ᠰᠡᠳᠭᠢᠯ ᠤᠨ ᠦᠷᠢ
ᠨᠡᠶᠢᠲᠡᠯᠡᠭᠰᠡᠨ ᠴᠠᠭ᠄
2020/12/22
ᠵᠡᠭᠦᠠᠭᠠᠷ ᠳ᠋ᠠᠮᠴᠤᠶᠢᠷᠠᠭᠪᠠ ᠤᠬᠢᠯᠠᠬᠤ ᠨᠢᠯᠪᠤᠰᠤᠨ ᠲᠤᠰᠤᠯ ᠢᠶᠠᠨ ᠠᠭᠠᠲᠠᠷ ᠤᠨ ᠪᠤᠷᠤᠭᠠᠨ ᠢᠶᠠᠷ ᠠᠰᠬᠠᠷᠠᠭᠤᠯᠤᠭᠰᠠᠨ ᠴᠦ ᠣᠶᠢᠯᠡ ᠶᠢᠨ ᠬᠠᠷ᠎ᠠ ᠨᠢᠭᠦᠯ ᠢᠶᠠᠨ ᠤᠬᠢᠶᠠᠵᠦ ᠶᠠᠭᠠᠬᠢᠨ ᠠᠷᠢᠯᠬᠤ ᠪᠢᠯᠡ ᠲᠤᠤᠭᠠᠷᠬᠤ ᠦᠭᠡᠨ ᠤ ᠠᠶᠠᠰ ᠢᠶᠠᠨ ᠶᠠᠲᠤᠭ᠎ᠠ ᠶᠢᠨ ᠡᠭᠡᠰᠢᠭ ᠢᠶᠠᠷ ᠤᠶᠠᠩᠭᠠᠷᠠᠭᠤᠯᠤᠭᠰᠠᠨ ᠴᠦ ᠲᠤᠷᠠᠮᠵᠢᠬᠠᠨ ᠰᠡᠳᠭᠢᠯ ᠤᠨ ᠴᠢᠪᠬᠠᠲᠠᠰᠦ ᠶᠢ ᠲᠤᠷᠭᠢᠭᠤᠯᠵᠦ ᠬᠡᠷᠬᠢᠨ ᠬᠦᠭᠯᠡᠭᠦ ᠪᠢᠯᠡ ᠴᠡᠴᠡᠭᠡᠰ ᠢᠴᠢᠭᠡᠮ᠎ᠡ ᠦᠩᠭᠡ ᠪᠠᠷ ᠰᠤᠯᠤᠩᠭ᠎ᠠ ᠲᠠᠲᠠᠲᠠᠯ᠎ᠠ ᠪᠠᠨ ᠢᠨᠢᠶᠡᠭᠰᠡᠨ ᠴᠦ ᠰᠡᠪᠲᠦᠭᠰᠡᠨ ᠵᠢᠷᠦᠭᠡᠨ ᠤ ᠰᠢᠷᠬ᠎ᠠ ᠶᠢ ᠡᠲᠡᠭᠡᠵᠦ ᠶᠠᠭᠠᠬᠢᠨ ᠴᠢᠲᠠᠬᠤ ᠪᠢᠯᠡ ᠴᠠᠯᠮᠡᠭᠦᠨ ᠲᠤᠯᠠᠭᠠᠬᠠᠨ ᠠᠭᠠᠯᠢ ᠪᠠᠷ ᠨᠠᠷᠠ ᠬᠠᠶᠢᠯᠤᠮ᠎ᠠ ᠲᠦᠭᠡᠨᠡᠭᠰᠡᠨ ᠴᠦ ᠰᠡᠮᠡᠷᠡᠭᠰᠡᠨ ᠪᠣᠲᠣᠯ ᠤᠨ ᠦᠭᠡᠲᠡᠰᠦ ᠶᠢ ᠰᠡᠯᠪᠢᠵᠤ ᠭᠡᠷᠭᠢᠨ ᠲᠡᠶᠢᠯᠬᠦ ᠪᠢᠯᠡ ᠠᠮᠢᠲᠣᠷᠠᠯ ᠤᠨ ᠷᠠᠰᠢᠶᠠᠨ ᠠᠮᠢᠲᠣᠷᠠᠯ ᠤᠨ ᠷᠠᠰᠢᠶᠠᠨ ᠢ ᠠᠮᠰᠠᠶ᠎ᠠ ᠭᠡᠮᠡᠨ ᠠᠭᠠᠭ ᠲᠠᠢ ᠠᠲᠠᠷ ᠨᠠᠰᠤᠨ ᠳᠤ ᠠᠮᠠ ᠪᠠᠨ ᠮᠡᠲᠡᠬᠦ ᠦᠭᠡᠢ ᠬᠠᠩᠭᠠᠯ ᠢᠶᠠᠷ ᠠᠰᠠᠵᠦ ᠲᠦᠷᠡᠯᠵᠡᠭᠰᠡᠨ ᠲᠤᠷᠠᠯᠠᠯ ᠤᠷᠤᠭᠤ ᠠᠭᠠᠰᠢ ᠵᠠᠩ ᠢ ᠨᠢ ᠠᠩᠵᠠᠭᠠᠯ ᠦᠭᠡᠢ ᠪᠠᠷ ᠠᠮᠠᠲᠠᠵᠦ ᠲᠤᠭᠲᠤᠷᠴᠤ ᠠᠮᠵᠢᠯ ᠦᠭᠡᠢ ᠪᠠᠷ ᠦᠯᠦᠨ ᠪᠠᠷᠰ ᠤᠨ ᠭᠤᠷᠢᠯᠠᠩ ᠢᠶᠠᠷ ᠦᠵᠢᠬᠦᠨ ᠵᠠᠭᠠᠨ ᠤ ᠣᠮᠣᠭᠯᠠᠩ ᠢᠶᠠᠷ ᠴᠡᠭᠡᠷ ᠤᠨ ᠨᠢᠮᠭᠡᠨ ᠱᠠ ᠶᠢ ᠴᠣᠭᠤ ᠲᠠᠲᠠᠨ ᠣᠷᠠᠮᠠᠷ ᠁ ᠴᠡᠩᠭᠡᠯ ᠤᠨ ᠣᠷᠲᠣᠨ ᠤ ᠬᠠᠭᠠᠯᠭ᠎ᠠ ᠶᠢ ᠴᠦᠮᠦ ᠲᠠᠭᠠᠷᠢᠨ ᠣᠷᠣᠮᠠᠷ ᠁ ᠪᠠᠴᠢᠭᠤ ᠲᠤᠯᠤᠭᠰᠠᠨ ᠲᠠᠶᠢᠨ ᠤ ᠲᠠᠪᠴᠢᠭᠤ ᠮᠤᠬᠤᠷ ᠲᠤ ᠰᠢᠷᠬᠠᠲᠤᠬᠤᠢ ᠁ ᠬᠠᠯᠠᠭᠤ ᠲᠦᠦᠭᠰᠡᠨ ᠰᠢᠨᠤᠯ ᠢ ᠬᠦᠯᠲᠡᠭᠦᠦ ᠲᠠᠮᠦ ᠳᠤ ᠰᠢᠲᠡᠬᠦᠢ ᠁ ᠬᠢᠴᠢᠶᠡᠯ ᠦᠭᠡᠢ ᠨᠣᠴᠣᠭᠰᠠᠨ ᠲᠤᠶᠢᠮᠡᠷ ᠢ ᠲᠠᠴᠢᠶᠠᠯ ᠤᠨ ᠬᠤᠷ᠎ᠠ ᠪᠠᠷ ᠲᠠᠷᠤᠬᠤᠢ ᠁ ᠬᠡᠷᠰᠡᠦ ᠰᠠᠭᠤᠭ᠎ᠠ ᠦᠭᠡᠢ ᠡᠮᠨᠢᠭ ᠢ ᠭᠡᠴᠡᠭᠦᠦ ᠤᠶᠢᠯᠡ ᠪᠠᠷ ᠲᠠᠮᠤᠯᠠᠬᠤᠢ ᠁ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号