ᠬᠦᠲᠡᠭᠡ ᠶᠢᠨ ᠰᠠᠯᠬᠢ
ᠨᠡᠶᠢᠲᠡᠯᠡᠭᠰᠡᠨ ᠴᠠᠭ᠄
2020/12/22
ᠵᠡᠭᠦᠠᠭᠠᠷ ᠳ᠋ᠠᠮᠴᠤᠶᠢᠷᠠᠭᠪᠠ ᠬᠦᠲᠡᠭᠡ ᠶᠢᠨ ᠰᠠᠯᠬᠢ ᠰᠢᠭᠦᠲᠡᠷᠢ ᠦᠷᠭᠦᠭᠡᠵᠤ ᠬᠦᠭᠯᠡᠷᠡᠭᠰᠡᠨ ᠮᠠᠨᠠᠨ ᠤ ᠰᠠᠬᠠᠯ ᠠᠴᠠ ᠵᠤᠯᠭᠠᠭᠠᠳ ᠬᠦᠯ ᠨᠢᠴᠦᠭᠦᠯᠡᠨ ᠴᠡᠴᠡᠭᠡᠰ ᠭᠢᠰᠭᠢᠯᠡᠭᠰᠡᠭᠡᠷ ᠬᠦᠲᠦᠯ ᠲᠤᠭᠤᠴᠢᠭᠤᠯᠤᠨ ᠠᠶᠢᠯ ᠪᠠᠷᠠᠲᠠᠪᠠ᠃ ᠬᠦᠩᠭᠡᠨ ᠵᠡᠷᠭᠡᠯᠭᠡ ᠳᠤ ᠨᠢᠲᠦ ᠨᠢ ᠲᠠᠯᠮᠢᠶᠠᠷᠠᠨ ᠬᠦᠯᠴᠦᠭᠦᠷᠡᠵᠦ ᠪᠠᠭᠠᠬᠠᠨ ᠦᠵᠡᠮᠵᠢ ᠰᠣᠨᠢᠷᠬᠠᠭᠠᠳ ᠬᠦᠯᠦᠭ ᠤᠨ ᠵᠥ᠋ ᠲᠡᠭᠡᠷ᠎ᠡ ᠰᠡᠳᠭᠢᠯ ᠲᠡᠷᠪᠡᠭᠦᠯᠵᠦ ᠬᠦᠭᠰᠡᠵᠦ ᠪᠠᠶᠠᠷᠯᠠᠬᠤ ᠪᠠᠷ ᠭᠡᠰᠡᠭ ᠬᠥᠮᠡᠶᠢᠯᠡᠪᠡ᠃ ᠬᠤᠯᠠ ᠵᠠᠮ ᠢ ᠲᠥᠲᠡᠯᠡᠰᠬᠢᠵᠥ ᠦᠩᠭᠡᠷᠡᠭᠡᠳ ᠬᠤᠲᠠᠨ ᠤ ᠵᠠᠬ᠎ᠠ ᠪᠠᠷ ᠭᠡᠲᠡᠵᠤ ᠴᠢᠩᠨᠠᠭᠠᠳ ᠬᠤᠲᠠᠴᠢ ᠪᠠᠩᠬᠠᠷ ᠲᠤ ᠰᠡᠷᠡᠭᠲᠡᠬᠦ ᠠᠴᠠ ᠪᠣᠯᠭᠤᠭᠠᠨ ᠬᠤᠯᠠᠭᠤᠷ ᠲᠣᠭᠤᠷᠢᠨ ᠭᠡᠷ ᠲᠤ ᠣᠷᠣᠪᠠ᠃ ᠬᠦᠨᠦᠭ ᠲᠠᠢ ᠠᠶᠢᠷᠠᠭ ᠠᠴᠠ ᠨᠢ ᠲᠠᠮᠰᠢᠶᠠᠯᠠᠵᠦ ᠰᠠᠭᠤᠲᠠᠯ᠎ᠠ ᠬᠦᠯ ᠲᠣᠣᠷ᠎ᠠ ᠠᠴᠠ ᠮᠤᠤᠷ ᠶᠣᠣᠯᠠᠵᠤ ᠬᠦᠭᠰᠢᠨ ᠡᠵᠢ ᠲᠡᠨᠲᠡ ᠠᠴᠠ ᠬᠦᠶ᠋ᠢ ᠬᠠᠢ ᠤᠤᠯᠭᠠᠯᠠᠬᠤ ᠳᠤ ᠬᠥᠩᠭᠡᠨ ᠭᠡᠭᠴᠢ ᠲᠦᠷᠭᠡᠯᠡᠨ ᠡᠭᠦᠲᠡ ᠠᠮᠠᠲᠠᠪᠠ᠃ ᠬᠦᠯᠦᠰᠦ ᠪᠠᠨ ᠠᠷᠴᠢᠬᠤ ᠶᠢᠨ ᠵᠠᠪ ᠪᠣᠯᠣᠯ ᠦᠭᠡᠢ ᠬᠦᠭᠡᠭᠡᠭᠲᠡᠵᠦ ᠨᠣᠬᠠᠢ ᠠᠴᠠ ᠠᠮᠢ ᠵᠢᠭᠤᠲᠠᠭᠰᠠᠭᠠᠷ ᠬᠦᠨᠲᠡᠢ ᠳᠤ ᠨᠡᠯᠡᠶᠢᠬᠤ ᠰᠥᠷᠥᠭ ᠤᠨ ᠲᠡᠷᠭᠡᠲᠡ ᠳᠠᠬᠢ ᠬᠥᠭᠡᠷᠦᠭᠡᠨ ᠭᠡᠤᠭᠡᠨ ᠢ ᠦᠨᠦᠰᠴᠦ ᠠᠮᠵᠢᠪᠠ᠃ ᠬᠠᠵᠠᠭᠲᠠᠬᠤ ᠠᠴᠠ ᠪᠠᠨ ᠪᠠᠰᠠ ᠠᠶᠤᠮᠠᠲᠠᠬᠠᠢ ᠵᠣᠯᠢᠭ ᠭᠡᠵᠦ ᠬᠠᠴᠠᠷ ᠢᠶᠠᠨ ᠢᠯᠢᠭᠰᠡᠭᠡᠷ ᠲᠤᠲᠤᠷ᠎ᠠ ᠪᠠᠨ ᠡᠯᠡᠭᠯᠡᠬᠦ ᠳᠤ ᠬᠠᠯᠲᠠᠷᠲᠤᠭᠰᠠᠨ ᠢᠶᠠᠨ ᠴᠡᠪᠡᠷᠯᠡᠴᠢᠭᠡ ᠳ᠋ᠠ ᠲᠡᠨᠡᠭ ᠮᠢᠨᠢ ᠭᠡᠵᠦ ᠬᠠᠵᠠᠭᠤ ᠠᠴᠠ ᠨᠢ ᠬᠠᠷᠠᠭᠠᠳ ᠬᠦᠭᠡ ᠢᠨᠢᠲᠡᠲᠦ ᠠᠯᠲᠠᠪᠠ᠃ ᠰᠡᠳᠭᠢᠯ ᠤᠨ ᠨᠢᠭᠤᠴᠠ ᠶᠢ ᠨᠢ ᠰᠡᠷᠡᠵᠤ ᠮᠡᠲᠡᠴᠢᠭᠡᠭᠡᠳ ᠰᠡᠮᠭᠡᠨ ᠭᠡᠲᠤᠨ ᠦᠭᠡ ᠴᠢᠬᠢᠨ ᠪᠠᠷ ᠨᠢ ᠰᠢᠪᠡᠨᠡᠴᠢᠭᠡᠭᠡᠳ ᠬᠠᠶᠢᠷ᠎ᠠ ᠶᠢᠨ ᠬᠠᠯᠠᠭᠤᠨ ᠢᠯᠡᠭᠡᠯᠲᠡ ᠶᠢ ᠨᠢ ᠠᠪᠤᠭᠠᠳ ᠬᠠᠷ᠎ᠠ ᠬᠦᠦ ᠤᠷᠤᠭᠤ ᠶᠠᠭᠠᠷᠠᠤᠬᠠᠨ ᠬᠠᠲᠠᠷᠢᠭᠤᠯᠪᠠ ᠁ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号