ᠠᠯᠠᠱᠠ ᠦᠷᠡᠰ ᠨᠠᠶᠢᠷ ᠤᠨ ᠡᠭᠦᠰᠦᠯᠲᠡ ᠲᠡᠤᠬᠡ
ᠨᠡᠶᠢᠲᠡᠯᠡᠭᠰᠡᠨ ᠴᠠᠭ᠄
2020/11/26
   ᠠᠯᠠᠱᠠ ᠬᠤᠱᠣᠣᠳ ᠮᠣᠩᠭᠤᠯᠴᠤᠳ ᠤᠨ ᠤᠭ ᠢᠵᠠᠭᠤᠷ ᠪᠣᠯ ᠡᠵᠡᠨ ᠴᠢᠩᠭᠢᠰ ᠬᠠᠭᠠᠨ ᠤ ᠲᠡᠭᠦᠦ ᠬᠠᠪᠤᠲᠤ ᠬᠠᠰᠠᠷ ᠤᠨ21 ᠳ᠋ᠦ᠋ᠭᠡᠷ ᠦᠶ᠎ᠡ ᠶᠢᠨ ᠦᠷ᠎ᠡ ᠬᠡᠤᠬᠡᠳ ᠪᠣᠯᠬᠤ ᠬᠤᠱᠤᠳ ᠠᠶᠢᠮᠠᠭ ᠤᠨ ᠪᠠᠭᠠᠲᠤᠷ ᠡᠷᠬᠡ ᠵᠢᠨᠤᠩ ᠬᠤᠷᠤᠯᠠᠢ ᠲᠦᠷᠦᠭᠦᠲᠡᠢ ᠨᠢᠭᠡ ᠪᠦᠯᠦᠭ ᠨᠢ ᠪᠣᠯᠬᠤ ᠪᠦᠯᠦᠭᠡ᠃ ᠲᠡᠶᠢᠮᠦ ᠳᠤ ᠠᠯᠠᠱᠠᠴᠤᠳ ᠲᠡᠭᠷᠢᠯᠢᠭ ᠡᠵᠡᠨ ᠴᠢᠩᠭᠢᠰ ᠤᠨ ᠬᠤᠶᠢᠴᠢ ᠦᠶ᠎ᠡ  ᠶᠢᠨ ᠬᠢᠨᠢ ᠠᠴᠢ ᠦᠷ᠎ᠡ ᠪᠣᠯᠤᠭᠰᠨ ᠤ ᠬᠤᠪᠢ ᠳᠤ ᠡᠷᠲᠡᠨ ᠤ ᠡᠪᠦᠭᠡ ᠳᠡᠭᠡᠳᠦᠰ ᠤᠨ ᠪᠠᠶᠢᠯᠳᠤᠭᠠᠨ ᠬᠢᠵᠦ᠂ ᠣᠯᠠᠨ ᠠᠶᠢᠮᠠᠭ ᠤᠭᠰᠠᠭ᠎ᠠ ᠶᠢ ᠨᠢᠭᠡᠳᠬᠡᠨ ᠲᠦᠪᠰᠢᠳᠬᠡᠵᠦ᠂ ᠤᠯᠤᠰ ᠭᠡᠷ ᠢᠶᠠᠨ ᠪᠠᠶᠢᠭᠤᠯᠤᠭᠰᠠᠨ ᠲᠦᠷᠦ ᠶᠢᠨ ᠶᠡᠭᠡ ᠦᠪᠡᠲᠡᠭᠰᠢ ᠨᠠᠶᠢᠷ ᠲᠠᠯᠪᠢᠨ᠂ ᠪᠠᠶᠠᠷ ᠴᠢᠩᠬᠡᠯ ᠢᠶᠠᠷ ᠳᠤᠷᠠᠰᠬᠠᠯ ᠤᠨ ᠡᠳᠤᠷ ᠢᠶᠠᠨ ᠲᠡᠮᠳᠡᠭᠯᠡᠬᠦ ᠤᠯᠠᠮᠵᠢᠯᠠᠯ ᠢ ᠳᠠᠭᠠᠵᠦ᠂ ᠬᠠᠨ ᠬᠤᠷᠮᠤᠰᠲᠠ ᠲᠡᠭᠷᠢ ᠪᠣᠯᠤᠨ ᠡᠪᠦᠭᠡ ᠳᠡᠭᠡᠲᠤᠰ ᠲᠡᠭᠡᠨ ᠦᠷ᠎ᠡ ᠪᠦᠬᠦᠨ ᠢᠶᠠᠷ ᠰᠠᠴᠦᠯᠢ ᠡᠷᠭᠦᠨ ᠲᠠᠬᠢᠯ ᠲᠠᠪᠢᠭ ᠲᠤᠰᠬᠠᠵᠤ᠂ ᠬᠠᠭᠠᠨ ᠡᠵᠡᠨ᠂ ᠬᠠᠲᠤᠨ ᠡᠵᠢ᠂ ᠦᠷ᠎ᠡ ᠬᠦᠪᠡᠭᠦᠳ᠂ ᠲᠦᠰᠢᠮᠡᠯ ᠰᠠᠶᠢᠳ᠂ ᠦᠷᠯᠦᠭ ᠵᠠᠩᠵᠤᠨ᠂ ᠴᠡᠷᠢᠭ ᠬᠤᠶᠠᠭ ᠤᠳ ᠤᠨ ᠢᠶᠠᠨ ᠭᠠᠪᠢᠶ᠎ᠠ ᠵᠢᠳᠬᠦᠯ ᠢ ᠢᠯᠡᠷᠬᠡᠶᠢᠯᠡᠨ ᠬᠡᠷᠬᠡᠮ ᠴᠤᠯᠠ ᠵᠡᠷᠭᠡ ᠲᠤᠰᠢᠶᠠᠯ ᠱᠠᠩᠨᠠᠨ ᠳᠡᠪᠰᠢᠭᠦᠯᠳᠡᠭ ᠪᠠᠶᠢᠨ᠎ᠠ᠃ ᠭᠠᠳᠠᠭᠠᠳᠤ ᠠᠶᠢᠮᠠᠭ ᠤᠭᠰᠠᠭᠠᠲᠠᠨ ᠤ ᠲᠦᠷᠦᠭᠦᠴᠢ ᠬᠠᠨ᠂ ᠲᠦᠰᠢᠮᠡᠯ ᠰᠠᠶᠢᠳ᠂ ᠴᠡᠷᠢᠭ ᠬᠤᠶᠠᠭ ᠢ ᠴᠤ ᠠᠳᠠᠯᠢ ᠰᠠᠶᠢᠰᠢᠶᠠᠵᠤ  ᠂ ᠣᠯᠵᠠᠯᠠᠭᠰᠠᠳ ᠪᠠ ᠪᠢᠰᠢᠷᠡᠨ ᠳᠠᠭᠠᠭᠰᠠᠳ ᠡᠲᠡᠭᠡᠳ ᠢ ᠰᠤᠶᠤᠯ ᠢᠶᠠᠷ ᠭᠡᠶᠢᠭᠦᠯᠦᠨ ᠦᠷᠦᠰᠢᠶᠡᠳᠡᠭ᠃ ᠪᠠᠰᠠ ᠤᠯᠤᠰ ᠭᠦᠷᠦᠨ ᠢᠶᠠᠷ ᠢᠶᠠᠨ ᠡᠯᠪᠡᠭ ᠬᠤᠷᠢᠶᠠᠯᠲᠠ ᠣᠯᠤᠭᠰᠠᠨ ᠠᠮᠵᠢᠯᠲᠠ ᠪᠦᠲᠦᠭᠡᠯ ᠢᠶᠠᠨ ᠪᠡᠯᠭᠡᠯᠡᠨ ᠢᠷᠦᠭᠡᠵᠦ᠂ ᠤᠯᠤᠰ ᠨᠡᠶᠢᠲᠡ ᠪᠠᠷ ᠢᠶᠠᠨ ᠪᠠᠶᠠᠰᠦᠨ ᠨᠠᠶᠢᠷᠯᠠᠯᠳᠤᠳᠠᠭ᠃ ᠦᠶ᠎ᠡ ᠤᠯᠠᠷᠢᠨ ᠸᠠᠩ ᠤᠨ ᠬᠡᠷᠬᠡᠮ ᠢ ᠵᠠᠯᠭᠠᠮᠵᠢᠯᠠᠨ᠂ ᠠᠯᠠᠱᠠ ᠨᠤᠲᠤᠭ ᠢ ᠡᠵᠡᠯᠡᠨ ᠰᠠᠭᠤᠭᠰᠠᠨ ᠤ ᠬᠤᠪᠢ ᠳᠤ ᠦᠷᠡᠰ ᠨᠠᠶᠢᠷ ᠲᠠᠯᠪᠢᠨ᠂ ᠣᠯᠠᠨ ᠦᠷᠭᠡᠨ ᠠᠷᠠᠳ ᠢᠶᠠᠨ ᠪᠠᠶᠠᠰᠬᠠᠨ ᠳᠠᠶᠢᠴᠢᠯᠠᠵᠤ᠂ ᠡᠷ᠎ᠡ ᠶᠢᠨ ᠭᠤᠷᠪᠠᠨ ᠨᠠᠭᠠᠳᠤᠮ ᠢ ᠶᠠᠪᠤᠭᠤᠯᠵᠤ᠂ ᠴᠡᠷᠢᠭ ᠳᠠᠶᠢᠨ ᠤ ᠮᠡᠷᠭᠡᠵᠢᠯ ᠢ ᠪᠣᠯᠪᠠᠰᠤᠷᠠᠭᠤᠯᠵᠤ᠂ ᠮᠤᠷᠢᠲᠤ ᠴᠡᠷᠢᠭ ᠤᠨ ᠬᠦᠯᠦᠭ ᠤᠨᠤᠭ᠎ᠠ ᠶᠢ ᠰᠤᠩᠭᠤᠵᠤ᠂ ᠪᠠᠭᠠᠲᠤᠷ ᠴᠡᠷᠢᠭ ᠤᠨ ᠵᠤᠬᠢᠶᠠᠨ ᠪᠠᠶᠢᠭᠤᠯᠤᠯᠲᠠ ᠶᠢ ᠰᠢᠯᠢᠳᠡᠭᠵᠢᠬᠦᠯᠬᠦ ᠶᠢᠨ ᠲᠤᠰᠠᠲᠠ ᠡᠷᠳᠡᠮ ᠤᠨ ᠵᠢᠷᠤᠮ ᠢ ᠣᠷᠬᠢᠭᠳᠠᠭᠤᠯᠤᠯ ᠦᠭᠡᠢ᠂ ᠦᠨᠳᠦᠰᠦᠲᠡᠨ ᠤ ᠪᠠᠨ ᠤᠯᠤᠰ ᠲᠦᠷᠦ᠂ ᠰᠤᠶᠤᠯ ᠭᠡᠭᠡᠷᠡᠯ᠂ ᠤᠳᠬ᠎ᠠ ᠤᠷᠠᠯᠢᠭ᠂ ᠵᠠᠩᠰᠢᠯ ᠤᠳᠤᠮᠰᠢᠯ ᠢᠶᠠᠨ ᠡᠩᠬᠦᠷᠡᠶᠢᠯᠡᠨ ᠢᠷᠡᠭᠰᠡᠨ ᠪᠣᠯᠪᠠᠰᠤᠨ ᠲᠡᠤᠬᠡ ᠲᠠᠢ ᠮᠣᠩᠭᠤᠯᠴᠤᠳ ᠶᠤᠮ᠃    ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号