| | ᠨᠢᠬᠡ᠂ ︽ᠲᠠᠲ᠋ᠠᠷ︾ ᠭᠡᠬᠦ ᠦᠬᠡᠨ ᠤ ᠣᠳᠬ᠎ᠠ ᠶᠢᠨ ᠳᠣᠬᠠᠢ ᠠᠳᠠᠯᠢ ᠪᠣᠰᠣ ᠬᠡᠯᠡᠴᠡ | ︽ᠲᠠᠲ᠋ᠠᠷ︾ ᠭᠡᠬᠦ ᠦᠬᠡᠨ ᠤ ᠣᠳᠬ᠎ᠠ ᠶᠢᠨ ᠳᠠᠯ᠎ᠠ ᠪᠠᠷ ᠡᠷᠳᠡᠮᠳᠡᠳ ᠠᠳᠠᠯᠢ ᠪᠣᠰᠣ ᠦᠵᠡᠯᠳᠡ ᠲᠠᠢ ᠪᠠᠶᠢᠳᠠᠭ᠃ | ᠳᠣᠣᠷ᠎ᠠ ᠠᠳᠠᠯᠢ ᠪᠣᠰᠣ ᠬᠡᠯᠡᠯᠬᠡ ᠶᠢᠨ ᠳᠣᠬᠠᠢ ᠨᠠᠷᠢᠪᠴᠢᠯᠡᠵᠦ ᠦᠵᠡᠶ᠎ᠡ᠄ | ① ᠳᠦᠩᠬᠦᠰ ᠦᠬᠡᠨ ᠳᠤ ︽ᠲᠠᠲ᠋ᠠᠷ︾ ᠨᠢ ︽ᠨᠠᠭᠠᠰᠢ ᠴᠠᠭᠠᠰᠢ︾ ᠭᠡᠬᠦ ᠣᠳᠬ᠎ᠠ ᠲᠠᠢ ᠳᠠᠷᠣᠢ ᠨᠡᠬᠦᠳᠡᠯᠡᠨ | ᠮᠠᠯᠵᠢᠬᠤ ᠭᠡᠰᠡᠨ ᠰᠠᠨᠠᠭ᠎ᠠ ᠲᠠᠢ ᠦᠬᠡ ᠪᠣᠯᠣᠨ᠎ᠠ᠃ | ② ᠵᠠᠷᠢᠮᠠᠳ ᠨᠢ ︽ᠲᠠᠲ᠋ᠠᠷ︾ ᠭᠡᠬᠦ ᠦᠬᠡ ᠨᠢ ᠬᠢᠳᠡᠳ ᠬᠡᠯᠡᠨ ᠤ ᠪᠦᠳᠦᠬᠦᠨ ᠵᠢᠷᠦᠬᠡᠳᠦ ︵大胆︶ ᠭᠡᠰᠡᠨ | ᠠᠴᠠ ᠢᠷᠡᠯ ᠲᠠᠢ ᠭᠡᠵᠦ ᠪᠣᠢ᠃ | ③ ᠵᠠᠷᠢᠮ ᠨᠢ ᠳᠠᠲ᠋ᠠᠷ ᠳᠠᠩ ᠣᠯᠣᠰ ᠦᠶ᠎ᠡ ᠳᠤ ︽ᠮᠦᠸᠧ ᠾᠸᠧ ᠶᠢᠨ ᠳ᠋ᠦ᠋ ᠳ᠋ᠦ᠋ ᠹᠦ᠋ ᠵᠠᠬᠢᠷᠭᠠᠨ︾ ᠳᠤ | ᠬᠠᠷᠢᠶᠠᠯᠭᠳᠠᠵᠣ ᠳᠡᠳᠡᠨᠦᠰ ᠤᠨ ᠳᠡᠷᠢᠬᠦᠨ ᠨᠢ ᠳ᠋ᠦ᠋ ᠳ᠋ᠦ᠋ ᠰᠠᠭᠤᠳᠠᠭ ᠳᠣᠯᠨ ᠳ᠋ᠦ᠋ ᠳ᠋ᠦ᠋ ᠭᠡᠬᠦ ᠦᠬᠡᠨ ᠠᠴᠠ ᠣᠯᠠᠷᠢᠵᠦ | ᠢᠷᠡᠯ᠎ᠡ ᠭᠡᠵᠦ ᠦᠵᠡᠬᠦ ᠴᠣ᠋ ᠪᠣᠢ᠃ | ④ ᠵᠠᠷᠢᠮ ᠨᠢ ᠠᠷᠣ ᠣᠷᠣᠨ ᠦᠬᠤᠸᠠᠨ ᠠᠶᠢᠮᠠᠭ ᠤᠨ ᠳᠦᠷᠦᠬᠦᠦ ᠨᠢ ᠡᠶᠢᠮᠦ ᠨᠡᠷ᠎ᠡ ᠲᠠᠢ ᠪᠠᠶᠢᠭᠰᠠᠨ ᠠᠴᠠ | ᠠᠶᠢᠮᠠᠭ ᠤ ᠨᠡᠷ᠎ᠡ ᠪᠣᠯᠭᠠᠯ᠎ᠠ ᠭᠡᠨ᠎ᠡ᠃ | ⑤ ᠵᠠᠷᠢᠮ ᠨᠢ ︽ᠲᠠᠲ᠋ᠠᠷ ᠭᠤᠣᠯ︾ ᠤᠨ ᠨᠡᠷ᠎ᠡ ᠠᠴᠠ ᠢᠷᠡᠯ ᠲᠠᠢ ᠭᠡᠨ᠎ᠡ᠃ | ⑥ ᠳᠡᠮᠦᠷ ᠤᠨ ᠦᠰᠦᠷᠬᠦ ᠣᠴᠢ ᠶᠢ ᠳᠠᠳᠠ ᠭᠡᠳᠡᠭ ᠳᠣᠯᠨ ᠳᠡᠬᠦᠨ ᠠᠴᠠ ᠢᠷᠡᠯ ᠲᠠᠢ ᠭᠡᠬᠦ᠂ | ⑦ ᠮᠣᠩᠭᠤᠯ ᠠᠶᠢᠮᠠᠭ ᠤᠨ ᠰᠠᠭᠤᠳᠠᠭ ᠢᠰᠡᠭᠡᠢ ᠳᠣᠭᠤᠷᠭ᠎ᠠ ᠲᠠᠢ ᠭᠡᠷ ᠢ ᠨᠡᠶᠢᠳᠡᠮ ᠳᠠᠳᠠᠨ ᠭᠡᠷ ︵穹庐︶ | ᠭᠡᠳᠡᠭ ᠳᠣᠯᠨ ᠳᠡᠬᠦᠨ ᠠᠴᠠ ᠣᠯᠠᠷᠢᠵᠦ ᠢᠷᠡᠭᠰᠡᠨ ᠭᠡᠬᠦ᠂ | ᠬᠤᠶᠠᠷ᠂ ᠡᠷᠳᠡᠨ ᠤ ᠲᠠᠲ᠋ᠠᠷ | ᠲᠠᠲ᠋ᠠᠷ ᠠᠶᠢᠮᠠᠭ ᠪᠣᠯ ᠮᠣᠩᠭᠤᠯ ᠤᠨ ᠦᠨᠳᠦᠷᠯᠢᠭ ᠲᠤ ᠮᠠᠨᠳᠣᠭᠰᠠᠨ ᠡᠷᠳᠡᠨ ᠤ ᠣᠪᠣᠭ ᠠᠶᠢᠮᠠᠭ ᠤᠨ ᠨᠢᠬᠡᠨ | ᠪᠣᠯᠣᠨ᠎ᠠ᠃ ︽ᠬᠤᠶᠢᠳᠣ ᠳᠠᠩ ᠣᠯᠣᠰ ᠤᠨ ᠪᠢᠴᠢᠭ︾ (后唐书) ᠵᠡᠷᠭᠡ ᠬᠢᠳᠡᠳ ᠳᠡᠦᠬᠡ ᠶᠢᠨ | ᠰᠣᠷᠪᠣᠯᠵᠢ ᠪᠢᠴᠢᠭ ᠲᠤ ᠨᠡᠷ᠎ᠡ ᠨᠢ ᠢᠯᠡᠷᠡᠵᠦ ᠪᠠᠶᠢᠭᠰᠠᠨ ᠶᠣᠮ᠃ ᠳᠣᠬᠠᠢ ᠶᠢᠨ ᠦᠶ᠎ᠡ ᠳᠤ ︽ᠬᠠᠷ᠎ᠠ ᠳᠡᠷᠭᠡᠳᠦ | ᠲᠠᠲ᠋ᠠᠷ︾ ᠭᠡᠵᠦ ᠪᠠᠶᠢᠵᠠᠢ᠃ ᠬᠤᠵᠢᠭᠤ ᠦᠶ᠎ᠡ ᠳᠤ ᠪᠢᠴᠢᠭᠳᠡᠭᠰᠡᠨ ︽ᠵᠠᠰᠠᠭ ᠲᠤ ᠳᠣᠰᠠᠯᠠᠬᠤᠢ ᠨᠡᠪᠳᠡᠷᠡᠬᠡᠢ ᠳᠣᠯᠢ | ᠶᠢᠨ ᠦᠷᠬᠦᠯᠵᠢᠯᠡᠯ︾ ︵资治通鉴长篇) ᠳᠤ ︽ᠰᠢᠷ᠎ᠠ ᠳᠦᠷᠦᠬᠦᠳᠦ ᠲᠠᠲ᠋ᠠᠷ︾ ᠭᠡᠵᠦ | ᠭᠠᠷᠳᠠᠭ᠂ ︽ᠭᠤᠷᠪᠠᠨ ᠳᠦᠷᠦ ᠶᠢᠨ ᠣᠮᠠᠷᠠᠳᠣ ᠶᠢᠨ ᠳᠡᠮᠳᠡᠭᠯᠡᠯ︾ ᠳᠤ ︽ᠰᠢᠷ᠎ᠠ ᠲᠠᠲ᠋ᠠᠷ︾ ᠭᠡᠵᠦ ᠭᠠᠷᠳᠠᠭ᠂ | ᠪᠣᠰᠣᠳ ᠪᠢᠴᠢᠭ ᠤᠳ ᠲᠤ ᠪᠠᠰᠠ ︽ᠴᠠᠭᠠᠨ ᠲᠠᠲ᠋ᠠᠷ᠂ ᠬᠠᠷ᠎ᠠ ᠲᠠᠲ᠋ᠠᠷ᠂ ᠢᠨᠱᠠᠨ ᠤ ᠲᠠᠲ᠋ᠠᠷ᠂ ᠪᠣᠯᠣᠭᠰᠠᠨ ᠲᠠᠲ᠋ᠠᠷ᠂ | ᠳᠦᠬᠦᠬᠡᠢ ᠲᠠᠲ᠋ᠠᠷ︾ ᠭᠡᠰᠡᠨ ᠳᠡᠮᠳᠡᠭᠯᠡᠯ ᠪᠣᠢ᠃ ᠬᠢᠳᠡᠳ ᠢᠶᠠᠷ ︽鞑靼,塔塔尔,达怛︾ | ᠭᠡᠵᠦ ᠠᠳᠠᠯᠢ ᠪᠣᠰᠣ ᠪᠠᠷ ᠳᠡᠮᠳᠡᠭᠯᠡᠵᠦ ᠢᠷᠡᠪᠡ᠃ ᠢᠦᠢ ᠪᠠᠶᠠᠨ ᠤ ᠳᠠᠪᠢᠭᠠᠳ ᠣᠨ ᠳᠤ ᠪᠢᠴᠢᠭᠰᠡᠨ ︽ᠴᠢᠩᠬᠢᠰ | ᠬᠠᠭᠠᠨ ᠤ ᠨᠠᠮᠳᠠᠷ︾ ᠭᠡᠬᠦ ᠨᠣᠮ ᠲᠤ ᠳᠡᠮᠳᠡᠭᠯᠡᠬᠦ ᠳᠡᠭᠡᠨ ︽ᠬᠡᠰᠡᠭ ᠪᠦᠯᠦᠭ ᠬᠢᠳᠡᠳ ᠣᠷᠣᠨ ᠯᠤᠭ᠎ᠠ ᠬᠦᠷᠰᠢᠯᠡᠭᠰᠡᠨ | ᠮᠣᠩᠭᠤᠯ ᠠᠶᠢᠮᠠᠭ᠂ ᠵᠢᠱᠢᠶᠡᠯᠡᠪᠡᠯ ᠣᠩᠭᠤᠳ ᠠᠶᠢᠮᠠᠭ᠂ ᠬᠤᠩᠬᠢᠷᠠᠳ ᠠᠶᠢᠮᠠᠭ᠂ ᠳᠡᠳᠡᠨᠡᠷ ᠬᠢᠳᠡᠳ ᠠᠵᠣ ᠠᠬᠤᠢ | ᠰᠣᠶᠣᠯ ᠤᠨ ᠨᠦᠯᠦᠬᠡ ᠪᠠᠷ ᠳᠠᠷᠢᠵᠦ ᠠᠷᠴᠢᠯᠠᠬᠤ ᠶᠢ ᠰᠣᠷᠴᠣ ᠨᠠᠩᠬᠢ ᠮᠣᠩᠭᠤᠯ ᠪᠣᠳᠠᠭ᠎ᠠ ᠶᠢ ᠳᠡᠭᠰᠢ ᠢᠷᠣᠭᠠᠷ ᠲᠠᠢ | ᠳᠣᠭᠤᠭᠠᠨ ᠳᠤ ᠴᠢᠨᠠᠵᠣ ᠢᠳᠡᠮᠣᠢ᠂ ᠳᠡᠶᠢᠮᠦ ᠠᠴᠠ ᠳᠡᠳᠡᠨᠦᠰ ᠢ ᠴᠠᠭᠠᠨ ᠲᠠᠲ᠋ᠠᠷ ᠪᠣᠶᠣ ᠪᠣᠯᠣᠭᠰᠠᠨ ︵ᠪᠣᠯᠪᠠᠰᠣᠨ︶ | ᠳᠠᠲ᠋ᠠᠷ ᠭᠡᠳᠡᠭ︾ ᠭᠡᠵᠡᠢ᠃ ᠠᠯᠢ ᠡᠷᠳᠡ ᠳᠠᠩ ᠣᠯᠣᠰ ᠤᠨ ᠺᠠᠢ ᠶᠣᠸᠠᠨ ᠤᠨ ᠬᠤᠷᠢᠳᠣᠭᠠᠷ ᠣᠨ ᠳᠠᠷᠣᠢ ᠣᠨ | ᠳᠣᠭᠠᠯᠠᠯ ᠤᠨ 732 ᠣᠨ ᠳᠤ ᠪᠣᠰᠬᠠᠭᠰᠠᠨ ᠮᠣᠩᠭᠤᠯ ᠣᠯᠣᠰ ᠤᠨ ᠠᠷᠣ ᠬᠠᠩᠭᠠᠢ ᠠᠶᠢᠮᠠᠭ ᠤᠨ ᠬᠠᠰᠢᠶᠠᠳᠣ | ᠰᠣᠮᠣᠨ ᠤ ᠬᠠᠷᠢᠶᠠᠨ ᠳᠤ ᠪᠠᠶᠢᠭ᠎ᠠ ᠣᠷᠬᠤᠨ ᠭᠤᠣᠯ ᠤᠨ ᠬᠦᠨᠳᠡᠢ ᠳᠤ ᠪᠣᠰᠬᠠᠭᠰᠠᠨ ︽ᠺᠦᠯ — ᠳᠢᠬᠢᠨ ᠤ | ᠬᠦᠰᠢᠶ᠎ᠡ︾ (阙特勤碑) ᠭᠡᠬᠦ ᠳᠦᠷᠺ ᠤᠨ ᠴᠢᠯᠠᠭᠤᠨ ᠬᠦᠰᠢᠶᠡᠨ ᠳᠤ ︽ᠦᠺᠦᠽᠢ ᠲᠠᠲ᠋ᠠᠷ ᠪᠣᠯ | ᠮᠠᠨ ᠤ ᠳᠠᠶᠢᠰᠣᠨ ᠶᠣᠮ︾ ᠭᠡᠬᠦ ᠦᠬᠡ ᠪᠠᠶᠢᠳᠠᠭ᠂ ᠡᠨᠡᠬᠦ ᠦᠺᠦᠽᠢ ᠭᠡᠳᠡᠭ ᠨᠢ ᠳᠦᠷᠺ ᠦᠬᠡ ᠭᠤᠴᠢᠨ ᠣᠪᠣᠭ | ᠭᠡᠰᠡᠨ ᠣᠳᠬ᠎ᠠ ᠲᠠᠢ᠂ ᠳᠡᠦᠬᠡᠨ ᠳᠡᠮᠳᠡᠭᠯᠡᠯ ᠲᠠᠬᠢ ︽ᠭᠤᠴᠢᠨ ᠲᠠᠲ᠋ᠠᠷ︾ ᠭᠡᠳᠡᠭ ᠨᠢ ᠡᠬᠦᠨ ᠠᠴᠠ ᠢᠷᠡᠯ ᠲᠠᠢ᠂ | 735 ᠣᠨ ᠳᠤ ᠪᠣᠰᠬᠠᠭᠰᠠᠨ ᠪᠠᠰᠠ ᠨᠢᠬᠡ ᠳᠦᠷᠺ ᠤᠨ ᠬᠦᠰᠢᠶ᠎ᠡ ᠪᠣᠢ᠂ ᠳᠡᠬᠦᠨ ᠢ ︽ᠪᠢᠯᠬᠡ ᠬᠠᠨ ᠤ ᠬᠦᠰᠢᠶ᠎ᠡ︾ | ᠭᠡᠳᠡᠭ᠂ ᠳᠡᠷᠡᠬᠦ ᠬᠦᠰᠢᠶᠡᠨ ᠳᠤ ︽ᠳᠣᠺᠣᠽ ᠲᠠᠲ᠋ᠠᠷ︾ ᠭᠡᠳᠡᠭ ᠦᠬᠡ ᠪᠠᠶᠢᠳᠠᠭ᠂ ᠡᠨᠡ ᠨᠢ ︽ᠶᠢᠰᠦᠨ ᠣᠪᠣᠭ | ᠲᠠᠲ᠋ᠠᠷ︾ ᠭᠡᠰᠡᠨ ᠦᠬᠡ ᠪᠣᠯᠣᠨ᠎ᠠ᠃ ︽ᠭᠤᠴᠢᠨ ᠲᠠᠲ᠋ᠠᠷ︾ ᠨᠢ ᠴᠣᠬᠤᠮ ᠶᠠᠮᠠᠷ ᠶᠠᠮᠠᠷ ᠭᠤᠴᠢᠨ ᠣᠪᠣᠭ | ᠪᠠᠶᠢᠭᠰᠠᠨ ᠢ ᠣᠳᠣ ᠨᠢᠭᠡᠨᠳᠡ ᠳᠣᠳᠣᠯᠠᠬᠤᠶᠠ ᠪᠡᠷᠬᠡ ᠪᠣᠯᠵᠠᠢ᠃ ᠳᠡᠭᠡᠪᠡᠯ ᠶᠢᠰᠦᠨ ᠣᠪᠣᠭ ᠲᠠᠲ᠋ᠠᠷ ᠨᠢ ᠶᠠᠮᠠᠷ ᠶᠠᠮᠠᠷ | ᠣᠪᠣᠭ ᠪᠣᠯᠬᠤ ᠳᠣᠬᠠᠢ ᠬᠠᠶᠢᠵᠦ ᠪᠣᠯᠣᠨ᠎ᠠ᠃ ᠷᠠᠰᠢᠳ᠋ — ᠠᠳ᠋ — ᠳ᠋ᠢᠨ ᠤ ︽ᠰᠣᠳᠣᠷ ᠤᠨ ᠴᠢᠭᠤᠯᠭᠠᠨ︾ (史 | 集) ᠳᠤ ︽ᠳᠣᠳᠣᠭᠤᠭᠤᠳ ᠲᠠᠲ᠋ᠠᠷ᠂ ᠪᠠᠷᠭᠤ ︵ᠨᠢᠣᠴᠢ︶ ᠲᠠᠲ᠋ᠠᠷ᠂ ᠲᠧᠷᠠᠲ ᠲᠠᠲ᠋ᠠᠷ᠂ ᠵᠣᠶᠢᠨ ᠲᠠᠲ᠋ᠠᠷ᠂ | ᠺᠠᠮᠰᠠᠢ ᠲᠠᠲ᠋ᠠᠷ᠂ ᠠᠯᠴᠢ ᠲᠠᠲ᠋ᠠᠷ᠂ ᠴᠠᠭᠠᠨ ᠲᠠᠲ᠋ᠠᠷ᠂ ᠬᠦᠢᠳᠡᠨ ︵ᠺᠠᠮᠰᠠᠢ︶ ᠲᠠᠲ᠋ᠠᠷ︾ ᠭᠡᠬᠦ ᠨᠠᠶᠢᠮᠠᠨ ᠣᠪᠣᠭ ᠤᠨ | ᠲᠠᠲ᠋ᠠᠷ ᠢ ᠳᠡᠮᠳᠡᠭᠯᠡᠪᠡ᠃ ︽ᠮᠣᠩᠭᠤᠯ ᠤᠨ ᠨᠢᠭᠤᠴᠠ ᠳᠣᠪᠴᠢᠶᠠᠨ︾ ᠳᠤ ︽ᠠᠯᠴᠢ ᠲᠠᠲ᠋ᠠᠷ᠂ ᠠᠯᠬᠤᠢ ᠲᠠᠲ᠋ᠠᠷ᠂ | ᠠᠶᠢᠷᠢᠭᠤᠳ ᠲᠠᠲ᠋ᠠᠷ᠂ ᠪᠣᠶᠢᠷᠢᠭᠤᠳ ᠲᠠᠲ᠋ᠠᠷ᠂ ᠳᠣᠳᠣᠭᠤᠭᠤᠳ ᠲᠠᠲ᠋ᠠᠷ᠂ ᠴᠠᠭᠠᠨ ᠲᠠᠲ᠋ᠠᠷ︾ ᠭᠡᠵᠦ ᠵᠢᠷᠭᠤᠭᠠᠨ | ᠣᠪᠣᠭ ᠤᠨ ᠲᠠᠲ᠋ᠠᠷ ᠢ ᠳᠡᠮᠳᠡᠭᠯᠡᠪᠡ᠃ ︽ᠨᠢᠭᠤᠴᠠ ᠳᠣᠪᠴᠢᠶᠠᠨ︾ ᠪᠠ ︽ᠰᠣᠳᠣᠷ ᠤᠨ ᠴᠢᠭᠤᠯᠠᠭᠠᠨ︾ ᠳᠤ | ᠳᠡᠮᠳᠡᠭᠡᠯᠡᠭᠰᠡᠨ ᠢ ᠳᠠᠪᠬᠤᠷᠯᠠᠵᠦ ᠪᠠᠶᠢᠭ᠎ᠠ ᠨᠢ ᠭᠠᠷᠭᠠᠪᠠᠯ ︽ᠳᠣᠳᠣᠭᠤᠭᠤᠳ᠂ ᠠᠯᠴᠢ᠂ ᠠᠶᠢᠷᠢᠭᠤᠳ᠂ | ᠪᠣᠶᠢᠷᠢᠭᠤᠳ᠂ ᠵᠣᠶᠢᠨ᠂ ᠲᠧᠷᠡᠲ᠂ ᠠᠯᠣᠬᠤᠢ᠂ ᠪᠠᠷᠭᠤ ︵ᠨᠢᠣᠴᠢ︾ ᠬᠦᠢᠳᠡᠨ ︵ᠺᠠᠮᠰᠠᠢ︶᠂ ᠴᠠᠭᠠᠨ︾ ᠭᠡᠬᠦ | ᠠᠷᠪᠠᠨ ᠣᠪᠣᠭ ᠭᠠᠷᠴᠣ ᠢᠷᠡᠳᠡᠭ᠂ ᠰᠣᠩᠳᠣᠢ ᠶᠢᠨ ︽ᠮᠣᠩᠴᠣᠳ︾ ᠵᠡᠷᠭᠡ ᠬᠡᠳᠦᠨ ᠨᠣᠮ ᠲᠤ ᠳᠡᠮᠳᠡᠭᠯᠡᠵᠦ | ᠪᠠᠶᠢᠭ᠎ᠠ ᠪᠠᠷ ᠴᠠᠭᠠᠨ ᠲᠠᠲ᠋ᠠᠷ ᠨᠢ ᠡᠷᠳᠡ ᠴᠠᠭ ᠤᠨ ᠶᠢᠰᠦᠨ ᠣᠪᠣᠭ ᠲᠤ ᠪᠠᠭᠳᠠᠳᠠᠭ ᠦᠬᠡᠢ ᠭᠡᠨ᠎ᠡ᠃ ᠡᠶᠢᠮᠦ ᠠᠴᠠ | ︽ᠳᠣᠳᠣᠭᠤᠭᠤᠳ᠂ ᠠᠯᠴᠢ᠂ ᠠᠶᠢᠷᠢᠭᠤᠳ᠂ ᠪᠣᠶᠢᠷᠢᠭᠤᠳ᠂ ᠵᠣᠶᠢᠨ᠂ ᠲᠧᠷᠡᠲ᠂ ᠠᠯᠣᠬᠤᠢ᠂ ᠪᠠᠷᠭᠤ ︵ᠨᠢᠣᠴᠢ | ︾ ᠬᠦᠢᠳᠡᠨ ︵ᠺᠠᠮᠰᠠᠢ︶︾ ᠪᠣᠯ ᠳᠠᠷᠣᠢ ︽ᠶᠢᠰᠦᠨ ᠣᠪᠣᠭ ᠲᠠᠲ᠋ᠠᠷ︾ ᠪᠣᠯᠣᠨ᠎ᠠ᠂ ᠡᠬᠦᠨ ᠤ ᠳᠣᠳᠣᠷ᠎ᠠ | ᠳᠣᠳᠣᠭᠤᠭᠤᠳ ᠲᠠᠲ᠋ᠠᠷ ᠨᠢ ᠳᠡᠷᠢᠬᠦᠯᠡᠵᠦ ᠪᠠᠶᠢᠪᠠ᠃ ᠠᠯᠬᠤᠢ ᠲᠠᠲ᠋ᠠᠷ — ᠠᠯᠬᠤᠢ ᠭᠡᠳᠡᠭ ᠨᠢ ᠠᠯᠠᠭ ᠰᠢᠪᠠᠭᠤ | ᠭᠡᠰᠡᠨ ᠦᠬᠡᠨ ᠠᠴᠠ ᠢᠷᠡᠯ ᠲᠠᠢ ᠣᠩᠭᠤᠳ ᠠᠶᠢᠮᠠᠭ ᠤᠨ ᠳᠦᠷᠦᠬᠦᠦ ᠶᠢ ᠠᠯᠬᠤᠶᠢᠴᠢ ᠭᠡᠳᠡᠭ ᠪᠠᠶᠢᠭᠰᠠᠨ ᠠᠴᠠ | ᠠᠯᠬᠤᠢ ᠲᠠᠲ᠋ᠠᠷ ᠭᠡᠵᠦ ᠳᠠᠭᠤᠳᠠᠬᠤ ᠪᠣᠯᠪᠠ ᠭᠡᠨ᠎ᠡ᠃ ᠠᠯᠴᠢ ᠲᠠᠲ᠋ᠠᠷ — ᠠᠯᠴᠢ ᠭᠡᠰᠡᠨ ᠨᠢ ᠮᠦᠨ ᠲᠠᠲ᠋ᠠᠷ ᠬᠦᠮᠦᠨ | ᠤ ᠨᠡᠷ᠎ᠡ ᠪᠣᠯᠣᠨ᠎ᠠ ᠳᠡᠬᠦᠨ ᠤ ᠳᠠᠭᠠᠭᠤᠯᠣᠭᠰᠠᠨ ᠠᠶᠢᠮᠠᠭ ᠢ ᠡᠶᠢᠨᠬᠦ ᠨᠡᠷᠡᠯᠡᠪᠡ ᠭᠡᠬᠦ᠂ ᠳᠣᠳᠣᠭᠤᠳ ᠲᠠᠲ᠋ᠠᠷ — | ᠳᠣᠳᠣᠭᠤᠳ ᠭᠡᠳᠡᠭ ᠨᠢ ᠨᠣᠶᠠᠨ ᠳᠣᠰᠢᠶᠠᠯ ᠪᠣᠯᠬᠤ ᠳᠣᠳᠤᠭ ︵都督︶ ᠭᠡᠰᠡᠨ ᠠᠴᠠ ᠢᠷᠡᠯ ᠲᠠᠢ ᠭᠡᠬᠦ᠂ | ᠵᠣᠶᠢᠨ ᠲᠠᠲ᠋ᠠᠷ — ᠡᠬᠦᠨ ᠤ ᠳᠣᠬᠠᠢ ᠬᠤᠶᠠᠷ ᠵᠦᠢᠯ ᠢᠶᠠᠷ ᠳᠠᠶᠢᠯᠪᠣᠷᠢᠯᠠᠳᠠᠭ᠂ ᠵᠣᠶᠢᠨ ᠭᠡᠬᠦ ᠦᠬᠡ ᠨᠢ ᠭᠤᠪᠢ ᠭᠡᠬᠦ | ᠣᠳᠬ᠎ᠠ ᠲᠠᠢ᠂ ᠡᠳᠡᠭᠡᠷ ᠠᠶᠢᠮᠠᠭ ᠬᠦᠮᠦᠰ ᠨᠢ ᠭᠤᠪᠢ ᠶᠢᠨ ᠬᠠᠪᠢ ᠪᠠᠷ ᠨᠣᠳᠣᠭᠯᠠᠵᠣ ᠪᠠᠶᠢᠭᠰᠠᠨ ᠠᠴᠠ ᠡᠶᠢᠨᠬᠦ | ᠨᠡᠷᠡᠰᠢᠪᠡ ᠭᠡᠬᠦ᠂ ᠪᠠᠰᠠ ᠨᠢᠬᠡ ᠬᠡᠯᠡᠯᠬᠡ ᠨᠢ ᠬᠦᠯᠦᠨ ᠪᠣᠶᠢᠷ ᠲᠤ ᠪᠠᠶᠢᠭᠰᠠᠨ ᠲᠠᠲ᠋ᠠᠷ ᠨᠢ ᠬᠠᠷᠣᠭᠤᠨᠠ ᠵᠢᠳᠣᠨ | ᠣᠷᠴᠢᠮ ᠤᠨ ᠠᠯᠳᠠᠨ ᠣᠯᠣᠰ ᠤᠨ ᠵᠠᠬ᠎ᠠ ᠬᠢᠵᠠᠭᠠᠷ ᠢ ᠬᠠᠮᠠᠭᠠᠯᠠᠬᠤ ᠡᠬᠦᠷᠭᠡ ᠲᠠᠢ ᠪᠠᠶᠢᠭᠰᠠᠨ ᠠᠴᠠ ᠳᠡᠳᠡᠨ ᠢ ︽ | ᠵᠣᠶᠢᠨ ᠴᠡᠷᠢᠭ︾ ᠭᠡᠳᠡᠭ᠂ ᠳᠡᠶᠢᠮᠦ ᠠᠴᠠ ᠵᠣᠶᠢᠨ ᠲᠠᠲ᠋ᠠᠷ ᠭᠡᠵᠦ ᠳᠠᠭᠤᠳᠠᠬᠤ ᠪᠣᠯᠪᠠ ᠭᠡᠬᠦ᠂ ᠳᠡᠳᠡᠨ ᠤ ᠬᠠᠷᠢᠶ᠎ᠠ | ᠨᠣᠳᠤᠭ ᠨᠢ ᠲᠣᠬᠠᠢ ᠶᠢᠨ ᠦᠶ᠎ᠡ ᠳᠤ ᠲᠠᠲ᠋ᠠᠷ ᠠᠶᠢᠮᠠᠭ ᠨᠢ ᠣᠳᠣ ᠶᠢᠨ ᠬᠦᠯᠦᠨ ᠪᠣᠶᠢᠷ ᠨᠠᠭᠤᠷ ᠤᠨ ᠬᠠᠪᠢ ᠶᠢᠨ | ᠦᠷᠭᠡᠨ ᠠᠭᠤᠳᠠᠮ ᠨᠣᠳᠤᠭ ᠳᠡᠪᠢᠰᠭᠡᠷ ᠳᠡᠭᠡᠷ᠎ᠡ ᠨᠡᠬᠦᠳᠡᠯᠯᠡᠨ ᠮᠠᠯᠵᠢᠵᠦ ᠪᠠᠶᠢᠵᠠᠢ᠂ ᠬᠦᠮᠦᠨ ᠠᠮᠨ ᠨᠢ ᠳᠣᠯᠣᠭᠠᠨ | ᠳᠦᠮᠡᠨ ᠡᠷᠦᠬᠡ ᠪᠠᠶᠢᠯ᠎ᠠ ᠭᠡᠰᠡᠨ ᠳᠡᠮᠳᠡᠭᠯᠡᠯ ᠪᠠᠶᠢᠳᠠᠭ᠃ ᠠᠪᠠᠯᠭᠠᠽᠢ ᠪᠠᠭᠠᠳᠣᠷ ᠬᠠᠨ ᠤ ᠪᠢᠴᠢᠭᠰᠡᠨ ︽ᠰᠡᠴᠡᠯᠡᠭᠰᠡᠳ | ᠤᠨ ᠴᠢᠭᠤᠯᠠᠭᠠᠨ ᠤ ᠨᠠᠮᠠᠭ᠎ᠠ︾ (突厥世系) ᠭᠡᠬᠦ ᠬᠤᠪᠣᠷᠬᠠᠨ ᠪᠢᠴᠢᠭ ᠲᠤ ︽ᠳᠠᠳᠠᠷ ᠤᠨ | ᠰᠠᠶᠢᠴᠣᠳ ᠪᠠ ᠣᠯᠠᠩᠬᠢ ᠢᠷᠭᠡᠳ ᠨᠢ ᠬᠢᠳᠠᠨ ᠳᠤ ᠣᠶᠢᠷᠬᠠᠨ ᠪᠣᠶᠢᠷ ᠨᠠᠭᠤᠷ ᠭᠡᠳᠡᠭ ᠭᠠᠵᠠᠷ ᠰᠠᠭᠤᠳᠠᠭ᠂ ᠠᠳᠣᠭᠤ | ᠨᠢ ᠪᠦᠳᠦᠬᠦᠨ᠂ ᠳᠠᠭ᠎ᠠ ᠨᠤᠭᠤᠳ ᠨᠢ ᠬᠦᠷᠳᠡᠯ᠎ᠡ ᠮᠠᠨᠠᠶᠢᠬᠢᠨ ᠤ ᠭᠤᠨᠠᠨ ᠮᠣᠷᠢᠨ ᠤ ᠬᠢᠷᠢ ᠳᠣᠷᠠᠭ ᠲᠠᠢ᠂ ᠠᠳᠣᠭᠤ | ᠨᠢ ᠦᠬᠡᠷ᠎ᠡ ᠵᠢᠰᠦᠮ ᠤᠨ ᠪᠢᠰᠢ ᠴᠦᠮ ᠠᠯᠠᠭ ᠪᠢᠯᠨ᠂ ᠳᠣᠭᠤᠭ᠎ᠠ ᠰᠢᠨᠠᠭ᠎ᠠ᠂ ᠰᠠᠪᠠ ᠰᠠᠭᠤᠯᠭ᠎ᠠ᠂ ᠱᠠᠭᠠᠵᠢᠩ | ᠠᠶᠠᠭ᠎ᠠ ᠪᠠᠨ ᠬᠦᠷᠳᠡᠯ᠎ᠡ ᠮᠦᠩᠬᠦ ᠪᠠᠷ ᠬᠦᠪᠡᠭᠡᠯᠡᠨ ᠪᠠᠶᠢᠳᠠᠭ ᠳᠣᠯᠨ ᠦᠰᠪᠠᠬᠢᠴᠦᠳ ᠳᠡᠳᠡᠨ ᠢ ᠠᠯᠠᠭ ᠠᠳᠣᠭᠤ ᠲᠠᠢ | ᠂ ᠠᠯᠳᠠᠨ ᠳᠣᠯᠭ᠎ᠠ ᠲᠠᠢ ᠲᠠᠲᠠᠷ ᠭᠡᠳᠡᠭ︾ ᠡᠬᠦᠨᠴᠡ ᠮᠡᠳᠡᠵᠦ ᠪᠣᠯᠬᠤ ᠨᠢ ᠳᠣᠬᠠᠢ ᠶᠢᠨ ᠦᠶ᠎ᠡ ᠲᠤ ᠲᠠᠲ᠋ᠠᠷ ᠠᠶᠢᠮᠠᠭ | ᠤᠨ ᠠᠵᠣ ᠠᠬᠤᠢ ᠶᠡᠬᠡᠳᠡ ᠬᠦᠭᠵᠢᠯ ᠪᠠᠳᠠᠷᠠᠯ ᠲᠠᠢ ᠪᠠᠶᠢᠵᠠᠢ᠃ ᠡᠨᠡᠬᠦ ᠮᠣᠩᠭᠤᠯ ᠤᠨ ᠦᠨᠳᠦᠷᠯᠢᠭ ᠤᠨ ᠬᠦᠴᠦᠷᠭᠡᠭ | ᠠᠶᠢᠮᠠᠭ ᠨᠢ ᠬᠤᠯᠨ ᠣᠶᠢᠷ᠎ᠠ ᠳᠤ ᠠᠯᠳᠠᠷᠰᠢᠨ ᠰᠦᠷ ᠬᠦᠴᠦᠨ ᠳᠡᠬᠦᠰ ᠪᠠᠶᠢᠭᠰᠠᠨ ᠳᠣᠯᠨ ᠪᠣᠰᠣᠳ ᠮᠣᠩᠭᠤᠯᠵᠢᠨ | ᠠᠶᠢᠮᠠᠭ ᠨᠢ ᠪᠡᠶ᠎ᠡ ᠪᠠᠨ ᠪᠦᠷᠢ ᠳᠠᠲ᠋ᠠᠷ ᠭᠡᠵᠦ ᠳᠠᠭᠤᠳᠠᠵᠣ ᠪᠠᠶᠢᠯ᠎ᠠ᠃ ᠲᠠᠲ᠋ᠠᠷ ᠤᠨ ᠡᠯ᠎ᠡ ᠣᠪᠣᠭ ᠨᠢ ᠴᠦᠮ ᠦᠪᠡᠷ | ᠤᠨ ᠳᠦᠷᠦᠬᠦᠦ ᠲᠠᠢ ᠮᠦᠷᠳᠡᠭᠡᠨ ᠬᠠᠷᠢᠶ᠎ᠠ ᠨᠣᠳᠤᠭ ᠲᠠᠢ ᠪᠠᠶᠢᠪᠠ᠂ ᠵᠢᠰᠢᠶᠡᠯᠡᠪᠡᠯ᠄ ᠠᠶᠢᠷᠢᠭᠤᠳ ᠪᠠ ᠪᠣᠶᠢᠷᠢᠭᠤᠳ | ᠲᠠᠲ᠋ᠠᠷ ᠨᠢ ᠬᠦᠯᠦᠨ ᠨᠠᠭᠤᠷ᠂ ᠪᠣᠶᠢᠷ ᠨᠠᠭᠤᠷ ᠤᠨ ᠬᠤᠭᠤᠷᠣᠨᠳᠣᠬᠢ ᠣᠷᠱᠣᠨ ᠭᠤᠣᠯ ᠤᠨ ᠰᠠᠪᠠ ᠭᠠᠵᠠᠷ ᠢᠶᠠᠷ | ᠨᠣᠳᠣᠭᠯᠠᠵᠣ᠂ ᠠᠯᠴᠢ ᠲᠠᠲ᠋ᠠᠷ᠂ ᠴᠠᠭᠠᠨ ᠲᠠᠲ᠋ᠠᠷ᠂ ᠠᠯᠬᠤᠢ ᠪᠠ ᠳᠣᠳᠣᠭᠤᠭᠤᠳ ᠲᠠᠲᠠᠷ ᠨᠢ ᠳᠠᠯᠠᠨ ᠨᠦᠮᠦᠷᠭᠡᠰ | ᠲᠤ ᠨᠣᠳᠤᠭ ᠲᠠᠢ ᠪᠠᠶᠢᠵᠠᠢ᠂ ᠮᠣᠩᠭᠤᠯᠴᠣᠳ ᠤᠨ ᠳᠡᠭᠡᠳᠦᠰ ᠪᠣᠯᠬᠤ ᠱᠢ ᠸᠧᠢ ᠠᠶᠢᠮᠠᠭ ᠶᠢ ᠴᠣ᠋ ᠳᠣᠬᠠᠢ ᠶᠢᠨ | ᠦᠶ᠎ᠡ ᠪᠦᠷᠢ ᠯᠡ ᠲᠠᠲ᠋ᠠᠷ ᠭᠡᠵᠦ ᠨᠡᠷᠡᠯᠡᠵᠦ ᠪᠠᠶᠢᠵᠠᠢ᠃ ᠶᠣᠸᠠᠨ ᠣᠯᠣᠰ ᠮᠦᠬᠦᠭᠰᠡᠨ ᠤ ᠳᠠᠷᠠᠭ᠎ᠠ ᠴᠠᠭᠠᠨ ᠬᠡᠷᠡᠮ ᠤ | ᠠᠷᠣ ᠲᠠᠬᠢ ᠮᠣᠩᠭᠤᠯᠴᠣᠳ ᠢ ᠮᠢᠩ ᠣᠯᠣᠰ ᠤᠨ ᠬᠢᠨᠢ ᠵᠡᠬᠦᠨ ᠮᠣᠩᠭᠤᠯ ᠢ ᠲᠠᠲ᠋ᠠᠷ ᠮᠣᠩᠭᠤᠯ ᠭᠡᠵᠦ᠂ ᠪᠠᠷᠠᠭᠤᠨ | ᠮᠣᠩᠭᠤᠯ ᠢ ᠸᠠᠯᠠ — ᠣᠶᠢᠷᠠᠳ ᠮᠣᠩᠭᠤᠯ ᠭᠡᠵᠦ ᠳᠠᠭᠤᠳᠠᠵᠣ ᠪᠠᠶᠢᠪᠠ᠃ ᠯᠢᠶᠣᠣ ᠣᠯᠣᠰ ᠠᠯᠳᠠᠨ ᠣᠯᠣᠰ ᠤᠨ | ᠦᠶ᠎ᠡ ᠳᠤ ᠳᠡᠳᠡᠨ ᠤ ᠳᠡᠦᠬᠡ ᠰᠣᠳᠣᠷ ᠲᠤ ᠽᠦᠪᠦ ᠭᠡᠵᠦ ᠳᠡᠮᠳᠡᠭᠯᠡᠨ ᠳᠠᠭᠤᠳᠠᠵᠣ ᠪᠠᠶᠢᠪᠠ᠃ ᠠᠯᠳᠠᠨ ᠣᠯᠣᠰ ᠤᠨ | ᠦᠶ᠎ᠡ ︽ᠳᠢᠯᠨ ᠶᠢᠨ ᠨᠠᠢᠮᠠᠨ ᠠᠶᠢᠮᠠᠭ︾ ᠭᠡᠵᠦ ᠭᠠᠷᠳᠠᠭ ᠨᠢ ᠲᠧᠷᠠᠲ ᠳᠠᠲ᠋ᠠᠷ ᠢᠶᠠᠷ ᠳᠡᠷᠢᠬᠦᠯᠡᠭᠰᠡᠨ ᠨᠠᠢᠮᠠᠨ ᠣᠪᠣᠭ | ᠲᠠᠲ᠋ᠠᠷ ᠢ ᠵᠢᠭᠠᠵᠣ ᠪᠠᠶᠢᠭ᠎ᠠ ᠶᠣᠮ᠃ ᠯᠢᠶᠣᠣ᠂ ᠠᠯᠳᠠᠨ ᠣᠯᠣᠰ ᠤᠨ ᠦᠶ᠎ᠡ ᠲᠤ ︽ᠦᠬᠦ — ᠲᠢᠯᠨ ᠶᠢᠨ | ᠵᠠᠬᠢᠷᠭᠠᠨ︾ ᠪᠠᠶᠢᠭᠤᠯᠵᠣ ᠳᠡᠳᠡᠨ ᠢ ᠬᠠᠮᠢᠶᠠᠷᠴᠣ ᠪᠠᠶᠢᠵᠠᠢ᠃ ᠠᠷᠪᠠᠨ ᠭᠤᠷᠪᠠᠳᠣᠭᠠᠷ ᠵᠠᠭᠤᠨ ᠤ ᠡᠬᠢ ᠪᠠᠷ ᠲᠠᠲ᠋ᠠᠷ | ᠠᠶᠢᠮᠠᠭ ᠨᠢ ᠮᠣᠩᠭᠤᠯ ᠠᠶᠢᠮᠠᠭ ᠲᠠᠢ ᠮᠦᠷᠬᠦᠯᠳᠦᠬᠡᠨ ᠭᠠᠷᠴᠣ ᠬᠡᠷᠡᠶᠢᠳ ᠤᠨ ᠪᠣᠶᠢᠷᠤᠭ ᠬᠠᠨ᠂ ᠮᠣᠩᠭᠤᠯ ᠤᠨ | ᠠᠮᠪᠠᠭᠠᠢ ᠬᠠᠨ ᠵᠡᠷᠭᠡ ᠬᠦᠮᠦᠰ ᠢ ᠪᠠᠷᠢᠪᠴᠢᠯᠠᠨ ᠠᠯᠳᠠᠨ ᠣᠯᠣᠰ ᠲᠤ ᠬᠦᠷᠭᠡᠵᠦ ︽ᠮᠣᠳᠣᠨ ᠡᠯᠵᠢᠬᠡᠨ︾ ᠳᠤ | ᠬᠠᠳᠠᠭᠤᠯᠵᠣ ᠠᠯᠠᠭᠰᠠᠨ ᠪᠠᠶᠢᠨ᠎ᠠ᠃ ᠪᠠᠰᠠ ᠳᠠᠶᠢᠴᠢᠭᠤᠳ ᠤᠨ ᠦᠬᠢᠨᠪᠠᠷᠬᠠᠭ ᠢ ᠪᠠᠷᠢᠵᠦ ᠠᠯᠳᠠᠨ ᠣᠯᠣᠰ ᠲᠤ | ᠬᠦᠷᠭᠡᠭᠰᠡᠨ ᠪᠠᠶᠢᠨ᠎ᠠ ᠡᠳᠡᠭᠡᠷ ᠢ ᠪᠣᠯ ᠪᠦᠷᠢ ᠳᠣᠬᠠᠢ ᠶᠢᠨ ᠦᠶ᠎ᠡ ᠶᠢᠨ ᠠᠯᠳᠠᠨ ᠣᠯᠣᠰ ᠲᠤ ᠦᠢᠯᠡᠴᠢᠯᠡᠵᠦ | ᠪᠠᠶᠢᠭᠰᠠᠨ ᠵᠣᠶᠢᠨ ᠴᠡᠷᠢᠭ — ᠵᠣᠶᠢᠨ ᠲᠠᠲ᠋ᠠᠷ ᠨᠠᠷ ᠦᠢᠯᠡᠳᠦᠭᠰᠡᠨ ᠪᠠᠶᠢᠭ᠎ᠠ ᠶᠣᠮ᠃ ᠬᠤᠳᠠᠯᠨ ᠬᠠᠨ᠂ ᠬᠠᠳᠠᠭᠠᠨ | ᠳᠠᠶᠢᠰᠢ ᠨᠠᠷ ᠵᠦᠪᠯᠡᠵᠦ ᠵᠣᠶᠢᠨ ᠲᠠᠲ᠋ᠠᠷ ᠠᠴᠠ ᠦᠰ ᠠᠪᠬᠤ ᠪᠠᠷ ᠳᠡᠬᠦᠨ ᠤ ᠨᠣᠶᠠᠨ ᠬᠦᠳᠦᠨ ᠪᠠᠷᠬ᠎ᠠ᠂ ᠵᠠᠯᠢᠪᠣᠬᠠ | ᠬᠤᠶᠠᠷ ᠲᠠᠢ ᠠᠷᠪᠠᠨ ᠭᠤᠷᠪᠠᠨ ᠣᠳᠠᠭ᠎ᠠ ᠪᠠᠶᠢᠯᠳᠣᠭᠰᠠᠨ ᠪᠣᠯᠪᠠᠴᠣ ᠦᠰᠢᠶ᠎ᠡ ᠪᠠᠨ ᠠᠪᠴᠣ ᠡᠰᠡ ᠴᠢᠳᠠᠪᠠ᠂ | 1162 ᠣᠨ ᠳᠤ ᠶᠢᠰᠦᠭᠡᠢ ᠪᠠᠭᠠᠳᠣᠷ ᠬᠠᠷᠢᠨ ᠲᠠᠲᠠᠷ ᠤᠨ ᠳᠡᠮᠦᠵᠢᠨ ᠦᠬᠡ᠂ ᠬᠤᠷᠢᠪᠣᠬᠠ ᠶᠢ ᠣᠯᠵᠢᠯᠠᠵᠣ ᠢᠷᠡᠬᠦ | ᠳᠤ ᠦᠬᠡᠯᠦᠨ ᠦᠵᠢᠨ ᠠᠬᠠᠮᠠᠳ ᠬᠦᠪᠡᠬᠦᠨ ᠢᠶᠠᠨ ᠬᠦᠩᠵᠢᠬᠦ ᠯᠦᠬᠡ ᠳᠣᠬᠢᠶᠠᠯᠳᠣᠵᠣ ᠬᠦᠪᠡᠬᠦᠨ ᠳᠤ ᠪᠠᠨ ︽ | ᠳᠡᠮᠦᠵᠢᠨ︾ ᠭᠡᠰᠡᠨ ᠨᠡᠷ᠎ᠡ ᠪᠡᠯᠭᠡᠰᠢᠶᠡᠵᠦ ᠬᠠᠶᠢᠷᠠᠯᠠᠪᠠ᠃ 1170 ᠣᠨ ᠳᠤ ᠳᠡᠮᠦᠵᠢᠨ ᠢ ᠶᠢᠰᠦᠨ ᠨᠠᠰᠣᠳᠠᠢ ᠵᠢᠯ | ᠵᠣᠶᠢᠨ ᠲᠠᠲ᠋ᠠᠷ ᠨᠠᠷ ᠴᠡᠭᠴᠡᠷ ᠤᠨ ᠰᠢᠷ᠎ᠠ ᠬᠡᠬᠡᠷ᠎ᠡ ᠭᠡᠬᠦ ᠭᠠᠵᠠᠷ ᠶᠢᠰᠦᠬᠡᠢ ᠪᠠᠭᠠᠳᠣᠷ ᠲᠤ ᠬᠤᠣᠷᠠᠳᠣ ᠠᠷᠢᠬᠢ | ᠣᠣᠭᠤᠯᠠᠭᠠᠨ ᠠᠯᠠᠭᠰᠠᠨ ᠪᠠᠶᠢᠪᠠ᠃ ᠡᠶᠢᠮᠦ ᠠᠴᠠ ᠮᠣᠩᠭᠤᠯ ᠪᠠ ᠲᠠᠲ᠋ᠠᠷ ᠦᠰ ᠲᠠᠢ ᠪᠣᠯᠵᠠᠢ᠃ 1196 ᠣᠨ ᠳᠤ᠂ | ᠳᠠᠷᠣᠢ ᠠᠯᠳᠠᠨ ᠣᠯᠣᠰ ᠤᠨ ᠴᠧᠩ ᠠᠨ ᠤ ᠠᠩᠬᠠᠨ ᠤ ᠣᠨ ᠳᠤ ᠲᠠᠲ᠋ᠠᠷ ᠬᠤᠩᠬᠢᠷᠠᠳ ᠵᠡᠷᠭᠡ ᠠᠶᠢᠮᠠᠭ ᠤᠨ | ᠬᠤᠯᠪᠣᠭᠠᠳᠣ ᠴᠡᠷᠢᠭ ᠢᠶᠠᠷ ᠯᠢᠨ ᠬᠤᠸᠠᠩ ᠤᠨ ᠣᠮᠠᠷ᠎ᠠ ᠳᠤ ᠳᠦᠷᠡᠮᠬᠡᠶᠢᠯᠡᠨ ᠣᠷᠣᠪᠠ᠂ ᠠᠯᠳᠠᠨ ᠣᠯᠣᠰ ᠤᠨ | ᠴᠡᠷᠢᠭ ᠢ ᠳᠠᠭᠠᠷᠢᠭᠰᠠᠨᠠ ᠠᠯᠳᠠᠨ ᠣᠯᠣᠰ ᠴᠡᠷᠢᠭ ᠳᠣᠮᠢᠯᠠᠨ ᠪᠠᠶᠢᠯᠳᠣᠵᠣ ᠬᠤᠩᠬᠢᠷᠠᠳ ᠠᠶᠢᠮᠠᠭ ᠪᠠᠭᠤᠵᠣ ᠦᠭᠪᠡ᠂ | ᠳᠠᠷᠠᠭ᠎ᠠ ᠨᠢ ᠬᠠᠳᠠᠬᠢᠨ ᠪᠠ ᠰᠠᠯᠵᠢᠭᠤᠳ ᠠᠶᠢᠮᠠᠭ ᠬᠠᠯᠳᠠᠷ᠎ᠠ ᠢᠷᠡᠬᠦ ᠳᠤ ᠠᠯᠳᠠᠨ ᠣᠯᠣᠰ ᠬᠤᠩᠬᠢᠷᠠᠳ ᠠᠴᠠ ᠨᠢᠭᠡ | ᠳᠦᠮᠨ ᠳᠦᠷᠪᠡᠨ ᠮᠢᠩᠭᠠᠨ ᠴᠡᠷᠢᠭ ᠵᠢᠭᠡᠯᠡᠨ ᠪᠠᠶᠢᠯᠳᠣᠭᠰᠠᠨᠠ ᠬᠠᠳᠠᠬᠢᠨ᠂ ᠰᠠᠯᠵᠢᠭᠤᠳ ᠪᠠᠭᠤᠵᠣ ᠦᠭᠪᠡ᠂᠂ | ᠵᠣᠶᠢᠨ ᠲᠠᠲ᠋ᠠᠷ ᠤᠨ ᠳᠦᠷᠦᠬᠦᠦ ᠮᠡᠬᠦᠵᠢᠨ ᠰᠡᠬᠦᠯᠳᠦ ᠠᠶᠢᠮᠠᠭ ᠢᠶᠠᠨ ᠠᠪᠣᠨ ᠪᠣᠷᠣᠭᠤᠯᠪᠠ᠃ ᠳᠣᠳᠣᠭᠤᠭᠤᠳ ᠳᠠᠲ᠋ᠠᠷ | ᠤᠨ ᠮᠡᠬᠦᠵᠢᠨ ᠰᠡᠬᠦᠯᠳᠦ ᠠᠯᠳᠠᠨ ᠣᠯᠣᠰ ᠤᠨ ᠵᠦᠷᠴᠢᠨ ᠨᠣᠶᠠᠳ ᠲᠠᠢ ᠳᠠᠶᠢᠳᠣᠵᠣ ᠳᠡᠶᠢᠯᠦᠭᠳᠡᠭᠡᠳ ᠣᠯᠵᠠ ᠭᠤᠣᠯ | ᠣᠷᠣᠭᠤ ᠳᠣᠳᠠᠭᠠᠵᠣ ᠪᠠᠶᠢᠭ᠎ᠠ ᠳᠤ ᠸᠠᠩ ᠬᠢᠩ ᠴᠧᠩᠰᠢᠶᠠᠩ ᠳᠡᠮᠦᠵᠢᠨ ᠳᠤ ᠮᠡᠳᠡᠭᠳᠡᠪᠡ᠃ ᠳᠡᠮᠦᠵᠢᠨ ᠡᠨᠡ ᠪᠣᠯ | ᠦᠰᠢᠶ᠎ᠡ ᠠᠪᠬᠤ ᠰᠠᠶᠢᠨ ᠳᠣᠬᠢᠶᠠᠯ ᠭᠡᠵᠦ ᠦᠵᠡᠬᠡᠳ ᠸᠠᠩ ᠬᠠᠨ ᠲᠠᠢ ᠬᠤᠯᠪᠣᠭᠠᠯᠠᠨ ᠣᠯᠵᠠ ᠭᠤᠣᠯ ᠤᠨ | ᠬᠤᠰᠣᠳᠣ ᠰᠢᠳᠦᠬᠡᠨ᠂ ᠨᠡᠷᠡᠳᠦ ᠰᠢᠳᠦᠬᠡᠨ ᠭᠡᠬᠦ ᠭᠠᠵᠠᠷ ᠵᠣᠶᠢᠨ ᠲᠠᠲ᠋ᠠᠷ ᠤᠨ ᠮᠡᠬᠦᠵᠢᠨ ᠰᠡᠬᠦᠯᠳᠦ ᠶᠢ ᠪᠠᠷᠢᠪᠴᠢᠯᠠᠨ | ᠠᠯᠠᠵᠠᠢ᠃ ᠳᠡᠦᠬᠡᠨ ᠳᠤ ᠡᠬᠦᠨ ᠢ ︽ᠣᠯᠵᠠ ᠭᠤᠣᠯ ᠤᠨ ᠳᠠᠶᠢᠨ︾ ᠭᠡᠳᠡᠭ᠃ ᠳᠠᠶᠢᠨ ᠤ ᠳᠠᠷᠠᠭ᠎ᠠ ᠠᠯᠳᠠᠨ | ᠣᠯᠣᠰ ᠤᠨ ᠸᠠᠩ ᠬᠢᠩ ᠴᠧᠩᠰᠢᠶᠠᠩ ᠬᠡᠷᠡᠶᠢᠳ ᠤᠨ ᠳᠣᠭᠤᠷᠢᠭᠤᠯ ᠬᠠᠨ ᠳᠤ ︽ᠣᠩ ᠬᠠᠨ︾ ᠴᠣᠯᠨ ᠱᠠᠩᠨᠠᠵᠣ᠂ | ᠳᠡᠮᠦᠵᠢᠨ ᠳᠤ ︽ᠵᠠᠬᠤᠳᠬᠤᠷᠢ︾ ᠭᠡᠰᠡᠨ ᠴᠣᠯᠨ ᠱᠠᠩᠨᠠᠭᠰᠠᠨ ᠶᠣᠮ᠃ ᠡᠨᠡ ᠣᠳᠠᠭᠠᠨ ᠤ ᠳᠠᠶᠢᠨ ᠨᠢ ᠳᠠᠲ᠋ᠠᠷ ᠤᠨ | ᠬᠦᠴᠦᠨ ᠳᠤ ᠰᠦᠢᠷᠡᠯᠳᠡ ᠶᠢᠨ ᠴᠢᠨᠠᠷ ᠲᠠᠢ ᠴᠣᠬᠢᠯᠳᠠ ᠦᠭᠬᠦᠭᠰᠡᠨ ᠪᠠᠶᠢᠨ᠎ᠠ᠃ 1202 ᠣᠨ ᠪᠣᠯᠬᠤ ᠳᠤ | ᠳᠡᠮᠦᠵᠢᠨ ᠬᠦᠴᠦᠷᠡᠭᠵᠢᠭᠡᠳ ᠦᠪᠡᠷ ᠢ ᠪᠠᠨ ᠬᠠᠮᠠᠭᠠᠯᠬᠤ ᠳᠠᠶᠢᠨ ᠬᠢᠵᠦ ᠪᠠᠶᠢᠭᠰᠠᠨ ᠠᠴᠠ ᠪᠠᠨ ᠣᠳᠣ ᠵᠣᠷᠢᠯᠭ᠎ᠠ | ᠲᠠᠢ ᠪᠠᠷ ᠭᠠᠳᠠᠭᠰᠢ ᠳᠦᠷᠢᠨ ᠳᠠᠶᠢᠳᠣᠬᠤ ᠪᠣᠯᠪᠠ᠃ ᠵᠠᠮᠤᠬ᠎ᠠ ᠶᠢ ᠬᠠᠳᠠᠬᠢᠨ᠂ ᠰᠠᠯᠵᠢᠭᠤᠳ᠂ ᠳᠠᠲ᠋ᠠᠷ ᠵᠡᠷᠭᠡ | ᠠᠷᠪᠠᠨ ᠬᠤᠶᠠᠷ ᠠᠶᠢᠮᠠᠭ ᠬᠠᠮᠳᠣᠷᠠᠨ ᠬᠦᠷ ᠬᠠᠨ ᠡᠷᠬᠦᠮᠵᠢᠯᠡᠵᠦ ︽ᠬᠦᠢᠳᠡᠨ ᠤ ᠳᠣᠯᠣᠯᠳᠣᠭᠠᠨ︾ ᠢ ᠡᠬᠦᠰᠭᠡᠭᠡᠳ | ᠶᠡᠬᠡᠪᠡᠷ ᠢᠯᠡᠭ᠌ᠳᠠᠨ ᠪᠣᠷᠣᠭᠤᠯᠵᠣ ᠬᠦᠯᠦᠨ ᠪᠣᠶᠢᠷ ᠤᠨ ᠳᠠᠯ᠎ᠠ ᠨᠣᠳᠤᠭ ᠲᠤ ᠣᠬᠤᠷᠢᠨ ᠣᠴᠢᠪᠠ᠃ ᠳᠠᠲ᠋ᠠᠷ ᠨᠠᠷ | ᠬᠢᠩᠭᠠᠨ ᠳᠠᠪᠠᠭᠠᠨ ᠤ ᠨᠦᠮᠦᠷᠭᠡ ᠶᠢᠨ ᠷᠠᠰᠢᠶᠠᠨ ᠬᠠᠪᠢ ᠶᠢᠨ ᠳᠠᠯᠠᠨ ᠨᠦᠮᠦᠷᠭᠡᠰ ᠭᠡᠳᠡᠭ ᠭᠠᠵᠠᠷ ᠣᠷᠣᠩᠨᠠᠵᠣ | ᠪᠠᠶᠢᠪᠠ᠃ ᠳᠡᠶᠢᠮᠦ ᠠᠴᠠ ᠳᠡᠦᠬᠡᠨ ᠳᠡᠭᠡᠷ᠎ᠡ ᠳᠣᠰ ᠣᠳᠠᠭᠠᠨ ᠤ ᠳᠠᠶᠢᠨ ᠢ ︽ᠳᠠᠯᠠᠨ ᠨᠦᠮᠦᠷᠭᠡᠰ ᠤᠨ | ᠳᠣᠯᠣᠯᠳᠣᠭᠠᠨ︾ ᠭᠡᠳᠡᠭ᠃ ᠡᠨᠡ ᠣᠳᠠᠭ᠎ᠠ ᠳᠠᠲ᠋ᠠᠷ ᠨᠠᠷ ᠳᠦᠢᠯᠪᠦᠷᠢᠳᠡᠢ ᠳᠡᠶᠢᠯᠦᠭᠳᠡᠵᠦ ᠠᠯᠴᠢ ᠲᠠᠲ᠋ᠠᠷ᠂ ᠠᠯᠬᠤᠢ | ᠲᠠᠲ᠋ᠠᠷ᠂ ᠳᠣᠳᠣᠭᠤᠭᠤᠳ ᠲᠠᠲ᠋ᠠᠷ᠂ ᠪᠦᠬᠦᠳᠡ ᠣᠯᠵᠢᠯᠠᠭᠳᠠᠨ ᠳᠡᠮᠦᠵᠢᠨ ᠣᠷᠢᠳᠠ ᠶᠢᠨ ᠦᠰᠢᠶ᠎ᠡ ᠶᠢ ᠦᠰᠢᠯᠡᠵᠦ | ᠳᠡᠷᠭᠡᠨ ᠳᠡᠩᠭᠡᠯᠢᠭ ᠲᠠᠢ ᠴᠢᠴᠢᠣᠯᠠᠨ ᠡᠷᠡᠰ ᠢ ᠨᠢ ᠬᠢᠳᠣᠭᠰᠠᠨ ᠪᠠᠶᠢᠨ᠎ᠠ᠃ ᠪᠠᠰᠠ ᠳᠡᠳᠡᠨ ᠤ ᠬᠠᠴᠠᠷ ᠭᠤᠸ᠎ᠠ | ᠦᠬᠢᠳ ᠢ ᠬᠠᠳᠣᠨ ᠪᠣᠯᠠᠭᠠᠨ ᠠᠪᠣᠪᠠ᠃ ᠳᠡᠮᠦᠵᠢᠨ ᠳᠣᠳᠣᠭᠤᠭᠤᠳ ᠲᠠᠲ᠋ᠠᠷ ᠤᠨ ᠶᠢᠰᠦᠯᠦᠨ ︵ᠶᠢᠰᠦᠢ︶ | ᠶᠢᠰᠦᠬᠡᠨ ᠡᠬᠡᠴᠢ ᠳᠡᠬᠦᠦ ᠬᠤᠶᠠᠭᠤᠯᠨ ᠶᠢ ᠬᠠᠳᠣᠨ ᠪᠣᠯᠭᠠᠨ ᠠᠪᠣᠪᠠ᠃ ᠬᠠᠰᠠᠷ ᠪᠠᠰᠠ ᠴᠠᠭᠠᠨ ᠲᠠᠲ᠋ᠠᠷ ᠤᠨ ᠠᠯᠳᠠᠨ | ᠭᠡᠭᠴᠢ ᠦᠬᠢᠨ ᠢ ᠭᠤᠣᠯ ᠬᠠᠳᠣᠨ ᠪᠣᠯᠭᠠᠨ ᠠᠪᠣᠪᠠ᠃ ᠢᠩᠬᠢᠭᠡᠳ ᠳᠡᠦᠬᠡᠨ ᠳᠤ ᠠᠯᠳᠠᠷ ᠲᠠᠢ ᠲᠠᠲ᠋ᠠᠷ ᠠᠶᠢᠮᠠᠭ | ᠦᠨᠳᠦᠰᠦᠨ ᠳᠤ ᠮᠦᠬᠦᠪᠡ᠃ ᠡᠨᠡ ᠣᠳᠠᠭ᠎ᠠ ᠳᠡᠮᠦᠵᠢᠨ ᠠᠴᠠ ᠳᠠᠲ᠋ᠠᠷ ᠤᠨ ᠣᠯᠵᠢᠯᠠᠭᠳᠠᠭᠰᠠᠳ ᠠᠴᠠ ᠮᠢᠩᠭᠠᠨ | ᠡᠷᠡᠰ ᠢ ᠬᠠᠰᠠᠷ ᠲᠤ ᠦᠭᠴᠦ ᠴᠠᠭᠠᠵᠢᠯᠠᠭᠤᠯᠬᠤ ᠭᠡᠰᠡᠨ ᠳᠤ ᠬᠠᠰᠠᠷ ᠳᠠᠪᠣᠨ ᠵᠠᠭᠤ ᠶᠢ ᠠᠯᠠᠵᠣ ᠳᠠᠪᠣᠨ ᠵᠠᠭᠤ ᠶᠢ ᠨᠢ | ᠠᠮᠢ ᠶᠢ ᠬᠤᠷᠣᠭᠠᠭᠰᠠᠨ ᠦᠬᠡᠢ ᠦᠪᠡᠷ ᠤᠨ ᠬᠠᠷᠢᠶᠠᠳᠣ ᠪᠠᠨ ᠪᠣᠯᠭᠠᠨ ᠠᠪᠣᠭᠰᠠᠨ ᠪᠠᠶᠢᠳᠠᠭ᠂ ᠡᠬᠦᠨ ᠢ ᠬᠤᠵᠢᠮ ᠨᠢ | ᠳᠡᠮᠦᠵᠢᠨ ᠮᠡᠳᠡᠭᠡᠳ ᠬᠠᠰᠠᠷ ᠠᠴᠠ ᠶᠠᠯ᠎ᠠ ᠠᠰᠠᠭᠤᠭᠰᠠᠨ ᠶᠣᠮ᠃ ᠡᠶᠢᠮᠦ ᠠᠴᠠ ᠬᠠᠰᠠᠷ ᠤᠨ ᠬᠠᠷᠢᠶᠠᠳᠣ ᠠᠶᠢᠮᠠᠭ ᠤᠨ | ᠳᠣᠮᠳᠠ ᠲᠠᠲ᠋ᠠᠷ ᠣᠪᠣᠭᠳᠠᠨ ᠲᠠᠢ ᠪᠣᠯᠵᠠᠢ᠃ ᠡᠨᠡᠬᠦ ᠦᠯᠡᠳᠡᠭᠰᠡᠨ ᠲᠠᠲ᠋ᠠᠷ ᠨᠢ ᠴᠠᠭᠠᠨ ᠲᠠᠲ᠋ᠠᠷ ᠪᠣᠯᠣᠨ᠎ᠠ᠃ | ︽ᠰᠣᠳᠣᠷ ᠤᠨ ᠴᠢᠭᠤᠯᠭᠠᠨ︾ ᠳᠤ ᠪᠠᠰᠠ ᠨᠢᠬᠡ ᠰᠣᠨᠢᠷᠬᠠᠯᠳᠠᠢ ᠦᠯᠢᠬᠡᠷ ᠢ ᠳᠡᠮᠳᠡᠭᠯᠡᠵᠦ ᠪᠠᠶᠢᠳᠠᠭ᠃ ᠴᠢᠩᠬᠢᠰ | ᠬᠠᠭᠠᠨ ᠤ ᠦᠷᠦᠰᠢᠶᠡᠯ ᠢᠶᠠᠷ ᠶᠢᠰᠦᠯᠦᠨ ᠬᠠᠳᠣᠨ ᠦᠪᠡᠷ ᠤᠨ ᠳᠦᠷᠬᠦᠮ ᠤᠨ ᠳᠣᠳᠣᠭᠤᠭᠤᠳ ᠲᠠᠲ᠋ᠠᠷ ᠠᠶᠢᠮᠠᠭ | ᠠᠴᠠ ᠪᠠᠨ ᠬᠤᠷᠢ ᠪᠠ ᠬᠠᠷ᠎ᠠ ᠮᠡᠩᠬᠡᠳᠦ ᠦᠬᠡ ᠭᠡᠬᠦ ᠠᠬ᠎ᠠ ᠳᠡᠬᠦᠦ ᠬᠤᠶᠠᠷ ᠢ ᠭᠠᠷ ᠳᠣᠣᠷ᠎ᠠ ᠪᠠᠨ ᠪᠠᠭᠤᠷᠴᠢ ︵ | ᠳᠣᠭᠤᠭᠠᠴᠢ︶ ᠪᠠᠷ ᠵᠠᠷᠣᠵᠣ ᠪᠠᠶᠢᠪᠠ᠂ ᠬᠤᠷᠢ ᠨᠢ ᠬᠦᠮᠦᠰ ᠤᠨ ᠢᠳᠡᠭᠡᠯ ᠢ ᠣᠯᠣᠭᠰᠠᠨ ᠳᠣᠯᠨ ᠴᠢᠩᠬᠢᠰ ᠬᠠᠭᠠᠨ | ᠳᠡᠬᠦᠨ ᠢ ᠨᠣᠶᠠᠨ ᠪᠣᠯᠭᠠᠪᠠ ᠬᠤᠵᠢᠮ ᠬᠤᠷᠢ ᠪᠠᠷ ᠳᠣᠯᠣᠢ ᠬᠠᠨ ᠤ ᠣᠷᠳᠣᠨ ᠳᠤ ᠦᠢᠯᠡᠴᠢᠯᠡᠵᠦ ᠪᠠᠶᠢᠪᠠ᠂ ᠰᠡᠬᠦᠯᠡᠷ | ᠨᠢ ᠳᠣᠯᠣᠢ ᠬᠠᠨ ᠤ ᠬᠦᠪᠡᠭᠦᠨ ᠰᠦᠢᠬᠡᠳᠦ ᠶᠢᠨ ᠣᠷᠳᠣᠨ ᠤ ᠨᠣᠶᠠᠨ ᠤ ᠠᠬᠠᠯᠠᠭᠴᠢ ᠪᠣᠯᠪᠠ᠃ ᠡᠬᠦᠨ ᠢ | ᠰᠣᠷᠬᠠᠭᠳᠠᠨᠢ ᠬᠠᠳᠣᠨ ᠬᠦᠪᠡᠭᠦᠳ ᠪᠠ ᠨᠣᠶᠠᠳ ᠤᠨ ᠰᠠᠨᠠᠯ ᠢᠶᠠᠷ ᠰᠣᠩᠭᠤᠭᠰᠠᠨ ᠶᠣᠮ᠃ ᠡᠨᠡᠬᠦ ᠠᠬ᠎ᠠ ᠳᠡᠬᠦᠦ | ᠬᠤᠶᠠᠷ ᠴᠢᠩᠬᠢᠰ ᠤᠨ ᠴᠠᠴᠠᠷ ᠤᠨ ᠡᠮᠦᠨ᠎ᠡ ᠰᠢᠳᠣᠷᠭᠤ ᠪᠠᠷ ᠦᠢᠯᠡᠴᠢᠯᠡᠵᠦ ᠣᠨ ᠣᠳᠣᠭᠰᠠᠨᠠ ᠴᠢᠩᠬᠢᠰ ᠬᠠᠭᠠᠨ | ᠪᠠ ᠶᠢᠰᠦᠯᠦᠨ ︵ᠶᠢᠰᠦᠢ︶ ᠬᠠᠳᠣᠨ ᠤ ᠢᠳᠡᠭᠡᠯ ᠳᠤ ᠶᠡᠬᠡᠳᠡ ᠣᠯᠪᠠ᠂ ᠨᠢᠬᠡᠨ ᠡᠳᠦᠷ ᠶᠢᠰᠦᠯᠦᠨ ᠬᠠᠳᠣᠨ | ᠭᠤᠶᠣᠨ ᠠᠶᠢᠯᠠᠳᠬᠠᠭᠰᠠᠨ ᠨᠢ ︽ᠬᠤᠷᠢ ᠨᠣᠶᠠᠨ ᠬᠢᠭᠡᠳ ᠳᠡᠬᠦᠨ ᠤ ᠳᠡᠬᠦᠦ ᠬᠠᠷ᠎ᠠ ᠮᠡᠩᠬᠡᠳᠦ ᠦᠬᠡ ᠨᠢᠭᠡᠨᠳᠡ | ᠨᠣᠶᠠᠨ ᠵᠡᠷᠭᠡ ᠳᠤ ᠬᠦᠷᠪᠡ᠂ ᠦᠨᠦ ᠳᠠᠭᠠᠯᠳᠠ ᠪᠠᠷ ᠶᠠᠪᠣᠵᠣ ᠶᠠᠪᠣᠳᠠᠯ ᠣᠴᠠᠷ ᠳᠡᠭᠡᠷ᠎ᠡ ᠢᠳᠡᠭᠡᠯ ᠲᠠᠢ ᠪᠣᠯᠪᠠ | ᠳᠡᠳᠡᠨ ᠤ ᠣᠳᠣᠮ ᠣᠭᠰᠠᠭ᠎ᠠ ᠶᠢᠨ ᠠᠬ᠎ᠠ ᠳᠡᠬᠦᠦ ᠪᠠ ᠳᠡᠳᠡᠨ ᠤ ᠠᠶᠢᠮᠠᠭ ᠤᠨ ᠬᠦᠮᠦᠨ ᠪᠦᠷᠢ ᠡᠯ᠎ᠡ ᠭᠠᠵᠠᠷ ᠲᠤ | ᠳᠠᠷᠬᠠᠪᠠ᠂ ᠡᠵᠡᠨ ᠦᠷᠦᠰᠢᠶᠡᠪᠡᠯ ᠬᠠᠮᠤᠭ ᠰᠠᠶᠢᠨ ᠨᠢ ᠵᠠᠷᠯᠢᠭ ᠪᠠᠭᠤᠯᠭᠠᠵᠣ ᠳᠡᠳᠡᠨ ᠢ ᠬᠤᠷᠢᠶᠠᠨ ᠠᠪᠴᠢᠷᠠᠪᠠᠯ | ᠵᠣᠬᠢᠨ᠎ᠠ︾ ᠭᠡᠵᠡᠢ᠃ ᠴᠢᠩᠬᠢᠰ ᠬᠠᠭᠠᠨ ᠶᠢᠰᠦᠯᠦᠨ ᠬᠠᠳᠣᠨ ᠤ ᠦᠬᠡ ᠶᠢ ᠶᠡᠭᠡ ᠠᠪᠳᠠᠭ ᠪᠠᠶᠢᠵᠠᠢ᠂ ︵ᠬᠤᠵᠢᠮ ᠨᠢ | ᠴᠢᠩᠬᠢᠰ ᠬᠠᠭᠠᠨ ᠵᠠᠯᠭᠠᠮᠵᠢᠯᠠᠭᠴᠢ ᠪᠠᠨ ᠰᠣᠩᠭᠤᠬᠤ ᠶᠡᠭᠡ ᠠᠰᠠᠭᠤᠳᠠᠯ ᠳᠡᠭᠡᠷ᠎ᠡ ᠴᠣ᠋ ᠶᠢᠰᠦᠢ ᠬᠠᠳᠣᠨ ᠤ ᠦᠬᠡ ᠪᠠᠷ | ᠪᠣᠯᠭᠠᠵᠣ ᠪᠠᠶᠢᠭᠰᠠᠨ ᠶᠣᠮ︶ ᠳᠡᠭᠡᠭᠡᠳ ᠵᠠᠷᠯᠢᠭ ᠪᠠᠭᠤᠯᠭᠠᠨ ᠦᠯᠡᠳᠡᠨ ᠬᠤᠴᠣᠷᠣᠭᠰᠠᠨ ᠲᠠᠲ᠋ᠠᠷ ᠬᠦᠮᠦᠰ ᠢ | ᠬᠤᠷᠢᠶᠠᠨ ᠠᠪᠴᠢᠷᠠᠵᠣ ᠳᠡᠳᠡᠨ ᠤ ᠣᠶᠢᠷ᠎ᠠ ᠳᠦᠷᠦᠯ ᠤᠨ ᠬᠠᠷᠢᠴᠠᠭ᠎ᠠ ᠪᠠᠶᠢᠬᠤ ᠡᠰᠡᠬᠦ ᠶᠢ ᠦᠯᠦ ᠬᠠᠮᠢᠶᠠᠷᠣᠨ | ᠪᠦᠬᠦᠳᠡ ᠶᠢ ᠬᠤᠷᠢ ᠶᠢᠨ ᠬᠠᠷᠢᠶᠠᠳᠣ ᠪᠣᠯᠭᠠᠨ ᠬᠠᠮᠢᠶᠠᠷᠣᠭᠤᠯᠪᠠ᠃ ᠬᠠᠰᠠᠨ ᠬᠠᠨ ᠳᠡᠳᠡᠨ ᠢ ᠲᠠᠲ᠋ᠠᠷ ᠤᠨ ᠮᠢᠩᠭᠠᠳᠣ | ᠪᠣᠯᠭᠠᠨ ᠳᠣᠬᠢᠷᠠᠭᠤᠯᠵᠣ ᠦᠯᠡᠳᠦ ᠨᠣᠶᠠᠨ ᠲᠤ ᠵᠠᠬᠢᠷᠣᠭᠤᠯᠪᠠ᠃ ᠬᠤᠷᠢ ᠶᠢᠨ ᠬᠦᠪᠡᠬᠦᠨ ᠳᠦᠷᠪᠢ ᠨᠣᠶᠠᠨ ᠳᠦᠷᠪᠢ | ᠶᠢᠨ ᠬᠦᠪᠡᠬᠦᠨ ᠪᠣᠷᠠᠵᠣ᠂ ᠪᠣᠷᠠᠵᠣ ᠶᠢᠨ ᠬᠦᠪᠡᠬᠦᠨ ᠳᠠᠩᠬᠢᠰ ᠢᠯ ᠬᠠᠨᠳᠣ ᠣᠯᠣᠰ ᠲᠤ ᠮᠢᠩᠭᠠᠨ ᠤ ᠨᠣᠶᠠᠨ ᠪᠠᠶᠢᠪᠠ | ᠃ ᠬᠠᠷ᠎ᠠ ᠮᠡᠩᠬᠡᠳᠦ ᠦᠬᠡ ᠨᠢ ᠳᠡᠮᠡᠢ ᠨᠡᠷ᠎ᠡ ᠭᠠᠷᠣᠭᠰᠠᠨ ᠦᠬᠡᠢ ᠭᠡᠪᠡᠴᠦ ᠳᠡᠬᠦᠨ ᠤ ᠬᠦᠪᠡᠭᠦᠨ ᠰᠠᠯᠢ ᠨᠢ ᠮᠦᠩᠬᠡ | ᠬᠠᠭᠠᠨ ᠤ ᠦᠶ᠎ᠡ ᠨᠣᠶᠠᠨ ᠰᠠᠭᠤᠵᠣ᠂ ᠬᠤᠶᠠᠷ ᠳᠦᠮᠡᠨ ᠴᠡᠷᠢᠭ ᠳᠠᠶᠢᠴᠢᠯᠠᠨ ᠦᠯᠡᠬᠦᠦ ᠶᠢᠨ ᠳᠡᠨᠳᠡ ᠡᠯᠴᠢ ᠪᠠᠷ | ᠶᠠᠪᠣᠵᠣ ᠪᠠᠶᠢᠪᠠ᠃ | ᠶᠣᠸᠠᠨ ᠣᠯᠣᠰ ᠤᠨ ᠦᠶ᠎ᠡ ᠳᠤ ᠨᠢᠬᠡ ᠪᠦᠯᠦᠭ ᠲᠠᠲ᠋ᠠᠷ ᠨᠢ ᠬᠠᠰᠠᠷ ᠤᠨ ᠬᠠᠷᠢᠶᠠᠨ ᠳᠤ ᠪᠠᠶᠢᠪᠠ᠂ ᠳᠣᠳᠣᠭᠤᠭᠤᠳ | ᠵᠡᠷᠭᠡ ᠲᠠᠲ᠋ᠠᠷ ᠨᠢ ᠳᠣᠯᠣᠢ ᠶᠢᠨ ᠵᠠᠬᠢᠷᠭᠠᠨ ᠳᠤ ᠪᠠᠶᠢᠪᠠ᠂ ᠪᠠᠰᠠ ᠨᠢᠬᠡ ᠪᠦᠯᠦᠭ ᠨᠢ ᠪᠠᠷᠠᠭᠤᠨᠰᠢ ᠳᠠᠶᠢᠯᠠᠬᠤ ᠴᠡᠷᠢᠭ ᠢ | ᠳᠠᠭᠠᠵᠣ ᠣᠴᠢᠭᠠᠳ ᠢᠯ ᠬᠠᠨᠳᠣ ᠣᠯᠣᠰ ᠲᠤ ᠦᠢᠯᠡᠴᠢᠯᠡᠵᠦ ᠪᠠᠶᠢᠪᠠ᠃ | ᠭᠤᠷᠪᠠ᠂ ᠣᠮᠠᠷᠠᠳᠣ ᠦᠨ ᠣᠯᠣᠰ ᠤᠨ ᠦᠶ᠎ᠡ ᠶᠢᠨ ᠲᠠᠲ᠋ᠠᠷ | ᠣᠮᠠᠷᠠᠳᠣ ᠦᠨ ᠤ ᠦᠶ᠎ᠡ ᠳᠤ ᠮᠢᠩ ᠣᠯᠣᠰ ᠤᠨ ᠬᠢᠨᠢ ᠮᠣᠩᠭᠤᠯᠴᠣᠳ ᠢ ᠪᠠᠷᠠᠭᠤᠨ ᠮᠣᠩᠭᠤᠯ ᠢ ᠨᠢ ᠣᠶᠢᠷᠠᠳ ︵ | ᠸᠠᠯᠠ︶ ᠭᠡᠵᠦ ᠵᠡᠬᠦᠨ ᠮᠣᠩᠭᠤᠯ ᠢ ᠨᠢ ᠲᠠᠲ᠋ᠠᠷ ᠭᠡᠵᠦ ᠪᠠᠶᠢᠪᠠ᠃ ᠣᠴᠠᠷ ᠨᠢ ᠰᠦᠩ ᠣᠯᠣᠰ ᠤᠨ ᠦᠶ᠎ᠡ ᠳᠤ | ᠮᠣᠩᠭᠤᠯ ᠤᠨ ᠦᠨᠳᠦᠷᠯᠢᠭ ᠤᠨ ︽ᠲᠠᠲ᠋ᠠᠷ ᠤᠨ ᠬᠤᠯᠪᠣᠭ᠎ᠠ︾ ᠬᠦᠴᠦᠷᠭᠡᠭ ᠪᠠᠶᠢᠭᠰᠠᠨ ᠣᠴᠠᠷ ᠡᠮᠦᠨᠡᠳᠦ ᠬᠦᠷᠰᠢ | ᠰᠦᠩ ᠣᠯᠣᠰ ᠢ ᠶᠡᠬᠡᠬᠡᠨ ᠨᠦᠯᠦᠭᠡᠯᠡᠭᠰᠡᠨ ᠠᠴᠠ ᠳᠡᠳᠡᠨᠦᠰ ᠤᠨ ᠪᠣᠳᠣᠯ ᠳᠤ ᠲᠠᠲ᠋ᠠᠷ ᠭᠡᠰᠡᠨ ᠰᠠᠭᠤᠭᠳᠠᠯ ᠬᠦᠨ | ᠪᠠᠶᠢᠭᠰᠠᠨ ᠶᠣᠮ᠃ ᠮᠣᠩᠭᠤᠯᠴᠣᠳ ᠳᠣᠮᠳᠠᠳᠣ ᠣᠷᠣᠨ ᠢ ᠡᠵᠡᠯᠡᠵᠦ ᠲᠠᠢ ᠦᠨ ᠣᠯᠣᠰ ᠢ ᠪᠠᠶᠢᠭᠤᠯᠣᠭᠰᠠᠨ ᠠᠴᠠ | ᠰᠡᠬᠦᠯᠡᠷ ᠴᠣ᠋ ᠡᠮᠦᠨᠡᠳᠦ ᠶᠢᠨ ᠨᠠᠩᠬᠢᠶᠠᠳ ᠨᠤᠭᠤᠳ ᠲᠠᠲ᠋ᠠᠷ ᠬᠦᠮᠦᠨ ᠢᠷᠡᠵᠡᠢ ᠯᠡ ᠭᠡᠵᠦ ᠣᠶᠢᠯᠠᠭᠠᠵᠣ ᠪᠠᠶᠢᠭᠰᠠᠨ | ᠶᠣᠮ᠂ ᠶᠠᠪᠣᠭᠠᠨ ᠳᠤ ᠪᠠᠨ ᠮᠣᠩᠭᠤᠯᠴᠣᠳ ᠴᠣ᠋ ᠪᠡᠶ᠎ᠡ ᠪᠠᠨ ᠪᠢᠳᠡ ᠲᠠᠲ᠋ᠠᠷ ᠭᠡᠵᠦ ᠪᠠᠶᠢᠵᠠᠢ᠃ ᠣᠮᠠᠷᠠᠳᠣ ᠦᠨ | ᠣᠯᠣᠰ ᠤᠨ ᠬᠦᠢᠯᠢᠨᠴᠢ ᠬᠠᠨ — ᠦᠷᠦᠭᠳᠡᠮᠡᠷ 1403 ᠣᠨ ᠳᠤ ᠠᠷᠣᠭᠳᠠᠢ ᠳᠠᠶᠢᠱᠢ ᠶᠢᠨ ᠳᠡᠮᠵᠢᠯᠬᠡ ᠪᠠᠷ | ᠬᠠᠭᠠᠨ ᠰᠠᠭᠤᠷᠢᠨ ᠳᠤ ᠰᠠᠭᠤᠵᠣ ︽ᠦᠨ︾ ᠭᠡᠬᠦ ᠣᠯᠣᠰ ᠤᠨ ᠴᠣᠯᠨ ᠶᠢ ᠰᠢᠭᠤᠳ ᠣᠷᠬᠢᠵᠦ ︽ᠲᠠᠲ᠋ᠠᠷ ᠣᠯᠣᠰ | ︾ ᠭᠡᠰᠡᠨ ᠨᠡᠷ᠎ᠡ ᠠᠪᠣᠪᠠ᠂ ᠢᠩᠬᠢᠭᠡᠳ ᠠᠷᠢᠭᠪᠣᠬ᠎ᠠ ᠶᠢᠨ ᠣᠳᠣᠮ ᠢᠶᠠᠷ ᠭᠤᠣᠯᠯᠠᠭᠰᠠᠨ ᠪᠠᠷᠠᠭᠤᠨ ᠮᠣᠩᠭᠤᠯ ᠪᠠ | ᠬᠤᠪᠢᠯᠠᠢ ᠶᠢᠨ ᠣᠳᠣᠮ ᠨᠢᠷᠣᠭᠤᠯᠣᠭᠰᠠᠨ ᠵᠡᠬᠦᠨ ᠮᠣᠩᠭᠤᠯ ᠪᠣᠯᠣᠨ ᠰᠠᠯᠵᠣ ᠮᠣᠩᠭᠤᠯ ᠤᠨ ᠬᠦᠴᠦᠨ ᠳᠣᠷᠣᠶᠢᠳᠠᠵᠠᠢ | ᠃ | ᠡᠷᠳᠡᠮᠳᠡᠳ ᠤᠨ ᠰᠣᠳᠣᠯᠣᠭᠰᠠᠨ ᠢᠶᠠᠷ ᠴᠠᠬᠠᠷ ᠳᠦᠮᠡᠨ ᠢ ᠮᠣᠩᠭᠤᠯ ᠰᠣᠷᠪᠣᠯᠵᠢ ᠳᠤ ᠪᠠᠰᠠ ︽ᠬᠠᠭᠤᠴᠢᠨ ᠴᠠᠬᠠᠷ︾ | ᠭᠡᠳᠡᠭ ᠨᠢ ᠰᠣᠷᠬᠠᠭᠳᠠᠨᠢ ᠪᠠᠬᠢ ᠬᠠᠳᠣᠨ ᠤ ᠬᠠᠷᠢᠶᠠᠨ ᠳᠤ ᠪᠠᠶᠢᠭᠰᠠᠨ ᠬᠠᠭᠠᠨ ᠤ ᠰᠢᠳᠡᠷ ᠳᠦᠮᠡᠳᠦ ᠠᠴᠠ ᠢᠷᠡᠯ | ᠲᠠᠢ ᠭᠡᠰᠡᠨ ᠨᠣᠳᠠᠯᠠᠯᠳᠠ ᠨᠢ ᠪᠠᠳᠣᠳᠠᠢ ᠪᠣᠯ ᠶᠣᠸᠠᠨ ᠣᠯᠣᠰ ᠮᠦᠬᠦᠳᠡᠯᠡ ᠲᠠᠲ᠋ᠠᠷ ᠠᠶᠢᠮᠠᠭ ᠨᠢ ᠰᠢᠭᠤᠳ ᠶᠡᠭᠡ | ᠬᠠᠭᠠᠨ ᠤ ᠵᠠᠬᠢᠷᠭᠠᠨ ᠳᠣᠣᠷ᠎ᠠ ᠦᠢᠯᠡᠴᠢᠯᠡᠵᠦ ᠪᠠᠶᠢᠵᠠᠢ᠃ ᠠᠷᠪᠠᠨ ᠳᠣᠯᠣᠳᠣᠭᠠᠷ ᠵᠠᠭᠤᠨ ᠤ ᠦᠶ᠎ᠡ ᠳᠤ | ᠪᠢᠴᠢᠭᠳᠡᠭᠰᠡᠨ ᠮᠣᠩᠭᠤᠯ ᠰᠣᠷᠪᠣᠯᠵᠢ ᠳᠤ ᠲᠠᠲ᠋ᠠᠷ ᠴᠠᠬᠠᠷ ᠤᠨ ᠨᠢᠬᠡ ᠣᠳᠤᠭ ᠤᠨ ᠬᠤᠪᠢ ᠪᠠᠷ ᠳᠣᠷᠠᠳᠣᠭᠳᠠᠳᠠᠭ ᠨᠢ | ᠡᠶᠢᠮᠦ ᠣᠴᠠᠷ ᠶᠣᠮ᠃ ︽ᠡᠷᠳᠡᠨ ᠤ ᠮᠣᠩᠭᠤᠯ ᠤᠨ ᠬᠠᠳ ᠤᠨ ᠦᠨᠳᠦᠰᠦᠨ ᠤ ᠶᠡᠭᠡ ᠰᠢᠷ᠎ᠠ ᠳᠣᠭᠤᠵᠢ ᠤᠷᠤᠰᠢᠪᠠ | ︾ ᠶᠢᠨ ᠳᠠᠶᠢᠯᠪᠣᠷᠢ ᠳᠤ ᠲᠡᠮᠳᠡᠭᠯᠡᠭᠰᠡᠨ ᠢᠶᠠᠷ ᠪᠣᠯ ᠪᠠᠳᠣᠮᠦ᠋ᠩᠬᠡ ᠳᠠᠶᠠᠨ ᠬᠠᠭᠠᠨ ᠤ ᠦᠶ᠎ᠡ ᠳᠤ ᠴᠠᠬᠠᠷ ᠲᠦᠮᠡᠨ | ᠵᠡᠭᠦᠨ ᠪᠠᠷᠠᠭᠤᠨ ᠭᠠᠷ ᠭᠡᠵᠦ ᠨᠠᠢᠮᠠᠨ ᠤᠳᠤᠭ ᠬᠤᠪᠢᠶᠠᠵᠣ ᠪᠠᠶᠢᠵᠠᠢ᠃ ᠵᠡᠬᠦᠨ ᠭᠠᠷ ᠤᠨ ᠳᠦᠷᠪᠡᠨ ᠤᠳᠤᠭ ᠨᠢ | ᠠᠯᠠᠭᠴᠤᠳ᠂ ᠠᠣᠬᠠᠨ᠂ ᠨᠠᠢᠮᠠᠨ᠂ ᠬᠡᠰᠢᠭᠳᠡᠨ᠂ ᠲᠠᠲ᠋ᠠᠷ᠃ ᠪᠠᠷᠠᠭᠤᠨ ᠭᠠᠷ ᠤᠨ ᠳᠦᠷᠪᠡᠨ ᠤᠳᠤᠭ ᠨᠢ | ᠬᠠᠭᠤᠴᠢᠳ᠂ ᠬᠡᠮᠵᠢᠭᠦᠳ᠂ ᠰᠦᠨᠢᠳ᠂ ᠦᠵᠦᠮᠦᠴᠢᠨ ᠪᠠᠶᠢᠵᠠᠢ᠃ ᠢᠰᠢᠪᠠᠯᠵᠣᠣᠷ ᠤᠨ ᠪᠢᠴᠢᠭᠰᠡᠨ ︽ | ᠭᠠᠯᠪᠠᠷᠠᠭᠴᠠ ᠶᠢᠨ ᠮᠣᠳᠣᠨ︾ ᠭᠡᠬᠦ ᠰᠣᠳᠣᠷ ᠲᠤ ︽ᠪᠠᠳᠦᠮᠦᠩᠬᠡ ᠳ᠋ᠠᠶᠠᠨ ᠬᠠᠭᠠᠨ ᠳᠦᠴᠢᠨ ᠨᠠᠢᠮᠠᠨ ᠵᠢᠯ ᠰᠠᠭᠤᠵᠣ | ᠪᠠᠷᠠᠭᠤᠨ ᠭᠤᠷᠪᠠᠨ ᠠᠶᠢᠮᠠᠭ᠎ᠠ ᠵᠡᠬᠦᠨ ᠭᠤᠷᠪᠠᠨ ᠠᠶᠢᠮᠠᠭ ᠯᠤᠭ᠎ᠠ ᠵᠢᠷᠭᠤᠭᠠᠨ ᠠᠶᠢᠮᠠᠭ ᠬᠢᠭᠡᠳ ᠬᠡᠰᠢᠭ ᠳᠡᠨ ︵ | ᠬᠡᠰᠢᠭᠳᠡᠨ︶᠂ ᠠᠣ ᠬᠤᠸᠠᠩ ︵ᠠᠣᠬᠠᠨ︶᠂ ᠨᠠᠢᠮᠠᠨ᠂ ᠳᠠᠳᠠᠷ ᠡᠪᠦᠷ ︵ᠦᠪᠦᠷ︶ ᠳᠦᠷᠪᠡᠨ ᠬᠤᠰᠢᠭᠤᠨ ︵ | ᠣᠳᠤᠭ︶ ᠬᠠᠭᠤᠴᠢᠳ᠂ ᠬᠡᠮᠵᠢᠬᠦᠳ᠂ ᠠᠯᠠᠭᠴᠣᠣᠯ᠂ ᠦᠵᠦᠮᠦᠴᠢᠨ ᠨᠠᠢᠮᠠᠨ ᠬᠤᠰᠢᠭᠤᠨ ︵ᠣᠳᠤᠭ︶ ᠪᠠ | ᠠᠷᠪᠠᠨ ᠭᠤᠷᠪᠠᠨ ᠳᠦᠮᠡᠨ ᠴᠡᠷᠢᠭ ᠲᠤᠷ ᠡᠷᠬᠡᠰᠢᠶᠡᠪᠡᠢ ᠬᠡᠮᠡᠬᠦ ᠪᠦᠭᠡᠳ ᠁︾ ᠭᠡᠳᠡᠯ᠎ᠡ ᠳᠠᠷᠮ᠎ᠠ ᠬᠦᠦᠰᠢ ᠶᠢᠨ | ᠵᠣᠬᠢᠶᠠᠭᠰᠠᠨ ︽ᠠᠯᠳᠠᠨ ᠬᠦᠷᠳᠦᠨ ᠮᠢᠩᠭᠠᠨ ᠬᠡᠬᠡᠰᠦᠳᠦ︾ ᠪᠢᠴᠢᠭ ᠲᠤ ᠴᠠᠬᠠᠷ ᠤᠨ ᠨᠠᠢᠮᠠᠨ ᠣᠳᠣ ᠢ ︽ᠠᠣᠬᠠᠨ᠂ | ᠨᠠᠶᠢᠮᠠᠨ ᠰᠦᠨᠢᠳ᠂ ᠦᠵᠦᠮᠦᠴᠢᠨ ᠦᠯᠬᠡ ᠶᠢᠨ ᠵᠡᠬᠦᠨ ᠳᠦᠷᠪᠡᠨ ᠣᠳᠤᠭ ᠪᠣᠢ᠂ ᠵᠣᠶᠢᠳ᠂ ᠪᠣᠷᠣᠳ᠂ ᠠᠯᠠᠭ᠂ | ᠠᠯᠠᠭᠴᠣᠣᠯ ᠡᠳᠡ ᠠᠷᠣ ᠶᠢᠨ ᠪᠠᠷᠠᠭᠤᠨ ᠳᠦᠷᠪᠡᠨ ᠣᠳᠤᠭ ᠬᠡᠮᠡᠮᠣᠢ︾ ᠭᠡᠰᠡᠨ ᠳᠡᠮᠳᠡᠭᠯᠡᠯ ᠪᠠᠶᠢᠳᠠᠭ᠂ ᠠᠳᠡ ᠴᠠᠬᠠᠷ | ᠨᠠᠢᠮᠠᠨ ᠤᠳᠤᠭ ᠤᠨ ᠪᠦᠷᠢᠯᠳᠦᠭᠦᠨ ᠳᠤ ᠶᠡᠬᠡᠬᠡᠨ ᠬᠤᠪᠢᠷᠠᠯᠳᠠ ᠭᠠᠷᠴᠤ ᠤᠣᠯ ᠤᠨ ᠪᠠᠷᠠᠭᠤᠨ ᠭᠠᠷ ᠤᠨ ᠵᠣᠶᠢᠳ᠂ | ᠪᠣᠷᠣᠳ᠂ ᠠᠯᠠᠭ ᠤᠳᠤᠭ ᠨᠢ ᠬᠠᠭᠤᠴᠢᠳ᠂ ᠬᠡᠮᠵᠢᠭᠦᠳ ᠬᠤᠶᠠᠷ ᠤᠳᠤᠭ ᠢᠶᠠᠷ ᠣᠷᠣᠯᠠᠭᠳᠠᠪᠠ᠃ ᠪᠠᠰᠠ ᠳᠠᠶᠠᠨ | ᠬᠠᠭᠠᠨ ᠤ ᠨᠠᠢᠮᠠᠳᠣᠭᠠᠷ ᠬᠦᠪᠡᠭᠦᠨ ᠠᠷᠣᠪᠣᠯᠣᠳ ᠨᠢ ᠴᠠᠬᠠᠷ ᠲᠦᠮᠡᠨ ᠤ ᠬᠠᠭᠤᠴᠢᠨ ᠤᠳᠤᠭ ᠢ ᠡᠵᠡᠯᠡᠵᠦ᠂ | ᠠᠷᠪᠠᠳᠣᠭᠠᠷ ᠬᠦᠪᠡᠭᠦᠨ ᠭᠡᠷᠡᠪᠣᠯᠣᠳ ᠬᠠᠭᠤᠴᠢᠳ ᠢ ᠡᠵᠡᠯᠡᠵᠦ ᠰᠠᠭᠤᠭᠰᠠᠨ ᠪᠠᠶᠢᠵᠠᠢ᠃ ᠰᠣᠷᠪᠣᠯᠵᠢ ᠪᠢᠴᠢᠭ ᠲᠤ | ᠴᠠᠬᠠᠷ ᠤᠨ ᠨᠠᠶᠢᠮᠠᠨ ᠣᠳᠤᠭ ᠢ ᠦᠭᠡᠷ᠎ᠡ ᠦᠭᠡᠷ᠎ᠡ ᠪᠠᠷ ᠳᠡᠮᠳᠡᠭᠯᠡᠵᠦ ᠪᠠᠶᠢᠭᠰᠠᠨ ᠨᠢ ᠳᠡᠳᠡᠭᠡᠷ ᠣᠳᠤᠭ ᠤᠨ | ᠪᠦᠷᠢᠯᠳᠦᠬᠦᠨ ᠶᠡᠬᠡᠬᠡᠨ ᠬᠤᠪᠢᠷᠠᠯᠳᠠ ᠭᠠᠷᠴᠣ ᠪᠠᠶᠢᠭᠰᠠᠨ ᠲᠠᠢ ᠬᠤᠯᠪᠣᠭ᠎ᠠ ᠲᠠᠢ᠂ ᠠᠷᠣ ᠪᠣᠯᠣᠳ᠂ ᠠᠯᠪᠣᠷᠠ᠂ | ᠠᠯᠪᠣᠯᠣᠳ ᠪᠣᠯ ᠨᠢᠬᠡ ᠯᠡ ᠬᠦᠮᠦᠨ ᠤ ᠨᠡᠷ᠎ᠡ ᠶᠢᠨ ᠬᠡᠳᠦᠨ ᠣᠨᠳᠣᠣ ᠪᠢᠴᠢᠯᠬᠡ᠂ ᠯᠣᠪᠰᠠᠩᠳᠠᠨᠵᠢᠨ ᠤ ︽ᠠᠯᠳᠠᠨ | ᠳᠣᠪᠴᠢ︾ ᠳᠤ ᠡᠶᠢᠮᠦᠷᠬᠦ ᠳᠡᠮᠳᠡᠭᠯᠡᠯ ᠪᠣᠢ ︽ᠠᠯᠪᠣᠷᠠ ᠶᠢᠨ ᠬᠦᠪᠡᠬᠦᠨ ᠠᠵᠣ᠂ ᠰᠢᠷ᠎ᠠ ᠬᠤᠶᠠᠷ ᠳᠡᠬᠦᠨ ᠤ ᠦᠷ᠎ᠡ | ᠴᠠᠭᠠᠨ ᠲᠠᠲ᠋ᠠᠷ ᠤᠨ ᠨᠣᠶᠠᠳ ᠪᠣᠶᠣ᠂ ᠴᠢᠩ ᠳᠠᠶᠢᠵᠢ ᠶᠢᠨ ᠬᠦᠪᠡᠬᠦᠨ ᠳᠣᠩᠰᠢ᠂ ᠴᠢᠩᠯᠢ ᠬᠤᠶᠠᠷ ᠳᠡᠬᠦᠨ ᠤ ᠦᠷ᠎ᠡ | ᠬᠠᠷ᠎ᠠ ᠲᠠᠲ᠋ᠠᠷ ᠤᠨ ᠨᠣᠶᠠᠳ ᠪᠣᠢ︾ ᠠᠳᠡ ᠴᠠᠭᠠᠨ ᠲᠠᠲ᠋ᠠᠷ ᠪᠠ ᠬᠠᠷ᠎ᠠ ᠲᠠᠲ᠋ᠠᠷ ᠭᠡᠵᠦ ᠬᠤᠪᠢᠶᠠᠨ ᠬᠡᠯᠡᠪᠡ᠃ ᠳᠡᠭᠡᠪᠡᠯ | ︽ᠠᠯᠳᠠᠨ ᠬᠦᠷᠳᠦᠨ ᠮᠢᠩᠭᠠᠨ ᠬᠡᠬᠡᠰᠦᠳᠦ︾ ᠪᠠᠰᠠ ︽ᠳᠠᠶᠠᠨ ᠬᠠᠨ ᠤ ᠳᠣᠯᠣᠳᠣᠭᠠᠷ ᠬᠦᠪᠡᠬᠦᠨ ᠠᠯᠪᠣᠯᠣᠳ | ᠠᠰᠣᠳ᠂ ᠰᠢᠷᠨᠣᠳ᠂ ᠳᠠᠷᠢ ᠮᠢᠩᠭᠠᠨ ᠡᠳᠡᠨ ᠢ ᠳᠠᠷᠣᠭᠠᠯᠠᠭᠰᠠᠨ᠂ ᠠᠯᠪᠣᠯᠣᠳ ᠠᠴᠠ ᠠᠵᠣ ᠳᠠᠶᠢᠵᠢ᠂ ᠰᠢᠷ᠎ᠠ | ᠳᠠᠶᠢᠵᠢ᠂ ᠪᠦᠬᠡ ᠳᠠᠶᠢᠵᠢ᠂ ᠮᠣᠯᠣᠨ ᠳᠠᠶᠢᠵᠢ ᠳᠦᠷᠪᠡᠬᠦᠯᠨ︾ ᠭᠡᠵᠦ ᠪᠣᠢ ᠡᠬᠦᠨ ᠠᠴᠠ ᠮᠡᠳᠡᠵᠦ ᠪᠣᠯᠬᠤ ᠨᠢ | ᠴᠠᠭᠠᠨ ᠲᠠᠲ᠋ᠠᠷ ᠭᠡᠳᠡᠭ ᠨᠢ ᠴᠠᠬᠠᠷ ᠤᠨ ᠬᠠᠷᠢᠶᠠᠳᠣ ᠠᠰᠣᠳ᠂ ᠰᠢᠷᠨᠣᠳ᠂ ᠳᠠᠷᠢ ᠮᠢᠩᠭᠠᠨ ᠢ ᠬᠠᠮᠳᠣᠷᠠᠭᠤᠯᠣᠨ | ᠵᠢᠭᠠᠵᠣ ᠪᠠᠶᠢᠵᠠᠢ᠃ ᠴᠠᠭᠠᠨ ᠲᠠᠲ᠋ᠠᠷ ᠨᠢ ᠴᠠᠬᠠᠷ ᠳᠦᠮᠡᠨ ᠤ ᠬᠠᠷᠢᠶᠠᠳᠣ ᠣᠳᠤᠭ ᠪᠠᠶᠢᠭᠰᠠᠨ ᠨᠢ ᠮᠠᠳᠠᠭ ᠦᠬᠡᠢ | ᠪᠣᠯᠵᠠᠢ᠃ ᠣᠮᠠᠷᠠᠳᠣ ᠦᠨ ᠤ ᠰᠡᠬᠦᠯᠴᠢ ᠪᠠᠷ ᠪᠢᠴᠢᠭᠳᠡᠭᠰᠡᠨ ︽ᠡᠷᠳᠡᠨᠢ ᠶᠢᠨ ᠳᠣᠪᠴᠢ︾ ᠳᠤ ︽ᠪᠠᠶᠠᠨᠳᠠᠷ᠎ᠠ ᠰᠢᠮ | ᠪᠡᠴᠢᠨ ᠵᠢᠯ ᠲᠠᠢ᠂ ᠴᠠᠬᠠᠷ ᠤᠨ ᠴᠠᠭᠠᠨ ᠲᠠᠲ᠋ᠠᠷ ᠳᠡᠭᠡᠷ᠎ᠡ︾ ᠭᠡᠵᠦ ᠳᠣᠳᠣᠷᠬᠠᠢ ᠳᠡᠮᠳᠡᠭᠯᠡᠵᠦ ᠪᠣᠢ᠂ ᠠᠳᠡ | ᠳᠣᠷᠠᠳᠣᠭᠳᠠᠨ ᠪᠦᠬᠦᠢ ᠪᠠᠶᠠᠨᠳᠠᠷ᠎ᠠ ᠪᠣᠯ ᠪᠠᠷᠰᠪᠣᠯᠣᠳ ᠤᠨ ᠳᠦᠷᠪᠡᠳᠦᠭᠡᠷ ᠬᠦᠪᠡᠬᠦᠨ ᠪᠣᠯᠣᠨ᠎ᠠ ᠪᠠᠰᠠ ᠪᠠᠶᠠᠨᠳᠠᠷ᠎ᠠ | ᠨᠠᠷᠢᠨ ᠳᠠᠶᠢᠵᠢ ᠭᠡᠳᠡᠭ᠂ ᠵᠠᠷᠢᠮ ᠪᠢᠴᠢᠭ ᠲᠤ ᠰᠢᠭᠤᠳ ᠨᠠᠷᠢᠨ ᠨᠠᠶᠢᠵᠢ ᠭᠡᠵᠦ ᠳᠡᠮᠳᠡᠭᠯᠡᠭᠰᠡᠨ ᠵᠦᠢᠯ ᠴᠣ᠋ ᠪᠣᠢ᠂ | ᠪᠠᠷᠰᠪᠣᠯᠣᠳ ᠳᠠᠶᠠᠨ ᠬᠠᠭᠠᠨ ᠤ ᠳᠠᠷᠠᠭ᠎ᠠ ᠨᠢᠬᠡ ᠰᠠᠷ᠎ᠠ ᠬᠠᠭᠠᠨ ᠰᠠᠭᠤᠭᠰᠠᠨ ᠶᠣᠮ᠂ ᠡᠶᠢᠮᠦ ᠠᠴᠠ ᠴᠠᠬᠠᠷ ᠳᠦᠮᠡᠨ | ᠤ ᠬᠠᠷᠢᠶᠠᠳᠣ ᠳᠡᠬᠦᠨ ᠤ ᠦᠷ᠎ᠡ ᠬᠡᠦᠬᠡᠳ ᠳᠤ ᠣᠴᠢᠬᠤ ᠪᠣᠯᠣᠯᠴᠠᠭ᠎ᠠ ᠶᠡᠭᠡ ᠪᠠᠶᠢᠭᠰᠠᠨ ᠶᠣᠮ᠃ ︽ᠭᠠᠩᠭ᠎ᠠ ᠶᠢᠨ | ᠣᠷᠣᠰᠬᠠᠯ︾ ᠳᠤ ︽ᠳᠠᠶᠠᠨ ᠬᠠᠨ ᠳᠡᠭᠷᠢ ᠪᠣᠯᠣᠭᠰᠠᠨ ᠬᠤᠶᠢᠨ᠎ᠠ ᠪᠣᠳᠢ ᠬᠤᠩ ᠳᠠᠶᠢᠵᠢ ᠪᠠᠭ᠎ᠠ ᠳᠣᠯᠨ ᠪᠠᠷᠰᠪᠣᠯᠣᠳ | ᠨᠢᠬᠡ ᠰᠠᠷ᠎ᠠ ᠶᠡᠭᠡ ᠣᠷᠣ ᠰᠠᠭᠤᠭᠠᠳ ᠬᠤᠴᠣᠷᠣᠭᠰᠠᠨ ᠳᠤ︾ ᠭᠡᠰᠡᠨ ᠨᠣᠳᠠᠳᠠᠢ ᠳᠡᠮᠳᠡᠭᠯᠡᠯ ᠪᠣᠢ᠂ ᠪᠠᠰᠠ ︽ᠳᠠᠶᠣᠨ | ᠬᠠᠨ ᠤ ᠳᠦᠳᠦᠭᠡᠷ ᠬᠦᠪᠡᠭᠦᠨ ︵ᠦᠨᠡᠨᠳᠡᠭᠡᠨ ᠭᠤᠷᠪᠠᠳᠣᠭᠠᠷ ᠨᠢ ᠠᠳᠡ ᠳᠠᠰᠢᠶᠠᠷᠠᠵᠣᠬᠤᠢ︶ ᠪᠠᠷᠰᠪᠣᠯᠣᠳ᠂ | ᠳᠡᠬᠦᠨᠦ ᠬᠦᠪᠡᠬᠦᠨ ᠮᠡᠷᠭᠡᠨ ᠬᠠᠷ᠎ᠠ ᠵᠢᠨᠦᠩ᠂ ᠳᠡᠬᠦᠨᠦ ᠬᠦᠮᠦᠯᠨ ᠵᠢᠨᠦᠩ᠂ ᠬᠦᠪᠡᠬᠦᠨ ᠠᠴᠠ ᠠᠬᠠᠮᠠᠳ ᠠᠨᠣ ᠬᠦᠨ | ᠪᠢᠯᠢᠭ ᠮᠡᠷᠭᠡᠨ ᠵᠢᠨᠦᠩ ᠣᠷᠳᠣᠰ ᠢ ᠳᠠᠷᠣᠭᠠᠯᠠᠪᠠᠢ᠂ ᠭᠤᠳᠠᠭᠠᠷ ᠬᠦᠪᠡᠬᠦᠨ ᠯᠠᠪᠣᠭ ᠳᠠᠶᠢᠵᠢ ᠦᠬᠦᠰᠢᠨ ᠢ | ᠳᠠᠷᠣᠭᠠᠯᠪᠠᠢ᠂ ᠳᠦᠳᠦᠭᠡᠷ ᠬᠦᠪᠡᠬᠦᠨ ᠠᠷᠠᠨ ᠳᠠᠶᠢᠵᠢ ᠴᠠᠭᠠᠨ ᠲᠠᠲ᠋ᠠᠷ ᠢ ᠳᠠᠷᠣᠭᠠᠯᠠᠪᠠᠢ︾ ᠭᠡᠪᠡ᠂ ᠠᠳᠡ ᠬᠡᠯᠡᠵᠦ | ᠪᠠᠶᠢᠭ᠎ᠠ ᠠᠷᠠᠨ ᠳᠠᠶᠢᠵᠢ ᠪᠣᠯ ᠳᠠᠷᠣᠢ ᠪᠠᠶᠠᠨᠳᠠᠷ᠎ᠠ ᠨᠠᠷᠢᠨ ᠳᠠᠶᠢᠵᠢ ᠪᠣᠯᠣᠨ᠎ᠠ᠃ | ᠣᠮᠠᠷᠠᠳᠣ ᠦᠨ ᠣᠯᠣᠰ ᠤᠨ ᠦᠶ᠎ᠡ ᠳᠤ ᠮᠢᠩ ᠣᠯᠣᠰ ᠤᠨ ᠬᠢᠨᠢ ᠪᠦᠬᠦᠶᠢᠯᠨ ᠮᠣᠩᠭᠤᠯ ᠢ ᠪᠠᠷᠠᠭᠤᠨ ᠮᠣᠩᠭᠤᠯ ᠢ | ᠨᠢ ᠸᠠᠯᠨ — ᠣᠶᠢᠷᠠᠳ ᠮᠣᠩᠭᠤᠯ ᠭᠡᠵᠦ ᠵᠡᠬᠦᠨ ᠮᠣᠩᠭᠤᠯ ᠢ ᠲᠠᠲ᠋ᠠᠷ ᠮᠣᠩᠭᠤᠯ ᠭᠡᠵᠦ ᠳᠠᠭᠤᠳᠠᠵᠣ ᠪᠠᠶᠢᠪᠠ᠂ ᠬᠠᠷ᠎ᠠ | ᠲᠠᠲ᠋ᠠᠷ ᠭᠡᠳᠡᠭ ᠨᠢ ᠳᠠᠷᠣᠢ ᠮᠣᠩᠭᠤᠯ ᠬᠦᠮᠦᠨ ᠢ ᠵᠢᠭᠠᠵᠣ ᠪᠠᠶᠢᠪᠠ᠂ ᠴᠠᠭᠠᠨ ᠲᠠᠲ᠋ᠠᠷ ᠭᠡᠳᠡᠭ ᠨᠢ ᠮᠣᠩᠭᠤᠯ ᠤᠨ ᠨᠢᠬᠡ | ᠣᠪᠣᠭ ᠠᠶᠢᠮᠠᠭ ᠢ ᠵᠢᠭᠠᠬᠤ ᠪᠣᠯᠵᠠᠢ᠂ ᠳᠠᠷᠣᠢ ᠳᠠᠷᠢ ᠮᠢᠩᠭᠠᠨ᠂ ᠰᠢᠪᠠᠭᠤᠴᠢᠨ᠂ ᠬᠡᠷᠡᠨᠦᠬᠦᠳ᠂ ᠣᠩᠭᠤᠳ ᠵᠡᠷᠭᠡ | ᠠᠶᠢᠮᠠᠭ ᠣᠳᠤᠭ ᠤᠨ ᠶᠡᠷᠦᠩᠬᠡᠢ ᠨᠡᠷᠡᠶᠢᠳᠦᠯ ᠪᠣᠯᠣᠭᠰᠠᠨ ᠪᠠᠶᠢᠨ᠎ᠠ᠃ | ᠳᠦᠷᠪᠡ᠂ ᠴᠠᠭᠠᠨ ᠲᠠᠲ᠋ᠠᠷ ᠤᠨ ᠳᠣᠬᠠᠢ | ᠳᠡᠦᠬᠡᠨ ᠳᠡᠭᠡᠷ᠎ᠡ ᠣᠩᠭᠤᠳ ᠵᠡᠷᠭᠡ ᠠᠶᠢᠮᠠᠭ ᠢ ᠬᠠᠮᠳᠣᠷᠠᠭᠤᠯᠣᠭᠠᠳ ︽ᠴᠠᠭᠠᠨ ᠲᠠᠲ᠋ᠠᠷ︾ ᠭᠡᠳᠡᠭ᠂ ᠬᠢᠳᠡᠳ | ᠭᠠᠵᠠᠷ ᠲᠠᠢ ᠣᠶᠢᠷᠬᠠᠨ ᠰᠠᠭᠤᠵᠣ ᠳᠠᠷᠢᠶᠠᠯᠬᠤ ᠰᠣᠶᠣᠯ ᠤᠨ ᠨᠦᠯᠦᠬᠡ ᠬᠦᠯᠢᠶᠡᠭᠰᠡᠨ ᠢ ᠨᠢ ᠴᠠᠭᠠᠨ ᠲᠠᠲ᠋ᠠᠷ ᠭᠡᠵᠦ᠂ | ᠠᠷᠣ ᠭᠤᠪᠢ ᠪᠠᠷ ᠰᠠᠭᠤᠵᠣ ᠠᠩ ᠬᠦᠷᠦᠬᠡ ᠪᠠᠷ ᠭᠤᠣᠯ ᠪᠣᠯᠭᠠᠵᠣ ᠪᠠᠶᠢᠭᠰᠠᠨ ᠢ ᠨᠢ ᠬᠠᠷ᠎ᠠ ᠲᠠᠲ᠋ᠠᠷ ᠭᠡᠵᠦ ᠪᠠᠶᠢᠵᠠᠢ᠂ | ᠪᠠᠰᠠ ᠠᠮᠢᠳᠣᠷᠠᠯ ᠤᠨ ᠵᠣᠷᠰᠢᠯ ᠢᠶᠠᠷ ᠨᠢ ︽ᠪᠣᠯᠣᠭᠰᠠᠨ ᠪᠣᠳᠠᠭ᠎ᠠ ᠢᠳᠡᠳᠡᠭ︾ ᠢ ᠪᠣᠯᠪᠠᠰᠣᠨ ᠲᠠᠲ᠋ᠠᠷ ᠭᠡᠵᠦ | ᠳᠦᠬᠦᠢ ᠮᠢᠬ᠎ᠠ ᠢᠳᠡᠳᠡᠭ ᠢ ︽ᠳᠦᠬᠦᠬᠡᠢ ᠲᠠᠲᠠᠷ︾ ᠭᠡᠵᠦ ᠪᠠᠶᠢᠪᠠ᠂ ᠵᠠᠩ ᠠᠷᠠᠨᠰᠢᠨ ᠢᠶᠠᠷ ᠨᠢ ᠪᠠᠰᠠ ᠳᠦᠬᠦᠬᠡᠢ | ᠲᠠᠲ᠋ᠠᠷ ᠢᠶᠠᠨ ︽ᠵᠡᠷᠯᠢᠭ ᠲᠠᠲ᠋ᠠᠷ︾ ᠭᠡᠳᠡᠭ ᠪᠠᠶᠢᠭᠰᠠᠨ᠂ ᠭᠡᠳᠡᠯ᠎ᠡ ᠠᠷᠪᠠᠨ ᠳᠣᠯᠣᠳᠣᠭᠠᠷ ᠵᠠᠭᠤᠨ ᠤ ᠦᠶ᠎ᠡ ᠳᠤ | ᠪᠢᠴᠢᠭᠳᠡᠭᠰᠡᠨ ᠰᠣᠷᠪᠣᠯᠵᠢ ᠪᠢᠴᠢᠭ ᠲᠤ ᠭᠠᠷᠳᠠᠭ ᠴᠠᠭᠠᠨ ᠲᠠᠲ᠋ᠠᠷ ᠪᠣᠯ ᠢᠯᠭᠠᠭ᠎ᠠ ᠲᠠᠢ ᠶᠣᠮ᠂ ᠳᠡᠭᠡᠷ᠎ᠡ ᠦᠬᠦᠯᠡᠭᠰᠡᠨ | ︽ᠠᠰᠣᠳ᠂ ᠰᠠᠷᠬᠤᠳ ︵ᠰᠢᠷᠨᠣᠳ ᠤᠨ ᠳᠠᠰᠢᠶ᠎ᠠ ᠪᠢᠴᠢᠯᠬᠡ︶᠂ ᠳᠠᠷᠢ ᠮᠢᠩᠭᠠᠨ︾ ᠣᠩᠭᠤᠳ ᠠᠶᠢᠮᠠᠭ ᠠᠴᠠ | ᠰᠠᠯᠪᠣᠷᠢᠯᠠᠵᠦ ᠢᠷᠡᠭᠰᠡᠨ ᠣᠪᠣᠭ ᠠᠶᠢᠮᠠᠭ ᠪᠣᠯᠣᠨ᠎ᠠ᠃ ᠴᠠᠭᠠᠨ ᠲᠠᠲ᠋ᠠᠷ ᠨᠢ ᠠᠯᠪᠣᠯᠣᠳ ᠤᠨ ᠬᠠᠷᠢᠶᠠᠨ ᠳᠤ | ᠣᠷᠣᠭᠰᠠᠨ ᠤ ᠳᠠᠷᠠᠭ᠎ᠠ ᠳᠡᠬᠦᠨ ᠤ ᠨᠣᠳᠤᠭ ᠨᠢ ︽ᠰᠢᠣᠸᠠᠨ ᠹᠦ᠋ ᠬᠤᠳᠠ ᠶᠢᠨ ᠬᠠᠷᠢᠶ᠎ᠠ ᠴᠢᠭᠤᠯᠣᠯᠳᠦ ᠬᠠᠭᠠᠯᠭ᠎ᠠ | ᠠᠴᠠ ᠦᠷᠦᠭᠡᠰᠦᠨ ᠴᠢᠯᠠᠭᠤᠨ ᠬᠠᠭᠠᠯᠭ᠎ᠠ ᠶᠢᠨ ᠬᠢᠯᠢ ᠶᠢᠨ ᠭᠠᠳᠠᠨ᠎ᠠ ᠨᠣᠳᠣᠭᠯᠠᠨ᠎ᠠ᠂ ᠴᠢᠭᠤᠯᠣᠯᠳᠣ ᠬᠠᠭᠠᠯᠭ᠎ᠠ ᠳᠤ | ᠠᠷᠠᠯᠵᠢᠶᠠᠯᠠᠨ᠎ᠠ︾ ᠭᠡᠵᠡᠢ᠃ ᠪᠠᠶᠠᠨᠳᠠᠷ᠎ᠠ ᠨᠠᠷᠢᠨ ᠳᠠᠶᠢᠵᠢ ᠶᠢᠨ ᠨᠣᠳᠤᠭ ᠨᠢ ︽ᠰᠢᠣᠸᠠᠨ ᠹᠦ᠋ ᠬᠤᠳᠠ ᠶᠢᠨ ᠬᠠᠷᠢᠶ᠎ᠠ | ᠦᠷᠦᠭᠡᠰᠦᠨ ᠴᠢᠯᠠᠭᠤᠨ ᠬᠠᠭᠠᠯᠭ᠎ᠠ ᠶᠢᠨ ᠭᠠᠳᠠᠨ᠎ᠠ ᠴᠢᠭ ᠣᠮᠠᠷᠠᠳᠣ ᠵᠦᠭ ᠲᠤ ᠨᠣᠳᠣᠭᠯᠠᠨ᠎ᠠ ᠬᠢᠯᠢ ᠠᠴᠠ ᠠᠷᠪᠠᠨ | ᠳᠠᠪᠤ ᠵᠢᠷᠭᠤᠭᠠᠨ ᠡᠳᠦᠷ ᠤᠨ ᠵᠠᠮ ᠬᠢᠷᠢ ᠲᠠᠢ ᠬᠤᠯᠨ ᠪᠠᠶᠢᠨ᠎ᠠ᠃ ᠴᠢᠭᠤᠯᠣᠯᠳᠣ ᠬᠠᠭᠠᠯᠭ᠎ᠠ ᠪᠠᠷ ᠠᠷᠠᠯᠵᠢᠶ᠎ᠠ | ᠨᠡᠪᠳᠡᠷᠡᠳᠡᠭ︾᠃ ᠬᠠᠷ᠎ᠠ ᠲᠠᠲᠠᠷ ᠳᠡᠭᠡᠷ᠎ᠡ ᠰᠠᠭᠤᠭᠰᠠᠨ ᠣᠪᠰᠠᠨᠵᠠ ᠴᠢᠩ ᠳᠠᠶᠢᠵᠢ ᠶᠢᠨ ᠨᠣᠳᠤᠭ ᠨᠢ ︽ᠰᠢᠣᠸᠠᠨ | ᠹᠦ᠋ ᠶᠢᠨ ᠴᠢᠭᠤᠯᠣᠯᠳᠣ ᠬᠠᠭᠠᠯᠭ᠎ᠠ ᠠᠴᠠ ᠭᠠᠳᠠᠨ᠎ᠠ ᠴᠢᠭ ᠣᠮᠠᠷᠠᠰᠢ ᠬᠢᠯᠢ ᠠᠴᠠ ᠬᠤᠷᠢᠨ ᠡᠳᠦᠷ ᠤᠨ ᠵᠠᠮ ᠤᠨ | ᠦᠵᠦᠬᠦᠷ ᠪᠠᠶᠢᠨ᠎ᠠ᠂ ᠴᠢᠭᠤᠯᠣᠯᠳᠣ ᠬᠠᠭᠠᠯᠭ᠎ᠠ ᠪᠠᠷ ᠠᠷᠠᠯᠵᠢᠶ᠎ᠠ ᠨᠡᠪᠳᠡᠷᠡᠨ᠎ᠡ︾ ᠡᠬᠦᠨᠴᠡ ᠪᠢᠳᠡ ᠮᠡᠳᠡᠵᠦ ᠪᠣᠯᠬᠤ ᠨᠢ | ᠴᠢᠭᠤᠯᠣᠯᠳᠣ ᠬᠠᠭᠠᠯᠭ᠎ᠠ ᠪᠠ ᠦᠷᠦᠭᠡᠰᠦᠨ ᠴᠢᠯᠠᠭᠤᠨ ᠬᠠᠭᠠᠯᠭ᠎ᠠ ᠶᠢᠨ ᠠᠷᠣ ᠲᠠᠬᠢ ᠣᠷᠣᠨ ᠪᠣᠯ ᠴᠠᠬᠠᠷ ᠳᠦᠮᠡᠨ ᠤ | ᠲᠠᠲ᠋ᠠᠷ ᠣᠳᠤᠭ ᠤᠨ ᠠᠩᠬᠠᠨ ᠤ ᠮᠠᠯᠵᠢᠯ ᠤᠨ ᠭᠠᠵᠠᠷ ᠪᠠᠶᠢᠭᠰᠠᠨ ᠶᠣᠮ ᠬᠤᠵᠢᠮ ᠨᠢ ᠪᠠᠷᠠᠭᠤᠨ ᠳᠦᠮᠡᠳ ᠲᠤ ᠡᠨᠡᠬᠦ | ᠭᠠᠵᠠᠷ ᠨᠣᠳᠤᠭ ᠢ ᠬᠤᠪᠢᠶᠠᠷᠢᠯᠡᠵᠦ ᠦᠭᠬᠦ ᠳᠤ ᠲᠠᠲ᠋ᠠᠷ ᠤᠨ ᠢᠷᠭᠡᠳ ᠴᠠᠬᠠᠷ ᠳᠦᠮᠡᠨ ᠢ ᠲᠠᠭᠠᠨ ᠵᠡᠬᠦᠨᠰᠢᠯᠡᠵᠦ | ᠪᠣᠰᠣᠳ ᠣᠪᠣᠭ ᠠᠶᠢᠮᠠᠭ ᠲᠠᠢ ᠬᠤᠯᠢᠯᠳᠦᠨ ᠰᠠᠭᠤᠷᠢᠰᠢᠬᠤ ᠪᠣᠯᠵᠠᠢ᠃ ᠳᠠᠷᠣᠢ ︽ᠡᠷᠳᠡᠨᠢ ᠶᠢᠨ ᠳᠣᠪᠴᠢ︾ ᠳᠤ | ᠡᠶᠢᠮᠦ ᠨᠢᠬᠡ ᠳᠡᠮᠳᠡᠭᠯᠡᠯ ᠪᠠᠶᠢᠬᠤ ᠶᠢ ᠠᠩᠬᠠᠷᠴᠣ ᠪᠣᠯᠣᠨ᠎ᠠ᠃ ︽ᠪᠠᠷᠰᠪᠣᠯᠣᠳ ᠤᠨ ᠬᠦᠪᠡᠬᠦᠨ ᠪᠠᠳᠮ᠎ᠠ ᠰᠠᠮᠪᠠᠸ᠎ᠠ ᠶᠢ | ᠵᠡᠬᠦᠨ ᠭᠠᠵᠠᠷ ᠤᠨ ᠴᠠᠭᠠᠳ᠂ ᠮᠢᠩᠭᠠᠳ᠂ ᠬᠤᠨᠢᠴᠢᠨ᠂ ᠬᠤᠶᠠᠭᠴᠢᠨ ᠳᠦᠷᠪᠡᠨ ᠳᠡᠭᠡᠷ᠎ᠡ ᠰᠠᠭᠤᠭᠰᠠᠨ︾ ᠭᠡᠵᠡᠢ᠃ | ᠡᠳᠡᠭᠡᠷ ᠵᠢᠵᠢᠭ ᠠᠶᠢᠮᠠᠭ ᠪᠣᠯ ᠮᠦᠨᠴᠦ ᠴᠠᠭᠠᠨ ᠲᠠᠲ᠋ᠠᠷ ᠤᠨ ᠰᠠᠯᠪᠣᠷᠢ ᠰᠠᠯᠳᠠᠰ ᠪᠣᠯᠣᠨ᠎ᠠ᠃ ᠡᠳᠡᠭᠡᠷ ᠳᠦᠷᠪᠡᠨ | ᠠᠶᠢᠮᠠᠭ ᠤᠨ ᠡᠵᠡᠮᠰᠢᠯ ᠨᠣᠳᠤᠭ ᠢ ︽ᠮᠣᠩᠭᠤᠯ ᠦᠨᠳᠦᠰᠦᠳᠡᠨ ᠤ ᠨᠡᠪᠳᠡᠷᠡᠬᠡᠢ ᠳᠡᠦᠬᠡ︾ ᠳᠤ ᠣᠷᠳᠣᠰ ᠠᠴᠠ | ᠠᠯᠣᠰ ᠬᠤᠯᠨ ᠨᠣᠭᠤᠨ ᠮᠦᠷᠡᠨ ᠤ ᠳᠠᠭᠠᠣ ᠪᠣᠢ ᠭᠡᠪᠡ ᠡᠬᠦᠨ ᠤ ᠳᠣᠳᠣᠷᠬᠢ ᠴᠠᠭᠠᠳ ᠠᠶᠢᠮᠠᠭ ᠨᠢ ᠬᠤᠵᠢᠮ ᠵᠠᠷᠣᠳ | ᠤᠨ ᠪᠠᠶᠠᠨᠳᠠᠷ᠎ᠠ ᠢᠯᠳᠡᠩ ᠤᠨ ᠬᠠᠷᠢᠶᠠᠳᠣ ᠪᠣᠯᠣᠭᠰᠠᠨ ᠳᠡᠮᠳᠡᠭᠯᠡᠯ ᠪᠣᠢ᠃ ᠯᠢᠭᠳᠡᠨ ᠬᠠᠭᠠᠨ ᠰᠢᠷ᠎ᠠ ᠳᠠᠯ᠎ᠠ ᠶᠢᠨ ᠭᠠᠵᠠᠷ | ᠨᠠᠰᠣᠨ ᠡᠴᠦᠰᠯᠡᠵᠦ ᠣᠮᠠᠷᠠᠳᠣ ᠦᠨ ᠣᠯᠣᠰ ᠮᠦᠬᠦᠭᠰᠡᠨ ᠤ ᠳᠠᠷᠠᠭ᠎ᠠ ᠴᠠᠬᠠᠷ ᠳᠦᠮᠡᠨ ᠤ ᠣᠳᠤᠭ ᠤᠨ ᠶᠡᠭᠡ | ᠵᠠᠳᠠᠷᠠᠯ ᠢ ᠠᠪᠴᠢᠷᠠᠭᠰᠠᠨ ᠶᠣᠮ᠂ ᠶᠡᠭᠡ ᠣᠳᠤᠭ ᠪᠣᠯᠬᠤ ᠠᠣᠬᠠᠨ᠂ ᠨᠠᠶᠢᠮᠠᠨ ᠨᠢ ᠡᠷᠳᠡ ᠮᠠᠨᠵᠣ ᠶᠢ ᠳᠠᠭᠠᠭᠰᠠᠨ | ᠳᠣᠯᠨ ᠳᠣᠰᠭᠠᠷ ᠬᠤᠰᠢᠭᠤ ᠪᠣᠯᠣᠨ ᠬᠤᠪᠢᠶᠠᠷᠢᠯᠠᠭᠳᠠᠪᠠ᠃ ᠭᠡᠳᠡᠯ᠎ᠡ ᠪᠣᠰᠣᠳ ᠣᠳᠤᠭ ᠠᠶᠢᠮᠠᠭ ᠨᠢ ᠡᠳᠡᠭᠡᠷ ᠴᠠᠬᠠᠷ | ᠤᠨ ᠬᠠᠷᠢᠶᠠᠨ ᠳᠤ ᠪᠠᠶᠢᠭᠰᠠᠨ ᠣᠳᠤᠭ ᠠᠶᠢᠮᠠᠭ ᠪᠣᠶᠣ ᠪᠣᠰᠣᠳ ᠴᠠᠬᠠᠷ ᠲᠠᠢ ᠣᠶᠢᠷᠠᠯᠴᠠᠭ᠎ᠠ ᠮᠠᠯᠵᠢᠵᠦ ᠪᠠᠶᠢᠭᠰᠠᠨ | ᠠᠷᠣ ᠬᠤᠷᠴᠢᠨ ᠪᠠ ᠦᠪᠦᠷ ᠬᠠᠯᠬ᠎ᠠ ᠶᠢᠨ ᠪᠠᠭᠠᠷᠢᠨ ᠵᠠᠷᠣᠳ ᠲᠤ ᠬᠤᠪᠢᠶᠠᠭᠳᠠᠨ ᠰᠢᠩᠭᠡᠪᠠ᠃ ᠡᠬᠦᠨ ᠤ ᠬᠠᠵᠠᠭᠤ | ᠶᠢᠨ ᠪᠠᠷᠢᠮᠳᠠ ᠭᠡᠪᠡᠯ ᠨᠠᠢᠮᠠᠨ ᠬᠤᠰᠢᠭᠤᠨ ᠤ ᠣᠪᠣᠭ ᠠᠶᠢᠮᠠᠭ ᠤᠨ ᠪᠦᠷᠢᠯᠳᠦᠬᠦᠨ ᠳᠤ ᠴᠠᠬᠠᠷ ᠤᠨ ᠣᠣᠭᠠᠯ ᠣᠳᠤᠭ | ᠤᠨ ᠣᠪᠣᠭ ᠠᠶᠢᠮᠠᠭ ᠭᠤᠣᠯᠯᠠᠵᠣ ᠪᠠᠶᠢᠭ᠎ᠠ ᠠᠴᠠ ᠠᠵᠢᠭᠯᠠᠵᠣ ᠪᠣᠯᠣᠨ᠎ᠠ᠃ ᠡᠬᠢ ᠨᠠᠢᠮᠨᠨ᠂ ᠳᠠᠷᠮ᠎ᠠ ᠶᠢᠨ ︽ᠨᠠᠢᠮᠠᠨ | ᠳᠠᠬᠢ ᠮᠣᠩᠭᠤᠯ ᠣᠪᠣᠭ ᠣᠭᠰᠠᠭᠠᠨ ᠤ ᠳᠣᠬᠠᠢ︾ ᠭᠡᠬᠦ ᠵᠣᠬᠢᠶᠠᠯ ᠳᠤ ︽ᠨᠠᠢᠮᠠᠨ ᠤ ᠬᠠᠭᠤᠴᠢᠨ ᠣᠪᠣᠭ ᠠᠶᠢᠮᠠᠭ | ᠠᠴᠠ ᠬᠤᠷᠢᠨ ᠳᠠᠪᠤ ᠨᠢ ᠮᠡᠳᠡᠭᠳᠡᠵᠦ ᠪᠣᠢ᠂ ᠡᠬᠦᠨ ᠤ ᠳᠣᠳᠣᠷ᠎ᠠ ᠨᠠᠢᠮᠠᠨ ᠤ ᠣᠣᠭᠠᠯ ᠳᠣᠯᠣᠭᠠᠨ ᠣᠪᠣᠭᠳᠠᠨ ᠪᠠ | ᠨᠣᠶᠠᠯᠠᠵᠣ ᠰᠠᠭᠤᠭᠰᠠᠨ ᠳᠠᠶᠢᠵᠢ ᠪᠣᠷᠵᠢᠬᠢᠳ ᠵᠢᠴᠢ ᠬᠡᠷᠡᠨᠦᠬᠦᠳ᠂ ᠳᠠᠯᠠᠩᠬᠦᠰ ᠵᠡᠷᠭᠡ ᠠᠷᠪᠠᠭᠠᠳ ᠣᠪᠣᠭ ᠨᠢ | ᠪᠠᠳᠦᠮᠦᠩᠬᠡ ᠳᠠᠶᠠᠨ ᠬᠠᠨ ᠤ ᠦᠶ᠎ᠡ ᠠᠴᠠ ᠨᠠᠢᠮᠠᠨ ᠳᠤ ᠪᠠᠭᠳᠠᠵᠣ ᠪᠠᠶᠢᠭᠰᠠᠨ ᠮᠠᠭᠠᠳ᠂︾ ᠭᠡᠵᠦ ᠳᠣᠳᠣᠷᠠᠭᠤᠯᠣᠨ | ᠶᠠᠷᠢᠵᠦ᠂ ︽ᠨᠠᠢᠮᠠᠨ ᠤ ᠣᠣᠭᠠᠯ ᠳᠣᠯᠣᠭᠠᠨ ᠣᠪᠣᠭ ᠭᠡᠪᠡᠯ᠂ ᠡᠬᠢ ᠨᠠᠢᠮᠠᠨ᠂ ᠳᠠᠷᠣᠴᠢᠨ᠂ ᠳᠠᠯᠣ᠂ ᠲᠠᠲ᠋ᠠᠷ᠂ | ᠮᠠᠩᠭᠤᠳ᠂ ᠬᠦᠪᠢᠬᠦᠳ᠂ ᠦᠵᠢᠶᠡᠳ ᠣᠪᠣᠭᠳᠠᠨ᠂ ᠬᠠᠭᠤᠴᠢᠨ ᠣᠪᠣᠭ ᠨᠢ ᠭᠡᠪᠡᠯ ᠰᠢᠷᠠᠨᠣᠳ᠂ ᠬᠡᠷᠡᠨᠦᠬᠦᠳ᠂ | ᠰᠢᠪᠠᠭᠤᠴᠢᠨ᠂ ᠬᠡᠰᠢᠭᠳᠡᠨ᠂ ᠠᠯᠠᠭᠴᠣᠦᠯ᠂ ᠬᠠᠭᠤᠴᠢᠳ ᠁︾ ᠭᠡᠵᠦ ᠪᠣᠢ᠂ ᠡᠬᠦᠨ ᠤ ᠳᠣᠳᠣᠷ᠎ᠠ ᠳᠠᠲ᠋ᠠᠷ ᠨᠢ | ᠣᠣᠭᠠᠯ ᠳᠣᠯᠣᠭᠠᠨ ᠣᠪᠣᠭ ᠤᠨ ᠨᠢᠬᠡ ᠪᠠᠷ ᠣᠷᠣᠵᠣ ᠪᠠᠶᠢᠭ᠎ᠠ ᠨᠢ ᠰᠣᠨᠢᠷᠬᠠᠯᠳᠠᠢ ᠶᠣᠮ᠃ ᠪᠢᠳᠡ ᠳᠠᠬᠢᠭᠠᠳ ᠴᠠᠬᠠᠷ | ᠤᠨ ᠨᠦᠬᠦᠬᠡ ᠨᠢᠬᠡ ᠳᠣᠮᠣ ᠣᠳᠤᠭ ᠪᠠᠶᠢᠭᠰᠠᠨ ᠠᠣᠬᠠᠨ ᠠᠶᠢᠮᠠᠭ ᠤᠨ ᠪᠦᠷᠢᠯᠳᠦᠬᠦᠨ ᠣᠪᠣᠭ ᠠᠶᠢᠮᠠᠭ ᠢ ᠦᠵᠡᠶ᠎ᠡ | ︽ᠠᠣᠬᠠᠨ ᠣᠪᠣᠭ ᠬᠡᠪᠡᠰᠦ ᠣᠷᠢᠶᠠᠬᠠᠨ᠂ ᠦᠵᠢᠶᠡᠳ᠂ ᠰᠠᠯᠵᠢᠭᠤᠳ᠂ ᠬᠡᠷᠡᠶᠢᠳ᠂ ᠨᠠᠩᠬᠢᠶᠠᠳ᠂ ᠰᠠᠷᠳᠠᠭᠤᠯ᠂ | ᠠᠯᠳᠠᠰᠣ᠂ ᠭᠠᠯᠳᠠᠰᠣ᠂ ᠵᠠᠯᠠᠶᠢᠷ᠂ ᠢᠯᠡᠬᠦᠳ ᠡᠬᠦᠨᠴᠡ ᠭᠠᠳᠠᠨ᠎ᠠ ᠪᠠᠰᠠ᠂ ᠵᠠᠭᠤᠨ ᠡᠷ᠎ᠡ ᠬᠠᠪᠬᠠᠴᠢᠨ᠂ ᠭᠤᠷᠴᠢᠳ᠂ | ᠳᠠᠷᠢ ᠮᠢᠩᠭᠠᠨ᠂ ᠨᠦᠬᠡᠴᠢᠨ᠂ ᠲᠠᠲ᠋ᠠᠷ᠂ ᠰᠢᠪᠠᠭᠤᠴᠢᠨ︾ ᠭᠡᠵᠦ ᠳᠣᠷᠠᠳᠣᠭᠳᠠᠵᠣ ᠪᠣᠢ᠃ ᠠᠳᠡ ᠣᠨᠴᠠᠯᠠᠨ | ᠠᠩᠬᠠᠷᠣᠭᠤᠰᠢᠳᠠᠢ ᠨᠢ ︽ᠳᠠᠷᠢ ᠮᠢᠩᠭᠠᠨ ᠪᠠ ᠲᠠᠲ᠋ᠠᠷ︾ ᠪᠣᠯ ᠣᠣᠯ ᠤᠨ ᠴᠠᠬᠠᠷ ᠤᠨ ᠨᠢᠬᠡ ᠣᠳᠤᠭ ᠪᠠᠶᠢᠭᠰᠠᠨ | ᠳᠣᠬᠠᠢ ᠰᠣᠷᠪᠣᠯᠵᠢ ᠪᠢᠴᠢᠭ ᠤᠨ ᠳᠡᠮᠳᠡᠭᠯᠡᠯ ᠲᠠᠢ ᠨᠡᠶᠢᠴᠡᠵᠦ ᠬᠤᠵᠢᠮ ᠨᠢ ᠠᠣᠬᠠᠨ ᠨᠠᠶᠢᠮᠠᠨ ᠳᠤ ᠬᠤᠪᠢᠶᠠᠭᠳᠠᠨ | ᠣᠷᠣᠭᠰᠠᠨ ᠢ ᠳᠣᠳᠣᠷᠬᠠᠢ ᠦᠵᠡᠵᠦ ᠭᠠᠷᠣᠨ᠎ᠠ᠃ ᠬᠡᠰᠡᠭ ᠴᠠᠭᠠᠨ ᠲᠠᠲ᠋ᠠᠷ ᠨᠢ ᠴᠠᠬᠠᠷ ᠤᠨ ᠬᠠᠭᠤᠴᠢᠨ ᠨᠣᠳᠤᠭ — | ᠴᠠᠭᠠᠨ ᠬᠤᠳᠠ ᠶᠢᠨ ᠡᠷᠬᠢᠨ ᠳᠣᠭᠤᠷᠢᠨ ᠳᠤ ᠦᠯᠡᠳᠡᠵᠦ ᠬᠤᠵᠢᠮ ᠨᠢ ᠠᠳᠡ ᠮᠠᠨᠵᠣ ᠶᠢᠨ ᠬᠠᠭᠠᠨ ᠠᠷᠣ ᠬᠤᠷᠴᠢᠨ | ᠠᠶᠢᠮᠠᠭ ᠲᠤ ᠨᠣᠳᠤᠭ ᠵᠢᠭᠠᠬᠤ ᠳᠤ ᠳᠡᠳᠡᠨ ᠳᠤ ᠪᠠᠭᠳᠠᠯᠴᠠᠨ ᠣᠷᠣᠭᠰᠠᠨ ᠶᠣᠮ ᠪᠠᠶᠢᠨ᠎ᠠ᠃ | ᠠᠷᠣ ᠬᠤᠷᠴᠢᠨ ᠤ ᠲᠠᠲ᠋ᠠᠷ ᠠᠶᠢᠮᠠᠭ ᠢ ︽ᠳᠡᠭᠷᠢ ᠠᠴᠠ ᠡᠰᠢ ᠲᠠᠢ ᠳᠡᠨᠢᠭᠡᠷ ᠤᠨ ᠲᠠᠲ᠋ᠠᠷ︾ ᠭᠡᠳᠡᠭ᠂ ᠡᠳᠡᠨᠦᠰ ᠪᠣᠯ | ᠴᠠᠬᠠᠷ ᠤᠨ ᠬᠠᠷᠢᠶᠠᠨ ᠳᠤ ᠪᠠᠶᠢᠭᠰᠠᠨ ᠴᠠᠭᠠᠨ ᠲᠠᠲ᠋ᠠᠷ ᠤᠨ ᠬᠤᠶᠢᠴᠢᠰ ᠪᠣᠯᠣᠨ᠎ᠠ᠃ ᠮᠠᠨᠵᠣ ᠶᠢᠨ ᠬᠠᠭᠠᠨ ᠬᠤᠩ | ᠳᠠᠶᠢᠵᠢ ᠶᠢᠨ ᠴᠠᠬᠠᠷ ᠢ ᠳᠣᠪᠳᠣᠯᠣᠭᠰᠠᠨ ︽ᠣᠣ ᠮᠦᠷᠡᠨ ᠤ ᠳᠠᠶᠢᠨ︾ ᠳᠤ ᠴᠠᠬᠠᠷ ᠤᠨ ᠳᠣᠯᠣᠳ ᠣᠳᠤᠭ ᠤᠨ | ᠬᠦᠷᠦ ᠳᠠᠶᠢᠵᠢ ᠠᠯᠠᠭᠳᠠᠨ ᠬᠠᠷᠢᠶᠠᠳᠣ ᠠᠷᠠᠳ ᠨᠢ ᠣᠳᠣ ᠶᠢᠨ ᠮᠠᠨᠵᠣ ᠶᠢᠨ ᠮᠠᠩᠬᠠᠨ ᠳᠤ ᠳᠣᠳᠠᠭᠠᠵᠣ ᠣᠷᠣᠭᠰᠠᠨ | ᠶᠣᠮ᠂ ᠴᠠᠬᠠᠷ ᠤᠨ ᠨᠢᠬᠡ ᠵᠢᠵᠢᠭ ᠣᠳᠤᠭ ᠪᠠᠶᠢᠭᠰᠠᠨ ᠴᠠᠭᠠᠨ ᠲᠠᠲ᠋ᠠᠷ ᠨᠢ ᠳᠣᠯᠣᠳ ᠣᠳᠤᠭ ᠲᠠᠢ ᠬᠠᠮᠳᠣ | ᠪᠠᠶᠢᠭᠠᠳ ᠳᠣᠰ ᠳᠠᠶᠢᠨ ᠤ ᠳᠠᠷᠠᠭ᠎ᠠ ᠴᠠᠭᠠᠨ ᠨᠠᠭᠤᠷ ᠤᠨ ᠮᠠᠩᠬᠠᠨ ᠳᠤ ᠨᠢᠭᠤᠭᠳᠠᠵᠣ ᠬᠤᠵᠢᠮ ᠨᠢ ᠳᠡᠨᠢᠭᠡᠷ ᠬᠠᠪᠢ | ᠪᠠᠷ ᠰᠠᠭᠤᠷᠢᠰᠢᠭᠰᠠᠨ ᠪᠠᠶᠢᠨ᠎ᠠ᠃ ᠣᠯᠠᠮᠵᠢᠯᠠᠯ ᠶᠠᠷᠢᠶ᠎ᠠ ᠶᠢ ᠦᠨᠳᠦᠰᠦᠯᠡᠪᠡᠯ᠂ ᠡᠳᠡᠭᠡᠷ ᠲᠠᠲ᠋ᠠᠷ ᠠᠶᠢᠮᠠᠭ ᠨᠢ ᠡᠯᠪᠠᠬᠢ | ᠭᠡᠰᠡᠨ ᠬᠦᠮᠦᠨ ᠤ ᠳᠠᠭᠠᠭᠤᠯᠭ᠎ᠠ ᠪᠠᠷ ᠬᠦᠯᠦᠨ ᠪᠣᠶᠢᠷ ᠠᠴᠠ ᠣᠳᠣ ᠶᠢᠨ ᠠᠷᠣ ᠬᠤᠷᠴᠢᠨ ᠳᠤ ᠨᠡᠭᠦᠵᠦ ᠢᠷᠡᠯ᠎ᠡ | ᠭᠡᠳᠡᠭ᠂ ᠳᠡᠨᠢᠭᠡᠷᠳᠦ ᠶᠢᠨ ᠬᠠᠪᠢ ᠪᠠᠷ ᠢᠷᠡᠭᠡᠳ ᠡᠳᠡᠨᠡᠶᠢᠬᠢ ᠮᠠᠯ ᠰᠦᠷᠦᠭ ᠨᠢ ᠦᠨᠢᠷ ᠦᠰᠴᠦ ᠬᠠᠷ᠎ᠠ ᠢᠮᠠᠭᠠᠨ | ᠰᠦᠷᠦᠭ ᠢᠶᠠᠷ ᠨᠡᠷ᠎ᠡ ᠭᠠᠷᠴᠣ ︽ᠮᠢᠩᠭᠠᠨ ᠬᠠᠷ᠎ᠠ ᠢᠮᠠᠭᠠᠳᠣ ᠠᠶᠢᠯ︾ ᠭᠡᠰᠡᠨ ᠴᠣᠯᠨ ᠳᠡᠭᠡᠵᠢᠯᠡᠵᠦ ᠶᠠᠪᠣᠵᠠᠢ᠂ | ᠮᠢᠩᠭᠠᠨ ᠬᠠᠷ᠎ᠠ ᠢᠮᠠᠭ᠎ᠠ ᠪᠠᠨ ᠭᠤᠣ ᠪᠠᠷ ᠬᠡᠮᠵᠢᠳᠡᠭ ᠳᠣᠯᠨ ᠳᠡᠷᠡᠬᠦ ᠭᠠᠵᠠᠷ ᠢ ᠨᠢ ︽ᠭᠤᠣᠳᠣ︾ ᠭᠡᠵᠦ ᠨᠡᠷᠡᠯᠡᠭᠰᠡᠨ | ᠭᠡᠨ᠎ᠡ᠃ ᠣᠳᠣ ᠡᠨᠡᠬᠦ ᠭᠤᠣᠳᠣ ᠭᠡᠬᠦ ᠭᠠᠵᠠᠷ ᠪᠠᠯᠴᠢᠷᠠᠣᠳ ᠰᠣᠮᠣ ᠶᠢᠨ ᠵᠡᠭᠡᠷᠭᠡᠨᠡᠳᠦ ᠶᠢᠨ ᠰᠢᠯᠢ ᠶᠢᠨ ᠵᠡᠬᠦᠨ ᠡᠮᠦᠨ᠎ᠡ | ᠪᠠᠶᠢᠳᠠᠭ᠂ ᠠᠷᠣ ᠬᠤᠷᠴᠢᠨ ᠳᠤ ᠲᠠᠲ᠋ᠠᠷ ᠠᠶᠢᠮᠠᠭ ᠢ ᠶᠡᠷᠦᠳᠡᠭᠡᠨ ︽ᠳᠠᠪᠣᠨ ᠣᠪᠣᠭ ᠲᠠᠲ᠋ᠠᠷ︾ ᠭᠡᠳᠡᠭ᠂ ᠡᠨᠡ ᠨᠢ | ᠠᠮᠣᠰᠣ ᠠᠶᠢᠮᠠᠭ᠂ ᠪᠠᠶᠣᠳ ᠠᠶᠢᠮᠠᠭ᠂ ᠳᠦᠪᠡᠶᠢᠳ ᠠᠶᠢᠮᠠᠭ᠂ ᠬᠦᠬᠡᠰᠡᠬᠦᠯ ᠠᠶᠢᠮᠠᠭ᠂ ᠲᠠᠲ᠋ᠠᠷ ᠠᠶᠢᠮᠠᠭ ᠢ ᠳᠠᠪᠣᠨ | ᠣᠪᠣᠭ ᠤᠨ ᠬᠢ ᠭᠡᠵᠦ ᠨᠢᠬᠡ ᠭᠡᠷ ᠠᠶᠢᠮᠠᠭ ᠭᠡᠳᠡᠭ ᠶᠣᠮ᠃ ᠳᠠᠪᠣᠨ ᠣᠪᠣᠭ ᠲᠠᠲ᠋ᠠᠷ ᠨᠢ ᠠᠷᠣ ᠬᠤᠷᠴᠢᠨ | ᠬᠤᠰᠢᠭᠤᠨ ᠤ ᠪᠠᠷᠠᠭᠤᠨ ᠭᠠᠷ ᠳᠠᠶᠢᠵᠢ ᠶᠢᠨ ᠬᠠᠷᠢᠶᠠᠳᠣ ᠪᠠᠶᠢᠵᠠᠢ᠃ ᠡᠳᠡᠨᠦᠰ ᠤᠨ ᠬᠠᠮᠤᠭ ᠰᠡᠬᠦᠯᠴᠢ ᠶᠢᠨ ᠳᠠᠶᠢᠵᠢ | ᠨᠣᠶᠠᠨ ᠨᠢ ᠶᠣᠨᠳᠣᠨ ᠭᠡᠳᠡᠭ᠂ ᠴᠢᠩ ᠣᠯᠣᠰ ᠮᠦᠬᠦᠵᠦ ᠢᠷᠭᠡᠨ ᠣᠯᠣᠰ ᠪᠣᠯᠣᠭᠰᠠᠨ ᠤ ᠰᠡᠬᠦᠯᠡᠷ ᠣᠣᠯ ᠤᠨ | ᠳᠠᠶᠢᠵᠢ ᠶᠢᠨ ᠠᠯᠪᠠᠳᠣ ᠬᠠᠷᠢᠶᠠᠳᠣ ᠶᠢᠨ ᠣᠬᠠᠭᠳᠠᠬᠤᠨ ᠴᠣ᠋ ᠪᠠᠯᠠᠷᠬᠠᠶᠢᠰᠢᠵᠦ ᠢᠷᠡᠪᠡ᠃ ᠢᠷᠭᠡᠨ ᠣᠯᠣᠰ ᠤᠨ | ᠵᠠᠰᠠᠭ ᠤᠨ ᠭᠠᠵᠠᠷ ᠠᠴᠠ ︽ᠢᠷᠡᠭᠡᠳ ᠢ ᠨᠡᠬᠦᠯᠭᠡᠵᠦ ᠬᠢᠵᠠᠭᠠᠷ ᠢ ᠠᠮᠣᠷᠵᠢᠭᠤᠯᠬᠤ︾ ᠳᠦᠷᠦ ᠶᠢᠨ ᠪᠣᠳᠣᠯᠭ᠎ᠠ ᠶᠢᠨ | ᠨᠦᠯᠦᠬᠡᠯᠡᠯ ᠢᠶᠠᠷ ᠪᠣᠭᠤᠮᠳᠠ ᠶᠢᠨ ᠳᠣᠳᠣᠨᠠᠬᠢ ᠳᠠᠷᠢᠶᠠᠯᠠᠬᠤ ᠬᠢᠳᠡᠳ ᠶᠡᠭᠡ ᠬᠡᠪᠴᠢᠶ᠎ᠡ ᠪᠠᠷ ᠠᠷᠣ ᠬᠤᠷᠴᠢᠨ ᠳᠤ | ᠨᠡᠬᠦᠳᠡᠯᠡᠨ ᠣᠷᠣᠵᠣ ᠢᠷᠡᠭᠡᠳ ︽ᠲᠢᠶᠠᠨ ᠱᠠᠨ ᠤ ᠪᠠᠶᠢᠭᠤᠯᠣᠨ ᠵᠠᠰᠠᠬᠤ ᠳᠣᠪᠴᠢᠶ᠎ᠠ︾ ᠪᠠᠶᠢᠭᠤᠯᠣᠭᠰᠠᠨ ᠠᠴᠠ | ᠳᠡᠨᠢᠭᠡᠷ ᠬᠠᠪᠢ ᠨᠣᠳᠣᠭᠰᠢᠵᠦ ᠪᠠᠶᠢᠭᠰᠠᠨ ᠳᠠᠪᠣᠨ ᠭᠡᠷ ᠲᠠᠲ᠋ᠠᠷ ᠨᠢ ᠨᠣᠳᠤᠭ ᠪᠡᠯᠴᠡᠭᠡᠷ ᠢᠶᠠᠨ ᠪᠣᠯᠢᠶᠠᠭᠳᠠᠨ ᠬᠡᠷᠡᠬᠦᠯ | ᠵᠢᠭᠤᠷᠭᠠᠨ ᠳᠠᠰᠣᠷᠠᠬᠤ ᠦᠬᠡᠢ ᠪᠣᠯᠣᠭᠰᠠᠨ ᠳᠣᠯᠨ ᠠᠷᠭ᠎ᠠ ᠪᠣᠰᠣ ᠣᠮᠠᠷᠠᠰᠢ ᠨᠡᠬᠦᠵᠦ ᠠᠷᠰᠠᠯᠠᠨ ᠠᠭᠤᠯᠨ ᠬᠦᠢᠳᠡᠨ | ᠤ ᠡᠩᠭᠡᠷ ᠪᠠᠶᠢᠭᠰᠠᠨ ᠢᠶᠠᠨ ᠬᠤᠵᠢᠮ ᠨᠢ ᠣᠳᠣ ᠶᠢᠨ ᠪᠠᠶᠠᠨ ᠦᠨᠳᠦᠷ ᠰᠣᠮᠣ ᠳᠤ ᠠᠷᠣ ᠬᠦᠪ ᠤᠨ ᠭᠠᠵᠠᠷ | ᠣᠴᠢᠭᠰᠠᠨ ᠪᠠᠶᠢᠨ᠎ᠠ᠃ ᠡᠨᠡ ᠨᠢ ᠪᠠᠷᠤᠭ 1927 ᠣᠨ ᠤ ᠳᠠᠪᠣᠨ ᠰᠠᠷ᠎ᠠ ᠶᠢᠨ ᠦᠶ᠎ᠡ ᠶᠢᠨ ᠬᠡᠷᠡᠭ ᠪᠣᠯᠣᠨ᠎ᠠ᠂ | 1942 ᠣᠨ ᠤ ᠵᠢᠷᠭᠤᠭᠠᠨ ᠰᠠᠷ᠎ᠠ ᠳᠤ ᠪᠠᠯᠴᠢᠷᠠᠣᠳ ᠤᠨ ᠳᠡᠨᠢᠭᠡᠷ ᠲᠤ ᠪᠠᠶᠢᠭᠰᠠᠨ ᠣᠯᠠᠮᠵᠢᠯᠠᠯᠳᠣ ᠲᠠᠲ᠋ᠠᠷ ᠤᠨ | ᠣᠪᠣᠭ᠎ᠠ ᠪᠠᠨ ᠰᠢᠯᠵᠢᠬᠦᠯᠵᠦ ᠣᠳᠣ ᠶᠢᠨ ᠪᠠᠶᠠᠨ ᠦᠨᠳᠦᠷ ᠰᠣᠮᠣ ᠶᠢᠨ ᠮᠠᠩᠬᠠᠳᠣ ᠭᠡᠳᠡᠭ ᠠᠭᠤᠯᠨ ᠶᠢᠨ ᠶᠠᠰᠢᠯᠳᠣ | ᠬᠤᠸᠠ ᠳᠡᠭᠡᠷ᠎ᠡ ᠪᠣᠰᠬᠠᠨ ᠳᠠᠬᠢᠵᠠᠢ᠃ ᠣᠶᠢᠷ᠎ᠠ ᠶᠢᠨ ᠵᠢᠯ ᠣᠣᠯ ᠣᠪᠣᠭ᠎ᠠ ᠪᠠᠨ ᠶᠠᠰᠢᠯᠳᠣ ᠠᠴᠠ ᠰᠢᠯᠵᠢᠬᠦᠯᠦᠨ | ᠬᠡᠷᠡᠮ ᠭᠠᠴᠠᠭ᠎ᠠ ᠶᠢᠨ ᠬᠦᠨᠳᠡᠯᠡᠨ ᠬᠠᠷ᠎ᠠ ᠬᠤᠰᠢᠭᠤ ᠳᠤ ᠪᠣᠰᠬᠠᠨ ᠳᠠᠬᠢᠬᠤ ᠪᠣᠯᠣᠭᠰᠠᠨ ᠪᠠᠶᠢᠨ᠎ᠠ᠃ ᠳᠣᠬᠠᠢ ᠶᠢᠨ | ᠦᠶ᠎ᠡ ᠳᠤ ᠨᠡᠶᠢᠳᠡ ᠨᠠᠶᠢᠮᠠᠨ ᠡᠷᠦᠬᠡ ᠬᠠᠮᠳᠣ ᠨᠡᠬᠦᠯᠡ ᠭᠡᠳᠡᠭ ᠭᠡᠬᠦ ᠳᠤ ᠳᠡᠨᠢᠭᠡᠷ ᠠᠴᠠ ᠨᠡᠬᠦᠬᠦ ᠦᠶ᠎ᠡ ᠬᠦᠬᠡᠰᠡᠬᠦᠯ | ᠠᠶᠢᠮᠠᠭ ᠤᠨ ᠬᠢᠨᠢ ᠶᠠᠪᠣᠭᠰᠠᠨ ᠦᠬᠡᠢ ᠭᠡᠨ᠎ᠡ ᠳᠡᠭᠡᠭᠡᠳ ᠪᠠᠶᠠᠨ ᠦᠨᠳᠦᠷ ᠤᠨ ᠲᠠᠲ᠋ᠠᠷ ᠤᠨ ᠬᠢ ᠪᠠᠰᠠ ᠳᠦᠷᠪᠡᠨ ᠭᠡᠷ | ᠠᠶᠢᠮᠠᠭ ᠭᠡᠳᠡᠭ ᠶᠣᠮ᠃ ᠪᠠᠷᠤᠭ 1928 ᠣᠨ ᠤ ᠦᠶ᠎ᠡ ᠪᠠᠷ ᠪᠠᠷᠠᠭᠤᠨ ᠭᠠᠷ ᠳᠠᠶᠢᠵᠢ ᠶᠣᠨᠳᠣᠨ ᠪᠠᠶᠠᠨ ᠦᠨᠳᠦᠷ | ᠲᠤ ᠣᠴᠢᠵᠦ ᠳᠠᠪᠣᠨ ᠲᠠᠲ᠋ᠠᠷ ᠤᠨ ᠬᠠᠷᠢᠶᠠᠳᠣ ᠠᠴᠠ ᠪᠠᠨ ᠦᠬᠢᠨ ᠳᠤ ᠪᠠᠨ ᠢᠨᠵᠢ ᠳᠠᠭᠠᠯᠳᠠ ᠰᠣᠩᠭᠤᠬᠤ ᠭᠡᠰᠡᠨ | ᠭᠡᠨ᠎ᠡ᠃ ᠳᠡᠭᠡᠬᠦ ᠳᠤ ᠳᠦᠷᠪᠡᠨ ᠭᠡᠷ ᠤᠨ ᠠᠬᠠᠮᠠᠳ ᠬᠡᠯᠡᠯᠴᠡᠭᠡᠳ ︽ᠶᠣᠨᠳᠣᠨ ᠳᠠᠶᠢᠵᠢ ᠦᠨᠦ ᠶᠠᠳᠠᠭᠤᠷᠠᠭᠠᠳ | ᠬᠦᠷᠦᠩᠬᠡ ᠦᠬᠡᠢ ᠪᠣᠯᠵᠠᠢ᠂ ᠮᠠᠨ ᠠᠴᠠ ᠪᠠᠷᠤᠭ ᠶᠠᠭᠤᠮ᠎ᠠ ᠣᠯᠬᠤ ᠪᠠᠷ ᠢᠷᠡᠪᠡ︾ ᠭᠡᠳ ᠬᠡᠪ ᠤᠨ ᠴᠠᠢ᠂ | ᠬᠦᠷᠡᠭᠴᠢ ᠦᠨᠢᠶᠡᠨ ᠤ ᠪᠡᠯᠡᠭ ᠦᠭᠬᠦᠭᠰᠡᠨ ᠳᠤ ᠶᠣᠨᠳᠣᠨ ᠳᠠᠶᠢᠵᠢ ᠪᠣᠴᠠᠪᠠ ᠭᠡᠨ᠎ᠡ᠂ ᠢᠩᠬᠢᠭᠡᠳ ᠳᠠᠪᠣᠨ ᠭᠡᠷ ᠤᠨ | ᠬᠢᠨᠢ ᠬᠡᠦᠬᠡᠨ ᠢᠶᠠᠨ ᠦᠯᠡᠳᠡᠭᠡᠵᠦ ᠠᠪᠣᠪᠠ ᠭᠡᠰᠡᠨ ᠶᠠᠷᠢᠶ᠎ᠠ ᠪᠣᠢ᠃ ᠡᠨᠡᠬᠦ ᠶᠣᠨᠳᠣᠨ ᠳᠠᠶᠢᠵᠢ ᠪᠣᠯ ᠳᠠᠷᠣᠢ ᠰᠠᠮᠪᠠᠯ | ᠪᠣᠶᠢᠳᠠ ᠶᠢᠨ ᠨᠠᠭᠠᠴᠣ ᠨᠢ ᠪᠣᠯᠣᠨ᠎ᠠ᠃ ᠦᠨᠦ ᠡᠳᠡᠭᠡᠷ ᠤᠨ ᠬᠤᠶᠢᠴᠢᠰ ᠨᠢ ᠴᠦᠮ ᠠᠷᠣ ᠬᠤᠷᠴᠢᠨ ᠳᠤ ᠪᠣᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |