ᠰᠡᠳᠭᠢᠯ ᠤᠨ ᠬᠤᠯᠠᠭᠠᠶᠢᠴᠢ
ᠨᠡᠶᠢᠲᠡᠯᠡᠭᠰᠡᠨ ᠴᠠᠭ᠄
2020/12/22
ᠵᠡᠭᠦᠠᠭᠠᠷ ᠳ᠋ᠠᠮᠴᠤᠶᠢᠷᠠᠭᠪᠠ ᠡᠲᠤᠷ ᠬᠤᠨᠤᠭ ᠤᠨ ᠨᠤᠭᠤᠴᠠᠭᠠᠨ ᠳᠤ ᠥᠭᠡᠲᠡ ᠪᠠᠨ ᠤᠷᠤᠭᠤ ᠪᠠᠨ ᠲᠡᠨᠤᠭ᠍ᠰᠡᠭᠡᠷ ᠣᠪᠠᠶᠢᠨ ᠳᠤ ᠦᠭᠡᠢ ᠭᠡᠨᠡᠳᠲᠡ ᠲᠡᠭᠦᠨ ᠲᠠᠢ ᠤᠷᠤᠯᠲᠤᠭᠠᠨ ᠤ ᠲᠠᠯᠠᠪᠠᠢ ᠳᠤ ᠲᠠᠭᠠᠷᠠᠪᠠ ᠭᠡᠨᠡᠨ ᠰᠡᠳᠭᠢᠯ ᠤᠨ ᠮᠠᠨᠠᠭ᠎ᠠ ᠲᠠᠢ ᠨᠢ ᠭᠡᠲᠡᠵᠤ ᠣᠲᠣᠵᠣ ᠠᠭᠤᠯᠵᠠᠭᠠᠳ ᠭᠡᠷ ᠤᠨ ᠡᠭᠦᠲᠡᠨ ᠤ ᠨᠣᠮᠸᠠᠷ ᠢ ᠨᠢ ᠭᠡᠲᠡᠭᠡᠯᠡᠵᠤ ᠡᠲᠦᠭᠰᠡᠭᠡᠷ ᠭᠡᠯᠡᠭᠦᠯᠪᠡ ᠴᠠᠭᠠᠰᠢ ᠭᠡᠲᠤ ᠠᠯᠬᠤᠲᠠᠯ᠎ᠠ ᠴᠠᠭᠠᠨ ᠰᠢᠲᠦ ᠪᠠᠨ ᠢᠷᠠᠯᠵᠠᠭᠤᠯᠤᠭᠰᠠᠨ ᠴᠠᠶᠢᠯᠭᠠᠨ ᠰᠠᠨᠠᠭᠠᠨ ᠤ ᠬᠠᠷᠠᠭᠤᠯ ᠲᠠᠢ ᠴᠠᠭ ᠲᠣᠬᠢᠷᠠᠨ ᠪᠣᠯᠵᠣᠪᠠ ᠡᠵᠡᠭᠦᠢ ᠰᠡᠳᠭᠢᠯ ᠤᠨ ᠦᠷᠭᠦᠭᠡᠨ ᠳᠤ ᠡᠪ ᠢ ᠨᠢ ᠦᠵᠡᠵᠦ ᠣᠷᠣᠴᠢᠬᠠᠭᠠᠳ ᠡᠷᠬᠢᠮᠰᠥᠭ ᠵᠠᠰᠠᠭᠰᠠᠨ ᠰᠠᠭᠤᠲᠠᠯ ᠤᠨ ᠡᠷᠲᠡᠨᠢ ᠶᠢᠨ ᠰᠢᠬᠢᠳᠭᠡᠭᠡ ᠶᠢ ᠨᠢ ᠭᠠᠶᠢᠬᠠᠪᠠ ᠶᠠᠯᠢᠭᠦᠢ ᠪᠣᠲᠣᠯ ᠤᠨ ᠲᠠᠷᠠᠰᠤ ᠶᠢ ᠶᠠᠩᠨᠠᠵᠤ ᠥᠭᠭᠦᠭᠦᠯᠡᠷ ᠨᠢ ᠠᠮᠰᠠᠴᠢᠬᠠᠭᠠᠳ ᠶᠡᠭᠡᠮᠰᠦᠭ ᠵᠣᠴᠢᠨ ᠤ ᠪᠠᠶᠢᠷᠢ ᠲᠠᠢ ᠢᠭ ᠮᠢᠭ ᠦᠭᠡᠶᠢᠭᠡᠨ ᠪᠠᠶᠢᠲᠠᠯ᠎ᠠ ᠬᠤᠯᠪᠣᠭ᠎ᠠ ᠨᠠᠭᠤᠷ ᠤᠨ ᠡᠷᠪᠡᠭᠡᠢ ᠬᠤᠯᠠᠲᠠᠵᠣ ᠤᠶᠢᠷᠠᠲᠦᠵᠦ ᠪᠦᠵᠢᠭᠡᠳ ᠬᠤᠭᠤᠯᠠᠢ ᠤᠬᠠᠭᠠᠨ ᠬᠤᠶᠠᠷ ᠴᠦ ᠬᠤᠯᠪᠣᠵᠣ ᠲᠠᠭᠤᠯᠠᠵᠤ ᠨᠠᠷᠭᠢᠭᠤᠯᠪᠠ ᠬᠠᠶᠠᠭ ᠦᠭᠡᠢ ᠭᠡᠲᠤᠨ ᠵᠠᠬᠢᠶ᠎ᠠ ᠪᠠᠨ ᠬᠠᠶᠠ ᠨᠢᠭᠡ ᠰᠢᠲᠡᠴᠢᠭᠡᠭᠡᠳ ᠬᠠᠵᠠᠭᠤ ᠳᠠᠭᠠᠨ ᠰᠡᠷᠡᠭᠲᠡᠭᠦ ᠠᠴᠠ ᠬᠡᠷᠰᠡᠤᠯᠡᠵᠤ ᠬᠠᠮᠠᠷ ᠢᠶᠠᠨ ᠨᠤᠬᠤᠯᠠᠰᠬᠢᠭᠡᠳ ᠬᠠᠨᠢᠶᠠᠪᠠ ᠭᠡᠷᠪᠢᠰᠢᠵᠦ ᠢᠴᠢᠭᠰᠡᠨ ᠪᠠᠶᠢᠬ᠎ᠠ ᠲᠡᠷᠡ ᠭᠡᠵᠢᠭᠡ ᠪᠠᠨ ᠵᠠᠰᠠᠰᠬᠢᠭᠡᠳ ᠢᠨᠢᠶᠡᠪᠡ ᠭᠡᠷ ᠲᠦᠭᠦᠷᠡᠩ ᠭᠡᠷᠡᠯ ᠲᠡᠲᠡᠵᠤ ᠭᠡᠭᠡᠨ ᠬᠠᠶᠢᠷ᠎ᠠ ᠶᠢᠨ ᠵᠣᠯᠠ ᠠᠰᠠᠪᠠ ᠪᠣᠯᠵᠣᠭᠠᠨ ᠤ ᠪᠡᠯᠴᠢᠭᠡᠷ ᠲᠤ ᠬᠤᠣᠰᠯᠠᠵᠣ ᠪᠣᠱᠤᠭ᠎ᠠ ᠡᠯᠡᠲᠡᠯ᠎ᠡ ᠬᠤᠯᠬᠢᠵᠤ ᠪᠣᠲᠣᠯ ᠢᠶᠠᠨ ᠵᠢᠷᠤᠭᠡᠨ ᠠᠴᠠ ᠨᠢ ᠤᠶᠠᠵᠤ ᠪᠤᠷᠪᠢ ᠪᠣᠬᠢᠷᠠᠯ ᠦᠭᠡᠢ ᠵᠢᠷᠢᠢᠯᠭᠡᠪᠡ ᠬᠤᠯᠠ ᠶᠠᠪᠤᠬᠤ ᠪᠠᠷ ᠵᠠᠯᠠᠬᠠᠭᠤ ᠲᠠᠢ ᠬᠤᠷᠭᠤᠲᠠᠵᠣ ᠪᠠᠷᠠᠲᠠᠬᠤ ᠪᠠᠷ ᠤᠷᠮᠠᠲᠠᠢ ᠡᠭᠦᠲᠡ ᠭᠠᠷᠬᠤ ᠪᠠᠷ ᠤᠶᠢᠳᠬᠠᠷ ᠲᠠᠢ ᠵᠡᠭᠦᠲᠦ ᠮᠠᠨᠠᠬᠤ ᠪᠠᠷ ᠲᠠᠭᠠᠯᠠᠮᠵᠢᠲᠠᠢ ᠢᠴᠢᠬᠦ ᠶᠢᠨ ᠰᠢᠪᠠᠭᠤᠬᠠᠢ ᠶᠢ ᠦᠷᠭᠦᠭᠡᠵᠦ ᠢᠪᠢᠷ ᠰᠢᠪᠢᠷ ᠢᠨᠢᠶᠡᠯᠲᠦᠪᠡ ᠢᠮᠠᠬᠤ ᠶᠢᠨ ᠵᠠᠢ ᠢᠪᠡᠷᠡᠵᠦ ᠢᠪᠢᠯᠦᠨ ᠲᠠᠭᠠᠯᠠᠭᠰᠠᠭᠠᠷ ᠨᠠᠯᠠᠪᠠ ᠬᠠᠷᠠᠭᠤᠯ ᠮᠠᠨᠠᠭ᠎ᠠ ᠨᠢ ᠰᠤᠯᠠᠷᠠᠵᠤ ᠬᠠᠭᠠᠯᠭ᠎ᠠ ᠪᠠᠨ ᠲᠠᠷᠤᠬᠤ ᠪᠠᠨ ᠪᠤᠯᠢᠪᠠ ᠬᠠᠮᠤᠭ ᠤᠨ ᠲᠠᠩᠰᠤᠭ ᠢᠶᠠᠷ ᠲᠠᠶᠢᠯᠠᠵᠤ ᠬᠠᠪᠤ ᠶᠢᠨ ᠲᠡᠭᠡᠲᠤ ᠪᠠᠷ ᠵᠢᠷᠭᠠᠭᠠᠪᠠ ᠴᠡᠴᠡᠭ ᠤᠨ ᠲᠣᠷᠭᠠᠨ ᠤᠷᠤᠭᠤᠯ ᠢᠶᠠᠷ ᠬᠠᠶᠢᠷ᠎ᠠ ᠶᠢᠨ ᠪᠠᠯ ᠶᠢ ᠠᠮᠲᠠᠯᠠᠵᠤ ᠴᠡᠩᠭᠡᠯ ᠤᠨ ᠲᠤᠯᠠᠭᠠᠨ ᠡᠪᠤᠷ ᠲᠤ ᠬᠠᠩᠭᠠᠯ ᠤᠨ ᠬᠦᠯ ᠢ ᠲᠤᠱᠠᠪᠠ ᠵᠦᠩ ᠪᠢᠯᠢᠭ ᠤᠨ ᠮᠡᠲᠡᠷᠡᠮᠵᠢ ᠪᠠᠷ ᠵᠡᠭᠦᠲᠦᠨ ᠠᠴᠠ ᠰᠣᠴᠢᠰᠬᠢᠨ ᠰᠡᠷᠢᠭᠡᠳ ᠵᠢᠷᠦᠭᠡᠨ ᠲᠠᠷᠨᠢ ᠶᠢ ᠨᠢ ᠴᠡᠭᠡᠵᠢᠯᠡᠵᠦ ᠵᠦᠭᠡᠯᠡᠨ ᠭᠢᠰᠭᠢᠭᠰᠡᠭᠡᠷ ᠪᠤᠴᠠᠪᠠ ᠬᠠᠭᠠᠨ ᠲᠤᠷᠠᠯᠠᠯ ᠤᠨ ᠬᠠᠲᠠᠭ ᠢᠶᠠᠷ ᠢᠨᠠᠭ ᠤᠨ ᠰᠢᠲᠦᠭᠡᠨ ᠢ ᠵᠠᠯᠠᠵᠤ ᠬᠠᠲᠤᠨ ᠰᠠᠭᠤᠲᠠᠯᠲᠤ ᠭᠦᠩᠭᠠᠷᠪᠠ ᠳᠠᠭᠠᠨ ᠢᠲᠡᠭᠡᠯ ᠤᠨ ᠦᠨᠲᠦᠷ ᠲᠤ ᠲᠠᠬᠢᠪᠠ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号