨᠠᠷ ᠢᠯᠭᠠᠵᠥ ᠡᠰᠠ ᠴᠢᠳᠠᠪᠠ᠃ ᠶᠠᠭ ᠡᠨ᠋ᠨ | ᠦᠶ᠎ᠡ ᠳᠤ ᠲᠡᠷᠨ ᠵᠠᠯᠠᠭᠤ ᠠᠪᠤ ᠠᠴᠠ ᠪᠠᠨ ᠮᠠᠳᠠᠵᠥ ᠠᠪᠣᠭᠠᠳ᠄ ︽ᠨᠢᠭᠡ ᠠᠤᠬᠠ ᠡᠪᠡᠰᠤ ᠠᠪᠴᠢᠷᠠᠵᠥ ᠡᠨ᠋ᠨ ᠬᠤᠶᠠᠷ | ᠮᠣᠷᠢᠨ ᠤ ᠡᠮᠣᠨ᠎ᠠ ᠲᠠᠯᠪᠢᠵᠥ ᠢᠳᠡᠭᠦᠯᠪᠡᠯ᠂ ᠡᠪᠠᠰᠤ ᠢᠳᠡᠭᠦ ᠦᠭᠡᠢ᠂ ᠬᠠᠵᠠᠭᠤᠳᠠᠭᠢ ᠮᠣᠷᠢᠨ ᠳᠤ ᠢᠳᠡᠭᠦᠯᠵᠥ | ᠵᠣᠭᠰᠣᠬᠤ ᠨᠢ ᠡᠭᠡ ᠮᠣᠷᠢ ᠪᠣᠯᠣᠨ᠎ᠠ︾ ᠭᠡᠵᠥ ᠬᠠᠷᠢᠭᠤᠯᠵᠠᠢ᠃ ᠲᠡᠭᠡᠭᠡᠳ ᠲᠣᠷᠡᠳᠣᠭᠰᠠᠨ ᠠᠰᠠᠭᠤᠯᠳᠠ ᠶᠢ ᠴᠦᠮ ᠢ | ᠨᠢ ᠬᠠᠷᠢᠭᠤᠯᠵᠥ ᠴᠢᠳᠠᠭᠰᠠᠨ ᠪᠣᠯᠬᠤᠷ ᠵᠡᠷᠭᠡᠯᠳᠡᠭᠡ ᠣᠯᠣᠰ ᠤᠨ ᠲᠦᠰᠢᠮᠠᠯ ᠲᠠᠶᠢᠨ ᠡᠭᠦᠰᠭᠡᠯ ᠦᠭᠡᠢ ᠬᠠᠷᠢᠵᠥ | ᠶᠠᠪᠣᠵᠠᠢ᠃ ᠣᠯᠣᠰ ᠤᠨ ᠬᠠᠭᠠᠨ ᠶᠡᠭᠡᠯ᠎ᠡ ᠪᠠᠶᠠᠷᠯᠠᠵᠥ ᠲᠡᠷᠨ ᠵᠠᠯᠠᠭᠤ ᠠᠴᠠ᠄ ︽ᠰᠠᠴᠠᠨ ᠰᠠᠷᠭᠦᠯᠠᠩ ᠣᠶᠣᠨ | ᠣᠬᠠᠭᠠᠨ ᠴᠢᠨᠢ ᠣᠯᠣᠰ ᠢ ᠠᠪᠣᠷᠠᠪᠠ᠂ ᠡᠨ᠋ᠨ ᠴᠢᠨᠢ ᠴᠢᠨᠣ ᠣᠬᠠᠭᠠᠨ ᠤᠤ︖ ᠬᠠᠷᠢᠨ ᠦᠭᠡᠷ᠎ᠡ ᠭᠦᠮᠦᠨ ᠵᠢᠭᠠᠵᠥ | ᠦᠭᠭᠦᠭᠰᠠᠨ ᠤᠤ︖︾ ᠭᠡᠵᠥ ᠠᠰᠠᠭᠤᠬᠤ ᠳᠤ᠂ ᠲᠡᠷᠨ ᠵᠠᠯᠠᠭᠤ ᠲᠠᠳᠠᠭᠠᠯᠵᠠᠵᠥ ᠪᠠᠶᠢᠭᠠᠳ ︽ᠡᠳᠡᠭᠡᠷ | ᠠᠰᠠᠭᠤᠯᠳᠠ ᠶᠢ ᠴᠦᠮ ᠠᠪᠤ ᠮᠢᠨᠢ ᠭᠡᠯᠡᠵᠥ ᠦᠭᠭᠦᠯ᠎ᠡ᠂ ᠬᠠᠭᠠᠨ ᠲᠠ ᠠᠭᠤᠴᠢᠯᠠᠭᠳᠣᠨ᠂ ᠠᠪᠤ ᠪᠠᠨ ᠴᠦᠯᠦᠭᠦ ᠳᠤ | ᠰᠠᠳᠭᠡᠯ ᠲᠣᠷᠰᠢᠯ ᠦᠭᠡᠢ ᠭᠡᠷ ᠤᠨ ᠢᠶᠠᠨ ᠠᠷᠣ ᠳᠤ ᠨᠦᠭᠡ ᠮᠠᠯᠳᠣᠵᠥ᠂ ᠨᠦᠭᠦᠨ ᠲᠣᠳᠣᠷ᠎ᠡ ᠪᠣᠯᠳᠠᠭᠤᠯᠣᠨ | ᠠᠰᠠᠷᠠᠵᠥ ᠪᠠᠶᠢᠨ᠎ᠠ ᠪᠢ︾ ᠭᠡᠵᠡᠢ᠃ ᠬᠠᠭᠠᠨ ᠲᠦᠢᠯ ᠢᠶᠠᠷ ᠢᠴᠢᠩᠭᠦᠶᠢᠷᠡᠵᠥ ᠬᠠᠷᠠᠮᠰᠣᠭᠰᠠᠨ ᠰᠠᠳᠭᠡᠯ ᠢᠶᠠᠷ᠄ ︽ | ᠴᠦᠮ ᠮᠢᠨᠣ ᠪᠣᠷᠣᠭᠤ ᠪᠣᠯᠵᠠᠢ᠂ ᠴᠢᠮ᠎ᠠ ᠰᠢᠭ ᠡᠨᠡᠷᠡᠯ ᠲᠠᠢ ᠭᠦᠪᠡᠭᠦᠨ ᠪᠠᠶᠢᠭᠠᠳ ᠠᠪᠤ ᠪᠠᠨ ᠠᠯᠠᠯ ᠦᠭᠡᠢ | ᠠᠰᠠᠷᠠᠭᠰᠠᠨ ᠤ ᠬᠤᠪᠢ ᠪᠠᠷ ᠣᠯᠣᠰ ᠮᠠᠨᠢ ᠠᠪᠣᠷᠠᠭᠳᠠᠪᠠ︾ ᠭᠡᠳ ᠬᠠᠭᠠᠨ ᠵᠠᠷᠯᠢᠭ ᠪᠠᠭᠤᠯᠭᠠᠵᠥ ᠭᠦᠭᠰᠢᠨ ᠢᠶᠠᠨ | ᠭᠦᠠᠳᠣᠯᠡᠵᠥ᠂ ᠭᠦᠭᠰᠢᠨ ᠢᠶᠠᠨ ᠠᠰᠠᠷᠠᠬᠤ ᠲᠦᠷᠢᠮ ᠢ ᠲᠣᠭᠳᠠᠭᠠᠵᠠᠢ᠃ ᠡᠨ᠋ᠨ ᠦᠯᠢᠭᠡᠷ ᠲᠤ ᠡᠪᠣᠭᠡᠨ ᠪᠣᠭᠤᠷᠣᠯᠴᠣᠳ | ᠬᠠᠳᠠᠭᠤ ᠪᠡᠷᠭᠡ ᠬᠠᠯᠨ ᠵᠣᠪᠡᠯᠡᠩ ᠢ ᠦᠩᠭᠡᠷᠡᠭᠦᠯᠵᠥ ᠶᠠᠪᠣᠬᠤ ᠳᠠᠭᠠᠨ ᠨᠣᠭᠤᠷᠠᠯ ᠪᠦᠳᠦᠷᠡᠯ᠂ ᠠᠮᠵᠢᠯᠳᠠ ᠣᠯᠣᠯᠳᠠ | ᠠᠴᠠ ᠬᠤᠷᠠᠮᠳᠠᠭᠤᠯᠣᠭᠰᠠᠨ ᠲᠣᠷᠰᠢᠯᠭ᠎ᠠ ᠶᠢ ᠣᠢ ᠣᠬᠠᠭᠠᠨ ᠳᠤ ᠪᠠᠨ ᠬᠠᠳᠠᠭᠠᠯᠵᠥ ᠶᠠᠪᠣᠭᠰᠠᠨ ᠶᠢ ᠲᠡᠨᠢᠭᠤᠯᠣᠭᠰᠠᠨ | ᠤ ᠬᠠᠮᠳᠤ ᠲᠡᠳᠠᠨ ᠤ ᠲᠣᠷᠰᠢᠯᠭ᠎ᠠ ᠰᠣᠷᠭᠠᠮᠵᠢ ᠶᠢ ᠭᠦᠷᠳᠡᠭᠦ ᠨᠢ ᠵᠠᠯᠠᠭᠤ ᠨᠢᠭᠡ ᠦᠶᠡᠡᠭᠢᠰ ᠤᠨ ᠭᠢᠰᠢᠭ ᠪᠣᠶᠠᠨ | ᠪᠣᠯᠬᠤ ᠶᠢ ᠣᠬᠠᠭᠠᠷᠠᠭᠤᠯᠵᠠᠢ᠃ | ᠲᠡᠭᠡᠳᠣᠰ ᠤᠨ ᠰᠣᠷᠭᠠᠯ ᠪᠣᠯ ᠣᠶᠣᠨ ᠣᠬᠠᠭᠠᠨ ᠤ ᠣᠠᠳᠣᠷᠠᠮᠠᠯ ᠪᠣᠯᠠᠭ ᠪᠣᠯᠣᠨ᠎ᠠ᠃ ᠪᠣᠭᠤᠷᠣᠯ ᠨᠠᠰᠣᠳᠠᠶᠢᠴᠣᠳ | ᠤᠨ ᠠᠯᠳᠠᠨ ᠨᠠᠷᠨ ᠨᠢ ᠰᠠᠴᠣᠷᠠᠭ ᠰᠢᠭ ᠢᠯᠴᠢ ᠲᠠᠢ ᠢᠪᠡᠭᠡᠭᠦ ᠦᠭᠡ ᠨᠢ ᠠᠵᠢᠯ ᠠᠮᠢᠳᠣᠷᠠᠯ ᠤᠨ ᠡᠩᠭᠢᠯ ᠲᠣᠩᠬᠤᠯ | ᠵᠡᠮ ᠳᠤ ᠭᠡᠷᠡᠯ ᠲᠣᠰᠬᠠᠳᠠᠭ ᠰᠠᠨ᠃ ᠠᠮᠢᠳᠣᠷᠠᠯ ᠤᠨ ᠢᠭᠢᠷ ᠰᠢᠭᠢᠷ ᠶᠠᠪᠣᠳᠠᠯ ᠤᠨ ᠲᠣᠮᠳᠠ ᠠᠳᠡᠭᠦᠷᠡᠯ ᠭᠡᠵᠥ | ᠲᠠᠰᠣᠷᠠᠬᠤ ᠦᠭᠡᠢ ᠶᠣᠮ᠃ ᠵᠣᠷᠢᠭᠰᠠᠨ ᠢᠶᠠᠷ ᠢᠶᠠᠨ ᠶᠠᠪᠣᠵᠥ ᠠᠳᠡᠭᠦ ᠨᠢ ᠪᠠᠶᠢᠨ᠎ᠠ᠂ ᠪᠣᠳᠣᠭᠰᠠᠨ ᠢᠶᠠᠷ ᠢᠶᠠᠨ ᠶᠠᠪᠣᠵᠥ | ᠪᠦᠳᠦᠷᠡᠭᠦ ᠨᠢ ᠪᠠᠶᠢᠨ᠎ᠠ᠂ ᠪᠣᠭᠤᠷᠣᠯ ᠤᠨ ᠰᠣᠷᠭᠠᠯ ᠭᠦᠷᠳᠡᠵᠥ᠂ ᠪᠣᠯᠪᠠᠰᠣᠨ ᠮᠣᠷᠡᠯ ᠲᠠᠢ ᠶᠠᠪᠣᠵᠥ ᠪᠠᠶᠢᠬᠤ ᠨᠢ ᠴᠤ | ᠪᠠᠶᠢᠳᠠᠭ᠃ ᠴᠠᠭ ᠦᠶ᠎ᠡ ᠭᠡᠳᠣᠢ ᠬᠤᠪᠢᠷᠠᠭᠰᠠᠨ ᠴᠤ ᠠᠬᠠᠮᠠᠳ ᠨᠠᠰᠣᠳᠠᠳ ᠤᠨ ᠠᠮᠢᠳᠣᠷᠠᠯ ᠤᠨ ᠮᠦᠷ ᠳᠤ | ᠲᠣᠳᠣᠷᠠᠵᠥ ᠪᠠᠶᠢᠬᠤ ᠲᠣᠷᠰᠢᠯᠭ᠎ᠠ ᠰᠣᠷᠭᠠᠮᠵᠢ ᠨᠢ ᠪᠢᠳᠠᠨ ᠤ ᠠᠮᠢᠳᠣᠷᠠᠯ ᠤᠨ ᠵᠠᠮ ᠳᠤ ᠵᠣᠯᠨ ᠪᠣᠯᠣᠨ ᠭᠡᠷᠡᠯᠳᠣᠳᠡᠭ | ᠰᠢᠣ᠃ ᠲᠡᠶᠢᠮᠣ ᠠᠴᠠ ᠵᠠᠯᠠᠭᠤᠴᠣᠳ ᠮᠢᠨᠢ ︽ᠪᠣᠯᠣᠭᠰᠠᠨ ᠪᠣᠳᠠᠭᠠᠨ ᠠᠴᠠ ᠠᠮᠨ ᠭᠦᠷ᠂ ᠪᠣᠭᠤᠷᠣᠯ ᠨᠠᠰᠣᠳᠠᠨ | ᠠᠴᠠ ᠦᠭᠡ ᠰᠣᠨᠣᠰ︾ ︽ᠨᠠᠰᠣᠳᠠᠨ ᠣᠯᠠᠨ ᠲᠠᠢ ᠭᠠᠵᠠᠷ ᠨᠠᠷᠡᠨ ᠤ ᠲᠣᠶᠠᠭ᠎ᠠ ᠲᠣᠰᠣᠨ᠎ᠠ︾ ︽ᠠᠷᠴᠨ ᠽᠠᠠᠳᠠᠨ | ᠤ ᠦᠨᠦᠷ ᠰᠠᠶᠢᠬᠠᠨ᠂ ᠠᠬᠠᠮᠠᠳ ᠭᠦᠮᠦᠨ ᠤ ᠰᠣᠷᠭᠠᠯ ᠰᠠᠶᠢᠬᠠᠨ︾ ︽ᠲᠡᠭᠡᠳᠣᠰ ᠤᠨ ᠦᠭᠡ ᠶᠢ ᠰᠢᠠᠵᠢ᠂ | ᠠᠬᠠᠮᠠᠳ ᠤᠨ ᠶᠡᠷᠢᠶ᠎ᠠ ᠶᠢ ᠴᠢᠩᠨᠨ᠋ᠨ︾ ᠭᠡᠰᠠᠨ ᠰᠣᠷᠭᠠᠯ ᠦᠭᠡ ᠶᠢ ᠪᠠᠳᠤ ᠴᠡᠭᠡᠵᠢᠯᠡᠵᠥ᠂ ᠪᠣᠭᠤᠷᠣᠯᠴᠣᠳ ᠤᠨ | ᠠᠯᠳᠠᠨ ᠰᠣᠷᠭᠠᠯ ᠢ ᠠᠩᠬᠠᠷᠣᠨ ᠰᠣᠨᠣᠰᠴᠤ᠂ ᠠᠭᠠᠭ ᠲᠠᠢ ᠣᠬᠠᠭᠠᠨ ᠢ ᠲᠣᠩᠭᠠᠨ ᠪᠣᠳᠣᠵᠥ᠂ ᠨᠢᠯᠬ᠎ᠠ ᠣᠬᠠᠭᠠᠨ | ᠢᠶᠠᠨ ᠰᠠᠯᠪᠠᠵᠥ᠂ ᠦᠪᠡᠷ ᠤᠨ ᠭᠢᠨᠢ ᠲᠦᠯᠦᠭᠡ ᠭᠡᠯᠡᠭᠰᠠᠨ ᠲᠣᠰᠨ ᠲᠠᠢ ᠦᠭᠡ ᠶᠢ ᠦᠷᠦᠴᠨ ᠴᠡᠭᠡᠵᠢ ᠳᠡᠭᠡᠨ | ᠬᠠᠳᠠᠭᠠᠯᠠᠵᠥ ᠶᠠᠪᠣᠪᠠᠯ ᠠᠯᠳᠠᠭ᠎ᠠ ᠭᠠᠷᠭᠠᠬᠤ ᠠᠴᠠ ᠵᠠᠶᠢᠴᠠᠵᠥ᠂ ᠠᠮᠵᠢᠯᠳᠠ ᠶᠢᠨ ᠴᠡᠴᠡᠭ ᠢ ᠠᠳᠬᠤᠵᠥ ᠴᠢᠳᠠᠨ᠎ᠠ᠃ | ᠠᠬᠠᠮᠠᠳ ᠨᠠᠰᠣᠳᠠᠨ ᠤ ᠠᠮᠢᠳᠣᠷᠠᠯ ᠤᠨ ᠲᠣᠷᠰᠢᠯᠭ᠎ᠠ᠂ ᠣᠬᠠᠭᠠᠨ ᠤ ᠰᠠᠩ᠂ ᠠᠵᠢᠯᠯᠠᠬᠤ ᠠᠷᠭ᠎ᠠ ᠣᠬᠠᠭᠠᠨ ᠠᠴᠠ | ᠦᠪᠡᠷ ᠤᠨ ᠲᠣᠳᠠᠭᠤ ᠪᠠᠨ ᠭᠦᠢᠴᠠᠳᠭᠡᠵᠥ᠂ ᠲᠣᠮᠳᠠᠭᠤᠷ ᠢᠶᠠᠨ ᠲᠦᠭᠦᠷᠭᠡᠵᠥ ᠶᠠᠪᠣᠭᠠᠷᠠᠢ ᠵᠠᠯᠠᠭᠤᠴᠣᠳ ᠮᠢᠨᠢ︕ | ᠲᠠ ᠪᠦᠬᠦᠨ ᠳᠤ ᠡᠷᠡᠭᠦᠯ ᠡᠩᠬᠡ᠂ ᠠᠵᠠ ᠵᠢᠷᠭᠠᠯ ᠰᠠᠶᠢᠨ ᠰᠠᠶᠢᠬᠠᠨ ᠤ ᠦᠯᠵᠡᠢ ᠲᠦᠭᠦᠷᠡᠩ ᠢᠷᠦᠭᠡᠯ ᠢ | ᠳᠡᠪᠰᠢᠭᠦᠯᠦᠶ᠎ᠡ᠃ | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |