ᠪᠠᠭ᠎ᠠ ᠬᠡᠤᠬᠡᠳ ᠢ ᠯᠠᠮᠠ ᠪᠣᠯᠭᠠᠬᠤ ᠶᠢ ᠬᠤᠷᠢᠭᠯᠠᠭᠰᠠᠨ ᠨᠢ
ᠨᠡᠶᠢᠲᠡᠯᠡᠭᠰᠡᠨ ᠴᠠᠭ᠄
2020/11/26
   ᠢᠷᠭᠡᠨ ᠤᠯᠤᠰ ᠤᠨ ᠭᠤᠴᠢᠭᠠᠳ ᠣᠨ ᠠᠴᠠ ᠬᠤᠶᠢᠰᠢ᠂ ᠬᠤᠰᠢᠭᠤᠨ ᠤ ᠮᠣᠩᠭᠤᠯ ᠪᠢᠴᠢᠭ ᠤᠨ ᠪᠠᠭ᠎ᠠ ᠰᠤᠷᠭᠠᠭᠤᠯᠢ ᠶᠢ ᠪᠠᠶᠢᠭᠤᠯᠵᠤ᠂ ᠰᠤᠷᠬᠤ ᠨᠠᠰᠤᠨ ᠤ ᠡᠷᠡᠭᠲᠡᠢ ᠬᠡᠤᠬᠡᠳ ᠢ ᠰᠤᠷᠭᠠᠭᠤᠯᠢ ᠳᠤ ᠡᠯᠰᠡᠵᠤ᠂ ᠦᠨᠳᠦᠰᠦᠲᠡᠨ ᠤ ᠪᠢᠴᠢᠭ ᠰᠤᠶᠤᠯ ᠤᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠬᠤ ᠪᠠᠷ ᠲᠣᠭᠲᠠᠭᠠᠵᠡᠢ᠃ ᠭᠤᠴᠢᠨ ᠵᠢᠷᠭᠤᠭᠠᠨ ᠪᠠᠭ ᠤᠨ ᠳᠣᠲᠤᠷᠠᠬᠢ ᠰᠤᠷᠬᠤ ᠨᠠᠰᠤᠨ ᠤ ᠬᠡᠤᠬᠡᠳ ᠤᠨ ᠨᠡᠷ᠎ᠡ ᠶᠢ ᠪᠦᠷᠢᠳᠭᠡᠵᠦ᠂ ᠡᠷᠳᠡᠮ ᠰᠤᠷᠭᠠᠭᠤᠯᠢ ᠳᠤ ᠰᠠᠭᠤᠯᠭᠠᠬᠤ ᠪᠠᠷ ᠪᠠᠭ ᠪᠦᠷᠢ ᠳᠤ ᠵᠠᠬᠢᠶ᠎ᠠ ᠪᠠᠭᠤᠯᠭᠠᠵᠤ᠂ ᠠᠷᠪᠢᠨ ᠲᠣᠭᠠᠨ ᠤ ᠰᠤᠷᠬᠤ ᠬᠡᠤᠬᠡᠳ ᠢ ᠡᠯᠰᠡᠪᠡ᠃ ᠭᠡᠲᠡᠯ᠎ᠡ ᠬᠦᠳᠡᠭᠡ ᠳᠠᠬᠢ ᠮᠠᠯᠴᠢᠳ ᠠᠯᠤᠰ ᠢᠷᠡᠭᠡᠳᠤᠢ ᠤᠷᠤᠭᠰᠢᠯᠠᠬᠤ ᠨᠠᠶᠢᠬᠡᠮ ᠤᠨ ᠠᠬᠤᠢ ᠪᠠᠶᠢᠳᠠᠯ ᠢ ᠦᠯᠦ ᠮᠡᠳᠡᠬᠦ ᠤᠴᠢᠷ ᠠᠴᠠ ᠠᠷᠪᠢᠨ ᠲᠣᠭᠠᠨ ᠤ ᠮᠣᠩᠭᠤᠯ ᠮᠠᠯᠴᠢᠳ ᠨᠢ ︽ᠰᠤᠷᠭᠠᠭᠤᠯᠢ ᠳᠤ ᠬᠡᠤᠬᠡᠳ ᠢ ᠮᠢᠨᠢ ᠵᠣᠪᠠᠭᠠᠵᠤ᠂ ᠠᠯᠪᠠᠨ ᠭᠠᠵᠠᠷ ᠲᠤ ᠬᠠᠯᠠ ᠠᠮᠰᠠᠭᠠᠵᠤ᠂ ᠡᠪᠡᠳᠬᠦ ᠦᠯᠦᠰᠬᠦᠢ ᠶᠢᠨ ᠠᠶᠤᠯ ᠡᠳ᠋ᠯᠡᠨ᠎ᠡ︾ ᠭᠡᠵᠦ ᠪᠤᠷᠤᠭᠤ ᠣᠶᠢᠯᠠᠭᠠᠵᠤ ᠪᠠᠶᠢᠭᠰᠠᠨ ᠠᠴᠠ ᠬᠡᠤᠬᠡᠳ ᠢᠶᠠᠨ ᠰᠦᠮ᠎ᠡ ᠬᠡᠶᠢᠳ ᠲᠤ ᠠᠪᠠᠴᠢᠵᠤ ᠯᠠᠮᠠ ᠪᠣᠯᠭᠠᠬᠤ ᠶᠠᠪᠤᠳᠠᠯ ᠡᠭᠦᠰᠬᠡᠵᠦ᠂ ᠰᠤᠷᠭᠠᠭᠤᠯᠢ ᠳᠤ ᠰᠠᠭᠤᠬᠤ ᠬᠡᠤᠬᠡᠳ ᠲᠤᠶᠢᠯ ᠤᠨ ᠬᠤᠪᠤᠷ ᠪᠣᠯᠴᠢᠬᠠᠪᠠ᠃    ᠡᠨᠡ ᠬᠦ ᠪᠠᠶᠢᠳᠠᠯ ᠤᠨ ᠳᠣᠣᠷ᠎ᠠ᠂ ᠬᠤᠰᠢᠭᠤᠨ ᠤ ᠵᠠᠰᠠᠭ ᠤᠨ ᠣᠷᠳᠤᠨ ᠠᠴᠠ ᠯᠠᠮᠠ ᠪᠣᠯᠭᠠᠬᠤ ᠶᠢ ᠵᠣᠭᠰᠤᠭᠠᠬᠤ ᠪᠠᠷ ᠤᠬᠠᠭᠤᠯᠤᠨ᠂ ︽ᠡᠴᠢᠭᠡ ᠡᠬᠡ ᠪᠣᠯᠤᠭᠰᠠᠳ᠂ ᠬᠤᠶᠢᠴᠢ ᠦᠶ᠎ᠡ ᠪᠠᠨ ᠵᠠᠯᠭᠠᠮᠵᠢᠯᠠᠵᠤ ᠭᠠᠯ ᠭᠤᠯᠤᠮᠲᠠ ᠶᠢ ᠰᠡᠷᠭᠦᠭᠡᠬᠦ ᠶᠠᠪᠤᠳᠠᠯ ᠢ ᠪᠣᠳᠤᠯᠬᠢᠯᠠᠬᠤ ᠦᠭᠡᠢ᠂ ᠦᠷ᠎ᠡ ᠬᠦᠪᠡᠭᠦᠳ ᠢᠶᠠᠨ ᠡᠷᠳᠡᠮ ᠮᠡᠳᠡᠯᠭᠡ ᠳᠤ ᠰᠢᠬᠠᠮᠳᠠᠭᠤᠯᠬᠤ ᠦᠭᠡᠢ᠂ ᠬᠠᠷᠢᠨ ᠰᠦᠮ᠎ᠡ ᠳᠤ ᠠᠪᠠᠴᠢᠵᠤ ᠯᠠᠮᠠ ᠪᠣᠯᠭᠠᠪᠠᠯ ᠬᠤᠵᠢᠮ ᠤᠭᠰᠠᠭ᠎ᠠ ᠲᠦᠷᠦᠯ ᠲᠠᠰᠤᠷᠠᠵᠤ᠂ ᠮᠣᠩᠭᠤᠯ ᠦᠨᠳᠦᠰᠦᠲᠡᠨ ᠬᠤᠶᠢᠰᠢᠲᠠ ᠮᠦᠬᠦᠬᠦ ᠶᠢᠨ ᠤᠷᠢᠳᠠᠯ ᠪᠣᠯᠤᠨ᠎ᠠ᠃ ᠤᠴᠢᠷ ᠨᠢ ᠯᠠᠮᠠ ᠬᠤᠸᠠᠷᠠᠭ ᠪᠣᠯᠪᠠᠯ ᠭᠡᠷ ᠠᠴᠠ ᠪᠠᠨ ᠭᠠᠷᠴᠤ᠂ ᠶᠢᠷᠲᠢᠨᠴᠦ ᠶᠢᠨ ᠠᠮᠢᠳᠦᠷᠠᠯ ᠢ ᠣᠷᠬᠢᠵᠤ᠂ ᠪᠤᠷᠬᠠᠨ ᠪᠣᠯᠬᠤ ᠦᠨᠳᠦᠰᠦ ᠶᠢ ᠪᠠᠷᠢᠵᠤ᠂ ᠪᠤᠭᠲᠠ ᠶᠢᠨ ᠣᠷᠣᠨ ᠳᠤ ᠰᠠᠮᠠᠳᠢ ᠶᠢ ᠪᠢᠰᠢᠯᠭᠠᠵᠤ᠂ ᠨᠢᠷᠸᠠᠨ ᠤ ᠬᠤᠲᠤᠭ ᠢ ᠣᠯᠬᠤ ᠶᠢ ᠵᠣᠷᠢᠵᠤ᠂ ᠶᠢᠷᠲᠢᠨᠴᠦ ᠠᠴᠠ ᠰᠠᠯᠬᠤ ᠶᠢᠨ ᠵᠠᠶᠢᠯᠠᠰᠢ ᠦᠭᠡᠢ︾ ᠭᠡᠬᠦ ᠶᠢ ᠠᠷᠠᠳ ᠲᠦᠮᠡᠨ ᠳᠤ ᠲᠠᠨᠢᠭᠤᠯᠵᠤ᠂ ᠰᠤᠮᠤ ᠪᠠᠭ ᠲᠤ ᠨᠠᠶᠢᠲᠡᠯᠡᠨ ᠲᠤᠰᠢᠶᠠᠵᠤ᠂ ᠲᠠᠮᠠᠭᠠᠲᠤ ᠪᠢᠴᠢᠭ ᠪᠠᠭᠤᠯᠭᠠᠪᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ︽ᠠᠯᠠᠱᠠ ᠬᠤᠱᠤᠳ ᠮᠣᠩᠭᠤᠯ ᠤᠨ ᠲᠤᠪᠴᠢ ᠲᠡᠤᠬᠡ︾ ᠭᠤᠷᠪᠠᠳᠤᠭᠠᠷ ᠪᠦᠯᠦᠭ ︵ᠰᠤᠶᠤᠯ ᠭᠡᠭᠡᠷᠡᠯ᠂ ᠰᠤᠷᠭᠠᠨ ᠬᠦᠮᠦᠵᠢᠯ᠂ ᠦᠷᠡᠰ ᠨᠠᠶᠢ᠊
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号