﹇ᠵᠠᠩᠬᠢᠯᠠᠭ᠎ᠠ ᠶᠢᠨ ᠦᠬᠡ﹈ ᠲᠦᠷᠰᠦᠯᠢᠭ ᠰᠡᠳᠬᠢᠬᠦᠢ᠂ ᠢᠵᠠᠭᠤᠷ ᠤᠨ ᠪᠦᠯᠦᠭ᠂ ᠬᠠᠷᠢᠴᠠᠭᠤᠯᠤᠨ ᠰᠡᠳᠬᠢᠬᠦ᠂ | ᠦᠪᠡᠷᠮᠢᠴᠠ ᠤᠡᠴᠠᠭᠠᠢ ᠪᠦᠬᠦᠯᠢ ᠴᠤᠭᠴᠠ᠃ | ᠠᠳᠡ ᠪᠢ ᠮᠤᠩᠭᠤᠯ ᠬᠡᠯᠨ ᠰᠤᠳᠤᠯᠭᠠᠨ ᠢ ︽ᠬᠡᠯᠡᠨ ᠤ ᠵᠦᠢ︾ ᠬᠡᠬᠦ ᠨᠠᠶᠢᠳᠡᠮ ᠳᠤ ᠮᠡᠳᠡᠷᠡᠭᠳᠡᠭᠰᠡᠨ | ᠰᠤᠳᠤᠯᠤᠭᠳᠡᠬᠤᠨ ᠠᠴᠠ ᠭᠠᠳᠡᠨ᠎ᠠ᠂ ︽ᠦᠬᠡ ᠶᠢᠨ ᠦᠯᠦᠬᠡᠢ ᠰᠤᠳᠤᠯᠬᠤ︾ ᠳᠤᠰᠬᠠᠢ ᠰᠡᠳᠤᠪ ᠢᠶᠠᠷ ᠠᠵᠢᠵᠤ᠂ | ᠮᠤᠩᠭᠤᠯ ᠦᠬᠡ ᠶᠢᠨ ᠪᠦᠲᠦᠴᠠ ᠶᠢᠨ ᠢᠷᠡᠯᠳᠡ ᠶᠢ ᠠᠪᠢᠶᠠᠨ ᠤ ᠳᠡᠯ᠎ᠠ ᠠᠴᠠ ᠰᠤᠪᠢᠵᠤ ᠮᠤᠩᠭᠤᠯ ᠬᠡᠯᠡᠨ ᠤ ᠳᠡᠯᠳᠡ | ᠠᠢ ᠶᠢ ᠨᠡᠬᠡᠬᠡᠨ ᠢᠯᠡᠷᠡᠬᠦᠯᠬᠦ ᠪᠠᠷ ᠴᠢᠷᠮᠠᠶᠢᠵᠤ ᠪᠠᠶᠢᠨ᠎ᠠ᠃ | ᠡᠨᠡᠬᠦ ᠰᠤᠲᠤᠯᠭᠠᠨ ᠤ ᠶᠠᠪᠤᠴᠠ ᠨᠢ ᠮᠤᠩᠭᠤᠯ ᠬᠡᠯᠨ ᠰᠤᠲᠤᠯᠭᠠᠨ ᠲᠡᠭᠡᠷ᠎ᠡ ᠲᠠᠯᠪᠢᠭᠲᠠᠵᠤ ᠪᠠᠶᠢᠭ᠎ᠠ ᠴᠢᠬᠤᠯᠨ | ᠠᠰᠠᠭᠤᠲᠠᠯ ᠳᠤ ᠠᠩᠬᠠᠷᠤᠯ ᠲᠠᠯᠪᠢᠨ᠎ᠠ᠃ ᠮᠤᠩᠭᠤᠯ ᠬᠡᠯᠨ ᠰᠤᠲᠤᠯᠭᠠᠨ ᠨᠢ ᠬᠦᠮᠦᠨ ᠲᠦᠷᠦᠯᠬᠢᠲᠡᠨ ᠤ ᠰᠡᠳᠭᠢᠭᠦᠢ | ᠶᠢᠨ ᠲᠡᠤᠬᠡᠨ ᠳᠠᠬᠢ ᠮᠤᠩᠭᠤᠯᠴᠤᠳ ᠤᠨ ᠰᠡᠳᠭᠢᠬᠦᠢ ᠶᠢᠨ ᠲᠡᠤᠬᠡᠨ ᠪᠠᠶᠢᠷᠢ ᠰᠠᠭᠤᠷᠢ ᠶᠢ ᠡᠷᠢᠯᠬᠢᠯᠡᠬᠦ᠂ | ᠮᠤᠩᠭᠤᠯᠴᠤᠳ ᠤᠨ ᠰᠡᠳᠭᠢᠭᠦᠢ ᠳᠤ ᠦᠭᠬᠦ ᠮᠤᠩᠭᠤᠯ ᠦᠭᠡ ᠬᠡᠯᠡᠨ ᠤ ᠬᠦᠨ ᠨᠦᠯᠦᠭᠡᠯᠡᠯ ᠢ ᠠᠭᠢᠭᠤᠯᠬᠤ᠂ | ᠮᠤᠩᠭᠤᠯ ᠦᠭᠡ ᠬᠡᠯᠡᠨ ᠳᠤ ᠲᠤᠯᠭᠠᠷᠠᠵᠤ ᠮᠡᠲᠡᠬᠦ ᠬᠦᠴᠢᠷ ᠲᠦᠪᠡᠭ ᠲᠠᠢ ᠶᠠᠪᠤᠲᠠᠯ ᠢ ᠰᠤᠪᠢᠵᠤ ᠰᠢᠢᠳᠪᠦᠷᠢᠯᠡᠬᠦ | ᠵᠡᠷᠭᠡ ᠡᠭᠦᠷᠭᠡ ᠶᠢ ᠠᠶᠠᠨᠲᠠᠭᠠᠨ ᠡᠭᠦᠷᠭᠡᠯᠡᠵᠦ ᠪᠠᠶᠢᠲᠠᠭ᠃ ᠲᠤᠰ ᠦᠭᠦᠯᠡᠯ ᠨᠢ ᠮᠥᠨ ᠡᠲᠡᠭᠡᠷ ᠠᠰᠠᠭᠤᠲᠠᠯ ᠳᠤ | ᠦᠢᠯᠡᠴᠢᠯᠡᠬᠦ ᠠᠷᠭ᠎ᠠ ᠪᠠ ᠰᠦᠪᠡᠭᠴᠢ ᠶᠢ ᠰᠡᠷᠡᠭᠲᠡᠭᠦᠯᠬᠦ ᠪᠠᠷ ᠠᠩᠬᠠᠷᠤᠨ ᠴᠢᠷᠮᠠᠶᠢᠨ᠎ᠠ᠃ | ᠨᠢᠭᠡ᠂ ᠮᠤᠩᠭᠤᠯ ᠦᠭᠡ ᠬᠡᠯᠡᠨ ᠳᠠᠬᠢ ᠡᠬᠡᠰᠢᠭ ᠬᠡᠶᠢᠭᠦᠯᠦᠭᠴᠢ ᠠᠪᠢᠶ᠎ᠠ ᠨᠢ ᠠᠰ ᠲᠤᠰ ᠲᠠᠭᠠᠨ ᠤᠳᠬ᠎ᠠ ᠲᠠᠢ | ᠪᠠᠶᠢᠭᠰᠠᠨ ᠡᠰᠡᠬᠦ ᠶᠢᠨ ᠲᠤᠬᠠᠢ ᠲᠦᠢᠮᠦᠯᠡᠪᠡᠯ | ᠡᠨᠡ ᠨᠢ ᠮᠤᠩᠭᠤᠯ ᠦᠭᠡ ᠬᠡᠯᠡᠨ ᠳᠤ ᠬᠤᠯᠪᠤᠭᠲᠠᠬᠤ ᠶᠡᠭᠡ ᠡᠷᠲᠡ ᠦᠶ᠎ᠡ ᠶᠢ ᠠᠩᠬᠠᠷᠬᠤ ᠰᠡᠲᠦᠪᠯᠡᠯ ᠪᠤᠯᠤᠨ᠎ᠠ᠃ | ᠦᠭᠡ ᠬᠡᠯᠡᠨ ᠤ ᠲᠤᠬᠠᠢ ᠰᠤᠲᠤᠯᠭᠠᠨ ᠢ ᠨᠡᠩ ᠵᠤᠷᠢᠯᠭ᠎ᠠ ᠲᠠᠢ ᠪᠠᠷ ᠬᠦᠮᠦᠨ ᠤ ᠲᠤᠬᠠᠢ ᠰᠤᠲᠤᠯᠭᠠᠨ ᠲᠠᠢ | ᠤᠶᠠᠯᠲᠤᠭᠤᠯᠵᠤ ᠪᠠᠶᠢᠪᠠᠯ ᠤᠯᠠᠮ ᠠᠮᠵᠢᠯᠲᠠ ᠲᠠᠢ ᠪᠤᠯᠵᠤ ᠪᠤᠯᠤᠨ᠎ᠠ᠂ ᠲᠠᠷᠤᠢ ᠬᠦᠮᠦᠨ ᠤ ᠤᠨᠴᠠᠭᠠᠢ ᠲᠠᠯ᠎ᠠ ᠪᠤᠯᠬᠤ | ᠰᠡᠳᠭᠢᠭᠦᠢ ᠲᠠᠢ ᠤᠶᠠᠯᠲᠤᠭᠤᠯᠵᠤ ᠪᠠᠶᠢᠪᠠᠯ ᠤᠯᠠᠮ ᠰᠢᠨ᠎ᠡ ᠱᠠᠲᠤᠨ ᠳᠤ ᠠᠬᠢᠵᠤ ᠪᠤᠯᠤᠨ᠎ᠠ᠃ | ᠦᠭᠡ ᠬᠡᠯᠨ ᠪᠤᠢ ᠪᠤᠯᠤᠭᠰᠠᠨ ᠰᠢᠯᠲᠠᠭᠠᠨ ᠢ ᠡᠷᠢᠪᠡᠯ ᠰᠡᠳᠬᠢᠭᠲᠡᠭᠦᠨ ᠪᠠ ᠰᠡᠳᠭᠢᠬᠦᠢ ᠠᠴᠠ ᠰᠠᠯᠵᠤ ᠴᠢᠲᠠᠬᠤ ᠦᠭᠡᠢ | ᠶᠤᠮ᠃ ᠰᠡᠳᠭᠢᠭᠲᠡᠭᠦᠨ ᠪᠠ ᠰᠡᠳᠭᠢᠬᠦᠢ ᠶᠢᠨ ᠬᠠᠷᠢᠴᠠᠭᠠᠨ ᠤ ᠶᠠᠪᠤᠴᠠ ᠳᠤ ᠰᠡᠳᠭᠢᠬᠦᠢ ᠶᠢᠨ ᠢᠲᠡᠪᠬᠢ ᠨᠦᠯᠦᠭᠡᠯᠡᠯ | ᠠᠴᠠ ᠪᠤᠯᠤᠭᠰᠠᠨ᠂ ᠵᠤᠬᠢᠬᠤ ᠤᠳᠬ᠎ᠠ ᠶᠢ ᠢᠯᠡᠳᠭᠡᠬᠦ ᠵᠤᠷᠢᠯᠭ᠎ᠠ ᠲᠠᠢ ᠠᠪᠢᠶ᠎ᠠ ᠲᠤᠬᠢᠶ᠎ᠠ ᠪᠤᠢ ᠪᠤᠯᠲᠠᠭ᠃ | ᠰᠡᠳᠬᠢᠭᠳᠡᠬᠦᠨ᠂ ᠰᠡᠳᠬᠢᠬᠦᠢ ᠵᠢᠴᠢ ᠵᠤᠬᠢᠬᠤ ᠤᠳᠬ᠎ᠠ ᠶᠢ ᠢᠯᠡᠳᠭᠡᠬᠦ ᠵᠤᠷᠢᠯᠭ᠎ᠠ ᠲᠠᠢ ᠠᠪᠢᠶ᠎ᠠ ᠲᠤᠬᠢᠶ᠎ᠠ ᠵᠡᠷᠭᠡ ᠶᠢᠨ | ᠬᠠᠷᠢᠴᠠᠭ᠎ᠠ ᠪᠠ ᠨᠦᠯᠦᠭᠡᠯᠡᠯᠴᠡᠯ ᠨᠢ ᠦᠭᠡ ᠬᠡᠯᠨ ᠪᠤᠯᠪᠠᠰᠤᠷᠠᠨ ᠬᠦᠭᠵᠢᠬᠦ ᠶᠢᠨ ᠦᠯᠦᠭᠡᠢ ᠪᠤᠯᠲᠠᠭ ᠪᠠᠶᠢᠨ᠎ᠠ᠃ | ᠡᠶᠢᠮᠦ ᠠᠴᠠ ᠮᠤᠩᠭᠤᠯ ᠦᠭᠡ ᠬᠡᠯᠡᠨ ᠳᠠᠬᠢ ᠡᠭᠡᠰᠢᠭ ᠭᠡᠶᠢᠭᠦᠯᠦᠭᠴᠢ ᠠᠪᠢᠶ᠎ᠠ ᠨᠢ ᠠᠰ ᠲᠤᠰ ᠲᠠᠭᠠᠨ ᠤᠳᠬ᠎ᠠ ᠲᠠᠢ | ᠪᠠᠶᠢᠭᠰᠠᠨ ᠡᠰᠡᠬᠦ ᠶᠢ ᠰᠤᠲᠤᠯᠬᠤ ᠳᠤ ᠰᠡᠳᠬᠢᠭᠲᠡᠭᠦᠨ᠂ ᠰᠡᠳᠭᠢᠬᠦᠢ᠂ ᠦᠭᠡ ᠬᠡᠯᠡᠨ ᠤ ᠬᠠᠷᠢᠴᠠᠭ᠎ᠠ ᠬᠤᠯᠪᠤᠭᠠᠨ ᠤ | ᠲᠤᠮᠲᠠ ᠠᠴᠠ ᠰᠦᠪᠡᠭᠴᠢᠯᠡᠬᠦ ᠪᠤᠯ ᠤᠮᠲᠠᠭᠠᠶᠢᠯᠠᠵᠤ ᠪᠤᠯᠤᠰᠢ ᠦᠭᠡᠢ ᠠᠷᠭ᠎ᠠ ᠵᠠᠮ ᠤᠨ ᠨᠢᠭᠡ ᠪᠤᠯᠤᠨ᠎ᠠ᠃ | ᠨᠢᠭᠡ ᠦᠨᠳᠦᠰᠦᠲᠡᠨ ᠤ ᠦᠭᠡ ᠬᠡᠯᠡᠨ ᠤ ᠲᠤᠬᠠᠢ ᠰᠤᠲᠤᠯᠭᠠᠨ ᠨᠢ ᠮᠥᠨ ᠴᠦ ᠪᠦᠬᠦᠶᠢᠯᠨ ᠬᠦᠮᠦᠨ ᠲᠦᠷᠦᠯᠬᠢᠲᠡᠨ | ᠤ ᠲᠡᠤᠬᠡ ᠶᠢᠨ ᠲᠤᠬᠠᠢ ᠰᠤᠲᠤᠯᠭᠠᠨ ᠳᠤ ᠬᠤᠯᠪᠤᠭᠲᠠᠬᠤ ᠶᠤᠮ᠃ ᠡᠭᠦᠨ ᠤ ᠤᠴᠢᠷ ᠢ ᠲᠤᠪᠴᠢ ᠶᠠᠷᠢᠪᠠᠯ᠂ ᠦᠭᠡ | ᠬᠡᠯᠨ ᠪᠤᠯ ᠲᠡᠤᠬᠡ ᠶᠢᠨ ᠪᠦᠲᠦᠭᠡᠭᠲᠡᠭᠦᠨ ᠪᠦᠭᠡᠳ ᠦᠭᠡ ᠬᠡᠯᠡᠨ ᠤ ᠠᠰᠠᠭᠤᠲᠠᠯ ᠪᠤᠯ ᠬᠦᠮᠦᠨ ᠲᠦᠷᠦᠯᠬᠢᠲᠡᠨ ᠤ | ᠠᠰᠠᠭᠤᠲᠠᠯ ᠪᠤᠯᠬᠤ ᠳᠤ ᠤᠷᠤᠰᠢᠨ᠎ᠡ᠃ ᠬᠦᠮᠦᠨ ᠲᠦᠷᠦᠯᠬᠢᠲᠡᠨ ᠤ ᠨᠡᠶᠢᠭᠡᠮ ᠨᠢ ᠪᠡᠯᠡᠷ ᠡᠷᠳᠡᠨ ᠤ ᠴᠠᠭ ᠦᠶ᠎ᠠ ᠪᠠᠨ | ᠦᠩᠬᠡᠷᠡᠬᠦᠯᠦᠭᠰᠡᠨ ᠲᠠᠢ ᠠᠳᠡᠯᠢ ᠪᠠᠷ ᠬᠦᠮᠦᠨ ᠲᠦᠷᠦᠯᠬᠢᠳᠡᠨ ᠤ ᠦᠬᠡ ᠬᠡᠯᠨ ᠨᠢ ᠮᠥᠨ ᠯᠨ ᠨᠢᠬᠡᠨ ᠪᠠᠯᠠᠷ ᠡᠷᠳᠡᠨ | ᠤ ᠴᠠᠭ ᠦᠶ᠎ᠠ ᠶᠢ ᠦᠩᠬᠡᠷᠡᠬᠦᠯᠦᠭᠰᠡᠨ ᠶᠤᠮ᠃ ᠪᠡᠯᠡᠷ ᠡᠷᠳᠡᠨ ᠤ ᠨᠡᠶᠢᠬᠡᠮ ᠨᠢ ᠬᠦᠮᠦᠨ ᠲᠦᠷᠦᠯᠬᠢᠳᠡᠨ ᠤ ᠨᠡᠶᠢᠬᠡᠮ | ᠤᠨ ᠬᠤᠵᠢᠮ ᠤᠨ ᠶᠡᠭᠡ ᠳᠡᠪᠰᠢᠯᠳᠡ ᠳᠤ ᠯᠤᠲᠦ ᠶᠡᠭᠡ ᠬᠦᠭᠵᠢᠬᠦᠯᠬᠦ ᠦᠢᠯᠡᠳᠤᠯ ᠦᠵᠡᠬᠦᠯᠦᠭᠰᠡᠨ ᠲᠠᠢ ᠠᠳᠡᠯᠢ ᠪᠠᠷ | ᠬᠦᠮᠦᠨ ᠲᠦᠷᠦᠯᠬᠢᠳᠡᠨ ᠤ ᠬᠡᠯᠡᠨ ᠳᠠᠬᠢ ᠪᠡᠯᠡᠷ ᠡᠷᠳᠡᠨ ᠤ ᠦᠬᠡ ﹇ᠪᠤᠶᠤ ᠬᠡᠯᠡᠨ ᠤ ᠠᠪᠢᠶ᠎ᠠ ᠳᠤᠬᠢᠶ᠎ᠠ﹈ ᠨᠢ | ᠬᠤᠵᠢᠮ ᠤᠨ ᠦᠬᠡ ᠬᠡᠯᠨ᠂ ᠦᠵᠡᠯ ᠰᠡᠳᠬᠢᠯᠬᠡ ᠶᠢᠨ ᠪᠦᠷᠢᠯᠲᠦᠯ ᠳᠡᠪᠰᠢᠯᠳᠡ ᠳᠤ ᠴᠢᠬᠤᠯᠨ ᠰᠠᠭᠤᠷᠢ ᠶᠢ | ᠳᠠᠯᠪᠢᠭᠰᠠᠨ ᠶᠤᠮ᠃ ᠪᠤᠴᠠᠭᠠᠵᠤ ᠪᠤᠳᠤᠪᠠᠯ ᠡᠷᠳᠡᠨ ᠤ ᠮᠤᠩᠭᠤᠯ ᠬᠡᠯᠨ ᠰᠡᠳᠬᠢᠬᠦᠢ ᠶᠢᠨ ᠤᠯᠨ ᠮᠦᠷ ᠨᠢ ᠤᠳᠤᠬᠢ | ᠮᠤᠩᠭᠤᠯ ᠦᠬᠡ ᠬᠡᠯᠨ ᠳᠡᠬᠡᠷ᠎ᠠ ᠪᠠᠭ᠎ᠠ ᠪᠤᠰᠤ ᠠᠴᠢᠶᠠᠯᠠᠭᠳᠠᠭᠰᠠᠭᠠᠷ ᠪᠠᠶᠢᠭ᠎ᠠ ᠶᠤᠮ᠃ ᠪᠢᠳᠡ ᠡᠳᠡᠬᠡᠷ ᠰᠤᠷᠠᠭ | ᠳᠤᠬᠢᠶ᠎ᠠ ᠶᠢ ᠦᠡᠲᠦᠰᠦᠯᠡᠨ᠂ ᠡᠷᠳᠡᠨ ᠤ ᠮᠤᠩᠭᠤᠯᠴᠤᠳ ᠤᠨ ᠤᠶᠤᠨ ᠤ ᠶᠢᠷᠲᠢᠡᠴᠤ ᠶᠢ ᠴᠢᠳᠡᠮᠠᠭᠠᠢ ᠰᠢᠡᠵᠢᠯᠡᠵᠤ᠂ | ᠳᠡᠳᠡᠨ ᠤ ᠬᠡᠯᠨ ᠰᠡᠳᠬᠢᠬᠦᠢ ᠶᠢᠨ ᠦᠵᠡᠭᠳᠡᠯ ᠢ ᠳᠡᠭᠠᠭᠠᠮᠠᠭᠯᠠᠵᠤ᠂ ᠮᠤᠩᠭᠤᠯ ᠬᠡᠯᠨ ᠰᠡᠳᠬᠢᠬᠦᠢ ᠶᠢᠨ ᠬᠦᠭᠵᠢᠯᠳᠡ | ᠶᠢᠨ ᠶᠠᠪᠤᠴᠠ ᠳᠤ ᠲᠦᠷᠦᠭᠳᠡᠭᠰᠡᠨ ᠬᠤᠪᠤᠷ ᠴᠤᠬᠠᠭ ᠲᠦᠷᠦᠳᠡᠰᠦ ᠶᠢ ᠳᠤᠳᠤᠷᠡᠭᠤᠯᠤᠨ ᠭᠠᠷᠭᠠᠵᠤ ᠪᠤᠯᠬᠤ ᠶᠤᠮ᠃ | ᠢᠩᠬᠢᠪᠡᠯ ᠮᠥᠨ ᠬᠦᠮᠦᠨ ᠲᠦᠷᠦᠯᠬᠢᠳᠡᠨ ᠤ ᠳᠡᠤᠬᠡ ᠶᠢᠨ ᠳᠤᠬᠠᠢ ᠰᠤᠳᠤᠯᠭᠠᠨ ᠳᠤ ᠬᠤᠪᠢ ᠨᠠᠮᠠᠷᠢ ᠦᠵᠡᠬᠦᠯᠦᠭᠰᠡᠨ | ᠶᠠᠪᠤᠳᠡᠯ ᠪᠤᠯᠤᠨ᠎ᠠ᠃ | ᠶᠡᠭᠡ ᠡᠷᠳᠡᠨ ᠤ ᠦᠶ᠎ᠠ ᠶᠢᠨ ᠮᠤᠩᠭᠤᠯᠴᠤᠳ ᠨᠢ ᠲᠦᠬᠦᠮᠬᠡᠨ ᠳᠡᠭᠤ ᠠᠪᠢᠶ᠎ᠠ ᠪᠠᠷ ᠪᠤᠳᠤᠯ ᠰᠠᠨᠠᠯ ᠢᠶᠠᠨ ᠰᠤᠯᠢᠯᠴᠠᠬᠤ | ᠶᠢ ᠵᠤᠷᠢᠵᠤ ᠪᠠᠶᠢᠭᠰᠠᠨ ᠠᠴᠠ ᠪᠠᠨ ᠦᠬᠡ ᠬᠡᠯᠡ ᠶᠢ ᠪᠤᠯᠪᠠᠰᠤᠷᠡᠩᠭᠤᠢ ᠬᠡᠷᠡᠭᠯᠡᠵᠤ ᠴᠢᠳᠠᠭᠰᠠᠨ ᠬᠦᠷᠳᠡᠯ᠎ᠠ ᠯᠡᠪᠳᠡᠢ | ᠨᠢᠬᠡ ᠰᠢᠯᠵᠢᠯᠳᠡ ᠶᠢᠨ ᠶᠠᠪᠤᠴᠠ ᠶᠢ ᠬᠡᠷᠡᠭᠰᠡᠨ᠎ᠠ᠃ ᠳᠠᠷᠡᠬᠦ ᠶᠠᠪᠤᠴᠠ ᠶᠢ ᠪᠦᠲᠦᠬᠦᠪᠴᠢ ᠵᠢᠱᠢᠵᠤ ᠦᠵᠡᠪᠡᠯ᠄ ᠳᠤᠬᠠᠢ | ᠶᠢᠨ ᠦᠶ᠎ᠠ ᠶᠢᠨ ᠬᠦᠮᠦᠰ ᠮᠡᠰᠢ ᠲᠦᠬᠦᠮ ᠠᠪᠢᠶ᠎ᠠ ᠳᠤᠬᠢᠶ᠎ᠠ ᠶᠢ ᠬᠡᠷᠡᠭᠯᠡᠵᠤ ᠪᠤᠳᠤᠯ ᠰᠠᠨᠠᠯ ᠢᠶᠠᠨ ᠰᠤᠯᠢᠯᠴᠠᠵᠤ | ᠪᠠᠶᠢᠭᠰᠠᠨ ᠠᠴᠠ ᠪᠠᠨ ᠠᠳᠡᠯᠢ ᠪᠤᠰᠤ ᠳᠡᠭᠤ ᠴᠢᠮᠡᠭᠡ ᠶᠢᠨ ᠤᠡᠴᠠᠯᠢᠭ ᠲᠠᠢ ᠲᠦᠬᠦᠮᠬᠡᠨ ᠬᠡᠳᠤᠨ ᠳᠡᠭᠤ ᠠᠪᠢᠶ᠎ᠠ ᠶᠢ | ᠬᠠᠮᠵᠢᠭᠤᠯᠤᠨ ᠬᠡᠷᠡᠭᠯᠡᠵᠤ ᠪᠤᠳᠤᠯ ᠰᠠᠨᠠᠯ ᠢᠶᠠᠨ ᠰᠤᠯᠢᠯᠴᠠᠬᠤ ᠵᠦᠭ ᠬᠦᠭᠵᠢᠭᠰᠡᠨ᠂ ᠶᠠᠪᠤᠭᠠᠨ ᠳᠠᠭᠠᠨ ᠵᠤᠬᠢᠬᠤ | ᠳᠤᠭᠠᠨ ᠤ ᠲᠦᠬᠦᠮ ᠵᠠᠷᠢᠮᠳᠤᠭ ᠦᠬᠡ ᠬᠡᠯᠨ ᠪᠠᠷ ᠬᠡᠷᠡᠭ ᠦᠵᠡᠭᠳᠡᠯ ᠢ ᠢᠯᠡᠷᠡᠬᠦᠯᠦᠨ ᠳᠤᠰᠬᠠᠵᠤ ᠰᠠᠨᠠᠭ᠎ᠠ ᠪᠠᠨ | ᠨᠡᠪᠳᠡᠷᠡᠯᠴᠡᠬᠦ ᠵᠦᠭ ᠬᠦᠭᠵᠢᠭᠰᠡᠨ᠂ ᠦᠡᠲᠦᠰᠦᠨ ᠳᠡᠭᠡᠨ ᠦᠬᠡ ᠬᠡᠯᠨ ᠲᠠᠢ ᠪᠤᠯᠤᠭᠰᠠᠨ ᠬᠦᠮᠦᠨ ᠪᠦᠯᠦᠭᠯᠡᠯ ᠠᠴᠠ | ᠤᠯᠠᠮ ᠢᠶᠠᠷ ᠦᠷᠬᠡᠵᠢᠬᠡᠳ ᠦᠬᠡ ᠬᠡᠯᠨ ᠲᠠᠢ ᠬᠦᠮᠦᠨ ᠤ ᠨᠡᠶᠢᠬᠡᠮ ᠪᠤᠯᠵᠤ ᠪᠦᠷᠢᠯᠳᠤᠨ᠂ ᠦᠬᠡ ᠬᠡᠯᠨ ᠪᠠᠶᠠᠯᠢᠭᠵᠢᠨ | ᠬᠦᠭᠵᠢᠬᠦ ᠨᠡᠶᠢᠬᠡᠮ ᠤᠨ ᠰᠠᠭᠤᠷᠢ ᠲᠠᠢ ᠪᠤᠯᠵᠤ᠂ ᠨᠢᠬᠡ ᠶᠡᠭᠡ ᠰᠢᠯᠵᠢᠯᠳᠡ ᠶᠢᠨ ᠶᠠᠪᠤᠴᠠ ᠪᠠᠶᠡᠯᠡᠭᠳᠡᠯ ᠲᠠᠢ | ᠪᠤᠯᠤᠭᠰᠠᠨ ᠭᠡᠵᠤ ᠰᠠᠷᠡᠭᠳᠡᠨᠠ᠃ ᠬᠡᠶ᠎ᠠ ᠬᠦᠮᠦᠰ ᠪᠤᠳᠤᠯ ᠰᠠᠨᠠᠯ ᠢᠶᠠᠨ ᠰᠤᠯᠢᠯᠴᠠᠨ ᠴᠢᠳᠡᠬᠤᠶᠢᠴᠠ ᠠᠪᠢᠶ᠎ᠠ ᠳᠤᠬᠢᠶ᠎ᠠ | ᠶᠢ ᠬᠡᠷᠡᠭᠯᠡᠵᠤ ᠡᠬᠢᠯᠡᠬᠦ ᠠᠴᠠ ᠡᠮᠤᠨᠡᠬᠡᠨ ᠱᠠᠳᠤᠨ ᠳᠤ ᠡᠯᠳᠡᠪ ᠤᠡᠴᠠᠯᠢᠭ ᠲᠠᠢ ᠮᠡᠰᠢ ᠪᠤᠳᠤᠯᠢᠶᠠᠠᠳᠡᠢ ᠠᠪᠢᠶ᠎ᠠ | ᠳᠤᠬᠢᠶ᠎ᠠ ᠶᠢ ᠬᠡᠷᠡᠭᠯᠡᠵᠤ ᠪᠠᠶᠢᠭᠰᠠᠨ ᠪᠤᠯᠤᠯᠴᠠᠭ᠎ᠠ ᠲᠠᠢ᠃ ᠡᠨ᠋ᠨ ᠳᠤᠬᠠᠢ ᠰᠦᠪᠡᠭᠴᠢᠯᠡᠨ ᠰᠢᠡᠵᠢᠯᠡᠬᠦ ᠪᠠᠷ ᠳᠡᠮᠵᠢᠵᠤ | ᠦᠬᠡ ᠬᠡᠯᠨ ᠰᠠᠶ᠋ᠢ ᠰᠠᠶ᠋ᠢ ᠪᠤᠢ ᠪᠤᠯᠬᠤ ᠶᠠᠪᠤᠴᠠ ᠳᠠᠬᠢ ᠬᠦᠮᠦᠰ ᠤᠨ ᠦᠬᠡ ᠬᠡᠯᠡᠨ ᠤ ᠳᠤᠬᠠᠢ ᠵᠠᠷᠢᠮ ᠳᠡᠯ᠎ᠠ ᠶᠢᠨ | ᠤᠪᠤᠷ ᠢ ᠳᠤᠭᠠᠮᠠᠭᠯᠠᠨ ᠵᠢᠱᠢᠵᠤ ᠪᠤᠯᠳᠠᠭ᠃ | ᠰᠦᠪᠡᠭᠴᠢᠯᠡᠪᠡᠯ ︵ᠠᠳᠡ᠂ ᠯᠾ᠊ ᠠᠪᠢᠶ᠎ᠠ ᠶᠢ ᠠᠪᠢᠶᠠᠯᠠᠬᠤ ᠦᠶᠠᠰ ︽ᠯ᠊᠂ ᠡᠾ᠊᠂ ᠰ᠊︾ ᠠᠪᠢᠶ᠎ᠠ ᠶᠢ ᠵᠡᠷᠬᠡ ᠳᠤᠨᠢ | ᠠᠪᠢᠶᠠᠯᠠᠳᠠᠭ ᠦᠵᠡᠭᠳᠡᠯ ᠲᠠᠢ ᠲᠦᠰᠦᠬᠡᠳᠡᠬᠦᠯᠵᠤ ᠠᠩᠬᠠᠷᠴᠤ ᠪᠤᠯᠤᠨ᠎ᠠ︶᠂ ᠮᠡᠰᠢ ᠡᠷᠳᠡᠨ ᠤ ᠬᠦᠮᠦᠰ ᠤᠨ | ᠠᠪᠢᠶᠠᠯᠠᠳᠠᠭ ᠬᠡᠯᠡᠨ ᠤ ᠠᠪᠢᠶ᠎ᠠ ᠳᠤ ︽ᠲ᠊᠂ ᠴ᠊︾ ᠠᠪᠢᠶ᠎ᠠ ᠲᠠᠢ ᠲᠦᠰᠦᠬᠡᠳᠡᠢ ᠰᠢᠭ ᠪᠤᠯᠪᠠᠴᠤ᠂ ᠪᠠᠰᠠ ︽ᠲ᠊᠂ ᠴ᠊︾ | ᠠᠪᠢᠶ᠎ᠠ ᠶᠢᠨ ᠠᠯᠢ ᠨᠢ ᠴᠦ ᠪᠢᠰᠢ᠃ ᠡᠰᠡᠬᠦᠯ᠎ᠠ ︽ᠰ᠊᠂ ᠱ᠊︾ ᠠᠪᠢᠶ᠎ᠠ ᠲᠠᠢ ᠲᠦᠰᠦᠬᠡᠳᠡᠢ ᠪᠤᠯᠪᠠᠴᠤ᠂ ᠪᠠᠰᠠ ︽ | ᠰ᠊᠂ ᠱ᠊︾ ᠠᠪᠢᠶ᠎ᠠ ᠶᠢᠨ ᠠᠯᠢ ᠨᠢ ᠴᠦ ᠪᠢᠰᠢ᠂ ᠬᠠᠷᠢᠨ ︽ᠲ᠊᠂ ᠴ᠊︾ ᠠᠪᠢᠶ᠎ᠠ ᠬᠤᠯᠢᠯᠳᠤᠭᠰᠠᠨ ᠰᠢᠭ᠋ ᠤᠡᠴᠠᠯᠢᠭ | ᠲᠠᠢ ᠠᠪᠢᠶ᠎ᠠ᠂ ᠡᠰᠡᠬᠦᠯ᠎ᠠ ︽ᠰ᠊᠂ ᠱ᠊︾ ᠠᠪᠢᠶ᠎ᠠ ᠬᠤᠯᠢᠯᠳᠤᠭᠰᠠᠨ ᠰᠢᠭ ᠤᠡᠴᠠᠯᠢᠭ ᠲᠠᠢ ᠠᠪᠢᠶ᠎ᠠ ᠨᠤᠭᠤᠳ | ᠢᠯᠡᠷᠡᠵᠤ ᠪᠠᠶᠢᠭᠰᠠᠨ ᠪᠤᠯᠤᠮᠵᠢ ᠲᠠᠢ ᠶᠤᠮ᠃ ᠪᠠᠰᠨ ᠰᠠᠯᠬᠢ ᠰᠢᠭᠤᠷᠭ᠎ᠠ᠂ ᠤᠷᠤᠰᠬᠠᠯ ᠱᠤᠤᠬᠢᠶᠠᠨ ᠵᠡᠷᠭᠡ ᠶᠢ | ᠪᠠᠶᠢᠭᠠᠯᠢᠯᠢᠭ ᠢᠶᠠᠷ ᠲᠠᠭᠤᠷᠢᠶᠠᠬᠤ ᠶᠢ ᠵᠤᠷᠢᠭᠰᠠᠨ ᠠᠪᠢᠶ᠎ᠠ ᠲᠤᠬᠢᠶ᠎ᠠ ᠶᠢ ᠬᠡᠷᠡᠭᠯᠡᠵᠦ ᠪᠠᠶᠢᠭᠰᠠᠨ ᠪᠤᠯᠤᠮᠵᠢ ᠲᠠᠢ᠃ | ᠲᠡᠶᠢᠨᠬᠦ ᠪᠠᠶᠢᠲᠠᠯ ᠲᠠᠢ ᠠᠪᠢᠶ᠎ᠠ ᠨᠤᠭᠤᠳ ᠢ ᠲᠦᠷ ︽ᠬᠤᠯᠢᠮᠠᠭ ᠠᠪᠢᠶ᠎ᠠ︾ ᠭᠡᠵᠦ ᠨᠡᠷᠡᠰᠢᠭᠦᠯᠵᠦ ᠪᠠᠶᠢᠶ᠎ᠠ᠃ ᠡᠭᠦᠨ | ᠲᠠᠢ ᠬᠠᠷᠢᠴᠠᠭᠤᠯᠬᠤ ᠳᠤ᠂ ᠦᠭᠡ ᠬᠡᠯᠨ ᠪᠤᠯᠪᠠᠰᠤᠷᠠᠨ ᠬᠦᠭᠵᠢᠭᠰᠡᠨ ᠴᠠᠭ ᠦᠶ᠎ᠡ ᠳᠠᠬᠢ ᠠᠪᠢᠶ᠎ᠠ ᠲᠤᠬᠢᠶ᠎ᠠ ᠨᠢ ︽ᠠ᠊ | ᠂ ᠡ᠊᠂ ᠰ᠊᠂ ᠲ᠊᠂ ᠪᠦ᠊᠂ ᠰᠤ᠋︾ ᠭᠡᠬᠦ ᠮᠡᠲᠦ ᠢᠯᠭᠠᠭ᠎ᠠ ᠲᠤᠲᠤ ᠴᠤᠯᠲᠤᠭᠤᠨ ᠰᠤᠨᠤᠰᠲᠠᠬᠤ ᠪᠠᠷ ᠨᠢ ᠡᠲᠡᠭᠡᠷ ᠰᠢᠤᠬᠠᠨ | ᠠᠪᠢᠶ᠎ᠠ ᠲᠤᠬᠢᠶ᠎ᠠ ᠳᠤ ᠬᠠᠨᠲᠤᠭᠤᠯᠵᠤ ︽ᠴᠤᠯᠲᠠᠭᠤᠨ ᠠᠪᠢᠶ᠎ᠠ︾ ᠬᠡᠲᠡᠭ ᠨᠡᠷ᠎ᠡ ᠲᠤᠮᠢᠶ᠎ᠠ ᠶᠢ ᠬᠡᠷᠡᠭᠯᠡᠵᠦ ᠪᠠᠶᠢᠶ᠎ᠠ᠃ | ᠲᠦᠯᠡᠢ ᠶᠠᠪᠠ ᠬᠦᠮᠦᠨ ︵ᠠᠲᠡ ᠪᠦᠷ ᠲᠦᠯᠡᠢ ᠶᠠᠪᠠ ᠶᠢᠨ ᠰᠤᠷᠭᠠᠭᠤᠯᠢ ᠳᠤ ᠰᠤᠷᠤᠯᠴᠠᠭᠰᠠᠨ ᠦᠭᠡᠢ ᠠᠴᠠ | ᠲᠠᠲᠠᠵᠠᠢ︶ ᠤ ᠦᠭᠡ ᠬᠡᠯᠡᠨ ᠤ ᠢᠯᠡᠷᠡᠯ ᠢ ᠠᠩᠬᠠᠷᠬᠤ ᠳᠤ ᠮᠠᠰᠢ ᠦᠪᠡᠷᠮᠢᠴᠡ ᠪᠠᠶᠢᠲᠠᠯ ᠮᠡᠲᠡᠭᠲᠡᠨ᠎ᠡ᠃ ᠲᠡᠲᠡ | ᠬᠡᠲᠦᠶᠢᠪᠡᠷ ᠪᠤᠯᠪᠠᠰᠤᠷᠠᠩᠭᠤᠢ ᠬᠡᠯᠡᠨ ᠤ ᠤᠷᠴᠢᠨ ᠲᠤᠭᠤᠷᠢᠨ ᠳᠤ ᠠᠮᠢᠲᠤᠷᠠᠵᠤ ᠪᠠᠶᠢᠯ᠎ᠠ ᠭᠡᠳ ᠲᠦᠯᠡᠢ ᠪᠤᠯᠬᠤ | ᠲᠤᠯᠨ ᠤᠲᠤᠬᠢ ᠬᠡᠯᠡᠨ ᠤ ᠠᠪᠢᠶ᠎ᠠ ᠲᠤᠬᠢᠶ᠎ᠠ ᠶᠢ ᠤᠯᠵᠤ ᠰᠤᠨᠤᠰᠬᠤ ᠦᠭᠡᠢ ᠶᠤᠮ᠃ ᠲᠡᠷᠤᠢ ᠲᠡᠲᠡᠨ ᠤ ᠰᠡᠳᠭᠢᠭᠦᠢ | ᠳᠤ ᠠᠪᠢᠶ᠎ᠠ ᠲᠠᠭᠤᠨ ᠤ ᠨᠦᠯᠦᠭᠡᠯᠡᠯ ᠪᠦᠬᠦᠢ ᠬᠡᠯᠡᠨ ᠤ ᠤᠷᠴᠢᠨ ᠲᠤᠭᠤᠷᠢᠨ ᠭᠡᠵᠦ ᠪᠠᠶᠢᠬᠤ ᠦᠭᠡᠢ᠃ ᠲᠡᠲᠡ ᠦᠭᠡ | ᠬᠡᠯᠡ ᠲᠠᠢ ᠬᠦᠮᠦᠰ ᠤᠨ ᠦᠭᠦᠯᠡᠵᠦ ᠶᠠᠷᠢᠬᠤ ᠦᠶᠡᠰ ᠤᠨ ᠠᠮᠠᠨ ᠤ ᠬᠦᠲᠡᠯᠦᠯ ᠪᠤᠶᠤ ᠨᠢᠭᠤᠷ ᠤᠨ ᠢᠯᠡᠷᠡᠯ ᠢ | ᠤᠯᠵᠤ ᠬᠠᠷᠠᠲᠠᠭ ᠪᠠᠶᠢᠨ᠎ᠠ᠃ ᠲᠡᠲᠡ ᠡᠶᠢᠮᠦ ᠨᠦᠭᠦᠴᠡᠯ ᠤᠨ ᠲᠤᠭᠤᠷᠢᠨ ᠳᠤ ᠵᠤᠬᠢᠶᠠᠭᠰᠠᠨ ᠦᠪᠡᠷ ᠤᠨ ᠦᠭᠡ ᠬᠡᠯᠨ | ᠪᠠᠷ ᠢᠶᠠᠨ ᠨᠡᠶᠢᠭᠡᠮᠴᠢᠯᠡᠭᠰᠡᠨ ᠦᠭᠡ ᠬᠡᠯᠨ ᠪᠦᠬᠦᠢ ᠬᠦᠮᠦᠰ ᠲᠠᠢ ᠶᠠᠷᠢᠯᠴᠠᠵᠤ ᠰᠠᠨᠠᠯ ᠢᠶᠠᠨ ᠰᠤᠯᠢᠯᠴᠠᠬᠤ ᠶᠢ ᠵᠤᠷᠢᠲᠠᠭ | ᠪᠠᠶᠢᠨ᠎ᠠ᠃ ᠲᠡᠲᠡᠨ ᠤ ᠦᠭᠦᠯᠡᠲᠡᠭ ᠦᠭᠡᠰ ︵ᠠᠪᠢᠶ᠎ᠠ ᠲᠤᠬᠢᠶ᠎ᠠ︶ ᠤᠨ ᠤᠨᠴᠠᠯᠢᠭ ᠠᠴᠠ ᠦᠵᠡᠪᠡᠯ᠂ ᠤᠭᠵᠤᠮ | ᠲᠠᠰᠤᠷᠬᠠᠢ᠂ ᠬᠡᠶᠢᠭᠦᠯᠦᠭᠴᠢ ᠠᠪᠢᠶ᠎ᠠ ᠶᠢᠨ ᠤᠨᠴᠠᠯᠢᠭ ᠢᠶᠠᠷ ᠲᠤᠪᠤᠶᠢᠮ᠎ᠠ ᠪᠠᠶᠢᠲᠠᠭ᠂ ᠤᠯᠠᠩᠬᠢ ᠠᠪᠢᠶ᠎ᠠ ᠲᠤᠬᠢᠶ᠎ᠠ ᠨᠢ | ᠬᠤᠯᠢᠮᠠᠭ ᠠᠪᠢᠶ᠎ᠠ ᠲᠤᠬᠢᠶ᠎ᠠ ᠪᠤᠯᠵᠤ ᠰᠤᠨᠤᠷᠲᠠᠨᠠ᠃ ᠡᠭᠡᠰᠢᠭ ᠠᠪᠢᠶ᠎ᠠ ᠨᠢ ᠮᠠᠰᠢ ᠪᠠᠯᠠᠷᠬᠠᠢ ᠲᠤᠯᠨ ᠬᠡᠶᠢᠭᠦᠯᠦᠭᠴᠢ | ᠠᠪᠢᠶ᠎ᠠ ᠶᠢ ᠲᠤᠲᠤᠷᠠᠭᠤᠯᠤᠨ ᠴᠤᠤᠷᠢᠶᠠᠲᠤᠭᠤᠯᠵᠤ ᠴᠢᠲᠠᠬᠤ ᠦᠭᠡᠢ ᠪᠠᠶᠢᠲᠠᠭ᠃ ᠤᠷᠤᠭᠰᠢᠯᠠᠭᠰᠠᠨ ᠡᠭᠡᠰᠢᠭ ᠬᠠᠶᠠ | ᠳᠤ ᠪᠠᠨ ᠲᠤᠲᠤᠬᠠᠨ ᠢᠯᠡᠷᠡᠲᠡᠭ ᠪᠠᠶᠢᠨ᠎ᠠ᠃ ᠬᠤᠶᠠᠷ ᠤᠷᠤᠭᠤᠯ ᠤᠨ ᠬᠠᠮᠵᠢᠭᠰᠠᠨ ᠲᠦᠷᠢᠯᠲᠠ ᠲᠠᠢ ᠠᠪᠢᠶ᠎ᠠ ᠲᠠᠢ᠃ | ᠵᠠᠪᠠᠵᠢ ᠶᠢᠨ ᠲᠦᠷᠢᠯᠲᠡ ᠲᠠᠢ ᠠᠪᠢᠶ᠎ᠠ ᠬᠡᠲᠦᠨ ᠵᠦᠢᠯ ᠪᠠᠶᠢᠲᠠᠭ᠂ ᠵᠡᠭᠦᠨ ᠵᠠᠪᠠᠵᠢ ᠶᠢᠨ ᠪᠠ ᠪᠠᠷᠠᠭᠤᠨ ᠵᠠᠪᠠᠵᠢ ᠶᠢᠨ | ᠲᠦᠷᠢᠯᠲᠡ ᠲᠠᠢ ᠠᠪᠢᠶ᠎ᠠ ᠵᠢᠴᠢ ᠬᠤᠤᠰ ᠵᠠᠪᠢᠵᠢ ᠪᠠᠷ ᠵᠡᠷᠭᠡ ᠳᠤᠨᠢ ᠠᠪᠢᠶᠠᠯᠠᠬᠤ ᠲᠦᠷᠢᠯᠲᠡ ᠲᠠᠢ ᠠᠪᠢᠶ᠎ᠠ ᠲᠠᠢ᠃ | ᠤᠷᠤᠭᠤᠯ ᠤᠨ ᠲᠡᠷᠪᠡᠯᠲᠡ ᠪᠦᠬᠦᠢ ᠠᠪᠢᠶ᠎ᠠ ᠲᠤᠬᠢᠶ᠎ᠠ ᠭᠠᠷᠭᠠᠲᠠᠭ᠃ ᠲᠤᠲᠤᠭᠰᠢ ᠠᠪᠢᠶᠠᠯᠠᠬᠤ ᠦᠵᠡᠭᠲᠡᠯ ᠭᠠᠷᠲᠠᠭ | ᠪᠦᠭᠡᠳ ᠤᠷᠤᠭᠤᠯ ᠤᠨ ᠬᠡᠯᠪᠡᠷᠢ ᠬᠡᠲᠦᠨ ᠵᠦᠢᠯ ᠤᠨ ᠪᠠᠶᠢᠲᠠᠯ ᠢᠶᠠᠷ ᠤᠷᠤᠯᠴᠠᠭᠰᠠᠨ ᠲᠤᠲᠤᠭᠰᠢ ᠠᠪᠢᠶᠠᠯᠠᠬᠤ | ᠠᠪᠢᠶ᠎ᠠ ᠲᠤᠬᠢᠶ᠎ᠠ ᠲᠠᠢ ᠪᠠᠶᠢᠲᠠᠭ᠃ ᠲᠠᠭᠤᠨ ᠴᠢᠮᠡᠭᠡ ᠭᠠᠷᠭᠠᠯ ᠦᠭᠡᠢ ᠪᠠᠷ ᠠᠮᠨ ᠪᠠᠨ ᠠᠩᠭᠠᠶᠢᠵᠤ ᠠᠪᠲᠠᠭ ︵ | ᠡᠪᠰᠢᠶᠡᠵᠦ ᠪᠠᠶᠢᠭ᠎ᠠ ᠪᠢᠰᠢ︶ ᠨᠢ ᠨᠢᠭᠡᠨ ᠵᠦᠢᠯ ᠤᠨ ᠲᠠᠭᠤᠨ ᠦᠭᠡᠢ ᠠᠪᠢᠶ᠎ᠠ ᠲᠤᠬᠢᠶ᠎ᠠ ᠪᠠᠶᠢᠵᠤ ᠮᠡᠲᠡᠨ᠎ᠡ᠃ ᠡᠯᠲᠡᠪ | ᠠᠪᠢᠶ᠎ᠠ ᠲᠤᠬᠢᠶ᠎ᠠ ᠶᠢ ᠦᠭᠦᠯᠡᠬᠦ ᠦᠶ᠎ᠡ ᠳᠡᠭᠡᠨ ᠭᠠᠷ ᠪᠠ ᠬᠤᠷᠤᠭᠤ ᠶᠢᠨ ᠬᠦᠲᠡᠯᠦᠯ᠂ ᠨᠢᠲᠦ ᠨᠢᠭᠤᠷ ᠤᠨ ᠤᠯᠠᠨ | ᠵᠦᠢᠯ ᠤᠨ ᠢᠯᠡᠷᠡᠯ ᠢᠶᠠᠷ ᠬᠠᠮᠵᠢᠭᠤᠯᠲᠠᠭ ᠪᠠᠶᠢᠨ᠎ᠠ᠃ | ᠨᠢᠭᠡᠨ ᠶᠠᠪᠠ ᠬᠦᠮᠦᠨ ᠨᠡᠶᠢᠭᠡᠮ ᠤᠨ ᠵᠤᠬᠢᠰᠳᠡᠢ ᠠᠵᠢᠯᠯᠠᠭᠠᠨ ᠳᠤ ᠤᠷᠤᠯᠴᠠᠳᠠᠭ ᠪᠠᠶᠢᠵᠡᠢ᠃ ᠮᠡᠰᠢᠨ ᠵᠢᠯᠤᠭᠤᠳᠬᠤ᠂ | ᠫᠤᠤ ᠬᠠᠷᠪᠤᠬᠤ ᠵᠡᠷᠬᠡ᠃ ᠳᠠᠷᠨ ᠠᠵᠢᠯᠯᠠᠵᠤ ᠪᠠᠶᠢᠭ᠎ᠠ ᠮᠡᠰᠢᠨ ᠤ ᠡᠷᠴᠢᠯᠡᠬᠦᠷ ᠬᠦᠷᠲᠦ ᠶᠢᠨ ᠡᠷᠬᠢᠯᠳᠡ ᠶᠢ | ᠢᠯᠡᠳᠬᠡᠭᠰᠡᠨ ᠭᠠᠭᠴᠠ ᠦᠶᠠᠲᠦ ᠦᠬᠡ ᠲᠠᠢ᠃ ᠭᠠᠯ ᠫᠤᠤ ᠶᠢᠨ ᠢᠳᠡᠰᠢ ᠬᠠᠷᠪᠤᠭᠳᠡᠨ ᠶᠠᠪᠤᠭᠰᠠᠨ ᠦᠶᠠᠰ ᠤᠨ | ᠪᠠᠶᠢᠳᠡᠯ ᠢ ᠦᠬᠦᠯᠡᠵᠤ ᠢᠯᠡᠳᠬᠡᠬᠦ ᠳᠡᠭᠡᠨ ᠤᠭᠵᠤᠮ ᠦᠯᠢᠶᠠᠵᠤ ᠬᠤᠶᠠᠷ ᠭᠠᠷ ᠢᠶᠠᠨ ᠠᠯᠳᠠᠯᠠᠰᠬᠢᠨ ᠬᠤᠶᠠᠷ ᠠᠯᠠᠭ᠎ᠠ | ᠪᠠᠨ ᠳᠡᠯᠬᠡᠰᠬᠢᠵᠤ᠂ ᠠᠮᠨ ᠪᠠᠨ ᠠᠩᠭᠠᠰ ᠬᠡᠬᠦ ᠶᠢᠨ ᠵᠡᠷᠬᠡ ᠳᠤ ᠬᠠᠮᠬᠢᠭᠠᠳ ᠨᠢᠭᠤᠷ ᠤᠨ ᠲᠦᠷᠬᠦᠬᠢᠵᠤ ᠠᠪᠳᠠᠭ | ᠪᠠᠶᠢᠨ᠎ᠠ᠂ ᠠᠳᠡᠬᠢ ᠭᠠᠷ ᠪᠠ ᠨᠢᠭᠤᠷ ᠤᠨ ᠢᠯᠡᠷᠡᠯ ᠤᠨ ᠬᠠᠮᠵᠢᠯᠴᠠᠭ᠎ᠠ ᠶᠢ ᠬᠠᠰᠤᠪᠠᠯ᠂ ᠦᠯᠡᠳᠡᠬᠦ ᠦᠬᠡ ᠨᠢ | ᠵᠦᠪᠬᠡᠨ᠂ ᠡᠬᠡᠰᠢᠭ ᠠᠪᠢᠶ᠎ᠠ ᠨᠢ ᠮᠡᠰᠢ ᠪᠠᠯᠠᠷᠬᠠᠢ᠂ ᠬᠡᠶᠢᠬᠦᠯᠦᠭᠴᠢ ᠠᠪᠢᠶ᠎ᠠ ᠶᠢᠨ ᠤᠡᠴᠠᠯᠢᠭ ᠢᠶᠠᠷ ᠳᠤᠪᠤᠶᠢᠮ᠎ᠠ᠂ | ᠳᠡᠮᠡᠢ ᠴᠦ ᠳᠡᠭᠤᠨ ᠴᠢᠮᠡᠭᠡ ᠦᠭᠡᠢ᠂ ᠤᠭᠵᠤᠮ ᠦᠯᠢᠶᠠᠵᠤ ᠠᠪᠢᠶᠠᠯᠠᠳᠠᠭ᠂ ᠭᠠᠭᠴᠠ ᠦᠶᠠᠲᠦ ᠦᠬᠡ ᠪᠤᠯᠤᠨ᠎ᠠ᠃ | ᠭᠠᠯ ᠫᠤᠤ ᠶᠢᠨ ᠢᠳᠡᠰᠢ ᠬᠠᠷᠪᠤᠭᠳᠡᠨ ᠶᠠᠪᠤᠭᠰᠠᠨ ᠪᠠ ᠤᠭᠵᠤᠮ ᠦᠯᠢᠶᠠᠬᠦ ᠬᠤᠶᠠᠷ ᠦᠵᠡᠭᠳᠡᠯ ᠢ ᠨᠢᠬᠡ ᠨᠢᠬᠡ ᠶᠢᠨ | ᠬᠠᠷᠡᠭᠠᠯᠵᠠᠯᠠᠯ ᠳᠤ ᠳᠠᠳᠬᠠᠯᠰᠢᠳᠡᠯᠠ ᠬᠡᠷᠡᠭᠯᠡᠪᠡᠯ᠂ ᠨᠢᠬᠡᠨ ᠦᠵᠡᠭᠳᠡᠯ ᠢ ᠳᠤᠰᠬᠠᠭᠰᠠᠨ ᠨᠢᠬᠡᠨ ᠭᠠᠭᠴᠠ ᠦᠶᠠᠲᠦ | ᠦᠬᠡ ᠳᠤᠭᠳᠡᠪᠤᠷᠢᠵᠢᠵᠤ ᠪᠤᠯᠤᠨ᠎ᠠ᠃ ᠬᠡᠳᠡᠯ᠎ᠠ ᠫᠤᠤᠳᠠᠭᠰᠠᠨ ᠰᠢᠯᠳᠡᠭᠠᠨ ᠠᠴᠠ ᠡᠬᠦᠰᠴᠤ ᠫᠤᠤ ᠶᠢᠨ ᠠᠮᠠᠨ ᠤ | ᠡᠰᠡᠷᠬᠦ ᠪᠠᠶᠢᠷᠢ ᠳᠤ ᠪᠤᠯᠤᠭᠰᠠᠨ ᠪᠠᠶᠢᠳᠡᠯ ᠤᠳ᠂ ᠡᠰᠡᠬᠦᠯ᠎ᠠ ᠫᠤᠤᠳᠠᠭᠰᠠᠨ ᠤ ᠳᠠᠷᠡᠭᠠᠬᠢ ᠦᠷ᠎ᠠ ᠳ᠋ᠦᠩ ᠠᠴᠠ | ᠪᠤᠯᠤᠭᠰᠠᠨ ᠫᠤᠤᠴᠢ ᠶᠢᠨ ᠪᠤᠳᠤᠯ ᠰᠡᠳᠬᠢᠯ ᠳᠤ ᠲᠦᠷᠦᠭᠳᠡᠭᠰᠡᠨ ᠪᠠᠶᠢᠳᠡᠯ ᠤᠳ ᠢ ᠴᠦᠮ ᠡᠨᠡᠬᠦ ᠤᠭᠵᠤᠮ | ᠦᠯᠢᠶᠠᠵᠤ ᠠᠪᠢᠶᠠᠯᠠᠬᠤ ᠭᠠᠭᠴᠠ ᠦᠶᠠᠲᠦ ᠦᠬᠡ ᠪᠠᠷ ᠤᠴᠢᠵᠤ ᠢᠯᠡᠳᠬᠡᠵᠤ ᠪᠠᠶᠢᠪᠠᠯ᠂ ᠡᠨᠡᠬᠦ ᠭᠠᠭᠴᠠ ᠦᠶᠠᠲᠦ | ᠦᠬᠡ ᠨᠢ ᠬᠠᠷᠢᠨ ᠤᠯᠠᠨ ᠤᠳᠬ᠎ᠠ ᠲᠠᠢ ᠦᠬᠡ ᠪᠤᠯᠴᠢᠬᠠᠨ᠎ᠠ᠃ ᠳᠡᠬᠡᠪᠡᠯ᠂ ᠦᠬᠦᠯᠡᠭᠴᠢ ᠠᠴᠠ ᠡᠨᠡᠬᠦ ᠭᠠᠭᠴᠠ | ᠦᠶᠠᠲᠦ ᠦᠬᠡ ᠶᠢ ᠴᠤᠬᠤᠮ ᠠᠯᠢ ᠠᠳᠬᠠ ᠪᠠᠷ ᠨᠢ ᠬᠡᠷᠡᠭᠯᠡᠭᠰᠡᠨ ᠪᠤᠢ︖ ᠬᠡᠳᠡᠭ ᠨᠢ ᠶᠡᠭᠡ ᠪᠤᠳᠤᠯᠢᠶᠠᠠᠳᠡᠢ | ᠶᠠᠪᠤᠳᠡᠯ ᠪᠤᠯᠵᠤ᠂ ᠰᠤᠨᠤᠰᠤᠭᠴᠢ ᠬᠠᠷᠢᠨ ᠶᠠᠭᠤ ᠴᠦ ᠤᠶᠢᠯᠠᠭᠠᠬᠤ ᠦᠭᠡᠢ ᠬᠡᠮᠵᠢᠶᠠᠨ ᠳᠤ ᠬᠦᠷᠳᠡᠭ ᠪᠠᠶᠢᠨ᠎ᠠ᠃ | ᠬᠡᠳᠡᠯ᠎ᠠ᠂ ᠦᠬᠡ ᠬᠡᠯᠡᠨ ᠤ ᠨᠦᠯᠦᠬᠡ ᠶᠢ ᠬᠦᠷᠳᠡᠭᠰᠡᠨ ᠦᠭᠡᠢ ᠬᠦᠮᠦᠰ ᠤᠨ ᠬᠤᠪᠢ ᠠᠴᠠ ᠠᠪᠴᠤ ᠦᠵᠡᠪᠡᠯ ᠦᠬᠡ | ᠬᠡᠯᠡᠨ ᠤ ᠳᠤᠬᠠᠢ ᠳᠡᠳᠡᠨ ᠤ ᠤᠪᠤᠷ ᠨᠢ ᠪᠠᠶᠠᠴᠢ ᠠᠴᠠ ᠡᠬᠦᠰᠬᠦ ᠶᠢ ᠭᠤᠤᠯ ᠪᠤᠯᠭᠠᠵᠤ ᠪᠠᠶᠢᠭᠰᠠᠨ ᠰᠢᠭ᠋ ᠰᠠᠨᠠᠭᠳᠡᠨ᠎ᠠ | ᠂ ᠳᠠᠷᠤᠢ ᠳᠠᠳᠠ ᠶᠠᠮᠠᠷ ᠨᠢᠬᠡᠨ ᠠᠪᠢᠶ᠎ᠠ ᠶᠢ ᠠᠪᠢᠶᠠᠯᠠᠵᠤ ᠭᠠᠷᠭᠠᠭᠰᠠᠨ ᠨᠢ ᠰᠡᠳᠬᠢᠯ ᠪᠤᠳᠤᠯ ᠳᠠᠬᠢ ᠠᠭᠤᠯᠭ᠎ᠠ | ᠨᠤᠭᠤᠳ ᠤᠨ ᠳᠤᠳᠤᠷ᠎ᠠ ᠠᠴᠠ ᠳᠤᠭᠠᠴᠢᠵᠤ ᠭᠠᠷᠭᠠᠬᠤ ᠭᠡᠵᠤ ᠪᠤᠳᠤᠭᠰᠠᠨ ᠠᠯᠢ ᠨᠢᠬᠡᠨ ᠦᠵᠡᠭᠳᠡᠯ ᠪᠠᠶᠢᠳᠡᠯ ᠢ | ᠨᠢᠬᠡᠨᠳᠡ ᠪᠤᠰᠤᠳ ᠲᠤ ᠦᠬᠦᠯᠡᠵᠤ ᠳᠤᠰᠬᠠᠴᠢᠬᠠᠵᠠᠢ ᠭᠡᠵᠤ ᠦᠵᠡᠬᠡᠳ᠂ ᠪᠤᠰᠤᠳ ᠤᠨ ᠤᠶᠢᠯᠠᠭᠠᠭᠰᠠᠨ ᠡᠰᠡᠬᠦ ᠶᠢ | ᠬᠠᠷᠢᠨ ᠦᠯᠤ ᠬᠠᠶᠢᠬᠤᠷᠳᠠᠭ ᠤᠪᠤᠷ ᠲᠠᠢ ᠪᠠᠶᠢᠵᠤ ᠮᠡᠳᠡᠨ᠎ᠠ᠃ ᠳᠡᠳᠡᠨ ᠤ ᠰᠡᠳᠬᠢᠬᠦᠢ ᠨᠢ ᠬᠡᠢ ᠬᠤᠭᠤᠰᠤᠨ ᠪᠢᠰᠢ᠂ | ᠬᠠᠷᠢᠨ ᠨᠠᠯᠢᠶᠠᠳ ᠪᠠᠶᠠᠯᠢᠭ ᠪᠤᠳᠠᠳᠤ ᠠᠭᠤᠯᠭ᠎ᠠ ᠲᠠᠢ ᠪᠠᠶᠢᠭ᠎ᠠ ᠨᠢ ᠠᠩᠬᠠᠷᠤᠯ ᠳᠤ ᠮᠡᠳᠡᠭᠳᠡᠵᠤ ᠪᠠᠶᠢᠳᠠᠭ᠃ ᠳᠡᠶᠢᠮᠤ | ᠠᠴᠠ ᠳᠡᠳᠡᠨ ᠤ ᠦᠬᠦᠯᠡᠭᠰᠡᠨ ᠠᠪᠢᠶ᠎ᠠ ᠳᠤᠬᠢᠶ᠎ᠠ ᠨᠢ ᠪᠤᠳᠠᠳᠤ ᠤᠳᠬ᠎ᠠ ᠠᠭᠤᠯᠭ᠎ᠠ ᠶᠢ ᠢᠯᠡᠳᠬᠡᠬᠦ ᠵᠤᠷᠢᠯᠭ᠎ᠠ ᠠᠴᠠ | ᠡᠬᠦᠰᠴᠤ ᠪᠠᠶᠢᠭ᠎ᠠ ᠶᠤᠮ᠃ ᠮᠠᠨ ᠤ ᠤᠳᠤᠬᠢ ᠬᠡᠯᠡᠨ ᠤ ᠰᠡᠳᠬᠢᠬᠦᠢ ᠤᠶᠢᠯᠠᠭᠠᠭᠰᠠᠨ ᠦᠭᠡᠢ ᠠᠴᠠ ᠪᠤᠯᠵᠤ ᠳᠡᠳᠡᠨ ᠤ | ᠦᠬᠦᠯᠡᠭᠰᠡᠨ ᠠᠪᠢᠶ᠎ᠠ ᠳᠤᠬᠢᠶ᠎ᠠ ᠨᠢ ᠤᠳᠬ᠎ᠠ ᠠᠭᠤᠯᠭ᠎ᠠ ᠦᠭᠡᠢ ᠪᠤᠯᠴᠢᠬᠠᠬᠤ ᠪᠢᠰᠢ᠂ ᠬᠠᠷᠢᠨ ᠤᠳᠬ᠎ᠠ ᠠᠭᠤᠯᠭ᠎ᠠ | ᠲᠠᠢ ᠭᠡᠵᠤ ᠦᠵᠡᠪᠡᠯ ᠰᠠᠶ᠋ᠢ ᠵᠤᠩᠬᠢᠯᠠᠬᠤ ᠳᠡᠯ᠎ᠠ ᠪᠠᠷ ᠪᠤᠳᠡᠳᠡᠢ ᠳᠤ ᠨᠠᠶᠢᠴᠡᠨᠠ᠃ ᠳᠡᠳᠡᠨ ᠳᠤ ᠶᠠᠷᠤᠨᠢ ᠦᠬᠡ ᠶᠢᠨ | ᠠᠴᠢᠶᠠᠯᠠᠵᠤ ᠳᠡᠶᠢᠯᠡᠬᠦᠶᠢᠴᠡ ᠤᠳᠬ᠎ᠠ ᠠᠭᠤᠯᠭ᠎ᠠ ᠶᠢᠨ ᠳᠡᠭᠠᠭᠠᠴᠠ ᠶᠢ ᠦᠷᠦᠬᠡᠰᠦᠯ ᠢᠶᠠᠷ ᠳᠡᠩᠳᠡᠬᠦᠤ | ᠦᠷᠬᠡᠳᠬᠡᠳᠡᠭ ᠵᠡᠷᠬᠡ ᠳᠡᠨᠢᠯᠳᠡ ᠶᠢᠨ ᠬᠢᠵᠠᠭᠠᠷᠳᠡᠮᠡᠯ ᠳᠡᠯ᠎ᠠ ᠲᠠᠢ ᠪᠠᠶᠢᠵᠤ ᠮᠡᠳᠡᠬᠦ ᠶᠤᠮ᠃ | ᠦᠭᠡ ᠬᠡᠯᠨ ᠪᠤᠢ ᠪᠤᠯᠬᠤ ᠠᠴᠠ ᠡᠮᠦᠨᠡᠬᠢ ᠶᠡᠭᠡ ᠡᠷᠲᠡᠨ ᠤ ᠬᠦᠮᠦᠰ ᠲᠤ ᠪᠤᠯᠪᠠᠰᠤᠷᠠᠩᠭᠤᠢ ᠦᠭᠡ ᠬᠡᠯᠡᠨ ᠤ | ᠤᠷᠴᠢᠨ ᠲᠤᠭᠤᠷᠢᠨ ᠭᠡᠵᠤ ᠪᠠᠶᠢᠭᠰᠠᠨ ᠦᠭᠡᠢ᠂ ᠤᠲᠤᠬᠢ ᠶᠠᠪᠠ ᠬᠦᠮᠦᠨ ᠤᠲᠤᠬᠢ ᠦᠭᠡ ᠬᠡᠯᠡᠨ ᠤ | ᠪᠤᠯᠪᠠᠰᠤᠷᠠᠩᠭᠤᠢ ᠲᠠᠭᠤ ᠠᠪᠢᠶᠠᠨ ᠤ ᠨᠦᠯᠦᠭᠡ ᠶᠢ ᠤᠯᠵᠤ ᠬᠦᠷᠲᠡᠵᠦ ᠴᠢᠲᠠᠬᠤ ᠦᠭᠡᠢ᠃ ᠡᠨᠡ ᠬᠤᠶᠠᠷ ᠪᠠᠶᠢᠲᠠᠯ | ᠳᠠᠬᠢ ᠬᠦᠮᠦᠰ ᠤᠨ ᠦᠭᠡ ᠬᠡᠯᠡᠨ ᠤ ᠤᠷᠴᠢᠨ ᠨᠢ ᠵᠢᠭᠠᠬᠠᠨ ᠴᠦ ᠭᠡᠰᠡᠨ ᠠᠳᠠᠯᠢᠪᠲᠤᠷ ᠲᠠᠯ᠎ᠠ ᠲᠠᠢ᠂ ᠡᠨᠡ | ᠰᠦᠪᠡᠭᠴᠢ ᠪᠠᠷ ᠰᠢᠵᠢᠮᠵᠢᠯᠡᠵᠦ᠂ ᠶᠡᠭᠡ ᠡᠷᠲᠡᠨ ᠤ ᠬᠦᠮᠦᠰ ᠤᠨ ᠦᠭᠡ ᠬᠡᠯᠡᠨ ᠤ ᠲᠤᠬᠠᠢ ᠤᠪᠤᠷ ᠢ ᠰᠢᠨᠵᠢᠨ | ᠪᠠᠷᠤᠭᠯᠠᠵᠤ ᠪᠤᠯᠤᠨ᠎ᠠ᠃ ᠦᠭᠡ ᠬᠡᠯᠡᠨ ᠤ ᠬᠦᠯᠢᠶᠡᠰᠦᠯᠡᠯ ᠳᠤ ᠤᠷᠤᠭᠠᠲᠤᠢ ᠬᠦᠮᠦᠰ ᠲᠤ ᠨᠢᠬᠡᠨ ᠰᠡᠳᠭᠢᠭᠦᠢ ᠶᠢᠨ | ᠴᠢᠯᠦᠭᠡᠲᠦ ᠤᠷᠤᠨ ᠵᠠᠢ ᠲᠠᠢ ᠪᠠᠶᠢᠲᠠᠭ ᠶᠤᠮ ᠪᠠᠶᠢᠨ᠎ᠠ᠃ ᠲᠡᠲᠡ ᠡᠨᠡᠬᠦ ᠴᠢᠯᠦᠭᠡᠲᠦ ᠰᠡᠳᠭᠢᠭᠦᠢ ᠪᠠᠨ ᠠᠰᠢᠭᠯᠠᠵᠤ᠂ | ᠴᠢᠯᠦᠭᠡᠲᠡᠢ ᠪᠠᠷ ᠦᠭᠡ ᠬᠡᠯᠡᠨ ᠤ ᠲᠤᠬᠢᠶ᠎ᠠ ᠡᠭᠦᠳᠴᠦ᠂ ᠴᠢᠯᠦᠭᠡᠲᠡᠢ ᠪᠠᠷ ᠬᠡᠷᠡᠭᠯᠡᠵᠦ ᠪᠠᠶᠢᠪᠠᠯ ᠰᠠᠶ᠋ᠢ ᠦᠭᠦᠯᠡᠬᠦ | ᠡᠷᠭᠡᠲᠡᠨ ᠤ ᠴᠢᠲᠠᠪᠬᠢ ᠵᠡᠷᠭᠡ ᠤᠯᠠᠨ ᠲᠠᠯ᠎ᠠ ᠪᠠᠨ ᠲᠡᠭᠡᠭᠰᠢᠯᠡᠭᠦᠯᠵᠦ ᠪᠤᠲᠤᠯ ᠰᠠᠨᠠᠯ ᠢᠶᠠᠨ ᠨᠡᠩ ᠢᠯᠭᠤᠮ ᠰᠢᠯᠤᠭᠤᠨ | ᠰᠤᠯᠢᠯᠴᠠᠵᠤ ᠴᠢᠲᠠᠬᠤ ᠪᠤᠯᠤᠯᠴᠠᠭ᠎ᠠ ᠲᠠᠢ ᠵᠦᠭ ᠲᠡᠭᠡᠨ ᠬᠦᠭᠵᠢᠵᠦ ᠴᠢᠲᠠᠨ᠎ᠠ᠃ ᠨᠡᠯᠢᠶᠡᠳ ᠡᠷᠲᠡᠨ ᠤ ᠬᠦᠮᠦᠰ ᠲᠤ | ᠶᠠᠮᠠᠷ ᠨᠢᠭᠡᠨ ᠪᠤᠯᠪᠠᠰᠤᠷᠠᠭᠰᠠᠨ ᠬᠡᠯᠡᠨ ᠤ ᠤᠷᠴᠢᠨ ᠲᠤᠭᠤᠷᠢᠨ ᠭᠡᠵᠦ ᠪᠠᠶᠢᠭᠰᠠᠨ ᠦᠭᠡᠢ ᠨᠢ ᠯᠠᠪᠲᠠᠢ᠃ | ᠨᠡᠶᠢᠭᠡᠮᠴᠢᠯᠡᠭᠰᠡᠨ ᠦᠭᠡ ᠬᠡᠯᠡᠨ ᠤ ᠲᠦᠯᠦᠪᠰᠢᠷᠡᠯ ᠪᠤᠢ ᠪᠤᠯᠬᠤ ᠠᠴᠠ ᠤᠷᠢᠳ ᠬᠦᠮᠦᠰ ᠪᠡᠶᠡᠴᠢ ᠤᠪᠤᠷ ᠠᠴᠠ | ᠡᠭᠦᠰᠦᠨ ᠦᠭᠡ ᠬᠡᠯᠡᠨ ᠤ ᠦᠵᠡᠭᠲᠡᠯ ᠢ ᠰᠡᠲᠦᠵᠦ᠂ ᠦᠪᠡᠰᠦᠪᠡᠨ ᠦᠭᠦᠯᠡᠵᠦ ᠦᠪᠡᠰᠦᠪᠡᠨ ᠭᠤᠤᠯᠲᠠᠢ ᠤᠶᠢᠯᠠᠭᠠᠵᠤ | ︵ᠡᠨᠡ ᠨᠢ ᠮᠥᠨ ᠴᠦ ᠦᠭᠡ ᠬᠡᠯᠨ ᠪᠤᠢ ᠪᠤᠯᠬᠤ ᠶᠢᠨ ᠤᠷᠢᠲᠠᠯ ᠨᠦᠭᠦᠴᠡᠯ ᠤᠨ ᠨᠢᠭᠡ ᠨᠢ ᠪᠠᠶᠢᠵᠤ ᠮᠡᠲᠡᠨ᠎ᠡ︶ | ᠪᠠᠶᠢᠭᠰᠠᠨ ᠰᠢᠭ᠋ ᠰᠠᠨᠠᠭᠲᠠᠨ᠎ᠠ᠃ ᠭᠡᠪᠡᠴᠦ ᠲᠡᠷᠨ ᠨᠢ᠂ ᠨᠢᠭᠡ ᠲᠠᠯ᠎ᠠ ᠪᠠᠷ ᠦᠭᠡ ᠬᠡᠯᠨ ᠪᠠᠷ ᠬᠠᠷᠢᠯᠴᠠᠬᠤ ᠲᠤᠬᠠᠢ | ᠪᠡᠶᠡᠴᠢ ᠴᠢᠲᠠᠪᠬᠢ ᠪᠠᠨ ᠠᠶᠠᠨᠲᠠᠭᠠᠨ ᠲᠡᠭᠡᠭᠰᠢᠯᠡᠭᠦᠯᠵᠦ᠂ ᠨᠦᠭᠦᠭᠡ ᠲᠠᠯ᠎ᠠ ᠪᠠᠷ ᠦᠭᠡ ᠬᠡᠯᠡᠨ ᠤ ᠪᠡᠯᠭᠡ ᠲᠡᠮᠲᠡᠭ | ᠪᠤᠯᠬᠤᠶᠢᠴᠠ ᠡᠯᠲᠡᠪ ᠵᠦᠢᠯ ᠤᠨ ᠠᠪᠢᠶ᠎ᠠ ᠲᠤᠬᠢᠶ᠎ᠠ ᠶᠢ ᠢᠲᠡᠪᠬᠢᠲᠡᠢ ᠡᠭᠦᠳᠴᠦ ᠭᠡᠷᠡᠭᠯᠡᠨ᠂ ᠦᠭᠡ ᠬᠡᠯᠨ ᠪᠦᠷᠢᠯᠲᠦᠨ | ᠲᠤᠭᠲᠠᠨᠢᠬᠤ ᠰᠠᠭᠤᠷᠢ ᠶᠢ ᠠᠶᠠᠨᠲᠠᠭᠠᠨ ᠴᠤᠡᠡᠴᠠᠯᠠᠵᠤ ᠪᠠᠶᠢᠭᠰᠠᠨ ᠦᠢᠯᠡᠲᠦᠯ ᠲᠠᠢ ᠭᠡᠵᠦ ᠰᠠᠨᠠᠭᠲᠠᠨ᠎ᠠ᠃ ᠬᠠᠷᠢᠨ | ᠲᠡᠲᠡᠨ ᠤ ᠠᠮᠢᠲᠤᠷᠠᠯ ᠠᠴᠠ ᠲᠦᠷᠦᠭᠲᠡᠭᠰᠡᠨ ᠰᠡᠳᠭᠢᠭᠦᠢ ᠶᠢᠨ ᠠᠭᠤᠯᠭ᠎ᠠ ᠨᠢ ᠨᠡᠯᠢᠶᠡᠳ ᠪᠠᠶᠠᠯᠢᠭᠵᠢᠭᠰᠠᠨ ᠶᠤᠮ᠂ | ᠡᠭᠦᠨ ᠠᠴᠠ ᠰᠢᠯᠲᠠᠭᠠᠯᠠᠭᠲᠠᠵᠤ᠂ ᠲᠡᠲᠡᠨ ᠤ ᠡᠭᠦᠲᠦᠭᠰᠡᠨ ᠠᠪᠢᠶ᠎ᠠ ᠲᠤᠬᠢᠶ᠎ᠠ ᠨᠤᠭᠤᠳ ᠨᠢ ᠲᠤᠬᠠᠢ ᠶᠢᠨ ᠦᠶ᠎ᠡ | ᠳᠡᠭᠡᠨ ᠪᠦᠷ ᠴᠦ ᠶᠠᠮᠠᠷ ᠨᠢᠭᠡᠨ ᠬᠡᠷᠡᠭ ᠪᠤᠲᠠᠰ ᠦᠵᠡᠭᠲᠡᠯ ᠢ ᠲᠤᠰᠬᠠᠭᠰᠠᠨ ᠤᠳᠬ᠎ᠠ ᠠᠭᠤᠯᠭ᠎ᠠ ᠲᠠᠢ ᠪᠠᠶᠢᠭᠰᠠᠨ | ᠪᠤᠶᠤ ᠡᠰᠡᠭᠦᠯ᠎ᠡ ᠨᠢᠭᠡᠯᠨ ᠠᠪᠢᠶ᠎ᠠ ᠲᠤᠬᠢᠶ᠎ᠠ ᠨᠢ ᠨᠡᠯᠢᠶᠡᠳ ᠤᠯᠠᠨ ᠬᠡᠷᠡᠭ ᠦᠵᠡᠭᠲᠡᠯ ᠢ ᠲᠤᠰᠬᠠᠭᠰᠠᠨ ᠤᠳᠬ᠎ᠠ | ᠠᠭᠤᠯᠭ᠎ᠠ ᠲᠠᠢ ᠪᠠᠶᠢᠵᠤ ᠮᠡᠲᠡᠬᠦ ᠶᠤᠮ᠃ ᠶᠠᠮᠠᠷ ᠪᠠᠶᠢᠯ᠎ᠠ ᠭᠡᠳ᠂ ᠲᠡᠲᠡ ᠲᠡᠶᠢᠨᠬᠦ ᠪᠡᠶᠡᠴᠢ ᠤᠪᠤᠷ ᠤᠨ ᠬᠦᠯᠢᠶᠡᠰᠦᠯᠡᠯ | ᠠᠴᠠ ᠲᠠᠪᠠᠭ᠋ᠤ ᠦᠭᠡᠢ ᠪᠤᠯ ᠲᠡᠲᠡᠭᠡᠷ ᠠᠪᠢᠶ᠎ᠠ ᠲᠤᠬᠢᠶᠠᠨ ᠳᠤ ᠪᠠᠨ ᠬᠠᠷᠠᠭᠠᠯᠵᠠᠭᠰᠠᠨ ᠦᠵᠡᠯ ᠰᠠᠨᠠᠭᠠᠨ ᠤ ᠠᠭᠤᠯᠭ᠎ᠠ | ᠶᠢ ᠬᠡᠯᠡᠨ ᠤ ᠠᠷᠭ᠎ᠠ ᠪᠠᠷ ᠪᠤᠰᠤᠳ ᠲᠤ ᠢᠯᠡᠳᠭᠡᠬᠦ ᠳᠤ ᠪᠡᠷᠭᠡᠲᠡᠬᠦ ᠪᠤᠯᠤᠨ᠎ᠠ᠃ ᠲᠡᠲᠡ ᠶᠠᠮᠠᠷ ᠨᠢᠭᠡ ᠠᠷᠭ᠎ᠠ | ᠲᠤᠬᠢᠶᠠᠯᠲᠤᠯ ᠢᠶᠠᠷ ᠡᠨᠡᠬᠦ ᠪᠠᠶᠡᠴᠢ ᠤᠪᠤᠷ ᠠᠴᠠ ᠠᠩᠬᠢᠵᠢᠷᠠᠵᠤ ᠴᠢᠲᠠᠭᠠᠳ᠂ ᠲᠡᠲᠡᠨ ᠤ ᠦᠭᠦᠯᠡᠭᠰᠡᠨ ᠠᠪᠢᠶ᠎ᠠ | ᠲᠤᠬᠢᠶ᠎ᠠ ᠵᠢᠴᠢ ᠲᠡᠭᠦᠨ ᠳᠤ ᠨᠢ ᠲᠤᠰᠬᠠᠭᠲᠠᠭᠰᠠᠨ ᠠᠭᠤᠯᠭ᠎ᠠ ᠨᠢ ᠦᠪᠡᠷ ᠪᠤᠰᠤᠳ ᠤᠨ ᠲᠠᠨᠢᠯᠲᠡ ᠳᠤ ᠵᠡᠷᠭᠡ ᠪᠠᠷ | ᠬᠠᠷᠢᠶᠠᠯᠠᠭᠲᠠᠬᠤ ᠦᠶᠡᠰ ᠰᠠᠶ᠋ᠢ ᠦᠭᠡ ᠬᠡᠯᠨ ᠪᠠᠷ ᠰᠠᠨᠠᠯ ᠪᠤᠲᠤᠯ ᠢᠶᠠᠨ ᠰᠤᠯᠢᠯᠴᠠᠬᠤ ᠪᠤᠯᠤᠯᠴᠠᠭ᠎ᠠ ᠲᠠᠢ ᠪᠤᠯᠲᠠᠭ᠃ | ᠬᠡᠯᠨ ᠰᠤᠯᠢᠯᠴᠠᠬᠤ ᠵᠤᠷᠢᠯᠭᠠᠲᠤ ᠠᠵᠢᠯᠯᠠᠭᠠᠨ ᠤ ᠶᠠᠪᠤᠴᠠ ᠳᠤ ᠲᠡᠲᠡᠭᠡᠷ ᠪᠡᠶ᠋ᠴᠢ ᠲᠠᠯ᠎ᠠ ᠠᠴᠠ ᠰᠠᠲᠦᠵᠦ ᠬᠡᠷᠡᠭᠯᠡᠵᠦ | ᠪᠠᠶᠢᠭᠰᠠᠨ ᠠᠪᠢᠶ᠎ᠠ ᠲᠤᠬᠢᠶ᠎ᠠ ᠶᠢᠨ ᠦᠵᠡᠯ ᠰᠠᠨᠠᠭᠠᠨ ᠤ ᠠᠭᠤᠯᠭ᠎ᠠ ᠨᠢ ᠨᠡᠶᠢᠲᠡᠯᠢᠭ ᠤᠨᠴᠠᠯᠢᠭ ᠢᠶᠠᠨ ᠲᠦᠰᠢᠯᠴᠡᠵᠦ | ᠬᠡᠯᠨ ᠰᠤᠯᠢᠯᠴᠠᠭᠠᠨ ᠤ ᠦᠢᠯᠡᠲᠦᠯ ᠭᠠᠷᠭᠠᠬᠤ ᠦᠶᠡᠰ᠂ ᠬᠦᠮᠦᠰ ᠲᠤ ᠬᠡᠯᠡᠨ ᠤ ᠨᠡᠶᠢᠭᠡᠮᠴᠢ ᠰᠢᠨᠵᠢ ᠶᠢᠨ ᠲᠤᠬᠠᠢ | ᠠᠩᠬᠠᠨ ᠤ ᠤᠬᠠᠯ ᠰᠡᠷᠡᠭᠲᠡᠵᠦ ᠪᠤᠯᠤᠨ᠎ᠠ᠃ ᠡᠨᠡ ᠰᠠᠭᠤᠷᠢ ᠲᠡᠭᠡᠷ᠎ᠡ᠂ ᠬᠡᠯᠡᠨ ᠤ ᠠᠪᠢᠶ᠎ᠠ ᠲᠤᠬᠢᠶ᠎ᠠ ᠪᠠ ᠪᠠᠶᠢᠭᠠᠯᠢ | ᠶᠢᠷᠲᠢᠨᠴᠦ ᠶᠢᠨ ᠬᠡᠷᠡᠭ ᠦᠵᠡᠭᠲᠡᠯ ᠤᠨ ᠬᠤᠯᠪᠤᠭᠲᠠᠯ ᠢ ᠦᠭᠡ ᠬᠡᠯᠡᠨ ᠤ ᠬᠤᠪᠢ ᠠᠴᠠ ᠨᠡᠶᠢᠭᠡᠮᠴᠢᠯᠡᠵᠦ ᠡᠬᠢᠯᠡᠬᠦ | ᠲᠡᠯᠲᠡ ᠪᠠᠯᠠᠷᠬᠠᠢ ᠤᠬᠠᠮᠰᠠᠷ ᠴᠦ ᠭᠡᠰᠡᠨ᠂ ᠵᠠᠷᠢᠮᠲᠤᠭ ᠴᠦ ᠪᠤᠯᠤᠭ ᠲᠦᠷᠦᠭᠲᠡᠵᠦ ᠯᠠ ᠪᠠᠶᠢᠮᠠᠨᠵᠢᠨ ᠰᠠᠶ᠋ᠢ ᠨᠡᠶᠢᠭᠡᠮ | ᠤᠨ ᠦᠭᠡ ᠬᠡᠯᠨ ᠪᠤᠢ ᠪᠤᠯᠬᠤ ᠬᠠᠨᠲᠤᠯᠭ᠎ᠠ ᠲᠠᠢ ᠪᠤᠯᠵᠤ ᠪᠤᠯᠤᠨ᠎ᠠ᠃ ᠭᠡᠪᠡᠴᠦ ᠶᠠᠮᠠᠷ ᠨᠢᠬᠡᠨ ᠰᠠᠶᠢᠨ ᠪᠠᠶᠢᠲᠠᠯ ᠨᠢ | ᠭᠡᠳ ᠭᠡᠴᠢᠨᠡᠨ ᠤᠯᠠᠨ ᠤᠲᠠᠭᠠᠨ ᠤ ᠲᠡᠭᠢᠨ ᠲᠠᠪᠲᠠᠯᠲᠠ ᠶᠢ ᠦᠩᠭᠡᠷᠡᠭᠡᠭᠡᠳ ᠰᠠᠶ᠋ᠢ ᠵᠤᠬᠢᠬᠤ ᠠᠯᠬᠤᠮ ᠤᠨ ᠦᠷ᠎ᠡ | ᠳ᠋ᠦᠩ ᠢ ᠤᠯᠲᠠᠭ ᠪᠠ ᠡᠰᠡᠬᠦ ᠶᠢ ᠬᠡᠯᠡᠬᠦ ᠳᠤ ᠪᠡᠷᠭᠡ ᠲᠠᠢ᠃ | ᠶᠡᠭᠡ ᠡᠷᠲᠡᠨ ᠤ ᠮᠤᠩᠭᠤᠯᠴᠤᠳ ᠪᠤᠰᠤᠳᠴᠢ ᠬᠠᠷᠰᠢ ᠰᠠᠭᠠᠳ ᠪᠠ ᠪᠡᠶᠡᠴᠢ ᠤᠪᠤᠷ ᠤᠨ ᠬᠦᠯᠢᠶᠡᠰᠦᠯᠡᠯ ᠵᠡᠷᠭᠡ | ᠤᠯᠠᠨ ᠪᠡᠷᠭᠡ ᠬᠦᠴᠢᠷ ᠢ ᠢᠯᠡᠵᠦ᠂ ᠡᠴᠦᠰ ᠲᠡᠭᠡᠨ ᠬᠡᠯᠨ ᠰᠡᠳᠬᠢᠬᠦᠢ ᠶᠢᠨ ᠮᠠᠰᠢ ᠪᠢᠴᠢᠯ ᠰᠤᠷᠠᠭ ᠲᠤᠬᠢᠶ᠎ᠠ ᠶᠢ | ᠭᠡᠳ ᠤᠲᠠᠭᠠᠨ ᠤᠨ ᠠᠴᠢᠶᠠᠯᠠᠵᠤ ᠴᠢᠲᠠᠲᠠᠭ ᠵᠡᠷᠭᠡ ᠤᠯᠠᠨ ᠲᠠᠯ᠎ᠠ ᠶᠢᠨ ᠤᠬᠢ ᠴᠢᠳᠡᠪᠬᠢ ᠪᠦᠬᠦᠢ ᠮᠤᠩᠭᠤᠯ ᠦᠬᠡ | ᠬᠡᠯᠨ ᠶᠢ ᠡᠬᠦᠳᠴᠤ ᠴᠢᠳᠠᠭᠰᠠᠨ ᠪᠠᠶᠢᠨ᠎ᠠ᠃ ᠡᠬᠦᠨ ᠢ ᠦᠨᠦᠳᠤᠷ ᠤᠨ ᠪᠤᠳᠠᠳᠤ ᠬᠡᠷᠡᠭ ᠬᠡᠷᠡᠴᠢᠯᠠᠳᠡᠭ᠃ ᠡᠨ᠋ᠨ | ᠳᠠᠰᠢᠷᠡᠮ ᠢᠶᠠᠷ ᠮᠤᠩᠭᠤᠯ ᠦᠬᠡ ᠬᠡᠯᠨ ᠦᠰᠦᠭ ᠪᠢᠴᠢᠭ ᠤᠨ ᠳᠡᠪᠠᠭᠤᠯᠢᠭ ᠢ ᠠᠩᠬᠠᠷᠬᠤ ᠳᠤ᠂ ᠵᠠᠷᠢᠮ ᠳᠡᠯ᠎ᠠ ᠪᠠᠷ | ᠰᠤᠷᠢᠡᠵᠢᠨ ᠪᠦᠰᠡ ᠪᠠ ᠬᠡᠷᠡᠯ ᠳᠠᠪᠠᠭ ᠲᠠᠢ ᠠᠳᠡᠯᠢᠰᠢᠶ᠋ᠵᠤ ᠶᠠᠷᠢᠵᠤ ᠪᠤᠯᠤᠨ᠎ᠠ᠃ ᠳᠠᠷᠨ ᠨᠢ ᠨᠡᠩ ᠲᠦᠬᠡᠮᠡᠯ ᠴᠢᠨᠡᠷ | ᠲᠠᠢ ᠨᠡᠩ ᠪᠠᠶᠢᠭᠠᠯᠢᠯᠢᠭ ᠠᠷᠭ᠎ᠠ ᠠᠪᠴᠢᠯ ᠲᠠᠢ ᠪᠠᠶᠢᠳᠠᠭ ᠢᠶᠠᠷ ᠢᠶᠠᠨ ᠳᠡᠪᠠᠮᠠᠭᠠᠶᠢᠷᠡᠵᠤ ᠴᠢᠳᠠᠳᠠᠭ᠃ | ᠬᠦᠮᠦᠰ ᠴᠤᠯᠳᠤᠭᠤᠨ ᠠᠪᠢᠶ᠎ᠠ ᠳᠤᠬᠢᠶ᠎ᠠ ᠶᠢ ᠬᠡᠷᠡᠭᠯᠡᠵᠤ ᠴᠢᠳᠡᠬᠤ ᠠᠴᠠ ᠡᠮᠦᠨ᠎ᠠ ᠱᠠᠳᠤᠨ ᠳᠤ ᠬᠤᠯᠢᠮᠠᠭ ᠠᠪᠢᠶ᠎ᠠ ᠶᠢ | ᠬᠡᠷᠡᠭᠯᠡᠵᠤ ᠪᠠᠶᠢᠭᠰᠠᠨ ᠨᠢ ᠰᠢᠯᠳᠡᠭᠠᠨ ᠲᠠᠢ ᠶᠤᠮ᠃ ᠨᠢᠬᠡ ᠳᠡᠯ᠎ᠠ ᠪᠠᠷ ᠳᠡᠳᠡᠨ ᠳᠤ ᠳᠡᠭᠤᠷᠢᠶᠠᠯ ᠪᠤᠯᠬᠤᠶᠢᠴᠠ | ᠪᠤᠯᠪᠠᠰᠤᠷᠡᠩᠭᠤᠢ ᠦᠬᠡ ᠬᠡᠯᠡᠨ ᠤ ᠤᠷᠴᠢᠨ ᠳᠤᠭᠤᠷᠢᠨ ᠭᠡᠵᠤ ᠪᠠᠶᠢᠭᠰᠠᠨ ᠦᠭᠡᠢ᠃ ᠨᠦᠬᠦᠬᠡ ᠳᠡᠯ᠎ᠠ ᠪᠠᠷ ᠳᠤᠬᠠᠢ | ᠶᠢᠨ ᠦᠶ᠎ᠠ ᠶᠢᠨ ᠬᠦᠮᠦᠰ ᠤᠨ ᠦᠬᠦᠯᠡᠬᠦ ᠡᠷᠬᠡᠳᠡᠨ ᠨᠢ ᠮᠡᠰᠢ ᠤᠯᠠᠨ ᠠᠪᠢᠶ᠎ᠠ ᠳᠡᠭᠤ ᠶᠢ ᠴᠡᠪᠡᠷ ᠴᠡᠬᠡᠯᠬᠡᠨ | ᠠᠪᠢᠶᠠᠯᠠᠬᠤ ᠬᠡᠮᠵᠢᠶᠠᠨ ᠳᠤ ᠬᠦᠷᠳᠡᠯ᠎ᠠ ᠪᠤᠯᠪᠠᠰᠤᠷᠠᠭᠠᠳᠤᠢ ᠪᠠᠶᠢᠭᠰᠠᠨ᠃ | ᠬᠦᠮᠦᠰ ᠬᠤᠯᠢᠮᠠᠭ ᠠᠪᠢᠶ᠎ᠠ ᠶᠢ ᠬᠡᠷᠡᠭᠯᠡᠵᠤ ᠪᠠᠶᠢᠭᠰᠠᠨ ᠠᠴᠠ ᠪᠠᠨ ᠴᠤᠯᠳᠤᠭᠤᠨ ᠠᠪᠢᠶ᠎ᠠ ᠶᠢ ᠬᠡᠷᠡᠭᠯᠡᠵᠤ ᠴᠢᠳᠡᠬᠤ | ᠪᠤᠯᠤᠭᠰᠠᠨ ᠨᠢ ᠦᠬᠦᠯᠡᠬᠦ ᠡᠷᠬᠡᠳᠡᠨ ᠤ ᠬᠦᠭᠵᠢᠯᠳᠡ ᠶᠢᠨ ᠶᠠᠪᠤᠴᠠ ᠳᠠᠬᠢ ᠨᠢᠬᠡ ᠶᠤᠰᠤᠨ ᠤ ᠦᠷ᠎ᠠ ᠳ᠋ᠦᠩ ᠮᠥᠨ᠃ | ᠡᠨᠡᠬᠦ ᠦᠷ᠎ᠠ ᠳ᠋ᠦᠩ ᠳᠤ ᠬᠦᠷᠳᠡᠯ᠎ᠠ ᠬᠦᠮᠦᠨ ᠤ ᠰᠡᠳᠬᠢᠬᠦᠢ ᠵᠡᠷᠬᠡ ᠨᠢ ᠴᠦ ᠮᠡᠰᠢ ᠶᠡᠭᠡ ᠬᠦᠭᠵᠢᠯᠳᠡ ᠪᠠᠨ | ᠤᠯᠤᠭᠰᠠᠨ ᠶᠤᠮ᠃ ᠳᠤᠬᠠᠶᠢᠯᠠᠪᠠᠯ᠄ ᠦᠬᠦᠯᠡᠬᠦ ᠡᠷᠬᠡᠳᠡᠨ ᠤ ᠬᠦᠭᠵᠢᠯᠳᠡ ᠶᠢ ᠠᠬᠢᠭᠤᠯᠬᠤ ᠳᠤ ᠰᠤᠨᠤᠰᠬᠤ ᠡᠷᠬᠡᠳᠡᠨ | ᠤ ᠬᠦᠭᠵᠢᠯᠳᠡ ᠳᠤᠳᠠᠭᠳᠠᠵᠤ ᠪᠤᠯᠤᠰᠢ ᠦᠭᠡᠢ ᠴᠢᠬᠤᠯᠨ ᠪᠠᠶᠢᠳᠠᠭ᠂ ᠡᠯᠳᠡᠪ ᠳᠡᠭᠤ ᠠᠪᠢᠶ᠎ᠠ ᠶᠢ ᠢᠯᠭᠠᠨ ᠰᠤᠨᠤᠰᠴᠤ | ᠴᠢᠳᠡᠪᠡᠯ ᠰᠠᠶ᠋ᠢ ᠢᠯᠭᠠᠭ᠎ᠠ ᠲᠠᠢ ᠦᠬᠦᠯᠡᠵᠤ ᠴᠢᠳᠡᠬᠤ ᠶᠢᠨ ᠬᠠᠷᠢᠴᠠᠭ᠎ᠠ ᠪᠤᠢ᠃ ᠡᠯ᠎ᠠ ᠡᠷᠬᠡᠳᠡᠨ ᠤ ᠬᠦᠭᠵᠢᠯᠳᠡ ᠶᠢᠨ | ᠱᠠᠭᠠᠷᠳᠠᠯᠭ᠎ᠠ ᠨᠢ ᠬᠦᠮᠦᠨ ᠤ ᠤᠶᠤᠡᠴᠢ ᠴᠢᠳᠡᠪᠬᠢ ᠶᠢᠨ ᠳᠡᠬᠡᠭᠰᠢᠯᠠᠯᠳᠡ ᠶᠢ ᠱᠠᠭᠠᠷᠳᠡᠵᠤ᠂ ᠰᠡᠳᠬᠢᠬᠦᠢ ᠶᠢᠨ | ᠬᠦᠭᠵᠢᠯᠳᠡ ᠶᠢ ᠠᠬᠢᠭᠤᠯᠳᠠᠭ᠂ ᠰᠡᠳᠬᠢᠬᠦᠢ ᠶᠢᠨ ᠬᠦᠭᠵᠢᠯᠳᠡ ᠨᠢ ᠪᠤᠴᠠᠭᠠᠳ ᠡᠯ᠎ᠠ ᠡᠷᠬᠡᠳᠡᠨ ᠤ ᠬᠦᠭᠵᠢᠯᠳᠡ ᠳᠤ | ᠢᠳᠡᠪᠬᠢ ᠦᠢᠯᠡᠳᠤᠯ ᠦᠵᠡᠬᠦᠯᠳᠡᠭ ᠪᠠᠶᠢᠨ᠎ᠠ᠃ ᠦᠬᠦᠯᠡᠬᠦ ᠡᠷᠬᠡᠳᠡᠨ᠂ ᠰᠤᠨᠤᠰᠬᠤ ᠡᠷᠬᠡᠳᠡᠨ ᠵᠢᠴᠢ ᠰᠡᠳᠬᠢᠬᠦᠢ | ᠵᠡᠷᠬᠡ ᠨᠢ ᠬᠠᠷᠢᠯᠴᠠᠨ ᠨᠦᠯᠦᠬᠡᠯᠡᠯᠴᠡᠬᠦ ᠶᠠᠪᠤᠴᠠ ᠳᠠᠭᠠᠨ ᠬᠡᠯᠨ ᠶᠠᠷᠶᠠᠨ ᠤ ᠦᠪᠡᠷᠮᠢᠴᠠ ᠬᠡᠪ ᠨᠠᠮᠪᠠ ᠶᠢᠨ ᠪᠦᠷᠢᠯᠳᠤᠯ | ᠢ ᠴᠦ ᠨᠦᠯᠦᠬᠡᠯᠡᠵᠤ ᠴᠢᠳᠠᠳᠠᠭ ᠪᠠᠶᠢᠨ᠎ᠠ᠃ | ᠶᠡᠭᠡ ᠡᠷᠳᠡᠨ ᠤ ᠬᠦᠮᠦᠰ ᠤᠨ ᠦᠬᠡ ᠬᠡᠯᠡᠨ ᠳᠠᠬᠢ ᠴᠦᠬᠡᠨ ᠬᠡᠳᠤᠨ ᠠᠪᠢᠶ᠎ᠠ ᠳᠤᠬᠢᠶ᠎ᠠ ᠨᠢ ᠵᠠᠷᠢᠮ ᠤᠳᠬ᠎ᠠ ᠰᠠᠨᠠᠭ᠎ᠠ | ᠶᠢ ᠢᠯᠡᠳᠬᠡᠵᠤ ᠴᠢᠳᠡᠬᠤ ᠪᠤᠯᠪᠠᠴᠤ᠂ ᠳᠡᠳᠡᠬᠡᠷ ᠨᠢ ᠲᠦᠭ ᠲᠦᠮᠡᠨ ᠬᠡᠷᠡᠭ ᠦᠵᠡᠭᠳᠡᠯ ᠢ ᠬᠡᠯᠨᠨ ᠤ ᠳᠤᠬᠢᠶ᠎ᠠ ᠪᠠᠷ | ᠢᠯᠡᠷᠡᠬᠦᠯᠬᠦ ᠳᠤ ᠬᠤᠮᠰᠠᠳᠡᠬᠤ ᠳᠤᠯᠨ ᠠᠪᠢᠶ᠎ᠠ ᠳᠤᠬᠢᠶ᠎ᠠ ᠶᠢ ᠬᠠᠮᠵᠢᠭᠤᠯᠤᠨ ᠦᠬᠦᠯᠡᠬᠦ ᠬᠡᠷᠡᠭᠴᠡᠭᠡ ᠱᠠᠭᠠᠷᠳᠠᠭᠳᠡᠨᠠ᠃ | ᠠᠪᠢᠶ᠎ᠠ ᠳᠤᠬᠢᠶ᠎ᠠ ᠶᠢ ᠬᠠᠮᠵᠢᠭᠤᠯᠤᠨ ᠦᠬᠦᠯᠡᠵᠤ ᠪᠤᠳᠡᠰ ᠦᠵᠡᠭᠳᠡᠯ ᠤᠨ ᠲᠦᠷᠰᠦ ᠬᠢᠬᠡᠳ ᠤᠡᠴᠠᠯᠢᠭ ᠰᠢᠡᠵᠢ ᠶᠢ | ᠢᠯᠭᠠᠨ ᠳᠤᠰᠬᠠᠬᠤ ᠬᠡᠷᠡᠭᠴᠡᠭᠡ ᠠᠴᠠ ᠪᠠᠨ ᠪᠤᠯᠵᠤ ᠳᠤᠬᠠᠢ ᠶᠢᠨ ᠦᠶ᠎ᠠ ᠶᠢᠨ ᠬᠦᠮᠦᠰ ᠤᠨ ᠬᠡᠯᠡᠨ ᠳᠤ ᠪᠡᠶ᠎ᠠ ᠪᠠᠨ | ᠳᠡᠭᠠᠭᠠᠭᠰᠠᠨ ᠦᠪᠡᠷᠮᠢᠴᠠ ᠤᠳᠬ᠎ᠠ ᠦᠢᠯᠡᠳᠤᠯ ᠪᠦᠬᠦᠢ ᠠᠪᠢᠶ᠎ᠠ ᠳᠤᠬᠢᠶ᠎ᠠ ᠨᠤᠭᠤᠳ ᠱᠠᠭᠠᠷᠳᠠᠭᠳᠡᠬᠤ ᠶᠢᠨ ᠵᠡᠷᠬᠡ | ᠳᠤ ᠵᠦᠢᠴᠢᠯᠡᠬᠦ ᠰᠢᠡᠵᠢ ᠲᠠᠢ ᠰᠡᠳᠬᠢᠬᠦᠢ᠂ ᠲᠦᠷᠰᠦᠯᠢᠭ ᠰᠡᠳᠬᠢᠬᠦᠢ ᠴᠦ ᠠᠳᠡᠯᠢ ᠨᠢᠬᠡ ᠴᠠᠭ ᠲᠤ ᠳᠤᠯᠭᠠᠮ᠎ᠠ | ᠱᠠᠭᠠᠷᠳᠠᠭᠳᠡᠨᠠ᠃ ᠮᠤᠩᠭᠤᠯ ᠦᠬᠡ ᠬᠡᠯᠨ ᠨᠢ ᠴᠢᠪ ᠬᠡᠮᠡᠨ ᠠᠪᠢᠶ᠎ᠠ ᠳᠤᠬᠢᠶ᠎ᠠ ᠶᠢ ᠬᠠᠮᠵᠢᠭᠤᠯᠤᠨ ᠬᠡᠷᠡᠭᠯᠡᠵᠤ ᠰᠠᠨᠠᠭ᠎ᠠ | ᠪᠠᠨ ᠢᠯᠡᠳᠬᠡᠳᠡᠭ ᠳᠤᠪᠤᠶᠢᠮ᠎ᠠ ᠤᠡᠴᠠᠯᠢᠭ ᠲᠠᠢ ᠪᠠᠶᠢᠨ᠎ᠠ᠃ ᠡᠶᠢᠮᠤ ᠠᠴᠠ ᠳᠡᠬᠡᠷ᠎ᠠ ᠬᠡᠰᠡᠭ ᠦᠬᠦᠯᠡᠮᠵᠢ ᠨᠢ ᠡᠷᠳᠡᠨ | ᠤ ᠮᠤᠩᠭᠤᠯᠴᠤᠳ ᠤᠨ ᠰᠡᠳᠬᠢᠬᠦᠢ ᠪᠤᠯᠤᠨ ᠦᠬᠡ ᠬᠡᠯᠡᠨ ᠤ ᠡᠬᠦᠰᠦᠯ ᠬᠦᠭᠵᠢᠯ ᠳᠤ ᠬᠤᠯᠪᠤᠭᠳᠡᠬᠤ ᠤᠴᠢᠷ ᠢ | ᠵᠤᠬᠢᠬᠤ ᠬᠡᠮᠵᠢᠶᠠᠨ ᠳᠤ ᠬᠡᠶᠢᠰᠪᠤᠷᠢᠯᠡᠨ ᠳᠤᠰᠬᠠᠵᠤ ᠴᠢᠳᠠᠭᠰᠠᠨ ᠭᠡᠵᠤ ᠦᠵᠡᠵᠤ ᠪᠤᠯᠤᠨ᠎ᠠ᠃ ᠮᠥᠨ ᠴᠦ ᠠᠪᠢᠶ᠎ᠠ | ᠳᠤᠬᠢᠶ᠎ᠠ ᠶᠢ ᠬᠠᠮᠵᠢᠭᠤᠯᠤᠨ ᠬᠡᠷᠡᠭᠯᠡᠵᠤ ᠤᠳᠬ᠎ᠠ ᠰᠠᠨᠠᠭ᠎ᠠ ᠶᠢ ᠢᠯᠡᠳᠬᠡᠳᠡᠭ ᠰᠡᠳᠬᠢᠬᠦᠢ ᠶᠢᠨ ᠤᠡᠴᠠᠯᠢᠭ ᠠᠴᠠ ᠪᠠᠨ | ᠪᠤᠯᠵᠤ ᠮᠤᠩᠭᠤᠯᠴᠤᠳ ᠨᠠᠯᠢᠶᠠᠳ ᠡᠷᠳ᠋ᠨ ᠦᠶ᠎ᠠ ᠳᠡᠭᠡᠨ ᠳᠠᠷᠤᠢ ᠵᠦᠢᠴᠢᠯᠡᠬᠦ ᠴᠢᠨᠡᠷ ᠲᠠᠢ ᠰᠡᠳᠬᠢᠬᠦᠢ ᠶᠢᠨ ᠤᠯᠨ | ᠮᠦᠷ ᠢᠶᠠᠨ ᠡᠬᠢᠯᠡᠭᠰᠡᠨ ᠭᠡᠵᠤ ᠰᠠᠷᠡᠭᠳᠡᠨᠠ᠃ | ᠳᠤᠪᠴᠢᠯᠠᠪᠠᠯ᠂ ᠬᠦᠮᠦᠨ ᠲᠦᠷᠦᠯᠬᠢᠳᠡᠨ ᠤ ᠦᠬᠡ ᠬᠡᠯᠨ ᠲᠠᠢ ᠪᠤᠯᠬᠤ ᠪᠠᠷ ᠡᠷᠢᠯᠬᠢᠯᠡᠭᠰᠡᠨ ᠶᠠᠪᠤᠴᠠ ᠨᠢ᠂ ᠦᠬᠡ | ᠬᠡᠯᠨ ᠪᠤᠢ ᠪᠤᠯᠤᠭᠰᠠᠨ ᠠᠴᠠ ᠨᠡᠰᠢᠬᠢ ᠤᠳᠤ ᠪᠤᠯᠳᠡᠯᠡᠬᠢ ᠶᠠᠪᠤᠴᠠ ᠠᠴᠠ ᠴᠦ ᠤᠷᠳᠤᠬᠠᠨ ᠪᠠᠶᠢᠵᠤ ᠮᠠᠳᠡᠨ᠎ᠠ᠃ | ᠡᠨᠡᠬᠦ ᠲᠦᠪᠡᠭ ᠪᠤᠳᠤᠯᠢᠶᠠᠠᠳᠡᠢ ᠶᠠᠪᠤᠴᠠ ᠳᠤ ᠡᠬᠡᠰᠢᠭ ᠬᠡᠶᠢᠬᠦᠯᠤᠭ᠍ᠴᠢ ᠠᠪᠢᠶ᠎ᠠ ᠵᠡᠷᠬᠡ ᠨᠢ ᠴᠦ ᠬᠡᠰᠡᠨ ᠵᠤᠬᠢᠬᠤ | ᠤᠳᠬ᠎ᠠ ᠶᠢ ᠠᠴᠢᠶᠠᠯᠠᠵᠤ᠂ ᠦᠬᠡ ᠬᠡᠯᠡᠨ ᠤ ᠡᠬᠦᠷᠬᠡ ᠶᠢ ᠬᠦᠢᠴᠡᠳᠬᠡᠵᠤ ᠪᠠᠶᠢᠭᠰᠠᠨ ᠳᠤᠬᠢᠶᠠᠯᠳᠤᠮᠵᠢ ᠲᠠᠢ ᠭᠡᠵᠤ | ᠰᠠᠨᠠᠭᠳᠡᠨ᠎ᠠ᠃ | ᠬᠤᠶᠠᠷ᠂ ᠦᠬᠡᠰ ᠤᠨ ᠳᠤᠯᠤᠭᠠᠢ ᠪᠠᠷ ᠬᠤᠯᠪᠤᠭᠳᠡᠭᠤᠯᠤᠨ ᠮᠤᠩᠭᠤᠯ ᠦᠬᠡᠰ ᠤᠨ ᠤᠳᠬ᠎ᠠ ᠶᠢ ᠰᠤᠳᠤᠯᠬᠤ | ᠳᠤᠬᠠᠢ ᠮᠦᠴᠢᠳᠯᠡᠪᠡᠯ | ᠮᠤᠩᠭᠤᠯ ᠦᠬᠡ ᠬᠡᠯᠨ ᠪᠤᠯ ᠮᠤᠩᠭᠤᠯᠴᠤᠳ ᠤᠨ ᠡᠪᠦᠭᠡ ᠳᠡᠬᠡᠲᠦᠰ ᠤᠨ ᠬᠠᠳᠡᠭᠤ ᠪᠡᠷᠬᠡᠰᠢᠶᠠᠯᠲᠦ ᠠᠮᠢᠳᠤᠷᠡᠯ | ᠳᠡᠮᠡᠴᠡᠯ ᠤᠨ ᠳᠤᠮᠳᠡ ᠪᠠᠨ ᠡᠬᠦᠳᠤᠨ ᠪᠦᠲᠦᠬᠡᠵᠤ ᠰᠢᠯᠢᠳᠡᠭᠵᠢᠬᠦᠯᠦᠨ᠂ ᠬᠤᠵᠢᠮ ᠤᠨ ᠬᠦᠮᠦᠨ ᠲᠦᠷᠦᠯᠬᠢᠳᠡᠨ ᠳᠤ | ᠦᠪᠯᠡᠭᠰᠡᠨ ᠦᠨᠡᠯᠡᠰᠢ ᠦᠭᠡᠢ ᠨᠠᠠᠳᠢᠨ ᠦᠪ ᠤᠨ ᠨᠢᠬᠡ ᠪᠤᠯᠤᠨ᠎ᠠ᠃ ᠳᠡᠬᠦᠨ ᠳᠤ ᠰᠤᠳᠤᠯᠤᠨ ᠵᠠᠯᠭᠠᠮᠵᠢᠯᠠᠭᠤᠰᠢᠳᠡᠢ | ᠦᠨ᠎ᠠ ᠦᠷᠳᠡᠭ ᠠᠭᠤᠯᠵᠤ ᠪᠤᠢ᠃ | ᠠᠯᠢ ᠤᠯᠠᠨ ᠦᠡᠲᠦᠰᠦᠳᠡᠨ ᠬᠡᠯᠨ ᠰᠤᠶᠤᠯ ᠢᠶᠠᠨ ᠰᠤᠳᠤᠯᠬᠤ ᠳᠤ ᠴᠢᠬᠤᠯᠨ ᠰᠤᠷᠪᠤᠯᠵᠢ ᠪᠢᠴᠢᠭ᠂ ᠦᠯᠢᠬᠡᠷ | ᠳᠤᠮᠤᠭ ᠵᠡᠷᠬᠡ ᠤᠯᠠᠨ ᠳᠡᠯ᠎ᠠ ᠶᠢᠨ ᠪᠠᠷᠢᠮᠳᠡ ᠰᠦᠪᠡᠭᠴᠢ ᠪᠠᠷ ᠬᠡᠷᠡᠭᠯᠡᠭᠳᠡᠬᠦᠨ ᠪᠤᠯᠭᠠᠳᠠᠭ᠃ ᠬᠡᠳᠡᠯ᠎ᠠ ᠮᠤᠩᠭᠤᠯ ᠬᠡᠯᠨ | ᠰᠤᠶᠤᠯ ᠳᠡᠬᠡᠷ᠎ᠠ ᠠᠪᠤᠭᠠᠳ ᠬᠡᠯᠡᠪᠡᠯ᠂ ᠬᠡᠯᠨ ᠰᠡᠳᠬᠢᠬᠦᠢ ᠶᠢᠨ ᠳᠤᠬᠠᠢ ᠰᠤᠳᠤᠯᠤᠯ ᠨᠢ ᠰᠤᠷᠪᠤᠯᠵᠢ ᠪᠢᠴᠢᠭ ᠵᠡᠷᠬᠡ | ᠬᠡᠷᠡᠭᠯᠡᠭᠳᠡᠬᠦᠨ ᠳᠤ ᠬᠢᠵᠠᠭᠠᠷᠯᠠᠭᠳᠡᠭᠠᠳ ᠵᠤᠭᠰᠤᠴᠢᠬᠠᠬᠤ ᠪᠢᠰᠢ᠂ ᠬᠠᠷᠢᠨ ᠨᠢᠬᠡ ᠯᠨ ᠦᠬᠡ ᠶᠢ ᠵᠠᠳᠡᠯᠤᠭᠠᠳ ᠴᠦ | ᠬᠡᠰᠡᠨ ᠮᠤᠩᠭᠤᠯᠴᠤᠳ ᠤᠨ ᠶᠢᠷᠲᠢᠡᠴᠤ ᠶᠢᠨ ᠳᠤᠬᠠᠢ ᠦᠵᠡᠯᠳᠡ ᠳᠡᠨᠢᠯᠳᠡ ᠵᠢᠴᠢ ᠪᠠᠶᠢᠭᠠᠯᠢ ᠶᠢᠷᠲᠢᠡᠴᠤ ᠶᠢᠨ ᠬᠡᠷᠡᠭ | ᠪᠤᠳᠡᠰ ᠦᠵᠡᠭᠳᠡᠯ ᠢ ᠬᠡᠷᠬᠢᠨ ᠳᠡᠨᠢᠵᠤ ᠡᠵᠡᠮᠰᠢᠳᠡᠭ ᠠᠷᠭ᠎ᠠ ᠶᠢᠨ ᠤᠨᠤᠯ ᠢ ᠨᠢ ᠮᠦᠷᠳᠡᠨ ᠲᠦᠰᠦᠬᠡᠯᠡᠬᠦ | ᠢᠳᠡᠬᠡᠮᠵᠢᠳᠡᠢ ᠰᠦᠪᠡᠭᠴᠢ ᠶᠢ ᠤᠯᠵᠤ ᠪᠤᠯᠳᠠᠭ᠃ ᠡᠨ᠋ᠨ ᠨᠢ ᠡᠷᠳᠡᠨ ᠤ ᠮᠤᠩᠭᠤᠯᠴᠤᠳ ᠤᠨ ᠰᠤᠶᠤᠯ ᠰᠡᠳᠬᠢᠬᠦᠢ | ᠶᠢᠨ ᠳᠤᠬᠠᠢ ᠰᠤᠳᠤᠯᠭᠠᠨ ᠬᠢᠬᠦ ᠳᠤ ᠠᠰᠤᠷᠤ ᠰᠠᠶᠢᠨ ᠨᠦᠬᠦᠴᠡᠯ ᠪᠤᠯᠵᠤ ᠦᠭᠳᠡᠭ᠃ | ᠵᠢᠱᠢᠶ᠎ᠠ ᠦᠵᠡᠪᠡᠯ᠄ | ᠬᠦᠮᠦᠨ ᠠᠮᠢᠳᠡᠨ ᠤ ᠳᠡᠪᠤᠨ ᠴᠤᠯᠤ ᠳᠤ ᠠᠮᠢᠰᠬᠤᠯ ᠢ ᠵᠠᠬᠢᠷᠬᠤ ᠡᠷᠬᠡᠳᠡᠨ— ︽ᠠᠭᠤᠰᠬᠢ︾ ᠭᠡᠵᠤ ᠪᠠᠶᠢᠳᠠᠭ᠃ | ᠳᠡᠬᠡᠪᠡᠯ ᠮᠤᠩᠭᠤᠯ ᠬᠡᠯᠡᠨ ᠳᠠᠬᠢ ︽ᠠᠭᠤᠰᠬᠢ︾ ᠬᠡᠳᠡᠭ ᠦᠬᠡ ᠨᠢ ᠠᠮᠢᠰᠬᠤᠯ ᠢ ᠵᠠᠬᠢᠷᠬᠤ ᠡᠷᠬᠡᠳᠡᠨ ᠳᠤ ᠨᠡᠷ᠎ᠠ | ᠪᠤᠯᠭᠠᠵᠤ ᠬᠠᠳᠡᠬᠤ ᠶᠢᠨ ᠵᠤᠷᠢᠯᠭ᠎ᠠ ᠠᠴᠠ ᠯᠨ ᠪᠤᠢ ᠪᠤᠯᠤᠭᠰᠠᠨ ᠭᠡᠵᠤ ᠤᠶᠢᠯᠠᠭᠠᠬᠤ ᠳᠤ ᠬᠦᠷᠪᠡᠯ ᠮᠤᠩᠭᠤᠯᠴᠤᠳ | ᠤᠨ ᠰᠡᠳᠬᠢᠬᠦᠢ ᠶᠢᠨ ᠨᠢᠭᠳᠠ ᠢᠳᠡᠪᠬᠢ ᠴᠢᠨᠡᠷ ᠢ ᠦᠬᠡᠶᠢᠰᠬᠡᠵᠤ ᠳᠡᠨᠢᠯᠳᠡ ᠶᠢᠨ ᠨᠠᠷᠢᠨ ᠪᠤᠳᠤᠯᠢᠶᠠᠠᠲᠦ ᠶᠠᠪᠤᠴᠠ ᠶᠢ | ᠦᠬᠡᠶᠢᠰᠬᠡᠭᠰᠡᠨ ᠶᠠᠪᠤᠳᠡᠯ ᠪᠤᠯᠬᠤ ᠶᠤᠮ᠃ | ᠮᠤᠩᠭᠤᠯᠴᠤᠳ ᠪᠠᠶᠢᠭᠠᠯᠢ ᠶᠢᠷᠲᠢᠡᠴᠤ ᠶᠢᠨ ᠬᠡᠷᠡᠭ ᠦᠵᠡᠭᠳᠡᠯ ᠢ ᠳᠡᠨᠢᠵᠤ ᠨᠡᠷᠡᠯᠡᠬᠦ ᠳᠡᠭᠡᠨ ᠳᠡᠳᠡᠬᠡᠷ ᠤᠨ ᠵᠢᠮ᠎ᠠ | ᠬᠠᠤᠯᠢ ᠤᠡᠴᠠᠯᠢᠭ ᠰᠢᠡᠵᠢ ᠶᠢ ᠦᠬᠡ ᠬᠡᠯᠨ ᠳᠡᠬᠡᠷ᠎ᠠ ᠤᠨᠤᠪᠴᠢᠳᠡᠢ ᠬᠡᠶᠢᠰᠪᠤᠷᠢᠯᠡᠨ ᠢᠯᠡᠳᠬᠡᠬᠦ ᠰᠡᠳᠬᠢᠬᠦᠢ ᠶᠢᠨ | ᠴᠢᠩᠭ᠎ᠠ ᠵᠢᠷᠤᠮᠯᠠᠯ ᠲᠠᠢ᠂ ᠳᠡᠬᠡᠲᠦ ᠬᠡᠮᠵᠢᠶᠠᠨ ᠤ ᠪᠤᠯᠪᠠᠰᠤᠷᠡᠯ ᠲᠠᠢ ᠪᠡᠶᠢᠵᠡᠢ᠃ | ᠠᠭᠤᠰᠬᠢ ᠪᠤᠯ ᠢᠯᠨ ᠳᠤᠳᠤᠷᠬᠠᠢ ᠬᠦᠳᠡᠯᠬᠡᠬᠡᠨ ᠪᠦᠬᠦᠢ ᠡᠷᠬᠡᠳᠡᠨ ᠪᠤᠯᠤᠨ᠎ᠠ᠃ ᠠᠭᠤᠰᠬᠢ ᠶᠢᠨ ᠬᠦᠳᠡᠯᠬᠡᠬᠡᠨ ᠤ | ᠬᠦᠮᠦᠰ ᠤᠨ ᠨᠢᠳᠤᠨ ᠳᠤ ᠰᠠᠷᠡᠭᠳᠡᠬᠦ ᠳᠤᠳᠤᠷᠬᠠᠢ ᠨᠢᠬᠡ ᠤᠡᠴᠠᠯᠢᠭ ᠪᠤᠯ ᠳᠠᠷᠤᠢ᠂ ︽ᠠᠭᠤᠤ︾ ᠪᠤᠯᠬᠤ ᠦᠵᠡᠭᠳᠡᠯ | ᠪᠤᠯᠤᠨ᠎ᠠ᠃ ᠤᠴᠢᠷ ᠨᠢ ᠢᠵᠢᠯ ᠨᠢᠬᠡ ︽ᠠᠭᠤᠰᠬᠢ︾ ᠶᠢᠨ ᠶᠡᠭᠡ ᠪᠠᠭ᠎ᠠ ᠶᠢᠨ ᠬᠡᠮᠵᠢᠶ᠎ᠠ ᠪᠤᠯ ᠳᠤᠭᠳᠡᠩᠭᠤᠢ | ᠪᠠᠶᠢᠳᠠᠭ᠃ ᠠᠮᠢᠰᠬᠤᠯ ᠤᠨ ᠦᠢᠯᠡᠴᠢᠯᠡᠭᠡ ᠳᠤᠤᠷᠡᠬᠢ ᠳᠡᠬᠦᠨ ᠤ ᠬᠦᠳᠡᠯᠬᠡᠬᠡᠨ ᠪᠤᠯ ᠳᠤᠭᠳᠠᠭᠰᠠᠨ ᠬᠡᠮᠵᠢᠶᠠᠨ ᠠᠴᠠ | ᠪᠠᠨ ᠶᠡᠬᠡᠰᠬᠦ ᠪᠠ ᠳᠡᠬᠢᠨ ᠳᠤᠭᠳᠠᠭᠰᠠᠨ ᠬᠡᠮᠵᠢᠶᠠᠨ ᠳᠡᠭᠡᠨ ᠪᠤᠴᠠᠬᠤ ᠳᠡᠪᠳᠡᠩᠭᠤᠢ ᠦᠵᠡᠭᠳᠡᠯ ᠶᠤᠮ᠃ ᠡᠨᠡᠬᠦ | ᠦᠵᠡᠭᠳᠡᠯ ᠠᠴᠠ ᠨᠢᠬᠡ ᠦᠶᠠᠯᠠᠯ ᠢ ᠰᠤᠩᠭᠤᠵᠤ ᠠᠪᠤᠪᠠᠯ ᠳᠠᠷᠨ ᠨᠢ ᠳᠠᠷᠤᠢ ︽ᠳᠤᠭᠳᠡᠩᠭᠤᠢ— | ᠠᠭᠤᠤ—— ᠳᠤᠭᠳᠡᠩᠭᠤᠢ︾ ᠶᠢᠨ ᠤᠷᠴᠢᠯ ᠪᠤᠯᠬᠤ ᠨᠢ ᠢᠯᠡᠷᠬᠡᠢ ᠪᠠᠶᠢᠨ᠎ᠠ᠃ | ᠠᠭᠤᠰᠬᠢ ᠶᠢᠨ ᠬᠦᠳᠡᠯᠬᠡᠬᠡᠨ ᠤ ᠡᠨᠡᠬᠦ ᠦᠪᠡᠷᠮᠢᠴᠠ ᠤᠡᠴᠠᠯᠢᠭ ᠢ ᠨᠠᠷᠢᠯᠢᠭ ᠳᠡᠨᠢᠵᠤ ᠢᠯᠡᠷᠡᠬᠦᠯᠦᠭᠰᠡᠨ ᠪᠠᠶᠢᠳᠡᠯ | ᠳᠤᠤᠷ᠎ᠠ ᠬᠦᠮᠦᠰ ᠳᠡᠬᠦᠨ ᠤ ᠬᠦᠳᠡᠯᠬᠡᠬᠡᠨ ᠢ ︽ᠬᠦᠳᠡᠯᠬᠦ︾ ᠭᠡᠵᠤ ᠤᠶᠢᠯᠠᠭᠠᠬᠤ ᠶᠢᠨ ᠤᠷᠤᠨ ᠳᠤ ︽ᠠᠭᠤᠤ | ᠪᠤᠯᠬᠤ︾ ᠬᠡᠬᠦ ᠤᠬᠠᠭᠳᠡᠬᠤᠨ ᠤ ᠬᠤᠪᠢ ᠳᠤ ᠤᠶᠢᠯᠠᠭᠠᠪᠠᠯ ᠨᠡᠩ ᠤᠨᠤᠪᠴᠢᠳᠡᠢ ᠰᠢᠭ᠋ ᠪᠤᠯᠳᠠᠭ᠂ ᠬᠡᠬᠦ ᠳᠡᠭᠡᠨ ᠡᠨᠡᠬᠦ | ︽ᠠᠭᠤᠤ ᠪᠤᠯᠬᠤ︾ ᠦᠵᠡᠭᠳᠡᠯ ᠨᠢ ᠬᠠᠷᠢᠨ ᠬᠤᠷᠤᠮ ᠵᠠᠭᠤᠷ᠎ᠠ ᠶᠢᠨ ᠪᠠᠶᠢᠳᠡᠯ ᠪᠤᠯᠤᠨ᠎ᠠ᠃ ᠳᠡᠶᠢᠮᠤ ᠠᠴᠠ ︽ | ᠠᠭᠤᠤ︾ ᠬᠡᠬᠦ ᠦᠬᠡ ᠶᠢᠨ ᠬᠤᠶᠢᠨ᠎ᠠ ᠬᠤᠷᠤᠮᠬᠠᠨ ᠦᠢᠯᠡᠳᠬᠦ ᠪᠠᠶᠢᠳᠡᠯ ᠢ ᠢᠯᠡᠳᠬᠡᠬᠦ ︽ᠰᠬᠢ︾ ᠶᠢ ᠵᠠᠯᠭᠠᠪᠠᠯ | ᠳᠠᠷᠤᠢ ︽ᠠᠭᠤᠰᠬᠢ︾ ᠬᠡᠬᠦ ᠦᠬᠡ ᠪᠦᠲᠦᠬᠡᠭᠳᠡᠨᠠ᠃ ᠡᠨ᠋ᠨ ᠨᠢ ︽ᠠᠭᠤᠰᠬᠢ︾ ᠶᠢᠨ ᠬᠦᠳᠡᠯᠬᠡᠬᠡᠨ ᠤ ᠤᠡᠴᠠᠯᠢᠭ | ᠢ ᠢᠯᠡᠷᠡᠬᠦᠯᠦᠭᠰᠡᠨ ᠬᠤᠪᠢᠰᠤᠩᠭᠤᠢ ᠳᠤᠰᠬᠠᠯ ᠪᠦᠬᠦᠢ ᠨᠡᠷᠡᠶᠢᠲᠦᠯᠬᠡ ᠪᠤᠯᠤᠨ᠎ᠠ᠃ — ᠬᠡᠪᠡᠴᠤ ᠡᠨ᠋ᠨ ᠮᠦᠷᠳᠡᠯᠬᠡ | ᠨᠢ ᠳᠡᠶᠢᠮᠤ ᠴᠦ ᠬᠠᠩᠭᠠᠮᠵᠢᠳᠡᠢ ᠪᠤᠯᠵᠤ ᠴᠢᠳᠡᠭᠠᠳᠤᠢ ᠪᠠᠶᠢᠨ᠎ᠠ᠃ ᠳᠤᠬᠠᠶᠢᠯᠠᠪᠠᠯ ᠪᠢᠳᠡ ᠪᠠᠰᠠ ︽ᠠᠭᠤᠤ︾ ︽ᠰᠬᠢ | ︾ ᠬᠡᠬᠦ ᠦᠬᠡ ᠶᠢ ᠮᠦᠷᠳᠡᠭᠡ ᠦᠭᠡᠢ ᠪᠠᠶᠢᠭᠰᠠᠭᠠᠷ᠃ ᠬᠠᠷᠢᠨ ᠴᠤᠬᠤᠰ ᠳᠤᠷᠡᠳᠤᠭᠤᠰᠢᠳᠡᠢ ᠵᠦᠢᠯ ᠬᠡᠪᠡᠯ᠂ ᠨᠢᠬᠡ ᠨᠢ | ᠂ ᠮᠠᠨ ᠤ ᠤᠳᠤ ᠶᠢᠨ ᠮᠦᠷᠳᠡᠵᠤ ᠤᠯᠤᠭᠰᠠᠨ ︽ᠠᠭᠤᠰᠬᠢ︾ ᠬᠡᠬᠦ ᠦᠬᠡ ᠨᠢ ᠢᠯᠨ ᠳᠤᠳᠤᠷᠬᠠᠶᠢᠶᠠ ᠳᠡᠮᠳᠡᠭ | ᠦᠢᠯᠨ ᠦᠬᠡ ᠶᠢᠨ ᠰᠢᠡᠵᠢ ᠲᠠᠢ ᠪᠠᠶᠢᠭ᠎ᠠ᠃ ᠨᠦᠬᠦᠬᠡ ᠨᠢ᠂ ︽ᠠᠭᠤᠰᠬᠢ︾ ᠬᠡᠬᠦ ᠦᠬᠡ ᠶᠢᠨ ᠳᠠᠭᠤᠳᠡᠯᠭᠠ ᠳᠤ | ︽ᠠ᠊︾ ᠶᠢᠨ ᠳᠠᠷᠠᠭ᠎ᠠ ᠤᠷᠤᠭᠰᠠᠨ ︽ᠭᠤ᠋︾ ᠶᠢ ︽u︾ ᠪᠠᠷ ᠤᠷᠳᠤᠳᠬᠠᠬᠤ ᠶᠤᠰᠤ ᠶᠢ ᠠᠪᠬᠤ ᠦᠭᠡᠢ ᠪᠤᠯ | ᠵᠤᠬᠢᠨ᠎ᠠ᠂ ᠳᠡᠬᠡᠪᠡᠯ ᠰᠠᠶ᠋ᠢ ᠳᠤᠬᠠᠢ ᠶᠢᠨ ᠦᠬᠡ ᠳᠤ ᠬᠡᠶᠢᠰᠪᠤᠷᠢᠯᠡᠭᠳᠡᠨ ᠳᠤᠰᠬᠠᠭᠳᠠᠭᠰᠠᠨ ᠬᠡᠷᠡᠭ ᠪᠤᠳᠡᠰ ᠤᠨ ᠳᠤᠰ | ᠪᠠᠶ᠎ᠠ ᠶᠢᠨ ᠬᠢᠨ ᠬᠤᠪᠢᠰᠤᠩᠭᠤᠢ ᠠᠮᠢᠲᠦ ᠬᠦᠳᠡᠯᠬᠡᠬᠡᠨ ᠤ ᠰᠢᠡᠵᠢ ᠶᠢ ᠠᠪᠢᠶᠠᠨ ᠳᠡᠭᠤ ᠪᠠᠷ ᠳᠤᠳᠤᠷᠬᠠᠢ ᠢᠯᠡᠳᠬᠡᠵᠤ | ᠴᠢᠳᠡᠬᠤ ᠮᠦᠷᠳᠡᠬᠡᠨ ᠠᠪᠢᠶᠠᠨ ᠳᠡᠭᠤ ᠶᠢᠨ ᠲᠦᠷᠰᠦ ᠳᠤᠳᠤᠷᠡᠭᠤᠯᠬᠤᠢ ᠶᠢ ᠬᠠᠩᠭᠠᠮᠵᠢᠳᠡᠢ ᠪᠤᠯᠭᠠᠵᠤ ᠴᠢᠳᠡᠨ᠎ᠠ᠃ | ᠠᠩᠬᠠᠷᠤᠯ ᠢᠶᠠᠨ ᠪᠠᠰᠠ ᠵᠢᠭᠠᠬᠠᠨ ᠦᠷᠬᠡᠳᠬᠡᠪᠡᠯ᠂ ︽ᠠᠭᠰᠠᠭ︾ ᠬᠡᠬᠦ ᠳᠡᠶᠢᠪᠤᠷᠢ ᠦᠬᠡ ᠨᠢ᠂ ︽ᠠᠭᠤᠰᠬᠢ︾ | ᠬᠡᠬᠦ ᠦᠬᠡ ᠲᠠᠢ ᠬᠡᠳᠤᠨ ᠠᠳᠡᠯᠢᠪᠳᠤᠷ ᠳᠡᠯ᠎ᠠ ᠲᠠᠢ᠂ ︽ᠠᠭᠰᠠᠭ︾ ᠬᠡᠬᠦ ᠦᠬᠡᠨ ᠳᠠᠬᠢ ᠬᠡᠳᠤᠨ ᠠᠪᠢᠶ᠎ᠠ ︵ᠠ᠊᠂ ᠡᠡ᠊ | ᠂ ᠰ᠊᠂ ᠭ︶ ᠨᠢ ︽ᠠᠭᠤᠰᠬᠢ︾ ᠬᠡᠬᠦ ᠦᠬᠡᠨ ᠳᠠᠬᠢ ᠬᠡᠳᠤᠨ ᠠᠪᠢᠶ᠎ᠠ ︵ᠠ᠊᠂ ᠡᠡ᠊᠂ ᠰ᠊᠂ ᠭ᠊︶ ᠲᠠᠢ ᠵᠤᠩᠬᠢᠯᠠᠬᠤ | ᠳᠡᠯ᠎ᠠ ᠪᠠᠷ ᠲᠦᠷᠦᠯᠰᠢᠨ ᠠᠳᠡᠯᠢᠰᠢᠵᠤ ᠪᠠᠶᠢᠨ᠎ᠠ᠃ ᠳᠤᠰ ᠬᠤᠶᠠᠷ ᠦᠬᠡ ᠳᠡᠭᠤᠳᠠᠯᠭᠠ ᠶᠢᠨ ᠬᠤᠪᠢ ᠳᠤ ᠴᠦ | ᠨᠠᠯᠢᠶᠠᠳ ᠤᠶᠢᠷᠡᠳᠤᠯᠴᠠᠨᠠ᠃ ᠨᠡᠩ ︽ᠠᠭᠰᠠᠭ︾ ᠬᠡᠬᠦ ᠦᠬᠡ ᠪᠠᠷ ᠳᠤᠰᠬᠠᠭᠳᠡᠨ ᠢᠯᠡᠷᠡᠭᠰᠡᠨ ᠬᠦᠳᠡᠯᠬᠡᠬᠡᠨ ᠤ | ᠲᠦᠷᠢ ᠪᠠᠶᠢᠳᠡᠯ ᠨᠢ ᠠᠭᠤᠰᠬᠢ ᠶᠢᠨ ᠠᠵᠢᠯᠯᠠᠭᠠᠨ ᠤ ᠲᠦᠷᠢ ᠪᠠᠶᠢᠳᠡᠯ ᠤᠨ ᠨᠢᠬᠡ ᠦᠶᠡᠯᠡᠯ ᠢ ᠮᠡᠰᠢ ᠬᠠᠪᠤᠯᠢᠭ | ᠢᠯᠡᠳᠬᠡᠵᠤ ᠴᠢᠳᠡᠨ᠎ᠠ᠃ ᠠᠳᠡ ᠠᠴᠠ ᠮᠤᠩᠭᠤᠯ ᠦᠬᠡ ᠬᠡᠯᠡᠨ ᠤ ᠰᠡᠳᠬᠢᠬᠦᠢ ᠳᠤ ᠨᠢᠭᠳᠠ ᠴᠢᠩᠭ᠎ᠠ ᠲᠦᠷᠰᠦᠯᠢᠭ | ᠰᠡᠳᠬᠢᠬᠦᠢ ᠠᠭᠤᠰᠤᠯᠳᠤᠵᠤ ᠪᠠᠶᠢᠬᠤ ᠶᠢ ᠰᠠᠷᠡᠵᠤ ᠤᠯᠵᠤ ᠪᠤᠯᠬᠤ ᠶᠤᠮ᠃ ᠡᠨ᠋ᠨ ᠰᠦᠪᠡᠭᠴᠢ ᠪᠠᠷ ᠰᠢᠡᠵᠢᠪᠡᠯ ᠳᠤᠰ | ᠲᠠᠭᠠᠨ ᠨᠢᠬᠡᠨ ᠰᠤᠳᠤᠯᠭᠠᠨ ᠳᠡᠯᠬᠡᠭᠳᠡᠵᠤ ᠪᠤᠯᠳᠠᠭ᠃ | ᠠᠳᠡ ᠠᠭᠤᠰᠬᠢ ᠬᠡᠬᠦ ᠦᠬᠡᠨ ᠳᠤ ᠠᠴᠢᠶᠠᠯᠠᠭᠳᠡᠵᠤ ᠪᠦᠬᠦᠢ ᠮᠤᠩᠭᠤᠯ ᠬᠡᠯᠡ ᠰᠡᠳᠬᠢᠬᠦᠢ ᠶᠢᠨ ᠳᠤᠬᠠᠢ ᠬᠡᠰᠡᠭᠬᠡᠨ | ᠦᠵᠡᠭᠳᠡᠯ ᠢ ᠳᠤᠭᠠᠴᠢᠵᠤ᠂ ᠳᠠᠷᠡᠭᠠᠬᠢ ᠠᠭᠤᠯᠭ᠎ᠠ ᠶᠢ ᠳᠡᠯᠬᠡᠬᠦ ᠳᠤ ᠲᠦᠷᠰᠦᠯᠢᠭ ᠢᠶᠠᠷ ᠰᠡᠳᠬᠢᠬᠦ ᠤᠷᠤᠨ ᠵᠡᠢ ᠶᠢ | ᠪᠤᠢ ᠪᠤᠯᠭᠠᠬᠤ ᠳᠤ ᠵᠤᠷᠢᠭᠤᠯᠤᠭᠰᠠᠨ ᠪᠠᠶᠢᠨ᠎ᠠ᠃ | ︽ᠠᠮᠨ︾ ᠬᠡᠬᠦ ᠦᠬᠡ ᠪᠠᠷ ᠵᠢᠱᠢᠶᠡᠯᠡᠪᠡᠯ᠄ ᠠᠮᠨ ᠶᠢᠨ ᠠᠩᠭᠠᠶᠢᠬᠤ ᠪᠠ ᠬᠠᠮᠬᠢᠬᠤ ᠬᠦᠳᠡᠯᠬᠡᠬᠡᠨ ᠤ ᠤᠡᠴᠠᠯᠢᠭ ᠨᠢ | ᠳᠤᠪᠤᠶᠢᠮ᠎ᠠ ᠪᠠᠶᠢᠳᠠᠭ᠃ ᠳᠡᠬᠦᠨ ᠤ ᠬᠦᠳᠡᠯᠬᠡᠬᠡᠨ ᠤ ᠭᠤᠤᠯ ᠰᠢᠡᠵᠢ ᠶᠢ ᠬᠤᠷᠢᠶᠠᠩᠭᠤᠶᠢᠯᠠᠵᠤ ᠨᠡᠷᠡᠯᠡᠪᠡᠯ ︽ᠠ᠊ — | ᠮ᠊ — ᠠ᠊︾ ︵ᠨᠡᠬᠡᠬᠡᠭᠳᠡᠬᠦ — ᠬᠠᠭᠠᠭᠠᠭᠳᠡᠬᠤ — ᠨᠡᠬᠡᠬᠡᠭᠳᠡᠬᠦ︶ ᠳᠠᠷᠤᠢ ︽ᠠᠮᠨ︾ ᠭᠡᠵᠤ ᠨᠡᠷᠡᠯᠡᠭᠳᠡᠬᠦ | ᠪᠤᠯᠤᠨ᠎ᠠ᠃ ᠡᠶᠢᠮᠤ ᠤᠡᠴᠠᠯᠢᠭ ᠲᠠᠢ ᠵᠢᠱᠢᠶ᠎ᠠ ᠮᠤᠩᠭᠤᠯ ᠦᠬᠡᠨ ᠳᠤ ᠵᠦᠩᠳᠡᠬᠡᠨ ᠳᠤᠬᠢᠶᠠᠯᠳᠤᠨ᠎ᠠ᠃ ᠳᠤᠬᠠᠶᠢᠯᠠᠪᠠᠯ᠄ | ︽ᠠᠮᠳᠡᠯᠠᠬᠤ᠂ ᠡᠮᠬᠦᠬᠦ᠂ ᠴᠢᠮᠬᠢᠬᠦ᠂ ᠬᠤᠮᠢᠬᠤ᠂ ᠬᠦᠮᠦᠷᠢᠬᠦ︾ ᠵᠡᠷᠬᠡ ᠦᠬᠡᠰ ᠨᠢ ᠬᠤᠶᠠᠷ ᠡᠳᠡᠬᠡᠳ ᠠᠴᠠ | ᠬᠠᠰᠢᠵᠤ ᠬᠠᠭᠠᠬᠤ ᠤᠡᠴᠠᠯᠢᠭ ᠪᠦᠬᠦᠢ ᠬᠦᠳᠡᠯᠬᠡᠬᠡᠨ ᠢ ᠢᠯᠡᠳᠬᠡᠵᠡᠢ᠃ ᠡᠳᠡᠬᠡᠷ ᠦᠬᠡᠰ ᠢ ᠦᠬᠦᠯᠡᠬᠦ ᠦᠶᠠᠰ ᠤᠨ | ᠠᠮᠠᠨ ᠤ ᠤᠷᠤᠯᠴᠠᠬᠤ ᠪᠠᠶᠢᠳᠡᠯ ᠨᠢ ︽ᠠᠮᠨ︾ ᠬᠡᠬᠦ ᠦᠬᠡ ᠶᠢ ᠦᠬᠦᠯᠡᠬᠦ ᠦᠶ᠎ᠠ ᠶᠢᠨ ᠲᠠᠢ ᠮᠡᠰᠢ ᠲᠦᠰᠦᠬᠡᠳᠡᠢ | ᠪᠠᠶᠢᠳᠠᠭ᠃ ᠡᠳᠡᠬᠡᠷ ᠦᠬᠡᠰ ᠢ ᠪᠦᠲᠦᠬᠡᠬᠦ ᠦᠡᠲᠦᠰᠦᠨ ᠰᠡᠳᠬᠢᠮᠵᠢ ᠨᠢ ︽ᠠᠮ᠂ ᠡᠮ᠂ ᠢᠮ᠂ ᠤᠮ᠂ ᠦᠮ︾ | ᠵᠡᠷᠬᠡ ᠨᠢᠬᠡᠨ ᠪᠦᠯᠦᠭ ᠦᠬᠡᠰ ᠢ ᠮᠦᠷᠳᠡᠨ ᠵᠢᠷᠤᠮᠯᠠᠵᠡᠢ᠃ | ᠠᠷᠡᠴᠢᠯᠠᠨ ᠳᠤᠳᠤᠮᠳᠡᠬᠤ ᠵᠦᠢᠯ ᠳᠤ ︽ᠭᠠᠮᠨᠠᠬᠤ᠂ ᠡᠮᠨᠡᠬᠦ᠂ ᠬᠢᠮᠠᠭᠠᠳᠡᠬᠤ᠂ ᠳᠤᠳᠤᠮᠳᠡᠬᠤ᠂ ᠦᠮᠦᠭᠯᠡᠬᠦ᠂ | ᠬᠦᠮᠦᠵᠢᠬᠦᠯᠬᠦ︾ ᠬᠡᠬᠦ ᠮᠡᠲᠦ ᠦᠬᠡᠰ ᠢ ᠬᠡᠷᠡᠭᠯᠡᠵᠡᠢ᠂ ᠡᠳᠡᠬᠡᠷ ᠦᠬᠡᠰ ᠢ ᠪᠦᠲᠦᠬᠡᠬᠦ ᠦᠡᠲᠦᠰᠦᠨ ᠰᠡᠳᠬᠢᠮᠵᠢ ᠨᠢ ︽ | ᠠᠮ︾ ᠠᠶᠢᠮᠠᠭ ᠤᠨ ᠨᠢᠬᠡᠨ ᠪᠦᠯᠦᠭ ᠦᠬᠡᠰ ᠢ ᠮᠦᠷᠳᠡᠨ ᠵᠢᠷᠤᠮᠯᠠᠭᠰᠠᠨ ᠮᠡᠲᠦ᠃ ᠪᠠᠰᠠ ᠠᠮᠢ ᠪᠠ ᠠᠮᠢ ᠶᠢᠨ | ᠠᠵᠢᠯᠯᠠᠭᠠᠨ ᠢ ᠳᠤᠰᠠᠯᠠᠨ ᠦᠷᠬᠦᠯᠵᠢᠯᠡᠬᠦᠯᠬᠦ ᠳᠤ ᠠᠪᠳᠠᠭ ᠦᠢᠯᠨ ᠬᠡᠷᠡᠭ ᠲᠤ ᠬᠤᠯᠪᠤᠭᠳᠠᠭᠰᠠᠨ ᠦᠬᠡᠰ ︽ᠠᠮᠢ᠂ | ᠡᠮ᠂ ᠰᠢᠮ᠎ᠠ᠂ ᠳᠤᠮ᠂ ᠬᠦᠷᠢᠮ︾ ᠵᠡᠷᠬᠡ ᠪᠤᠢ᠃ ᠠᠳᠡᠯᠢ ᠪᠤᠰᠤ ᠠᠮᠢᠳᠡᠨ ᠤ ᠶᠠᠪᠤᠭᠰᠠᠨ ᠵᠡᠮ ᠢ ᠢᠯᠡᠳᠬᠡᠬᠦ ᠳᠤ ︽ | ᠵᠡᠮ᠂ ᠵᠢᠮ᠂ ᠳᠤᠮ᠂ ᠳᠤᠭᠤᠮ︾ ᠬᠡᠬᠦ ᠮᠡᠲᠦ ᠦᠬᠡᠰ ᠢ ᠬᠡᠷᠡᠭᠯᠡᠵᠡᠢ᠃ ᠬᠡᠷᠡᠴᠢ ᠳᠡᠮᠳᠡᠭ ᠦᠯᠡᠳᠡᠬᠡᠬᠦ ᠠᠷᠭ᠎ᠠ | ᠠᠪᠴᠢᠯ ᠳᠤ ︽ᠳᠡᠮᠠᠭᠠᠯᠠᠬᠤ᠂ ᠳᠡᠮᠳᠡᠭᠯᠡᠬᠦ᠂ ᠢᠮᠯᠡᠬᠦ᠂ ᠤᠷᠤᠮᠯᠠᠬᠤ᠂ ᠦᠷᠦᠮᠳᠡᠬᠦ︾ ᠬᠡᠬᠦ ᠮᠡᠲᠦ ᠦᠬᠡᠰ ᠢ | ᠬᠡᠷᠡᠭᠯᠡᠪᠡ᠃ | ᠳᠡᠬᠡᠷᠡᠬᠢ ᠬᠡᠰᠡᠭ ᠳᠤᠭᠠᠴᠢᠯᠳᠡ ᠠᠴᠠ ᠰᠤᠪᠢᠪᠠᠯ᠂ ᠮᠤᠩᠭᠤᠯ ᠦᠬᠡ ᠬᠡᠯᠨ ᠳᠡᠬᠡᠷ᠎ᠠ᠂ ᠦᠢᠯᠨ ᠬᠡᠷᠡᠭ ᠤᠨ ᠰᠢᠡᠵᠢ | ᠪᠠᠶᠢᠳᠡᠯ ᠤᠶᠢᠷᠡᠯᠴᠠᠭ᠎ᠠ ᠪᠤᠶᠤ ᠤᠳᠬ᠎ᠠ ᠠᠭᠤᠯᠭ᠎ᠠ ᠶᠢᠨ ᠬᠤᠪᠢ ᠳᠤ ᠤᠶᠢᠷᠡᠯᠴᠠᠭ᠎ᠠ ᠪᠠᠶᠢᠭ᠎ᠠ ᠶᠢ ᠢᠯᠡᠳᠬᠡᠬᠦ ᠳᠤ | ᠶᠠᠷᠤ ᠳᠡᠭᠡᠨ ᠵᠢᠷᠤᠮᠯᠠᠳᠠᠭ ᠢᠵᠠᠭᠤᠷ ᠤᠨ ᠪᠦᠯᠦᠭ ︵︽ᠠᠮ᠂ ᠡᠮ᠂ ᠢᠮ᠂ ᠤᠮ᠂ ᠦᠮ︾ ᠮᠡᠲᠦᠰ ᠤᠨ︶ | ᠪᠦᠷᠢᠯᠲᠦᠬᠡᠳ ᠪᠠᠶᠢᠭᠰᠠᠨ ᠭᠡᠵᠤ ᠰᠠᠷᠡᠭᠳᠡᠨᠠ᠃ | ᠮᠤᠩᠭᠤᠯ ᠬᠡᠯᠨ ᠪᠤᠯ ᠪᠠᠶᠠᠯᠢᠭ ᠬᠡᠯᠨ ᠬᠦᠭᠵᠢᠭᠰᠡᠨ ᠬᠡᠯᠨ ᠶᠤᠮ᠃ ᠬᠡᠳᠡᠯ᠎ᠠ ︽ᠪᠠᠶᠠᠯᠢᠭ︾ ᠪᠠ ︽ᠬᠦᠭᠵᠢᠭᠰᠡᠨ︾ | ᠬᠡᠳᠡᠭ ᠤᠬᠠᠭᠳᠡᠬᠤᠨ ᠪᠤᠯ ᠬᠠᠷᠢᠴᠠᠩᠭᠤᠢ ᠤᠬᠠᠭᠳᠡᠬᠤᠨ ᠪᠤᠯᠤᠨ᠎ᠠ᠃ | ᠳᠠᠰᠤᠷᠡᠯᠳᠡ ᠦᠭᠡᠢ ᠬᠤᠪᠢᠷᠡᠵᠤ ᠬᠦᠭᠵᠢᠵᠤ ᠪᠠᠶᠢᠭ᠎ᠠ ᠬᠡᠷᠡᠭ ᠦᠵᠡᠭᠳᠡᠯ ᠢ ᠬᠤᠷᠢᠶᠠᠩᠭᠤᠶᠢᠯᠠᠨ ᠳᠤᠰᠬᠠᠳᠠᠭ ᠦᠬᠡ | ᠬᠡᠯᠨ ᠵᠢᠴᠢ ᠳᠡᠬᠦᠨ ᠤ ᠬᠦᠭᠵᠢᠯ ᠨᠢ ᠬᠡᠷᠡᠭ ᠦᠵᠡᠭᠳᠡᠯ ᠤᠨ ᠬᠤᠪᠢᠷᠡᠯᠳᠡ ᠶᠢ ᠳᠡᠭᠠᠵᠤ ᠠᠮᠵᠢᠨ᠂ ᠬᠡᠷᠡᠭ ᠪᠤᠳᠡᠰ ᠢ | ᠨᠡᠩ ᠨᠠᠷᠢᠯᠢᠭ ᠤᠨᠤᠪᠴᠢᠳᠡᠢ ᠳᠤᠰᠬᠠᠬᠤ ᠶᠢ ᠵᠤᠷᠢᠪᠠᠯ ᠦᠬᠡ ᠬᠡᠯᠨ ᠨᠢ ᠳᠠᠷᠤᠢ ᠤᠯᠠᠮ ᠪᠠᠶᠠᠯᠢᠭᠵᠢᠨ ᠬᠦᠭᠵᠢᠬᠦ | ᠬᠠᠨᠳᠤᠰᠢ ᠲᠠᠢ ᠪᠤᠯᠤᠨ᠎ᠠ᠃ ᠳᠡᠶᠢᠮᠤ ᠠᠴᠠ ᠠᠰᠠᠭᠤᠳᠡᠯ ᠤᠨ ᠭᠤᠤᠯ ᠨᠢ ︽ᠪᠠᠶᠠᠯᠢᠭ︾ ᠪᠠ ︽ | ᠬᠦᠭᠵᠢᠭᠰᠡᠨ︾ ᠳᠤ ᠪᠠᠶᠢᠭ᠎ᠠ ᠪᠢᠰᠢ᠂ ᠬᠠᠷᠢᠨ ᠲᠡᠭᠦᠨ ᠤ ᠪᠠᠶᠠᠯᠢᠭ ᠤᠨ ︽ᠰᠢᠯᠲᠠᠭᠠᠨ︾ ᠨᠢ ᠠᠯᠢ ᠪᠤᠯᠬᠤ ᠶᠢ | ᠡᠷᠢᠵᠦ ᠲᠤᠲᠤᠯᠠᠭᠠᠳ᠂ ᠬᠦᠭᠵᠢᠯ ᠬᠤᠪᠢᠷᠠᠯ ᠤᠨ ᠪᠠᠶᠢᠲᠠᠯ ᠢ ᠨᠢ ᠠᠵᠢᠵᠤ᠂ ᠴᠢᠨᠠᠭᠰᠢ ᠬᠦᠭᠵᠢᠬᠦ ᠶᠢᠨ ᠵᠢᠮ᠎ᠡ ᠶᠢ | ᠲᠠᠨᠢᠵᠤ ᠮᠦᠨᠴᠢᠯᠡᠨ ᠬᠦᠭᠵᠢᠭᠦᠯᠬᠦ ᠪᠤᠯ ᠴᠢᠬᠤᠯᠨ ᠪᠢᠯᠨ᠃ ᠠᠳᠡ ᠬᠡᠯᠡᠭᠰᠡᠨ ︽ᠰᠢᠯᠲᠠᠭᠠᠨ︾ ᠭᠡᠲᠡᠭ ᠨᠢ ᠲᠠᠷᠤᠢ | ᠦᠭᠡ ᠬᠡᠯᠡᠨ ᠤ ᠬᠦᠭᠵᠢᠯ ᠬᠤᠪᠢᠷᠠᠯ ᠳᠤ ᠦᠢᠯᠡᠲᠦᠯ ᠦᠵᠡᠭᠦᠯᠲᠡᠭ ᠤᠯᠠᠨ ᠲᠠᠯ᠎ᠠ ᠶᠢᠨ ᠨᠦᠭᠦᠴᠡᠯ ᠰᠢᠯᠲᠠᠭᠠᠨ ᠤ | ᠲᠤᠲᠤᠷᠠᠬᠢ ᠦᠨᠳᠦᠰᠦᠨ ᠴᠢᠨᠠᠷ ᠪᠦᠬᠦᠢ ᠰᠢᠯᠲᠠᠭᠠᠨ ᠪᠤᠯᠤᠨ᠎ᠠ᠂ ᠲᠡᠭᠡᠪᠡᠯ ᠡᠨᠡᠬᠦ ᠦᠨᠳᠦᠰᠦᠲᠡᠨ ᠰᠢᠯᠲᠠᠭᠠᠨ ᠢ | ᠠᠵᠢᠭᠯᠠᠬᠤ ᠳᠤ ᠪᠠᠨ ᠶᠠᠭ ᠡᠨᠡᠬᠦ ᠮᠤᠩᠭᠤᠯ ᠦᠭᠡ ᠬᠡᠯᠨ ᠶᠢ ᠬᠡᠷᠡᠭᠯᠡᠵᠦ ᠪᠠᠶᠢᠭ᠎ᠠ ᠮᠤᠩᠭᠤᠯᠴᠤᠳ ᠤᠨ ᠲᠤᠮᠲᠠ ᠠᠴᠠ | ᠂ ᠲᠠᠷᠤᠢ ᠮᠤᠩᠭᠤᠯᠴᠤᠳ ᠤᠨ ᠨᠡᠶᠢᠭᠡᠮ ᠨᠡᠶᠢᠲᠡ᠂ ᠲᠡᠲᠡᠨ ᠤ ᠠᠮᠢᠲᠤᠷᠠᠯ ᠲᠡᠮᠡᠴᠡᠯ ᠤᠨ ᠤᠷᠴᠢᠨ ᠠᠬᠤᠢ᠂ ᠲᠤᠬᠠᠢ | ᠶᠢᠨ ᠦᠶ᠎ᠡ ᠶᠢᠨ ᠲᠡᠤᠬᠡᠨ ᠨᠦᠭᠦᠴᠡᠯ ᠰᠢᠯᠲᠠᠭᠠᠨ ᠯᠤᠭ᠎ᠠ ᠶᠢᠨ ᠬᠤᠯᠪᠤᠭᠲᠠᠯ ᠤᠨ ᠲᠤᠮᠲᠠ ᠠᠴᠠ ᠨᠡᠩ ᠤᠨᠴᠠᠯᠠᠨ | ᠲᠡᠲᠡᠨᠡᠷ ᠤᠨ ᠶᠢᠷᠳᠢᠨᠴᠦ ᠶᠢᠨ ᠬᠡᠷᠡᠭ ᠦᠵᠡᠭᠲᠡᠯ ᠢ ᠵᠢᠭᠠᠨ ᠨᠡᠷᠡᠯᠡᠵᠦ ᠦᠭᠡ ᠬᠡᠯᠨ ᠲᠡᠭᠡᠷ᠎ᠡ ᠬᠡᠶᠢᠰᠪᠦᠷᠢᠯᠡᠨ | ᠢᠯᠡᠳᠭᠡᠬᠦ ᠦᠶ᠎ᠡ ᠶᠢᠨ ᠰᠡᠳᠬᠢᠬᠦᠢ ᠶᠢᠨ ᠵᠢᠷᠦᠮᠯᠡᠯ ᠠᠴᠠ ᠠᠵᠢᠭᠯᠠᠬᠤ ᠪᠤᠯᠤᠨ᠎ᠠ᠃ | ᠮᠤᠩᠭᠤᠯᠴᠤᠳ ᠨᠢ ᠭᠡᠷᠡᠭ ᠪᠤᠲᠠᠰ ᠦᠵᠡᠭᠲᠡᠯ ᠤᠳ ᠢ ᠨᠡᠷᠡᠯᠡᠬᠦ ᠳᠡᠭᠡᠨ ᠬᠠᠮᠢᠶ᠎ᠠ ᠨᠠᠮᠢᠶ᠎ᠠ ᠦᠭᠡᠢ ᠨᠡᠷᠡᠯᠡᠲᠡᠭ ᠪᠢᠰᠢ᠂ | ᠬᠠᠷᠢᠨ ᠰᠡᠳᠬᠢᠬᠦᠢ ᠶᠢᠨ ᠴᠢᠩᠭ᠎ᠠ ᠵᠢᠷᠦᠮᠯᠡᠯ ᠲᠠᠢ ᠪᠠᠶᠢᠭᠰᠠᠨ ᠭᠡᠵᠦ ᠦᠵᠡᠨ᠎ᠡ᠃ ᠨᠢᠭᠡᠨᠳᠡ ᠨᠢᠭᠡ ᠵᠦᠢᠯ ᠤᠨ ᠬᠡᠷᠡᠭ | ᠪᠤᠲᠠᠰ ᠤᠨ ᠲᠦᠷᠰᠦ ᠪᠠᠶᠢᠳᠡᠯ ᠢᠶᠠᠷ ᠡᠰᠢ ᠪᠠᠷᠢᠮᠳᠡ ᠪᠤᠯᠭᠠᠵᠤ ᠨᠢᠬᠡ ᠬᠡᠷᠡᠭ ᠪᠤᠳᠡᠰ ᠢ ᠵᠢᠭᠠᠨ ᠨᠡᠷᠡᠯᠡᠬᠦ ᠦᠶ᠎ᠡ ᠳᠤ | ᠮᠤᠩᠭᠤᠯ ᠦᠭᠡ ᠬᠡᠯᠨ ᠲᠡᠭᠡᠷ᠎ᠡ ᠨᠢᠭᠡᠨ ᠠᠪᠢᠶ᠎ᠠ ᠲᠤᠬᠢᠶ᠎ᠠ ᠪᠦᠷᠢᠮᠦᠰᠦᠨ ᠲᠤᠭᠲᠠᠪᠤᠷᠢᠵᠢᠬᠤ ᠪᠤᠯᠤᠨ᠎ᠠ᠃ ᠡᠭᠦᠨ ᠤ | ᠤᠯᠠᠮ ᠠᠴᠠ ᠡᠨᠡᠬᠦ ᠡᠰᠢ ᠪᠠᠷᠢᠮᠳᠠ ᠪᠤᠯᠭᠠᠭᠰᠠᠨ ᠬᠡᠷᠡᠭ ᠪᠤᠲᠠᠰ ᠤᠨ ᠲᠦᠷᠰᠦ ᠪᠠᠶᠢᠲᠠᠯ ᠢ ᠪᠤᠰᠤᠳ ᠬᠡᠷᠡᠭ ᠪᠤᠲᠠᠰ | ᠦᠵᠡᠭᠲᠡᠯ ᠲᠠᠢ ᠬᠠᠷᠢᠴᠠᠭᠤᠯᠤᠨ ᠠᠳᠠᠯᠢᠳᠬᠠᠵᠤ᠂ ᠡᠨᠡᠬᠦ ᠡᠰᠢ ᠪᠠᠷᠢᠮᠳᠠ ᠪᠤᠯᠭᠠᠭᠰᠠᠨ ᠬᠡᠷᠡᠭ ᠪᠤᠲᠠᠰ ᠲᠠᠢ | ᠲᠦᠰᠦᠭᠡᠷᠬᠦᠨ ᠪᠠᠶᠢᠭ᠎ᠠ ᠲᠡᠲᠡᠭᠡᠷ ᠬᠡᠷᠡᠭ ᠪᠤᠲᠠᠰ ᠦᠵᠡᠭᠲᠡᠯ ᠢ ᠵᠢᠭᠠᠨ ᠨᠡᠷᠡᠯᠡᠬᠦ ᠳᠡᠭᠡᠨ ᠪᠠᠰᠨ ᠬᠦ ᠲᠡᠷᠡᠬᠦ ᠠᠪᠢᠶ᠎ᠠ | ᠲᠤᠬᠢᠶ᠎ᠠ ᠠᠴᠠ ᠡᠭᠦᠰᠴᠦ ᠪᠠᠶᠢᠲᠠᠭ ᠤᠨᠴᠠᠯᠢᠭ ᠲᠠᠢ ᠰᠢᠭ᠋ ᠪᠠᠶᠢᠨ᠎ᠠ᠃ | ᠲᠤᠬᠠᠶᠢᠯᠠᠪᠠᠯ᠄ ᠠᠮᠠᠨ ᠶᠠᠷᠢᠶᠠᠨ ᠳᠤ ᠲᠤᠲᠤᠷᠬᠠᠢ ᠰᠠᠯᠵᠤ ᠰᠤᠨᠤᠰᠳᠠᠳᠠᠭ ︽ᠪᠦ᠊︾ ᠠᠪᠢᠶ᠎ᠠ ᠶᠢ ᠠᠵᠢᠭᠯᠠᠵᠤ | ᠦᠵᠡᠪᠡᠯ᠂ ᠡᠷᠲᠡᠨ ᠤ ᠮᠤᠩᠭᠤᠯᠴᠤᠳ ᠨᠢ ᠬᠡᠷᠪᠡ ᠤᠭ ᠮᠤᠲᠤ ᠶᠢᠨ ᠬᠡᠯᠪᠡᠷᠢ ᠲᠦᠷᠰᠦ ᠲᠠᠢ ᠲᠦᠰᠦᠭᠡᠲᠡᠢ ᠪᠠᠶᠢᠲᠠᠭ | ᠶᠠᠮᠠᠷ ᠨᠢᠭᠡᠨ ᠬᠡᠷᠡᠭ ᠪᠤᠲᠠᠰ ᠢ ᠦᠵᠡᠵᠦ ᠰᠢᠨᠵᠢᠵᠦ ᠪᠠᠶᠢᠭᠠᠳ ᠲᠡᠭᠦᠨ ᠢ ︽ᠪᠦ᠊︾ ᠡᠬᠢ ᠲᠠᠢ ᠦᠭᠡ ᠪᠠᠷ | ᠬᠡᠶᠢᠰᠪᠦᠷᠢᠯᠡᠨ ᠬᠤᠷᠢᠶᠠᠩᠭᠤᠶᠢᠯᠠᠭᠰᠠᠨ ᠪᠤᠯ ᠡᠨᠡ ᠬᠡᠷᠡᠭ ᠪᠤᠲᠠᠰ ᠲᠠᠢ ᠲᠦᠰᠦᠭᠡᠷᠭᠦᠨ ᠬᠡᠷᠡᠭ ᠪᠤᠲᠠᠰ ᠦᠵᠡᠭᠲᠡᠯ ᠤᠳ | ᠢ ᠴᠦ ︽ᠪᠦ᠊︾ ᠡᠬᠢ ᠲᠠᠢ ᠦᠭᠡ ᠪᠠᠷ ᠨᠡᠷᠡᠯᠡᠲᠡᠭ ᠤᠨᠴᠠᠯᠢᠭ ᠪᠠᠶᠢᠭ᠎ᠠ ᠶᠤᠮ ᠰᠢᠭ᠋ ᠰᠠᠨᠠᠭᠲᠠᠨ᠎ᠠ᠃ | ᠬᠡᠷᠪᠡ᠂ ᠤᠭ ᠮᠤᠲᠤ ᠶᠢ ᠦᠵᠡᠵᠦ ᠰᠢᠨᠵᠢᠨ ᠲᠡᠭᠦᠨ ᠤ ᠬᠡᠯᠪᠡᠷᠢ ᠪᠠᠶᠢᠲᠠᠯ ᠰᠢᠨᠵᠢ ᠮᠠᠶ᠋ᠢᠭ ᠢ ︽ᠪᠦ᠊︾ ᠡᠬᠢ ᠲᠠᠢ | ᠦᠭᠡ ᠪᠠᠷ᠂ ᠲᠤᠬᠠᠶᠢᠯᠠᠪᠠᠯ᠂ ︽ᠪᠦᠮᠪᠦᠷᠭᠡᠨ︾ ᠭᠡᠵᠦ ᠬᠡᠶᠢᠰᠪᠦᠷᠢᠯᠡᠨ ᠬᠤᠷᠢᠶᠠᠩᠭᠤᠶᠢᠯᠠᠭᠰᠠᠨ ᠪᠤᠯ᠂ ᠬᠡᠯᠪᠡᠷᠢ | ᠲᠦᠷᠰᠦ ᠪᠠᠷ ᠢᠶᠠᠨ ᠤᠭ ᠮᠤᠲᠤᠨ ᠤ ᠪᠦᠮᠪᠦᠷᠢᠭᠡᠨ ᠬᠡᠯᠪᠡᠷᠢ ᠲᠠᠢ ᠲᠦᠰᠦᠭᠡᠲᠡᠢ ᠰᠢᠭ᠋ ᠶᠠᠭᠤᠮ᠎ᠠ ᠪᠤᠲᠠᠰ ᠬᠡᠷᠡᠭ | ᠦᠵᠡᠭᠲᠡᠯ ᠢ ᠴᠦ ︽ᠪᠦ᠊︾ ᠡᠬᠢ ᠲᠠᠢ ᠦᠭᠡ ᠪᠠᠷ ᠨᠡᠷᠡᠯᠡᠵᠦ ᠲᠡᠮᠲᠡᠭᠯᠡᠲᠡᠭ ᠪᠠᠶᠢᠨ᠎ᠠ᠃ ᠮᠤᠩᠭᠤᠯ ᠠᠷᠠᠳ ᠤᠨ | ᠠᠮᠠᠨ ᠦᠯᠢᠭᠡᠷ ᠲᠤ ︽ᠪᠦᠮᠪᠦᠭᠡᠨ ᠴᠠᠭᠠᠨ ᠭᠡᠷ︾ ᠭᠡᠵᠦ ᠶᠠᠷᠢᠭᠲᠠᠲᠠᠭ ᠪᠠᠶᠢᠭᠰᠠᠨ ᠶᠤᠮ᠃ ᠮᠤᠩᠭᠤᠯᠴᠤᠳ | ᠪᠦᠲᠦᠭᠦᠨ ᠮᠤᠲᠤ ᠨᠢ ᠭᠠᠵᠠᠷ ᠤᠨ ᠭᠠᠲᠠᠷᠭᠤ ᠲᠡᠭᠡᠷ᠎ᠡ ᠪᠤᠰᠤᠭ᠎ᠠ ᠪᠠᠷ ᠲᠤᠭᠲᠠᠵᠤ ᠪᠠᠶᠢᠭ᠎ᠠ ᠰᠢᠭ᠋ ᠬᠡᠯᠪᠡᠷᠢ ᠲᠠᠢ | ᠵᠤᠬᠢᠶᠠᠭᠰᠠᠨ ᠭᠡᠷ ᠢᠶᠠᠨ ᠪᠦᠮᠪᠦᠭᠡᠨ ᠭᠡᠷ ᠭᠡᠵᠦ᠂ ᠡᠨᠡ ᠭᠡᠷ ᠲᠤ ᠠᠵᠤ ᠲᠦᠷᠦᠵᠤ ᠠᠮᠢᠲᠤᠷᠠᠵᠤ ᠪᠠᠶᠢᠭ᠎ᠠ ᠨᠢᠭᠡ ᠭᠡᠷ | ᠬᠦᠮᠦᠰ ᠢ ︽ᠪᠦᠯᠢ︾ ᠭᠡᠵᠦ᠂ ᠡᠨᠡ ᠭᠡᠷ ᠲᠠᠬᠢ ᠬᠦᠮᠦᠰ ᠴᠦᠮ ᠪᠠᠶᠢᠭ᠎ᠠ ᠶᠢ ︽ᠪᠦᠷ᠂ ᠪᠦᠬᠦᠲᠡ᠂ ᠪᠦᠬᠦᠨ︾ | ᠬᠡᠬᠦ ᠮᠡᠲᠦ ᠪᠠᠷ ︽ᠪᠦ᠊︾ ᠡᠬᠢ ᠲᠠᠢ ᠦᠭᠡ ᠪᠠᠷ ᠢᠯᠡᠳᠭᠡᠲᠡᠭ ᠪᠤᠯᠤᠭᠰᠠᠨ ᠮᠠᠶ᠋ᠢᠭ ᠲᠠᠢ᠃ | ᠡᠨᠡ ᠮᠡᠲᠦ ᠪᠠᠷ ᠪᠦᠮᠪᠦᠭᠡᠨ ᠭᠡᠷ ᠤᠨ ᠰᠠᠭᠤᠷᠢ ᠶᠢᠨ ᠬᠡᠯᠪᠡᠷᠢ ᠲᠠᠢ ᠲᠦᠰᠦᠭᠡᠲᠡᠢ ᠲᠦᠷᠰᠦ ᠪᠦᠬᠦᠢ ᠵᠠᠰᠠᠯ ᠤᠨ ᠡᠳ᠋ | — ᠬᠦᠮᠦᠨ ᠤ ᠬᠤᠷᠤᠭᠤᠨ ᠵᠠᠰᠠᠯ ᠢ ︽ᠪᠦᠯᠵᠡᠭ︾ ᠭᠡᠵᠦ᠂ ᠮᠤᠩᠭᠤᠯᠴᠤᠳ ᠪᠦᠯᠢ ᠤᠯᠠᠨ ᠢᠶᠠᠷ ᠢᠶᠠᠨ | ᠬᠦᠷᠢᠶᠡᠯᠡᠨ ᠴᠤᠭᠯᠠᠵᠤ ᠨᠠᠶᠢᠷᠯᠠᠲᠠᠭ ᠢ ︽ᠪᠦᠵᠢᠭ︾ ᠭᠡᠵᠦ ᠨᠡᠷᠡᠯᠡᠲᠡᠭ ᠪᠤᠯᠤᠭᠰᠠᠨ ᠮᠡᠲᠦ᠃ | ᠦᠭᠡ ᠬᠡᠯᠡᠨ ᠤ ᠪᠠᠶᠠᠯᠢᠭᠵᠢᠯ ᠪᠠ ᠰᠡᠳᠬᠢᠬᠦᠢ ᠶᠢᠨ ᠬᠦᠭᠵᠢᠯ ᠨᠢ ᠬᠠᠷᠢᠯᠴᠠᠨ ᠠᠬᠢᠭᠤᠯᠲᠠᠭ᠃ ᠬᠦᠮᠦᠰ ᠠᠮᠢᠲᠤᠷᠠᠯ | ᠲᠡᠮᠡᠴᠡᠯ ᠲᠤᠮᠲᠠ ᠠᠴᠠ ᠪᠦᠬᠦᠳᠡ ᠤᠯᠠᠨ ᠤ ᠬᠦᠴᠦᠨ ᠨᠢᠭᠡ ᠬᠦᠮᠦᠨ ᠤ ᠬᠦᠴᠦᠨ ᠠᠴᠠ ᠲᠡᠪᠠᠲᠠᠭ ᠭᠡᠰᠡᠨ ᠢ | ᠮᠡᠳᠡᠵᠤ ᠡᠬᠢᠯᠡᠭᠰᠡᠨ ᠪᠠᠶᠢᠨ᠎ᠠ᠃ ᠲᠡᠶᠢᠨᠬᠦ ︽ᠪᠦᠯᠬᠦᠮᠲᠡᠯ︾ ᠭᠡᠬᠦ ᠦᠭᠡᠨ ᠠᠴᠠ ︽ᠬᠦᠴᠦᠨ᠂ ᠴᠢᠲᠠᠯ᠂ ᠴᠢᠬᠢᠷᠠᠭ᠂ | ᠪᠠᠬᠢ︾ ᠭᠡᠬᠦ ᠮᠡᠲᠦ ᠤᠳᠬ᠎ᠠ ᠠᠭᠤᠯᠭ᠎ᠠ ᠬᠦᠮᠦᠰ ᠤᠨ ᠰᠡᠳᠬᠢᠬᠦᠢ ᠳᠤ ᠲᠤᠰᠬᠠᠭᠲᠠᠬᠤ ᠪᠤᠯᠤᠭᠰᠠᠨ ᠢᠶᠠᠷ ︽ᠪᠦ᠊︾ | ᠡᠬᠢ ᠲᠠᠢ ᠦᠭᠡ ᠶᠢ ᠪᠠᠰᠨ ᠶᠠᠭᠤᠮ᠎ᠠ ᠶᠢᠨ ᠭᠠᠲᠠᠬᠤ ᠪᠠᠬᠢ ᠴᠢᠨᠠᠷ ᠢ ᠵᠢᠭᠠᠬᠤ ᠳᠤ ᠬᠡᠷᠡᠭᠯᠡᠵᠦ ︽ᠪᠦᠬᠡ︾ ᠭᠡᠲᠡᠭ | ᠦᠭᠡ ᠪᠠᠷ ᠶᠠᠭᠤᠮ᠎ᠠ ᠶᠢᠨ ᠪᠠᠭᠢᠯᠢᠭ᠌ ᠴᠢᠨᠠᠷ ᠢ ᠢᠯᠡᠳᠭᠡᠲᠡᠭ ᠪᠠᠶᠢᠨ᠎ᠠ᠃ ᠡᠭᠦᠨ ᠤ ᠤᠯᠠᠮ ᠢᠶᠠᠷ ᠨᠡᠶᠢᠭᠡᠮ ᠤᠨ | ᠠᠵᠢᠯᠯᠠᠭ᠎ᠠ ᠶᠢᠨ ᠠᠭᠤᠯᠭ᠎ᠠ ᠳᠤ ᠢᠯᠡᠷᠡᠭᠰᠡᠨ ᠮᠤᠩᠭᠤᠯᠴᠤᠳ ᠤᠨ ᠡᠷ᠎ᠡ ᠶᠢᠨ ᠭᠤᠷᠪᠠᠨ ᠨᠠᠭᠠᠲᠤᠮ ᠳᠠᠬᠢ ᠬᠦᠴᠦ | ᠲᠤᠷᠪᠢ ᠲᠠᠢ ᠬᠦᠮᠦᠰ ᠤᠨ ᠡᠷ᠎ᠡ ᠶᠢᠨ ᠰᠠᠶᠢᠨ ᠢ ᠲᠡᠮᠡᠴᠡᠵᠦ᠂ ᠪᠠᠷᠢᠯᠲᠤᠨ ᠨᠤᠴᠤᠯᠲᠤᠭᠴᠢᠳ ᠢ ︽ᠪᠦᠬᠡ︾ ᠭᠡᠵᠦ | ᠨᠡᠷᠡᠯᠡᠪᠡ᠃ ᠡᠨᠡ ︽ᠪᠦᠭᠡ︾ ᠭᠡᠲᠡᠭ ᠦᠭᠡ ᠳᠤ ᠶᠠᠭᠤᠮ᠎ᠠ ᠶᠢᠨ ᠪᠠᠬᠢᠯᠢᠭ᠌ ᠴᠢᠨᠠᠷ ᠢ ᠵᠢᠭᠠᠭᠰᠠᠨ ᠤᠳᠬ᠎ᠠ ᠪᠠᠶᠢᠬᠤ | ᠪᠠᠷ ᠪᠠᠷᠠᠬᠤ ᠦᠭᠡᠢ ᠤᠯᠠᠨ ᠶᠠᠭᠤᠮ᠎ᠠ ᠬᠤᠷᠠᠵᠤ ᠴᠤᠭᠯᠠᠷᠠᠭᠠᠳ ᠪᠦᠷᠢᠯᠲᠦᠭᠰᠡᠨ ᠴᠤᠭᠴᠠ ᠪᠤᠯᠤᠭᠰᠠᠨ ᠢ ᠵᠢᠭᠠᠭᠰᠠᠨ | ᠤᠳᠬ᠎ᠠ ᠲᠠᠢ ᠪᠠᠶᠢᠭ᠎ᠠ ᠶᠤᠮ ᠪᠠᠶᠢᠨ᠎ᠠ᠃ ᠲᠤᠬᠠᠶᠢᠯᠠᠪᠠᠯ᠂ ︽ᠪᠦᠭᠡ︾ ᠭᠡᠲᠡᠭ ᠦᠭᠡ ᠶᠢᠨ ᠵᠢᠭᠠᠵᠤ ᠨᠡᠷᠡᠯᠡᠵᠦ | ᠪᠠᠶᠢᠭ᠎ᠠ ᠲᠤᠬᠠᠢ ᠶᠢᠨ ᠬᠦᠮᠦᠨ ᠳᠤ ᠬᠦᠴᠦ ᠲᠠᠮᠢᠷ᠂ ᠬᠤᠷᠴᠠ ᠰᠠᠮᠪᠠᠭ᠎ᠠ᠂ ᠪᠦᠭᠡ ᠶᠢᠨ ᠤᠷᠠᠨ ᠲᠠᠮ ᠪᠦᠷᠢᠯᠲᠦᠭᠰᠡᠨ | ᠢ ᠵᠢᠭᠠᠭᠰᠠᠨ ᠤᠳᠬ᠎ᠠ ᠲᠠᠢ ᠪᠠᠶᠢᠭ᠎ᠠ ᠶᠤᠮ ᠪᠠᠶᠢᠨ᠎ᠠ᠃ | ᠨᠡᠶᠢᠭᠡᠮ ᠤᠨ ᠬᠦᠭᠵᠢᠯ ᠤᠨ ᠶᠠᠪᠤᠴᠠ ᠳᠤ ᠪᠤᠢ ᠪᠤᠯᠤᠭᠰᠠᠨ ᠶᠠᠭᠤᠮᠠᠰ ᠢ ᠵᠢᠭᠠᠨ ᠨᠡᠷᠡᠯᠡᠬᠦ ᠳᠡᠭᠡᠨ ᠴᠦ ᠲᠡᠲᠡᠭᠡᠷ | ᠶᠠᠭᠤᠮᠠᠰ ᠤᠨ ᠬᠡᠯᠪᠡᠷᠢ ᠲᠦᠷᠰᠦ ᠤᠨᠴᠠᠯᠢᠭ ᠰᠢᠨᠵᠢ ᠶᠢ ᠶᠠᠮᠠᠷ ᠨᠢᠭᠡᠨ ᠡᠰᠢ ᠪᠠᠷᠢᠮᠳᠠ ᠪᠤᠯᠭᠠᠭᠰᠠᠨ ᠬᠡᠷᠡᠭ ᠪᠤᠲᠠᠰ | ᠲᠠᠢ ᠬᠤᠯᠪᠤᠭᠲᠠᠭᠤᠯᠤᠨ ᠰᠡᠳᠬᠢᠬᠦ ᠪᠠ ᠡᠨᠡᠬᠦ ᠡᠰᠢ ᠪᠠᠷᠢᠮᠳᠠ ᠪᠤᠯᠭᠠᠭᠰᠠᠨ ᠭᠡᠷᠡᠭ ᠪᠤᠲᠠᠰ ᠲᠠᠢ ᠬᠤᠯᠪᠤᠭᠲᠠᠭᠤᠯᠤᠨ | ᠰᠡᠳᠬᠢᠵᠦ ᠪᠠᠶᠢᠭᠠᠳ ᠨᠢᠭᠡᠨᠳᠡ ᠵᠢᠭᠠᠨ ᠨᠡᠷᠡᠯᠡᠭᠲᠡᠭᠰᠡᠨ ᠪᠤᠰᠤᠳ ᠬᠡᠷᠡᠭ ᠪᠤᠲᠠᠰ ᠤᠳ ᠲᠠᠢ ᠴᠦᠮ | ᠬᠤᠯᠪᠤᠭᠲᠠᠭᠤᠯᠤᠨ ᠰᠡᠳᠬᠢᠲᠡᠭ᠃ ᠲᠡᠶᠢᠮᠦ ᠳᠡᠭᠡᠨ ᠨᠡᠩ ᠨᠠᠷᠢᠯᠢᠭ ᠰᠡᠳᠬᠢᠨ ᠵᠠᠲᠠᠯᠵᠤ ᠰᠢᠨᠵᠢᠯᠡᠭᠡᠳ ᠤᠨᠤᠪᠴᠢᠲᠠᠢ | ᠨᠡᠷᠡᠯᠡᠬᠦ ᠶᠢ ᠵᠤᠷᠢᠲᠠᠭ ᠪᠠᠶᠢᠨ᠎ᠠ᠃ ᠵᠢᠱᠢᠶᠡᠯᠡᠪᠡᠯ᠄ ᠸᠠᠭᠠᠷ ᠪᠤᠲᠤᠩ ᠤᠨ ᠠᠮᠰᠠᠷ ᠢ ᠲᠠᠭᠯᠠᠬᠤ ᠶᠠᠭᠤᠮ᠎ᠠ ᠶᠢ ︽ | ᠪᠦᠷᠢᠶᠡᠰᠦ︾ ᠭᠡᠲᠡᠭ ᠪᠠᠶᠢᠨ᠎ᠠ᠃ ᠬᠡᠷᠪᠡ ᠪᠤᠲᠤᠩ ᠤᠨ ᠠᠮᠰᠠᠷ ᠢ ᠪᠦᠷᠢᠭᠰᠡᠨ ᠦᠭᠡᠢ ᠪᠠᠶᠢᠭ᠎ᠠ ᠦᠶᠠᠰ ᠪᠤᠳᠤᠩ ᠤᠨ | ᠠᠮᠰᠠᠷ ᠨᠢ ᠵᠠᠳᠠᠭᠠᠢ ᠪᠠᠷ ᠢᠶᠠᠨ ᠪᠠᠶᠢᠳᠠᠭ ᠳᠤᠯᠨ ᠳᠡᠬᠦᠨ ᠢ ᠪᠦᠬᠦᠯᠢ ᠬᠡᠯᠪᠡᠷᠢ ᠲᠠᠢ ᠭᠡᠵᠤ ᠦᠵᠡᠭᠰᠡᠨ ᠦᠭᠡᠢ ᠬᠠᠷᠢᠨ | ᠳᠠᠷᠡᠬᠦ ︽ᠪᠦᠷᠢᠶᠠᠰᠦ︾ ᠪᠠᠷ ᠪᠤᠳᠤᠩ ᠤᠨ ᠠᠮᠰᠠᠷ ᠢ ᠪᠦᠷᠢᠮᠡᠭᠴᠡ ᠪᠦᠬᠦᠯᠢ ᠪᠦᠲᠦᠨ᠂ ᠪᠢᠲᠡᠬᠦᠦ ᠪᠦᠮᠪᠦᠭᠡᠯᠢᠭ | ᠰᠠᠭᠤᠲᠠᠯ ᠦᠭᠬᠦ ᠨᠢ ᠲᠤᠲᠤ ᠲᠤᠯᠨ ︽ᠪᠦ᠊︾ ᠡᠬᠢ ᠲᠠᠢ ᠦᠭᠡ ᠶᠢ ᠲᠠᠷᠤᠢ ᠲᠡᠷᠡᠬᠦ ︽ᠪᠦᠷᠢᠶᠡᠰᠦᠨ︾ ᠲᠡᠭᠡᠷ᠎ᠡ | ᠬᠡᠷᠡᠭᠯᠡᠭᠰᠡᠨ ᠮᠡᠲᠦ᠃ ᠡᠨᠡ ᠮᠡᠲᠦ ᠪᠠᠷ ︽ᠪᠦᠷᠭᠦᠭᠡᠰᠦ᠂ ᠪᠦᠲᠦᠭᠡᠯᠭᠡ᠂ ᠪᠦᠭᠯᠡᠭᠡ︾ ᠭᠡᠬᠦ ᠮᠡᠲᠦ ᠤᠯᠠᠨ | ᠤᠬᠠᠭᠲᠠᠬᠤᠨ ᠨᠤᠭᠤᠳ ᠪᠦᠷᠢᠯᠲᠦᠭᠰᠡᠨ ᠪᠤᠯᠤᠮᠵᠢᠳᠡᠢ᠃ ᠡᠳᠡᠬᠡᠷ ᠤᠨ ᠤᠯᠠᠮ ᠠᠴᠠ ︽ᠪᠦᠭᠴᠢᠮ᠎ᠠ᠂ ᠪᠦᠷᠬᠦᠭ᠂ | ᠪᠦᠷᠦᠢ᠂ ᠪᠦᠳᠡᠬᠢ᠂ ᠪᠦᠳᠡᠩᠰᠡᠬᠦ︾ ᠬᠡᠬᠦ ᠮᠡᠲᠦ ᠤᠬᠠᠭᠳᠡᠬᠤᠨ ᠪᠦᠷᠢᠯᠲᠦᠭᠰᠡᠨ ᠰᠢᠭ᠋ ᠰᠠᠨᠠᠭᠳᠡᠨ᠎ᠠ᠃ | ᠰᠡᠳᠬᠢᠬᠦᠢ ᠪᠠ ᠦᠬᠡ ᠬᠡᠯᠡᠨ ᠤ ᠬᠠᠷᠢᠴᠠᠭ᠎ᠠ ᠠᠴᠠ ᠦᠵᠡᠪᠡᠯ᠂ ᠦᠬᠡ ᠬᠡᠯᠡᠨ ᠤ ᠮᠡᠲ᠋ᠧᠷᠢᠶᠠᠯ ᠠᠴᠠ ᠰᠠᠯᠤᠭᠰᠠᠨ | ᠰᠡᠳᠬᠢᠬᠦᠢ ᠭᠡᠵᠤ ᠪᠠᠶᠢᠬᠤ ᠦᠭᠡᠢ᠂ ᠰᠠᠳᠬᠢᠬᠦᠢ ᠠᠴᠠ ᠰᠠᠯᠤᠭᠰᠠᠨ ᠦᠬᠡ ᠬᠡᠯᠨ ᠭᠡᠵᠤ ᠦᠭᠡᠢ ᠶᠤᠮ᠂ ᠡᠬᠦᠰᠤᠯ | ᠠᠴᠠ ᠨᠢ ᠬᠡᠯᠡᠪᠡᠯ ᠬᠦᠮᠦᠨ ᠲᠦᠷᠦᠯᠬᠢᠳᠡᠨ ᠤ ᠰᠡᠳᠬᠢᠬᠦᠢ ᠨᠢ ᠦᠬᠡ ᠬᠡᠯᠨ ᠲᠠᠢ ᠬᠠᠮᠳᠤ ᠪᠠᠷ ᠪᠤᠢ ᠪᠤᠯᠤᠭᠰᠠᠨ | ᠪᠠᠶᠢᠳᠠᠭ᠃ ᠳᠡᠷᠢᠬᠢᠨ ᠤ ᠳᠤᠰᠬᠠᠬᠤ ᠶᠠᠪᠤᠴᠠ ᠠᠴᠠ ᠨᠢ ᠠᠪᠴᠤ ᠬᠡᠯᠡᠪᠡᠯ ᠰᠡᠳᠬᠢᠬᠦᠢ ᠶᠢᠨ ᠠᠵᠢᠯᠯᠠᠭ᠎ᠠ ᠨᠢ ᠦᠬᠡ | ᠬᠡᠯᠡᠨ ᠤ ᠮᠠᠲ᠋ᠧᠷᠢᠶᠠᠯ ᠳᠤ ᠲᠦᠰᠢᠭᠯᠡᠵᠤ ᠶᠠᠪᠤᠭᠳᠠᠳᠠᠭ᠃ ᠳᠡᠬᠦᠡᠴᠢᠯᠠᠨ ᠦᠬᠡ ᠬᠡᠯᠡᠨ ᠤ ᠮᠡᠲ᠋ᠧᠷᠢᠶᠠᠯ ᠢᠶᠠᠷ | ᠰᠡᠳᠬᠢᠬᠦᠢ ᠶᠢᠨ ᠠᠵᠢᠯᠯᠠᠭ᠎ᠠ ᠶᠢ ᠪᠠᠬᠢᠵᠢᠬᠦᠯᠳᠡᠭ᠃ ᠰᠡᠳᠬᠢᠬᠦᠢ ᠨᠢ ᠦᠬᠡ ᠬᠡᠯᠨ ᠲᠠᠢ ᠰᠠᠯᠤᠰᠢ ᠦᠭᠡᠢ ᠨᠢᠭᠳᠠ | ᠬᠠᠷᠢᠴᠠᠭ᠎ᠠ ᠲᠠᠢ᠃ ᠬᠦᠮᠤᠰ ᠦᠬᠡ ᠬᠡᠯᠡᠨ ᠤ ᠳᠤᠬᠢᠶ᠎ᠠ ᠶᠢ ᠠᠰᠢᠭᠯᠠᠵᠤ ᠬᠡᠶᠢᠰᠪᠤᠷᠢᠯᠡᠨ ᠰᠡᠳᠬᠢᠳᠡᠭ᠃ ᠦᠬᠡ ᠬᠡᠯᠨ | ᠬᠡᠲᠦᠢ ᠪᠠᠶᠠᠯᠢᠭᠵᠢᠪᠠᠯ ᠬᠦᠮᠦᠰ ᠤᠨ ᠬᠡᠶᠢᠰᠪᠤᠷᠢ ᠰᠡᠳᠬᠢᠬᠦᠢ ᠶᠢ ᠨᠦᠯᠦᠬᠡᠯᠡᠬᠦ ᠦᠬᠡ ᠬᠡᠯᠡᠨ ᠤ ᠳᠤᠬᠢᠶ᠎ᠠ | ᠤᠯᠠᠰᠢᠷᠠᠳᠠᠭ ᠪᠠᠶᠢᠨ᠎ᠠ᠃ | ᠡᠶᠢᠮᠤ ᠠᠴᠠ ᠦᠬᠡ ᠬᠡᠯᠡᠨ ᠤ ᠬᠦᠭᠵᠢᠯ ᠵᠤᠬᠢᠬᠤ ᠱᠠᠳᠤᠨ ᠳᠤ ᠬᠦᠷᠦᠭᠰᠡᠨᠨ ᠤ ᠰᠡᠬᠦᠯᠡᠷ ᠬᠦᠮᠦᠰ ᠬᠡᠷᠡᠭ ᠪᠤᠳᠡᠰ | ᠦᠵᠡᠭᠳᠡᠯ ᠢ ᠵᠢᠭᠠᠵᠤ ᠨᠡᠷᠡᠯᠡᠬᠦ ᠳᠡᠭᠡᠨ ᠶᠠᠮᠠᠷ ᠨᠢᠬᠡᠨ ᠡᠰᠢ ᠪᠠᠷᠢᠮᠳᠡ ᠪᠤᠯᠭᠠᠭᠰᠠᠨ ᠬᠡᠷᠡᠭ ᠪᠤᠳᠡᠰ ᠪᠤᠶᠤ ᠳᠡᠬᠦᠨ ᠲᠠᠢ | ᠢᠯᠡᠷᠬᠡᠶᠢᠶᠠ ᠲᠦᠰᠦᠬᠡᠳᠡᠢ ᠪᠠᠶᠢᠳᠠᠭ ᠳᠡᠳᠡᠬᠡᠷ ᠬᠡᠷᠡᠭ ᠪᠤᠳᠡᠰ ᠤᠳ ᠲᠠᠢ ᠰᠢᠭᠤᠳ ᠬᠤᠯᠪᠤᠭᠳᠡᠭᠤᠯᠤᠨ ᠰᠡᠳᠬᠢᠵᠤ | ᠵᠢᠭᠠᠨ ᠨᠡᠷᠡᠯᠡᠳᠡᠭ ᠪᠢᠰᠢ᠂ ᠬᠠᠷᠢᠨ ᠳᠡᠳᠡᠬᠡᠷ ᠬᠡᠷᠡᠭ ᠪᠤᠳᠡᠰ ᠤᠨ ᠳᠤᠳᠤᠷᠡᠬᠢ ᠠᠯᠢ ᠨᠢᠬᠡᠨ ᠬᠡᠷᠡᠭ ᠪᠤᠳᠡᠰ ᠲᠤᠨᠢ | ᠬᠤᠯᠪᠤᠭᠳᠠᠭᠰᠠᠨ ᠤᠡᠴᠠᠭᠠᠢ ᠪᠠᠶᠢᠳᠡᠯ ᠠᠴᠠ ᠡᠰᠢᠯᠠᠵᠤ ᠡᠨᠡᠬᠦ ᠤᠡᠴᠠᠭᠠᠢ ᠪᠠᠶᠢᠳᠡᠯ ᠳᠤ ᠬᠤᠯᠪᠤᠭᠳᠠᠭᠰᠠᠨ ᠪᠤᠰᠤᠳ | ᠬᠡᠷᠡᠭ ᠦᠵᠡᠭᠳᠡᠯ ᠢ ᠵᠢᠭᠠᠨ ᠨᠡᠷᠡᠯᠡᠳᠡᠭ᠃ ᠳᠤᠬᠠᠶᠢᠯᠠᠪᠠᠯ᠂ ︽ᠪᠦᠮᠪᠤᠷᠢᠬᠡᠨ᠂ ᠪᠦᠮᠪᠦᠬᠡᠨ᠂ ᠪᠦᠷᠢᠶᠠᠰᠦ︾ ᠬᠡᠬᠦ | ᠮᠡᠲᠦ ᠦᠬᠡ ᠨᠢ ᠨᠢᠬᠡ ᠡᠰᠢ ᠪᠠᠷᠢᠮᠳᠡ ᠪᠤᠯᠭᠠᠭᠰᠠᠨ ᠪᠦᠮᠪᠦᠬᠡᠯᠢᠭ ᠬᠡᠯᠪᠡᠷᠢ ᠪᠦᠬᠦᠢ ᠬᠡᠷᠡᠭ ᠪᠤᠳᠡᠰ ᠲᠠᠢ ᠬᠡᠯᠪᠡᠷᠢ | ᠲᠦᠷᠰᠦ ᠪᠠᠷ ᠢᠶᠠᠨ ᠢᠯᠡᠷᠬᠡᠢ ᠲᠦᠰᠦᠬᠡᠳᠡᠢ ᠪᠠᠶᠢᠳᠠᠭ ᠬᠡᠷᠡᠭ ᠪᠤᠳᠡᠰ ᠦᠵᠡᠭᠳᠡᠯ ᠢ ᠨᠡᠷᠡᠯᠡᠨ ᠵᠢᠭᠠᠬᠤ ᠳᠤ ᠪᠤᠢ | ᠪᠤᠯᠤᠭᠰᠠᠨ ᠪᠠᠶᠢᠬᠤ ᠳᠤ ︽ᠪᠦᠭᠴᠢᠮ᠎ᠠ᠂ ᠪᠦᠷᠬᠦᠭ᠂ ᠪᠦᠷᠤᠢ᠂ ᠪᠦᠳᠡᠬᠢ᠂ ᠪᠦᠳᠡᠩᠰᠡᠬᠦ︾ ᠬᠡᠬᠦ ᠮᠡᠲᠦ ᠦᠬᠡ ᠨᠢ | ︽ᠪᠦᠷᠢᠶᠠᠰᠦ︾ ᠬᠡᠬᠦ ᠤᠬᠠᠭᠳᠡᠬᠤᠨ ᠲᠠᠢ ᠬᠤᠯᠪᠤᠭᠳᠡᠵᠤ ᠬᠠᠷᠢᠨ ᠳᠡᠳᠡᠬᠡᠷ ᠦᠬᠡᠰ ᠨᠢ ᠪᠦᠷᠢᠶᠠᠰᠦᠨ ᠤ | ᠳᠤᠳᠤᠭᠠᠳᠤ ᠳᠡᠯ᠎ᠠ ᠳᠤ ᠢᠯᠡᠷᠡᠭᠰᠡᠨ ᠤᠡᠴᠠᠭᠠᠢ ᠪᠠᠶᠢᠳᠡᠯ ᠳᠤ ᠬᠤᠯᠪᠤᠭᠳᠡᠵᠤ ᠪᠠᠶᠢᠭ᠎ᠠ ᠬᠡᠷᠡᠭ ᠦᠵᠡᠭᠳᠡᠯ ᠢ | ᠵᠢᠭᠠᠭᠰᠠᠨ ᠦᠬᠡᠰ ᠪᠤᠯᠤᠭᠰᠠᠨ ᠪᠠᠶᠢᠨ᠎ᠠ᠃ | ᠶᠠᠷᠦᠩᠬᠡᠢ ᠳᠤᠨᠢ ᠠᠪᠴᠤ ᠬᠡᠯᠡᠪᠡᠯ ︽ᠪᠦ᠊︾ ᠡᠬᠢ ᠲᠠᠢ ᠬᠡᠰᠡᠭ ᠦᠬᠡᠨ ᠳᠤ ᠪᠦᠮᠪᠦᠷᠢᠬᠡᠨ ᠪᠦᠮᠪᠦᠬᠡᠯᠢᠭ ᠶᠠᠭᠤᠮ᠎ᠠ ᠶᠢ | ᠵᠢᠭᠠᠭᠰᠠᠨ ᠪᠤᠶᠤ ᠦᠳᠬᠡᠷᠡᠨ ᠠᠭᠰᠢᠷᠡᠵᠤ ᠪᠦᠬᠡᠮᠨᠡᠷᠡᠭᠰᠡᠨᠨ ᠶᠠᠭᠤᠮ᠎ᠠ ᠪᠠᠶᠢᠳᠡᠯ ᠢ ᠵᠢᠭᠠᠭᠰᠠᠨ ᠨᠠᠶᠢᠳᠡᠯᠢᠭ ᠤᠳᠬ᠎ᠠ | ᠲᠠᠢ ᠪᠠᠶᠢᠨ᠎ᠠ᠃ | ᠨᠡᠶᠢᠬᠡᠮ ᠤᠨ ᠶᠠᠮᠠᠷᠴᠤ ᠦᠵᠡᠭᠳᠡᠯ ᠢ ᠰᠢᠡᠵᠢᠬᠦ ᠳᠤ ᠳᠡᠬᠦᠨ ᠤ ᠪᠤᠢ ᠪᠤᠯᠤᠭᠰᠠᠨ ᠪᠠ ᠬᠦᠭᠵᠢᠭᠰᠡᠨ ᠳᠡᠤᠬᠡᠨ | ᠦᠡᠲᠦᠰᠦᠨ ᠬᠠᠷᠢᠴᠠᠭ᠎ᠠ ᠶᠢ ᠤᠮᠳᠤᠭᠠᠶᠢᠯᠠᠵᠤ ᠪᠤᠯᠬᠤ ᠦᠭᠡᠢ ᠶᠤᠮ᠃ ᠨᠡᠶᠢᠬᠡᠮ ᠤᠨ ᠦᠵᠡᠭᠳᠡᠯ ᠤᠨ ᠨᠢᠬᠡ ᠨᠢ | ᠪᠤᠯᠬᠤ ᠦᠬᠡ ᠬᠡᠯᠡᠨ ᠤ ᠬᠦᠭᠵᠢᠯ ᠪᠤᠯ ᠨᠡᠶᠢᠬᠡᠮ ᠤᠨ ᠬᠦᠭᠵᠢᠯ ᠲᠠᠢ ᠨᠢᠭᠳᠠ ᠬᠤᠯᠪᠤᠭᠳᠡᠵᠤ ᠪᠠᠶᠢᠳᠠᠭ᠃ ᠳᠡᠶᠢᠡᠬᠦ | ᠦᠬᠡ ᠬᠡᠯᠡᠨ ᠤ ᠠᠰᠠᠭᠤᠳᠡᠯ ᠢ ᠰᠢᠡᠵᠢᠬᠦ ᠳᠤ ᠳᠡᠤᠬᠡ ᠶᠢᠨ ᠠᠰᠠᠭᠤᠳᠡᠯ ᠬᠤᠯᠪᠤᠭᠳᠠᠳᠠᠭ ᠶᠤᠮ᠃ ᠬᠡᠳᠡᠯ᠎ᠠ ᠦᠬᠡ | ᠬᠡᠯᠨ ᠨᠢ ᠰᠡᠳᠬᠢᠬᠦᠢ ᠲᠠᠢ ᠨᠢᠭᠳᠠ ᠬᠠᠷᠢᠴᠠᠭ᠎ᠠ ᠲᠠᠢ ᠳᠤᠯᠨ ᠦᠬᠡ ᠬᠡᠯᠡᠨ ᠤ ᠠᠰᠠᠭᠤᠳᠡᠯ ᠳᠤ ᠪᠠᠰᠠ ᠳᠠᠷᠡᠬᠦ ᠦᠬᠡ | ᠬᠡᠯᠨ ᠶᠢ ᠬᠡᠷᠡᠭᠯᠡᠵᠤ ᠪᠠᠶᠢᠭ᠎ᠠ ᠦᠡᠲᠦᠰᠦᠳᠡᠨ ᠤ ᠰᠡᠳᠬᠢᠬᠦᠢ ᠶᠢᠨ ᠠᠰᠠᠭᠤᠳᠡᠯ ᠬᠤᠯᠪᠤᠭᠳᠡᠨᠠ᠃ ᠳᠠᠷᠤᠢ | ᠦᠡᠦᠰᠦᠳᠡᠨ ᠤ ᠴᠢᠨᠡᠷ ᠬᠤᠯᠪᠤᠭᠳᠡᠬᠤ ᠪᠤᠯᠤᠨ᠎ᠠ᠃ ᠨᠢᠬᠡ ᠦᠡᠲᠦᠰᠦᠳᠡᠨ ᠤ ᠠᠷᠡᠳ ᠲᠦᠮᠡᠨ ᠤ ᠬᠡᠷᠡᠭ ᠤᠴᠢᠷ ᠢ | ᠤᠶᠢᠯᠠᠭᠠᠵᠤ ᠪᠠᠶᠢᠭ᠎ᠠ ᠠᠷᠭ᠎ᠠ ᠮᠠᠶ᠋ᠢᠭ ᠨᠢ ᠳᠠᠷᠨ ᠦᠡᠲᠦᠰᠦᠳᠡᠨ ᠤ ᠠᠷᠡᠳ ᠲᠦᠮᠡᠨ ᠤ ᠰᠡᠳᠬᠢᠬᠦᠢ ᠶᠢᠨ ᠠᠷᠭ᠎ᠠ | ᠪᠠᠷᠢᠯ ᠲᠠᠢ ᠰᠢᠭᠤᠳ ᠬᠤᠯᠪᠤᠭ᠎ᠠ ᠲᠠᠢ ᠪᠠᠶᠢᠳᠠᠭ᠃ ᠬᠦᠮᠦᠨ ᠲᠦᠷᠦᠯᠬᠢᠳᠡᠨ ᠪᠤᠯ ᠰᠡᠳᠬᠢᠬᠦᠢ ᠶᠢᠨ ᠠᠵᠢᠯᠯᠠᠭ᠎ᠠ ᠪᠠᠷ | ᠳᠡᠮᠵᠢᠭᠤᠯᠵᠤ ᠪᠤᠰᠤᠳᠴᠢ ᠬᠡᠷᠡᠭ ᠪᠤᠳᠡᠰ ᠢ ᠤᠶᠢᠯᠠᠭᠠᠨ ᠡᠵᠡᠮᠰᠢᠳᠡᠭ ᠪᠠᠶᠢᠨ᠎ᠠ᠃ ᠮᠤᠩᠭᠤᠯ ᠦᠡᠲᠦᠰᠦᠳᠡᠨ ᠨᠢ | ᠳᠡᠯᠡᠬᠡᠢ ᠶᠢᠨ ᠪᠤᠰᠤᠳ ᠳᠡᠪᠰᠢᠩᠭᠤᠢ ᠦᠡᠲᠦᠰᠦᠳᠡᠨ ᠲᠠᠢ ᠠᠳᠡᠯᠢ ᠪᠠᠷ ᠠᠮᠢᠳᠤᠷᠡᠯ ᠳᠡᠮᠡᠴᠡᠯ ᠤᠨ ᠶᠠᠪᠤᠴᠠ ᠳᠠᠭᠠᠨ | ᠪᠤᠰᠤᠳᠴᠢ ᠬᠡᠷᠡᠭ ᠪᠤᠳᠡᠰ ᠤᠨ ᠵᠢᠮ᠎ᠠ ᠶᠤᠰᠤᠨ ᠤ ᠳᠤᠬᠠᠢ ᠮᠡᠰᠢ ᠤᠯᠠᠨ ᠵᠦᠪ ᠤᠶᠢᠯᠠᠭᠠᠭᠳᠡᠬᠤᠨ ᠢ | ᠪᠦᠷᠢᠯᠲᠦᠬᠦᠯᠵᠤ ᠴᠢᠳᠠᠭᠰᠠᠨ ᠪᠠᠶᠢᠳᠠᠭ᠃ ᠶᠠᠭ ᠳᠡᠶᠢᠮᠤ ᠠᠴᠠ ᠬᠡᠷᠡᠭ ᠪᠤᠳᠡᠰ ᠤᠨ ᠳᠤᠬᠠᠢ ᠳᠡᠨᠢᠯᠳᠡ ᠶᠢᠨ ᠶᠠᠪᠤᠴᠠ | ᠳᠤ ᠡᠷᠳᠡᠨ ᠤ ᠮᠤᠩᠭᠤᠯᠴᠤᠳ ᠤᠨ ᠤᠶᠤᠨ ᠰᠠᠨᠠᠭᠠᠨ ᠳᠤ ᠬᠤᠪᠢᠰᠤᠩᠭᠤᠢ ᠪᠤᠳᠡᠰᠴᠢ ᠦᠵᠡᠯ ᠤᠨ ᠦᠵᠡᠯ ᠰᠠᠨᠠᠭᠠᠨ | ᠤ ᠤᠯᠨ ᠮᠦᠷ ᠲᠠᠢ ᠪᠤᠯᠤᠭᠰᠠᠨ ᠭᠡᠵᠤ ᠦᠵᠡᠵᠤ ᠪᠤᠯᠬᠤ ᠶᠤᠮ᠃ | ᠡᠷᠳᠡᠨ ᠤ ᠮᠤᠩᠭᠤᠯᠴᠤᠳ ᠨᠢ ᠬᠡᠷᠡᠭ ᠪᠤᠳᠡᠰ ᠢ ᠠᠵᠢᠭᠯᠠᠨ ᠰᠢᠡᠵᠢᠬᠦ ᠳᠡᠭᠡᠨ ᠦᠷᠦᠬᠡᠰᠦᠯ ᠢᠶᠠᠷ ᠪᠢᠰᠢ ᠬᠠᠷᠢᠨ ᠬᠡᠷᠡᠭ | ᠪᠤᠳᠡᠰ ᠦᠵᠡᠭᠳᠡᠯ ᠢ ᠬᠤᠭᠤᠷᠤᠡᠲᠦ ᠨᠢ ᠬᠠᠷᠢᠴᠠᠭᠤᠯᠤᠨ ᠰᠢᠡᠵᠢᠯᠡᠵᠤ᠂ ᠬᠡᠷᠡᠭ ᠪᠤᠳᠡᠰ ᠦᠵᠡᠭᠳᠡᠯ ᠢ ᠨᠠᠷᠡᠯᠡᠵᠤ | ᠳᠡᠮᠳᠡᠭᠯᠡᠬᠦ ᠦᠶᠡᠰ ᠮᠤᠩᠭᠤᠯ ᠦᠡᠲᠦᠰᠦᠳᠡᠨ ᠤ ᠨᠡᠶᠢᠬᠡᠮ ᠨᠠᠶᠢᠳᠡ ᠶᠢᠨ ᠳᠤᠮᠳᠡ ᠨᠢᠬᠡᠨᠳᠡ ᠪᠦᠷᠢᠯᠳᠤᠨ | ᠳᠤᠭᠳᠡᠪᠤᠷᠢᠵᠢᠭᠰᠠᠨ ᠠᠪᠢᠶ᠎ᠠ ᠳᠤᠬᠢᠶ᠎ᠠ ᠪᠠᠨ ᠬᠡᠷᠡᠭ ᠦᠵᠡᠭᠳᠡᠯ ᠤᠨ ᠨᠠᠶᠢᠳᠡᠯᠢᠭ ᠤᠡᠴᠠᠯᠢᠭ ᠰᠢᠡᠵᠢ ᠳᠡᠬᠡᠷ᠎ᠠ | ᠴᠢᠳᠡᠮᠠᠭᠠᠢ ᠪᠠᠷ ᠵᠤᠬᠢᠴᠠᠭᠤᠯᠤᠨ ᠬᠡᠷᠡᠭᠯᠡᠵᠤ ᠪᠠᠶᠢᠳᠠᠭ᠃ ᠡᠨ᠋ᠨ ᠪᠤᠯ ᠳᠡᠳᠡᠨᠡᠷ ᠤᠨ ᠪᠤᠰᠤᠳᠴᠢ ᠬᠡᠷᠭ ᠦᠵᠡᠭᠳᠡᠯ ᠤᠨ | ᠦᠪᠡᠷᠮᠢᠴᠠ ᠰᠢᠡᠵᠢ ᠪᠠ ᠨᠠᠶᠢᠳᠡᠯᠢᠭ ᠰᠢᠡᠵᠢ ᠶᠢᠨ ᠳᠡᠯ᠎ᠠ ᠪᠠᠷ ᠬᠢ ᠨᠠᠷᠢᠨ ᠳᠤᠳᠤᠷᠬᠠᠢ ᠠᠵᠢᠭᠯᠠᠯᠳᠡ ᠪᠠ ᠰᠡᠳᠬᠢᠬᠦᠢ | ᠶᠢᠨ ᠬᠦᠡᠴᠠ ᠶᠢ ᠬᠠᠷᠡᠭᠤᠯᠬᠤ ᠶᠤᠮ᠃ | ᠦᠵᠡᠯ ᠰᠠᠨᠠᠭᠠᠨ ᠤ ᠬᠦᠡᠴᠠ ᠨᠢ ᠦᠬᠡ ᠬᠡᠯᠡᠨ ᠤ ᠪᠠᠭᠳᠡᠭᠠᠮᠵᠢ ᠶᠢ ᠳᠤᠭᠳᠡᠭᠠᠳᠠᠭ ᠪᠢᠯᠨ᠃ ᠬᠦᠮᠦᠰ ᠤᠨ ᠦᠵᠡᠯ | ᠰᠠᠨᠠᠭ᠎ᠠ ᠨᠢ ᠰᠠᠷᠡᠭᠤᠯ᠂ ᠳᠡᠨᠢᠯᠳᠡ ᠨᠢ ᠬᠦᠨ ᠬᠦᠡᠵᠡᠬᠡᠢ ᠪᠤᠯ ᠳᠡᠬᠦᠨ ᠤ ᠦᠬᠡ ᠬᠡᠯᠡᠨ ᠳᠤ ᠠᠭᠤᠯᠤᠭᠳᠡᠬᠤ | ᠠᠭᠤᠯᠭ᠎ᠠ ᠨᠢ ᠠᠷᠪᠢᠨ ᠪᠠᠶᠢᠳᠠᠭ᠃ ᠳᠤᠷᠤᠭᠰᠢ ᠪᠠᠨ ᠮᠤᠩᠭᠤᠯ ᠦᠡᠲᠦᠰᠦᠳᠡᠨ ᠤ ᠦᠵᠡᠯ ᠰᠠᠨᠠᠭᠠᠨ ᠤ ᠬᠦᠡᠴᠠ | ᠲᠠᠢ ᠬᠤᠯᠪᠤᠭᠳᠠᠭᠰᠠᠨ ᠦᠬᠡ ᠬᠡᠯᠡᠨ ᠤ ᠪᠠᠭᠳᠡᠭᠠᠮᠵᠢ ᠶᠢᠨ ᠳᠤᠬᠠᠢ ᠠᠵᠢᠭᠯᠠᠬᠤ ᠳᠠᠭᠠᠨ ︽ᠠ᠊︾ ᠡᠬᠢ ᠲᠠᠢ | ᠬᠡᠰᠡᠭ ᠦᠬᠡᠰ ᠤᠨ ᠦᠬᠡ ᠬᠡᠯᠡᠨ ᠳᠤ ᠢᠯᠡᠷᠡᠭᠰᠡᠨ ᠬᠡᠰᠡᠭ ᠠᠭᠤᠯᠭ᠎ᠠ ᠲᠠᠢ ᠤᠶᠠᠯᠳᠤᠭᠤᠯᠵᠤ ᠰᠢᠡᠵᠢᠯᠡᠨᠠ᠃ | ︽ᠠ᠊︾ ᠡᠬᠡᠰᠢᠭ ᠢ ᠠᠪᠢᠶᠠᠯᠠᠬᠤ ᠦᠶ᠎ᠠ ᠶᠢᠨ ᠠᠮᠠᠨ ᠤ ᠬᠦᠡᠳᠡᠢ ᠶᠢᠨ ᠨᠡᠬᠡᠬᠡᠭᠳᠡᠬᠦ ᠬᠡᠮᠵᠢᠶ᠎ᠠ ᠨᠢ ᠪᠤᠰᠤᠳ ᠡᠬᠡᠰᠢᠭ ᠢ | ᠠᠪᠢᠶᠠᠯᠠᠬᠤ ᠦᠶ᠎ᠠ ᠶᠢᠨ ᠠᠮᠠᠨ ᠬᠦᠡᠳᠡᠢ ᠶᠢᠨ ᠨᠡᠬᠡᠬᠡᠭᠳᠡᠬᠦ ᠬᠡᠮᠵᠢᠶ᠎ᠠ ᠠᠴᠠ ᠪᠦᠷ ᠴᠦ ᠶᠡᠭᠡ ᠪᠠᠶᠢᠳᠠᠭ᠃ ᠡᠬᠦᠨ ᠳᠤ | ᠰᠡᠳᠬᠢᠬᠦᠢ ᠶᠢᠨ ᠨᠦᠯᠦᠬᠡᠯᠡᠯ ᠤᠷᠤᠰᠢᠵᠤ ᠪᠠᠶᠢᠬᠤ ᠶᠤᠮ᠃ ᠬᠦᠮᠦᠰ ᠤᠨ ᠰᠡᠳᠬᠢᠬᠦᠢ ᠶᠢᠨ ᠠᠵᠢᠯᠯᠠᠭ᠎ᠠ ᠨᠢ ᠬᠦᠮᠦᠰ | ᠤᠨ ᠠᠯᠢᠪᠠ ᠦᠢᠯᠨ ᠬᠦᠳᠡᠯᠬᠡᠬᠡᠨ ᠢ ᠵᠢᠯᠤᠭᠤᠳᠴᠤ ᠪᠠᠶᠢᠳᠠᠭ᠃ ᠬᠦᠮᠦᠰ ᠪᠠᠶᠢᠭᠠᠯᠢ ᠶᠢᠷᠲᠢᠡᠴᠤ ᠶᠢᠨ ᠬᠡᠷᠡᠭ ᠪᠤᠳᠡᠰ | ᠦᠵᠡᠭᠳᠡᠯ ᠢ ᠰᠢᠡᠵᠢᠵᠤ ᠳᠡᠬᠦᠨ ᠤ ᠤᠡᠴᠠᠯᠢᠭ ᠰᠢᠡᠵᠢ ᠶᠢ ᠰᠡᠳᠬᠢᠬᠦᠢ ᠪᠠᠷ ᠢᠶᠠᠨ ᠳᠡᠮᠵᠢᠭᠤᠯᠤᠨ ᠦᠬᠡ ᠬᠡᠯᠨ | ᠳᠡᠬᠡᠷ᠎ᠠ ᠬᠡᠶᠢᠰᠪᠤᠷᠢᠯᠡᠨ ᠭᠠᠷᠭᠠᠬᠤ ᠦᠶ᠎ᠠ ᠳᠤ ᠦᠬᠦᠯᠡᠬᠦ ᠡᠷᠬᠡᠳᠡᠨ ᠤ ᠬᠤᠪᠢᠷᠡᠯᠳᠡ ᠶᠢᠨ ᠪᠠᠶᠢᠳᠡᠯ ᠨᠢ ᠪᠤᠳᠡᠳᠡᠢ | ᠬᠡᠷᠡᠭ ᠪᠤᠳᠡᠰ ᠤᠨ ᠬᠡᠯᠪᠡᠷᠢ ᠪᠠᠶᠢᠳᠡᠯ ᠳᠤ ᠶᠠᠭ ᠨᠦᠯᠦᠬᠡᠯᠡᠭᠳᠡᠬᠦ ᠦᠭᠡᠢ ᠬᠡᠰᠡᠨ ᠶᠠᠪᠤᠳᠡᠯ ᠪᠠᠶᠢᠬᠤ ᠦᠭᠡᠢ ᠶᠤᠮ᠃ | ᠬᠠᠷᠢᠨ ᠵᠠᠷᠢᠮ ᠳᠠᠭᠠᠨ ᠮᠡᠰᠢ ᠨᠦᠯᠦᠬᠡᠯᠡᠳᠡᠭ᠂ ᠦᠯᠢᠬᠡᠷᠯᠡᠪᠡᠯ᠂ ᠳᠡᠬᠡᠷ᠎ᠠ ᠬᠡᠰᠡᠭ ᠦᠬᠦᠯᠡᠮᠵᠢ ᠳᠤ ᠬᠢ ︽ᠪᠦ᠊︾ ᠶᠢ | ᠠᠪᠢᠶᠠᠯᠠᠬᠤ ᠦᠶ᠎ᠠ ᠳᠤ` ᠬᠤᠶᠠᠷ ᠤᠷᠤᠭᠤᠯ ᠬᠤᠮᠢᠨ ᠨᠠᠶᠢᠯᠠᠵᠤ ᠠᠮᠠᠨ ᠬᠦᠡᠳᠡᠢ ᠳᠤ ᠨᠢᠬᠡᠨ ᠪᠦᠮᠪᠤᠷᠢᠬᠡᠨ ᠤᠷᠤ | ᠲᠦᠷᠰᠦᠯᠡᠭᠳᠡᠨ ᠪᠦᠲᠦᠭᠰᠡᠨ ᠨᠢ ᠳᠤᠳᠤᠷᠬᠠᠢ ᠮᠡᠳᠡᠭᠳᠡᠬᠦ ᠶᠤᠮ᠃ | ︽ᠠ᠊︾ ᠡᠬᠢ ᠲᠠᠢ ᠬᠡᠰᠡᠭ ᠪᠦᠯᠦᠭ ᠦᠬᠡᠰ ᠢ ᠠᠵᠢᠭᠯᠠᠪᠠᠯ᠂ ᠮᠤᠩᠭᠤᠯ ᠬᠡᠯᠡᠨ ᠳᠠᠬᠢ ︽ᠠ᠊︾ ᠨᠢ. ᠠᠩ ᠴᠡᠪ | ᠭᠠᠷᠴᠤ ᠰᠠᠯᠵᠤ ᠪᠠᠶᠢᠭ᠎ᠠ ᠪᠠᠶᠢᠳᠡᠯ ᠢ ᠵᠢᠭᠠᠳᠠᠭ ᠤᠨ ᠤᠯᠠᠮ ᠠᠴᠠ ᠬᠤᠭᠤᠷᠤᠡᠲᠦ ᠪᠠᠨ ᠵᠤᠬᠢᠬᠤ ᠵᠡᠢ ᠠᠯᠤᠰᠯᠠᠵᠤ | ᠪᠠᠶᠢᠳᠠᠭ ᠶᠠᠭᠤᠮᠠᠰ ᠢ ᠵᠢᠭᠠᠬᠤ ᠳᠡᠬᠡᠷ᠎ᠠ ᠰᠢᠯᠵᠢᠵᠤ ᠬᠦᠭᠵᠢᠭᠰᠡᠨ ᠰᠢᠭ᠋ ᠰᠠᠨᠠᠭᠳᠡᠨ᠎ᠠ᠃ | ᠵᠢᠱᠢᠶᠡᠯᠡᠪᠡᠯ᠄ ᠠᠩ ᠴᠡᠪ ᠤᠨ ︽ᠠᠩ︾ ᠬᠡᠬᠦ ᠦᠬᠡ ᠶᠢᠨ ᠤᠳᠬ᠎ᠠ ᠨᠢ ᠪᠦᠳᠤᠨ ᠪᠠᠶᠢᠭᠰᠠᠨ ᠶᠠᠭᠤᠮ᠎ᠠ ᠰᠠᠯᠵᠤ | ᠬᠠᠭᠠᠷᠡᠨ ᠬᠤᠶᠠᠷ ᠳᠡᠰᠢ ᠵᠠᠶᠢᠳᠡᠨ ᠠᠩ ᠵᠠᠭᠠᠭ ᠭᠠᠷᠤᠭᠰᠠᠨ ᠢ ᠵᠢᠭᠠᠵᠠᠢ᠃ ᠬᠡᠳᠡᠯ᠎ᠠ ᠡᠬᠦᠨ ᠠᠴᠠ ᠪᠤᠯᠵᠤ ︽ᠠ᠊︾ | ᠠᠪᠢᠶ᠎ᠠ ᠶᠢ ᠡᠨ᠋ᠨ ᠨᠢᠬᠡ ᠶᠠᠭᠤᠮ᠎ᠠ ᠪᠠ ᠳᠠᠷᠨ ᠨᠢᠬᠡ ᠶᠠᠭᠤᠮ᠎ᠠ ᠶᠢ ᠬᠠᠷᠢᠴᠠᠭᠤᠯᠤᠭᠰᠠᠨ ᠤᠳᠬ᠎ᠠ ᠶᠢ ᠢᠯᠡᠳᠬᠡᠬᠦ ᠳᠤ | ᠬᠡᠷᠡᠭᠯᠡᠵᠤ ᠪᠤᠯᠬᠤ ᠪᠤᠯᠤᠮᠵᠢᠳᠡᠢ ᠪᠤᠯᠵᠡᠢ᠂ ᠳᠠᠷᠤᠢ ᠡᠨᠡᠬᠦ ᠨᠠᠷᠢᠨ ᠵᠠᠭᠠᠭ ᠤᠨ ᠨᠢᠬᠡ ᠳᠡᠯ᠎ᠠ ᠶᠢ ᠨᠦᠬᠦᠬᠡ ᠳᠡᠯ᠎ᠠ ᠲᠠᠢ | ᠬᠠᠷᠢᠴᠠᠭᠤᠯᠵᠤ ᠡᠬᠦᠨ ᠤ ᠤᠯᠠᠮ ᠠᠴᠠ ᠬᠤᠶᠡᠷ ᠡᠳᠡᠬᠡᠳ ᠲᠤ ᠪᠠᠶᠢᠭ᠎ᠠ ᠶᠠᠭᠤᠮ᠎ᠠ ᠪᠤᠳᠡᠰ ᠤᠨ ᠬᠤᠭᠤᠷᠤᠡᠳᠤᠬᠢ | ᠤᠷᠤᠨ ᠵᠡᠢ ᠶᠢᠨ ᠬᠠᠷᠢᠴᠠᠭ᠎ᠠ ᠶᠢ ︽ᠠ᠊︾ ᠡᠬᠢᠲᠡᠢ ᠦᠭᠡ ᠪᠠᠷ ᠢᠯᠡᠳᠭᠡᠵᠦ ᠪᠤᠯᠬᠤ ᠪᠤᠯᠤᠭᠰᠠᠨ ᠪᠠᠶᠢᠨ᠎ᠠ᠃ | ᠲᠤᠬᠠᠶᠢᠯᠠᠪᠠᠯ᠂ ᠬᠦᠮᠦᠰ ᠬᠤᠶᠠᠷ ᠭᠠᠷ ᠢᠶᠠᠨ ᠬᠤᠶᠠᠷ ᠲᠡᠰᠢ ᠰᠤᠩᠭᠠᠨ ᠨᠢᠭᠡ ᠰᠢᠯᠤᠭᠤᠨ ᠲᠡᠭᠡᠷ᠎ᠡ ᠤᠷᠤᠰᠢᠬᠤ | ᠦᠶᠡᠰ ᠤᠨ ᠬᠤᠶᠠᠷ ᠭᠠᠷ ᠤᠨ ᠠᠯᠠᠭ᠎ᠠ ᠶᠢᠨ ᠵᠠᠶᠢᠲᠠᠭᠰᠠᠨ ᠢ ︽ᠠᠯᠲᠠᠯᠠᠬᠤ︾ ᠭᠡᠵᠡᠢ᠃ ᠬᠦᠮᠦᠰ ᠶᠠᠪᠤᠬᠤ ᠦᠶᠡᠰ | ᠤᠨ ᠬᠤᠶᠠᠷ ᠬᠦᠯ ᠤᠨ ᠵᠠᠶᠢᠲᠠᠨ ᠰᠠᠯᠬᠤ ᠪᠠᠶᠢᠲᠠᠯ ᠢ ︽ᠠᠯᠬᠤᠬᠤ︾ ᠭᠡᠵᠡᠢ᠃ ᠡᠲᠡᠭᠡᠷ ︽ᠠᠩ᠂ ᠠᠯᠲᠠᠯᠠᠬᠤ᠂ | ᠠᠯᠬᠤᠬᠤ︾ ᠭᠡᠬᠦ ᠮᠡᠲᠦ ᠦᠭᠡᠰ ᠨᠢ ᠲᠤᠩ ᠢᠪᠴᠤᠤ ᠬᠠᠷᠠᠭᠠᠨ ᠤ ᠲᠤᠲᠤᠷᠠᠬᠢ ᠬᠤᠶᠠᠷ ᠴᠤᠭᠴᠠ ᠪᠡᠶ᠎ᠡ ᠶᠢᠨ | ᠤᠶᠢᠷᠠᠯᠴᠠᠭ᠎ᠠ ᠪᠠᠶᠢᠷᠢᠨ ᠳᠤ ᠰᠠᠯᠵᠤ ᠪᠠᠶᠢᠬᠤ ᠪᠠᠶᠢᠲᠠᠯ ᠢ ᠲᠤᠰᠬᠠᠵᠠᠢ᠃ ᠲᠠᠷᠤᠢ ᠰᠠᠯᠤᠩᠭᠢ ᠪᠤᠯᠪᠠᠴᠤ ᠬᠦᠮᠦᠰ ᠤᠨ | ᠨᠢᠲᠤᠨ ᠬᠠᠷᠠᠭᠠᠨ ᠳᠤ ᠰᠢᠭᠤᠳ ᠦᠵᠡᠭᠲᠡᠵᠦ ᠪᠠᠶᠢᠭ᠎ᠠ ᠪᠠᠶᠢᠲᠠᠯ ᠢ ᠲᠤᠰᠬᠠᠭᠰᠠᠨ ᠪᠠᠶᠢᠨ᠎ᠠ᠃ | ᠬᠦᠮᠦᠰ ᠤᠨ ᠬᠡᠶᠢᠰᠪᠦᠷᠢ ᠰᠡᠳᠬᠢᠬᠦᠢ ᠶᠢᠨ ᠴᠢᠲᠠᠪᠤᠷᠢ ᠲᠡᠭᠡᠭᠰᠢᠯᠡᠵᠦ ᠢᠷᠡᠭᠰᠡᠨ ᠢᠶᠠᠷ ᠨᠢᠲᠤᠨ ᠬᠠᠷᠠᠭᠠᠨ ᠳᠤ | ᠰᠢᠭᠤᠳ ᠬᠠᠷᠠᠭᠲᠠᠬᠤ ᠦᠭᠡᠢ ᠶᠠᠭᠤᠮ᠎ᠠ ᠦᠵᠡᠭᠳᠡᠯ ᠢ ᠴᠦ ᠬᠤᠭᠤᠷᠤᠨᠲᠤ ᠨᠢ ᠬᠠᠶᠢᠷᠴᠠᠭᠤᠯᠤᠨ ᠰᠡᠳᠬᠢᠬᠦ | ᠪᠤᠯᠤᠭᠰᠠᠨ ᠪᠠᠶᠢᠨ᠎ᠠ᠃ ᠲᠡᠶᠢᠨᠬᠦ᠂ ᠡᠶᠢᠮᠦ ᠮᠠᠶ᠋ᠢᠭ ᠤᠨ ᠰᠡᠳᠬᠢᠬᠦᠢ ᠶᠢᠨ ᠶᠠᠪᠤᠴᠠ ᠳᠤ ᠲᠤᠰᠬᠠᠭᠲᠠᠭᠰᠠᠨ ᠬᠡᠷᠡᠭ | ᠦᠵᠡᠭᠲᠡᠯ ᠢ ᠬᠡᠶᠢᠰᠪᠦᠷᠢᠯᠡᠨ ᠬᠤᠷᠢᠶᠠᠩᠭᠤᠶᠢᠯᠠᠵᠤ ᠢᠯᠡᠳᠭᠡᠬᠦ ᠦᠭᠡ ᠬᠡᠯᠨ ᠱᠠᠭᠠᠷᠲᠠᠭᠲᠠᠨᠠ᠃ | ᠵᠢᠱᠢᠶᠡᠯᠡᠪᠡᠯ᠂ ᠠᠩ ᠬᠦᠷᠦᠭᠡ ᠶᠢᠨ ︽ᠠᠩ︾ ᠭᠡᠬᠦ ᠦᠭᠡ ᠨᠢ ᠲᠠᠯᠳᠠ ᠬᠤᠯᠨ ᠵᠠᠢ ᠳᠠᠬᠢ ᠶᠠᠭᠤᠮᠠᠰ ᠢ | ᠬᠠᠷᠢᠴᠠᠭᠤᠯᠤᠨ ᠰᠡᠳᠬᠢᠬᠦ ᠶᠠᠪᠤᠴᠠ ᠳᠤ ᠲᠤᠰᠬᠠᠭᠲᠠᠭᠰᠠᠨ ᠭᠡᠷᠡᠭ ᠦᠵᠡᠭᠲᠡᠯ ᠢ ᠬᠡᠶᠢᠰᠪᠦᠷᠢᠯᠡᠨ | ᠬᠤᠷᠢᠶᠠᠩᠭᠤᠶᠢᠯᠠᠭᠰᠠᠨ ᠦᠭᠡ ᠪᠤᠯᠬᠤ ᠶᠤᠮ ᠭᠡᠵᠦ ᠦᠵᠡᠨ᠎ᠡ᠃ ᠡᠨᠡ ᠪᠤᠯ ᠠᠩᠨᠠᠬᠤ ᠪᠠᠷ ᠶᠠᠪᠤᠭᠰᠠᠨ ᠬᠦᠮᠦᠨ ᠪᠠ | ᠲᠤᠬᠠᠢ ᠶᠢᠨ ᠬᠦᠮᠦᠰ ᠤᠨ ᠤᠷᠤᠨ ᠭᠡᠷ ᠬᠤᠶᠠᠷ ᠢ ᠬᠠᠷᠢᠴᠠᠭᠤᠯᠤᠨ ᠰᠡᠳᠬᠢᠵᠦ᠂ ᠭᠡᠷ ᠬᠦᠮᠦᠨ ᠬᠤᠶᠠᠭᠤᠯᠨ ᠶᠢᠨ | ᠬᠤᠯᠨ ᠵᠠᠶᠢᠲᠠᠭᠰᠠᠨ ᠪᠠᠶᠢᠲᠠᠯ ᠢ ᠲᠤᠰᠬᠠᠬᠤ ᠪᠠᠷ ︽ᠠ᠊︾ ᠠᠪᠢᠶ᠎ᠠ ᠶᠢ ᠬᠡᠷᠡᠭᠯᠡᠵᠦ᠂ ᠲᠠᠷᠤᠢ ︽ᠠᠩ︾ ᠭᠡᠬᠦ ᠦᠭᠡ | ᠪᠤᠢ ᠪᠤᠯᠤᠭᠰᠠᠨ ᠮᠡᠲᠦ᠃ ᠪᠠᠰᠨ ᠡᠷᠦᠭᠡ ᠭᠡᠷ ᠠᠴᠠ ᠪᠠᠨ ᠬᠤᠯᠠᠲᠠᠨ ᠭᠡᠭᠡᠷ᠎ᠡ ᠭᠠᠲᠠᠭ᠎ᠠ ᠶᠠᠪᠤᠭᠰᠠᠨ ᠢ ︽ᠠᠶᠠᠨ ᠳᠤ | ᠶᠠᠪᠤᠭᠰᠠᠨ︾ ᠭᠡᠵᠦ ᠶᠠᠷᠢᠲᠠᠭ ᠪᠠᠶᠢᠨ᠎ᠠ᠃ ᠪᠠᠰᠨ ᠬᠤᠶᠠᠷ ᠶᠠᠭᠤᠮ᠎ᠠ ᠬᠤᠭᠤᠷᠤᠨᠲᠤ ᠪᠠᠨ ᠬᠤᠯᠨ ᠵᠠᠢ ᠳᠤ ᠤᠷᠤᠰᠢᠵᠤ | ᠪᠠᠶᠢᠭ᠎ᠠ ᠶᠢ ︽ᠠᠯᠤᠰ︾ ᠭᠡᠬᠦ ᠦᠭᠡ ᠪᠠᠷ ᠢᠯᠡᠳᠭᠡᠲᠡᠭ᠃ | ᠡᠭᠦᠨ ᠳᠤ ︽ᠠᠯᠬᠤᠬᠤ᠂ ᠠᠩᠨᠠᠬᠤ᠂ ᠠᠯᠤᠰ︾ ᠭᠡᠬᠦ ᠮᠡᠲᠦ ᠦᠭᠡᠰ ᠨᠢ ᠭᠤᠤᠯᠲᠠᠭᠤ ᠬᠤᠶᠠᠷ ᠵᠦᠢᠯ ᠤᠨ ᠠᠳᠠᠯᠢ | ᠪᠤᠰᠤ ᠤᠷᠤᠨ ᠪᠠᠶᠢᠷᠢ ᠳᠤ ᠬᠠᠷᠢᠴᠠᠭᠤᠯᠤᠯ ᠬᠢᠵᠦ ᠬᠤᠶᠠᠷ ᠵᠦᠢᠯ ᠤᠨ ᠤᠷᠤᠨ ᠪᠠᠶᠢᠷᠢ ᠳᠠᠬᠢ ᠶᠠᠭᠤᠮ᠎ᠠ ᠪᠤᠲᠠᠰ ᠤᠨ | ᠰᠠᠯᠵᠤ ᠵᠠᠶᠢᠲᠠᠨ ᠤᠷᠤᠰᠢᠬᠤ ᠪᠠᠶᠢᠷᠢ ᠶᠢ ᠢᠯᠡᠳᠭᠡᠭᠰᠡᠨ ᠨᠡᠶᠢᠳᠡᠯᠢᠭ ᠤᠳᠬ᠎ᠠ ᠲᠠᠢ ᠪᠠᠶᠢᠨ᠎ᠠ᠃ | ᠬᠦᠮᠦᠰ ᠤᠨ ᠪᠠᠶᠢᠭᠠᠯᠢ ᠶᠢᠷᠲᠢᠨᠴᠦ ᠶᠢᠨ ᠬᠡᠷᠡᠭ ᠦᠵᠡᠭᠲᠡᠯ ᠤᠨ ᠲᠤᠬᠠᠢ ᠲᠠᠨᠢᠯᠳᠠ ᠨᠢ ᠬᠢᠵᠠᠭᠠᠷ ᠲᠠᠢ ᠵᠤᠭᠰᠤᠩᠬᠢ | ᠪᠢᠰᠢ ᠶᠤᠮ᠃ ᠬᠦᠮᠦᠰ ᠤᠨ ᠬᠡᠷᠡᠭ ᠦᠵᠡᠭᠲᠡᠯ ᠤᠨ ᠲᠤᠬᠠᠢ ᠲᠠᠨᠢᠯᠳᠠ ᠨᠢ ᠬᠦᠨᠵᠡᠭᠡᠶᠢᠷᠡᠬᠦ ᠶᠠᠪᠤᠴᠠ ᠳᠤ ︽ | ᠠᠭᠤᠲᠠᠮ᠂ ᠠᠭᠤᠯᠨ᠂ ᠠᠭᠤᠤ︾ ᠭᠡᠬᠦ ᠮᠡᠲᠦ ᠤᠬᠠᠭᠲᠠᠬᠤᠨ ᠪᠤᠢ ᠪᠤᠯᠵᠠᠢ᠃ ︽ᠠᠭᠤᠲᠠᠮ᠂ ᠠᠭᠤᠯᠨ᠂ ᠠᠭᠤᠤ︾ | ᠭᠡᠬᠦ ᠦᠭᠡᠰ ᠨᠢ ︽ᠠᠩ᠂ ᠠᠯᠬᠤᠬᠤ᠂ ᠠᠯᠤᠰ︾ ᠭᠡᠬᠦ ᠮᠡᠲᠦ ᠦᠭᠡᠰ ᠲᠠᠢ ᠵᠤᠬᠢᠬᠤ ᠨᠡᠶᠢᠲᠡᠯᠢᠭ ᠤᠳᠬ᠎ᠠ ᠲᠠᠢ | ᠪᠤᠯᠪᠠᠴᠤ ᠠᠭᠤᠯᠭ᠎ᠠ ᠪᠠᠷ ᠤᠯᠠᠮ ᠪᠠᠶᠠᠯᠢᠭ ᠰᠠᠨᠠᠭ᠎ᠠ ᠨᠢ ᠨᠡᠩ ᠬᠦᠨᠵᠡᠭᠡᠢ ᠪᠤᠯᠤᠭᠰᠠᠨ ᠶᠤᠮ᠃ ︽ᠠᠭᠤᠲᠠᠮ︾ ᠭᠡᠬᠦ | ᠦᠭᠡ ᠨᠢ ᠨᠢᠭᠡ ᠤᠷᠤᠨ ᠪᠠᠶᠢᠷᠢ ᠳᠠᠬᠢ ᠬᠡᠷᠡᠭ ᠪᠤᠲᠠᠰ ᠪᠠ ᠨᠦᠬᠦᠭᠡ ᠨᠢᠭᠡ ᠤᠷᠤᠨ ᠪᠠᠶᠢᠷᠢ ᠳᠠᠬᠢ ᠬᠡᠷᠡᠭ ᠪᠤᠲᠠᠰ | ᠤᠨ ᠬᠤᠭᠤᠷᠤᠨᠲᠤ ᠪᠠᠨ ᠮᠠᠰᠢ ᠬᠤᠯᠨ ᠳᠤ ᠰᠠᠯᠤᠩᠬᠢᠲᠠ ᠤᠷᠤᠰᠢᠵᠤ ᠪᠠᠶᠢᠬᠤ ᠪᠠᠶᠢᠲᠠᠯ ᠢ ᠲᠤᠰᠬᠠᠭᠰᠠᠨ ᠳᠡᠲᠦᠢ ᠪᠠᠷ | ᠵᠤᠭᠰᠤᠭᠰᠠᠨ ᠦᠭᠡᠢ᠂ ᠲᠤᠬᠠᠢ ᠶᠢᠨ ᠲᠤᠭᠤᠷᠢᠨ ᠳᠠᠬᠢ ᠮᠠᠰᠢ ᠤᠯᠠᠨ ᠬᠡᠷᠡᠭ ᠪᠤᠲᠠᠰ ᠤᠳ ᠬᠤᠭᠤᠷᠤᠨᠲᠤ ᠪᠠᠨ | ᠬᠤᠯᠨ ᠠᠯᠤᠰᠯᠠᠵᠤ ᠰᠠᠯᠤᠩᠬᠢᠳᠠ ᠤᠷᠤᠰᠢᠬᠤ ᠶᠢ ᠬᠡᠶᠢᠰᠪᠦᠷᠢᠯᠡᠨ ᠰᠡᠳᠬᠢᠵᠦ ᠬᠤᠷᠢᠶᠠᠩᠭᠤᠶᠢᠯᠠᠨ ᠲᠤᠰᠬᠠᠵᠠᠢ᠃ | ᠲᠡᠶᠢᠮᠦ ᠠᠴᠠ ︽ᠠ᠊︾ ᠡᠬᠢ ᠲᠠᠢ ᠦᠭᠡ ᠪᠠᠷ ︽ᠶᠡᠭᠡ︾ ᠭᠡᠬᠦ ᠤᠳᠬ᠎ᠠ ᠶᠢ ᠢᠯᠡᠳᠭᠡᠵᠦ ᠪᠤᠯᠬᠤ ᠪᠤᠯᠤᠮᠵᠢᠲᠠᠢ | ᠪᠤᠯᠵᠠᠢ᠃ ︽ᠠᠭᠤᠲᠠᠮ᠂ ᠠᠭᠤᠢ᠂ ᠠᠭᠤᠯᠨ᠂ ᠠᠭᠤᠤ᠂ ᠠᠤᠭ᠎ᠠ︾ ᠭᠡᠬᠦ ᠦᠭᠡᠰ ᠪᠦᠷ ︽ᠶᠡᠭᠡ︾ ᠭᠡᠬᠦ ᠤᠳᠬ᠎ᠠ | ᠠᠭᠤᠯᠵᠤ ᠪᠠᠶᠢᠭ᠎ᠠ ᠶᠤᠮ᠃ ︽ᠠᠭᠤᠯᠨ︾ ᠨᠢ ᠠᠯᠤᠰ ᠬᠤᠯᠨ ᠠᠴᠠ ᠲᠤᠲᠤᠬᠠᠨ ᠬᠠᠷᠠᠭᠲᠠᠵᠤ ᠪᠠᠶᠢᠲᠠᠭ ᠲᠤᠯᠨ | ᠲᠡᠭᠦᠨ ᠤ ︽ᠶᠡᠭᠡ︾ ᠭᠡᠲᠡᠭ ᠢ ᠲᠤᠰᠬᠠᠬᠤ ᠪᠠᠷ ︽ᠠᠭᠤᠯᠨ︾ ᠭᠡᠵᠦ ᠨᠡᠷᠡᠯᠡᠭᠰᠡᠨ ᠰᠢᠭ᠃ ᠡᠨᠡ ᠮᠡᠲᠦ ᠪᠠᠷ ︽ | ᠠᠭᠯᠠᠭ᠂ ᠠᠪᠤᠷᠭᠤ᠂ ᠠᠰᠤᠷᠤ᠂ ᠠᠰᠠᠭᠷᠠᠮᠠ᠂ ᠠᠭᠠᠲᠠᠷ︾ ᠭᠡᠬᠦ ᠦᠭᠡᠰ ᠢᠶᠠᠷ ᠪᠦᠷ ︽ᠶᠡᠭᠡ︾ ᠭᠡᠲᠡᠭ ᠤᠳᠬ᠎ᠠ | ᠶᠢ ᠭᠠᠷᠭᠠᠵᠠᠢ᠃ | ᠪᠠᠰᠨ ︽ᠠᠬᠠᠮᠠᠳ᠂ ᠠᠪᠤᠭᠠᠢ᠂ ᠠᠪᠤ᠂ ᠠᠬ᠎ᠠ᠂ ᠠᠭ᠎ᠠ︾ ᠭᠡᠬᠦ ᠮᠡᠲᠦ ᠦᠭᠡᠰ ᠲᠤ ᠪᠦᠷ ︽ᠶᠡᠭᠡ︾ ᠭᠡᠬᠦ | ᠤᠳᠬ᠎ᠠ ᠠᠭᠤᠯᠵᠤ ᠪᠠᠶᠢᠨ᠎ᠠ᠃ ᠮᠥᠨ ᠴᠦ ︽ᠠᠯᠲᠠᠷ᠂ ᠠᠯᠲᠠᠭ᠎ᠠ᠂ ᠠᠩᠭᠠᠬᠤ᠂ ᠠᠴᠢ᠂ ᠠᠢ︾ ᠭᠡᠬᠦ ᠮᠡᠲᠦ | ᠦᠭᠡᠰ ᠲᠤ ᠪᠦᠷ ᠴᠦ ︽ᠶᠡᠭᠡ︾ ᠭᠡᠬᠦ ᠰᠠᠨᠠᠭ᠎ᠠ ᠬᠠᠲᠠᠭᠠᠯᠠᠭᠲᠠᠵᠤ ᠪᠠᠶᠢᠨ᠎ᠠ᠃ ︽ᠠᠯᠲᠠᠷ︾ ᠭᠡᠬᠦ ᠦᠭᠡ ᠪᠤᠯ | ᠨᠡᠷ᠎ᠡ ᠨᠢ ᠶᠡᠭᠡ ᠮᠠᠨᠲᠤᠭᠰᠠᠨ ᠢ ᠵᠢᠭᠠᠵᠠᠢ᠃ ︽ᠠᠯᠲᠠᠭ᠎ᠠ︾ ᠭᠡᠬᠦ ᠦᠭᠡ ᠪᠠᠷ ᠶᠡᠭᠡ ᠲᠤᠲᠠᠭᠲᠠᠯ ᠲᠠᠢ ᠶᠢ | ᠢᠡᠯᠳᠭᠡᠵᠡᠢ᠃ ︽ᠠᠩᠭᠠᠬᠤ︾ ᠭᠡᠬᠦ ᠦᠭᠡ ᠪᠠᠷ ᠶᠡᠭᠡ ᠤᠮᠲᠠᠭᠠᠰᠤᠭᠰᠠᠨ ᠢ ᠢᠯᠡᠳᠭᠡᠵᠡᠢ᠃ ︽ᠠᠴᠢ︾ ᠭᠡᠵᠦ | ᠶᠡᠭᠡ ᠲᠤᠰᠠ ᠶᠢ ᠵᠢᠭᠠᠵᠠᠢ᠃ ︽ᠠᠢ︾ ᠭᠡᠵᠦ ᠶᠡᠭᠡ ᠬᠠᠲᠠᠭᠠᠯᠠᠭᠲᠠᠴᠠ ᠲᠠᠢ ᠪᠠᠶᠢᠭ᠎ᠠ ᠶᠢ ᠲᠤᠰᠬᠠᠵᠠᠢ᠃ | ᠶᠡᠷᠦᠩᠬᠡᠶᠢᠯᠡᠵᠦ ᠦᠵᠡᠪᠡᠯ ︽ᠠ᠊︾ ᠡᠬᠢ ᠲᠠᠢ ᠬᠡᠰᠡᠭ ᠦᠭᠡᠨ ᠳᠤ ᠠᠩᠭᠠᠶᠢᠵᠤ ᠵᠠᠶᠢᠲᠠᠭᠰᠠᠨ ᠪᠤᠶᠤ ᠶᠡᠭᠡ ᠬᠡᠬᠦ | ᠤᠳᠬ᠎ᠠ ᠶᠢ ᠢᠯᠡᠳᠭᠡᠭᠰᠡᠨ ᠨᠡᠶᠢᠳᠡᠯᠢᠭ ᠰᠠᠨᠠᠭ᠎ᠠ ᠠᠭᠤᠯᠵᠤ ᠪᠠᠶᠢᠨ᠎ᠠ᠃ ᠨᠠᠷᠢᠨ ᠰᠢᠨᠵᠢᠪᠡᠯ ︽ᠠ᠊︾ ᠡᠬᠢ ᠲᠠᠢ | ᠵᠠᠷᠢᠮ ᠵᠢᠭᠡᠯᠡᠯᠭᠡ ᠦᠭᠡ ︽ᠠᠷᠢᠬᠢ᠂ ᠠᠯᠮᠠᠰ︾ ᠲᠤ ᠴᠦ ᠲᠡᠭᠡᠷ᠎ᠡ ᠶᠠᠷᠢᠭᠰᠠᠨ ᠰᠢᠭ᠋ ᠨᠡᠶᠢᠳᠡᠯᠢᠭ ᠰᠠᠨᠠᠭ᠎ᠠ ᠠᠭᠤᠯᠵᠤ | ᠪᠠᠶᠢᠲᠠᠭ ᠨᠢ ᠴᠤᠬᠤᠮ ᠠᠯᠢ ᠦᠶ᠎ᠡ ᠳᠤ ᠬᠡᠨ ᠨᠢ ᠬᠡᠨ ᠠᠴᠠ ᠪᠠᠨ ᠵᠢᠭᠡᠯᠡᠭᠰᠡᠨ ᠪᠤᠢ ᠭᠡᠵᠦ ᠰᠠᠨᠠᠭᠲᠠᠭᠤᠯᠤᠨᠠ᠃ | ︽ᠠ᠊︾ ᠡᠬᠢ ᠲᠠᠢ ᠬᠡᠰᠡᠭ ᠦᠭᠡᠰ ᠨᠢ ᠲᠡᠷᠨ ᠮᠡᠲᠦ ᠨᠡᠶᠢᠳᠡᠯᠢᠭ ᠤᠳᠬ᠎ᠠ ᠲᠠᠢ ᠪᠦᠭᠡᠳ ᠪᠠᠰᠨ ᠪᠦᠷ ᠦᠪᠡᠷᠮᠢᠴᠡ | ᠤᠳᠬ᠎ᠠ ᠲᠠᠢ ᠲᠤᠯᠨ ᠲᠡᠲᠡᠭᠡᠷ ᠤᠨ ᠲᠤᠰᠬᠠᠭᠰᠠᠨ ᠤᠳᠬ᠎ᠠ ᠨᠢ ᠬᠦᠨᠵᠡᠭᠡᠢ᠂ ᠠᠭᠤᠯᠭ᠎ᠠ ᠨᠢ ᠪᠠᠶᠠᠯᠢᠭ ᠪᠠᠶᠢᠵᠤ | ᠬᠦᠮᠦᠰ ᠢ ᠨᠦᠯᠦᠭᠡᠯᠡᠬᠦ ᠬᠦᠴᠦᠨ ᠢᠶᠠᠷ ᠶᠡᠭᠡ ᠪᠠᠶᠢᠲᠠᠭ ᠶᠤᠮ᠃ ᠲᠡᠶᠢᠮᠦ ᠤᠴᠢᠷ ᠠᠴᠠ ᠬᠦᠮᠦᠰ ᠤᠨ ᠰᠡᠳᠬᠢᠬᠦᠢ | ᠤᠨ ᠬᠦᠭᠵᠢᠯ ᠢ ᠠᠬᠢᠭᠤᠯᠬᠤ ᠦᠢᠯᠡᠲᠦᠯ ᠢᠶᠠᠷ ᠴᠢᠩᠭ᠎ᠠ ᠪᠠᠶᠢᠲᠠᠭ᠃ | ᠲᠡᠭᠡᠷᠡᠬᠢ ᠠᠵᠢᠭᠯᠠᠯᠳᠠ ᠠᠴᠠ ᠦᠵᠡᠪᠡᠯ ︽ᠪᠦ᠊︾ ᠡᠬᠢ ᠲᠠᠢ ᠬᠡᠰᠡᠭ ᠦᠭᠡᠰ ᠪᠠ ︽ᠠ᠊︾ ᠡᠬᠢ ᠲᠠᠢ ᠬᠡᠰᠡᠭ | ᠦᠭᠡᠰ ᠨᠢ ᠪᠦᠷ ᠲᠤᠰᠬᠠᠷ ᠲᠤᠰᠬᠠᠷ ᠨᠡᠶᠢᠳᠡᠯᠢᠭ ᠤᠳᠬ᠎ᠠ ᠲᠠᠢ ᠪᠠᠶᠢᠨ᠎ᠠ᠃ ᠭᠡᠪᠡᠴᠦ ᠶᠢᠷᠲᠢᠨᠴᠦ ᠪᠤᠯ ᠬᠢᠵᠠᠭᠠᠷ | ᠦᠭᠡᠢ ᠬᠤᠪᠢᠰᠤᠯᠳᠠ ᠶᠢᠨ ᠲᠤᠮᠲᠠ ᠤᠷᠤᠰᠢᠵᠤ ᠪᠠᠶᠢᠭ᠎ᠠ ᠲᠤᠯᠨ ᠶᠢᠷᠳᠢᠨᠴᠦ ᠶᠢᠨ ᠬᠡᠷᠡᠭ ᠦᠵᠡᠭᠲᠡᠯ ᠤᠨ ᠲᠤᠬᠠᠢ | ᠬᠡᠶᠢᠰᠪᠤᠷᠢᠯᠡᠯ ᠬᠤᠷᠢᠶᠠᠩᠭᠤᠶᠢᠯᠠᠯ ᠪᠤᠯᠬᠤ ᠦᠭᠡ ᠬᠡᠯᠨ ᠪᠠ ᠲᠡᠭᠦᠨ ᠤ ᠤᠳᠬ᠎ᠠ ᠠᠭᠤᠯᠭ᠎ᠠ ᠶᠢᠨ ᠬᠦᠭᠵᠢᠯᠳᠡ ᠨᠢ | ᠡᠨᠡ ᠮᠡᠲᠦ ᠨᠡᠶᠢᠳᠡᠯᠢᠭ ᠤᠳᠬ᠎ᠠ ᠳᠤ ᠬᠢᠵᠠᠭᠠᠷᠯᠠᠭᠲᠠᠨ ᠵᠤᠭᠰᠤᠩᠬᠢᠷᠠᠬᠤ ᠦᠭᠡᠢ ᠪᠦᠭᠡᠳ ᠬᠠᠷᠢᠨ ᠨᠡᠩ | ᠬᠦᠨᠵᠡᠭᠡᠶᠢᠷᠡᠨ ᠬᠦᠭᠵᠢᠬᠦ ᠪᠤᠯᠤᠨ᠎ᠠ᠃ ᠲᠤᠬᠠᠶᠢᠯᠠᠪᠠᠯ ︽ᠠᠶᠠᠯᠠᠬᠤ᠂ ᠠᠶᠠᠷᠯᠠᠬᠤ᠂ ᠠᠶᠢᠰᠤᠢ᠂ ᠠᠯᠭᠤᠷ᠂ ᠠᠭᠠᠵᠢᠮ᠂ | ᠠᠮᠢ︾ ᠭᠡᠬᠦ ᠮᠡᠲᠦ ᠦᠬᠡᠰ ᠨᠢ ᠲᠡᠭᠡᠷ᠎ᠡ ᠶᠠᠷᠢᠭᠰᠠᠨ ᠰᠢᠭ᠋ ᠨᠡᠶᠢᠳᠡᠯᠢᠭ ᠤᠳᠬ᠎ᠠ ᠶᠢ ᠬᠠᠲᠠᠭᠠᠯᠠᠵᠤ ᠪᠠᠶᠢᠭ᠎ᠠ ᠪᠦᠭᠡᠳ | ᠪᠠᠰᠨ ᠬᠦᠲᠡᠯᠭᠡᠭᠡᠨ ᠬᠤᠯᠪᠤᠭᠲᠠᠭᠰᠠᠨ ᠤᠳᠬ᠎ᠠ ᠲᠤᠲᠤᠷᠬᠠᠢ ᠮᠡᠲᠡᠷᠡᠭᠲᠡᠵᠦ ᠪᠠᠶᠢᠨ᠎ᠠ᠃ ᠡᠶᠢᠮᠦ ᠳᠤ ︽ᠠ᠊︾ ᠠᠪᠢᠶ᠎ᠠ | ᠳᠤ ᠠᠮᠢ ᠭᠡᠬᠦ ᠤᠳᠬ᠎ᠠ ᠲᠠᠢ ᠪᠠᠶᠢᠭ᠎ᠠ ᠭᠡᠵᠦ ᠰᠠᠨᠠᠭᠲᠠᠨ᠎ᠠ᠃ | ᠮᠤᠩᠭᠤᠯ ᠦᠭᠡ ᠬᠡᠯᠨ ᠨᠢ ᠪᠤᠰᠤᠳᠴᠢ ᠶᠢᠷᠳᠢᠨᠴᠦ ᠶᠢᠨ ᠤᠨᠴᠠᠭᠠᠢ ᠬᠠᠷᠢᠶᠠᠯᠠᠭᠲᠠᠬᠤ ᠴᠢᠨᠠᠷ ᠢ ᠬᠡᠶᠢᠰᠪᠦᠷᠢᠯᠡᠨ | ᠲᠤᠰᠬᠠᠵᠤ ᠪᠠᠶᠢᠭᠰᠠᠨ ᠠᠴᠠ ᠪᠠᠨ ᠤᠯᠠᠮ ᠢᠶᠠᠷ ᠬᠡᠷᠡᠭ ᠪᠤᠲᠠᠰ ᠤᠨ ᠰᠢᠨᠵᠢ ᠴᠢᠨᠠᠷ ᠢ ᠬᠡᠶᠢᠰᠪᠤᠷᠢᠯᠡᠨ ᠲᠤᠰᠬᠠᠬᠤ | ᠵᠦᠭ ᠬᠦᠨᠵᠡᠭᠡᠶᠢᠷᠡᠨ ᠬᠦᠭᠵᠢᠲᠡᠭ ᠪᠠᠶᠢᠨ᠎ᠠ᠃ ᠬᠦᠭᠵᠢᠯᠲᠡ ᠶᠢᠨ ᠶᠠᠪᠤᠴᠠ ᠳᠤ ᠮᠤᠩᠭᠤᠯ ᠦᠭᠡᠰ ᠨᠢ ᠵᠤᠬᠢᠬᠤ | ᠨᠡᠶᠢᠲᠡᠯᠢᠭ ᠤᠳᠬ᠎ᠠ ᠶᠢᠨ ᠲᠤᠭᠤᠷᠢᠨ ᠳᠤ ᠪᠠᠶᠠᠯᠢᠭᠵᠢᠯ ᠢᠶᠠᠨ ᠤᠯᠵᠤ᠂ ᠤᠯᠠᠩᠬᠢ ᠦᠭᠡ ᠨᠢ ᠨᠡᠶᠢᠳᠡᠯᠢᠭ ᠤᠳᠬ᠎ᠠ | ᠲᠠᠢ ᠪᠠᠶᠢᠲᠠᠭ ᠪᠦᠭᠡᠳ ᠭᠡᠷᠡᠭ ᠦᠵᠡᠭᠲᠡᠯ ᠤᠨ ᠨᠠᠷᠢᠨ ᠢᠯᠭᠠᠭ᠎ᠠ ᠶᠢ ᠲᠤᠰᠬᠠᠭᠰᠠᠨ ᠦᠪᠡᠷᠮᠢᠴᠡ ᠤᠳᠬ᠎ᠠ ᠲᠠᠢ | ᠪᠠᠶᠢᠲᠠᠭ᠃ ᠲᠡᠶᠢᠮᠦ ᠠᠴᠠ ᠮᠤᠩᠭᠤᠯ ᠦᠭᠡ ᠬᠡᠯᠨ ᠨᠢ ᠤᠳᠬ᠎ᠠ ᠬᠦᠨ ᠠᠭᠤᠯᠭ᠎ᠠ ᠪᠠᠷ ᠪᠠᠶᠠᠯᠢᠭ ᠪᠠᠶᠢᠲᠠᠭ ᠶᠤᠮ᠃ | ᠮᠤᠩᠭᠤᠯᠴᠤᠳ ᠨᠢ ᠪᠤᠰᠤᠳᠴᠢ ᠶᠢᠷᠳᠢᠨᠴᠦ ᠶᠢ ᠤᠶᠢᠯᠠᠭᠠᠬᠤ ᠳᠤ ᠪᠠᠨ ᠴᠢᠲᠠᠮᠠᠭᠠᠢ ᠪᠠᠶᠢᠵᠤ᠂ ᠬᠡᠷᠡᠭ ᠪᠤᠲᠠᠰ ᠤᠨ | ᠨᠠᠷᠢᠨ ᠢᠯᠭᠠᠭ᠎ᠠ ᠶᠢ ᠲᠠᠨᠢᠵᠤ ᠢᠯᠡᠷᠡᠭᠦᠯᠦᠨ᠂ ᠡᠨᠡᠬᠦ ᠨᠠᠷᠢᠨ ᠢᠯᠭᠠᠭ᠎ᠠ ᠶᠢ ᠦᠭᠡ ᠬᠡᠯᠨ ᠲᠡᠭᠡᠷ᠎ᠡ ᠬᠡᠶᠢᠰᠪᠦᠷᠢᠯᠡᠨ | ᠭᠠᠷᠭᠠᠬᠤ ᠳᠤ ᠪᠠᠨ ᠦᠭᠡᠰ ᠤᠨ ᠵᠤᠬᠢᠬᠤ ᠬᠦᠷᠢᠶᠡᠨ ᠳᠠᠬᠢ ᠨᠡᠶᠢᠳᠡᠯᠢᠭ ᠤᠳᠬ᠎ᠠ ᠳᠤ ᠬᠢᠵᠠᠭᠠᠷᠯᠠᠭᠲᠠᠬᠤ ᠦᠭᠡᠢ | ᠪᠠᠶᠢᠲᠠᠭ᠃ ᠡᠶᠢᠮᠦ ᠠᠴᠠ ᠬᠡᠷᠡᠭ ᠪᠤᠲᠠᠰ ᠤᠨ ᠨᠠᠷᠢᠨ ᠢᠯᠭᠠᠭ᠎ᠠ ᠶᠢ ᠲᠤᠰᠬᠠᠭᠰᠠᠨ ᠦᠪᠡᠷᠮᠢᠴᠡ ᠤᠳᠬ᠎ᠠ ᠪᠦᠬᠦᠢ | ᠦᠭᠡᠰ ᠨᠢ ᠨᠡᠩ ᠬᠦᠨᠵᠡᠭᠡᠶᠢᠷᠡᠭᠰᠡᠨ ᠨᠡᠶᠢᠳᠡᠯᠢᠭ ᠤᠳᠬ᠎ᠠ ᠶᠢᠨ ᠲᠤᠭᠤᠷᠢᠨ ᠳᠤ ᠲᠠᠰᠤᠷᠠᠯᠳᠠ ᠦᠭᠡᠢ ᠪᠤᠢ ᠪᠤᠯᠵᠤ | ᠮᠤᠩᠭᠤᠯ ᠬᠡᠯᠡᠨ ᠤ ᠦᠭᠡᠰ ᠤᠨ ᠰᠠᠩ ᠤᠯᠠᠮ ᠢᠶᠠᠷ ᠪᠠᠶᠠᠯᠢᠭᠵᠢᠲᠠᠭ ᠪᠠᠶᠢᠨ᠎ᠠ᠃ ᠡᠭᠦᠨ ᠠᠴᠠ ᠦᠵᠡᠪᠡᠯ᠂ | ᠪᠤᠰᠤᠳᠴᠢ ᠠᠬᠤᠢ ᠠᠴᠠ ᠰᠢᠯᠲᠠᠭᠠᠯᠠᠭᠲᠠᠭᠰᠠᠨ ᠮᠤᠩᠭᠤᠯ ᠦᠨᠳᠦᠰᠦᠲᠡᠨ ᠤ ᠰᠡᠳᠬᠢᠬᠦᠢ ᠶᠢᠨ ᠴᠢᠨᠠᠷ ᠪᠤᠯ ᠮᠤᠩᠭᠤᠯ | ᠦᠭᠡ ᠶᠢᠨ ᠬᠦᠭᠵᠢᠯᠳᠡ ᠪᠠ ᠪᠠᠶᠠᠯᠢᠭᠵᠢᠯ ᠤᠨ ᠴᠢᠬᠤᠯᠨ ᠰᠢᠯᠲᠠᠭᠠᠨ ᠪᠤᠯᠵᠤ ᠪᠠᠶᠢᠭ᠎ᠠ ᠶᠤᠮ ᠪᠠᠶᠢᠨ᠎ᠠ᠃ | ᠡᠶᠢᠮᠦ ᠠᠴᠠ ᠪᠢᠲᠡ ᠮᠤᠩᠭᠤᠯ ᠬᠡᠯᠨ ᠰᠤᠶᠤᠯ ᠤᠨ ᠲᠤᠬᠠᠢ ᠰᠤᠲᠤᠯᠬᠤ ᠳᠤ ᠪᠠᠨ ᠦᠰᠦᠭ ᠪᠢᠴᠢᠭ ᠤᠨ ᠬᠦᠷᠢᠶ᠎ᠡ | ᠬᠡᠪᠴᠢᠶᠡᠨ ᠳᠤ ᠯᠨ ᠬᠢᠵᠠᠭᠠᠷᠯᠠᠭᠲᠠᠭᠠᠳ ᠪᠤᠯᠬᠤ ᠪᠢᠰᠢ᠂ ᠨᠡᠩ ᠴᠢᠬᠤᠯᠨ ᠨᠢ ᠮᠤᠩᠭᠤᠯᠴᠤᠳ ᠤᠨ ᠤᠵᠢᠭᠤᠷ | ᠰᠡᠳᠬᠢᠬᠦᠢ᠂ ᠴᠢᠨᠠᠭᠰᠢᠯᠠᠭᠠᠳ ᠬᠦᠮᠦᠨᠴᠢᠷ ᠤᠨ ᠬᠢᠨ ᠦᠶ᠎ᠡ ᠳᠠᠬᠢ ᠰᠡᠳᠬᠢᠬᠦᠢ ᠶᠢᠨ ᠨᠦᠭᠦᠴᠡᠯ ᠲᠤᠤᠷ᠎ᠠ ᠪᠤᠢ | ᠪᠤᠯᠤᠭᠰᠠᠨ ᠠᠪᠢᠶ᠎ᠠ ᠲᠤᠬᠢᠶ᠎ᠠ ᠵᠦᠭ ᠰᠤᠲᠤᠯᠭᠠᠨ ᠢᠶᠠᠨ ᠬᠦᠨᠵᠡᠭᠡᠶᠢᠷᠡᠭᠦᠯᠵᠦ ᠨᠢᠭᠡ ᠶᠡᠭᠡ ᠰᠤᠲᠤᠯᠭᠠᠨ ᠤ ᠠᠢ ᠶᠢ | ᠨᠡᠭᠡᠭᠡᠬᠦ ᠡᠭᠦᠷᠭᠡ ᠮᠠᠨ ᠤ ᠡᠮᠦᠨ᠎ᠡ ᠲᠤᠯᠭᠠᠷᠠᠵᠤ ᠢᠷᠡᠪᠡ ᠭᠡᠲᠡᠭ ᠢ ᠤᠶᠢᠯᠠᠭᠠᠪᠠᠯ ᠵᠤᠬᠢᠨ᠎ᠠ᠃ | ᠭᠤᠷᠪᠠ᠂ ᠦᠭᠡᠰ ᠤᠨ ᠠᠲᠠᠭ ᠢ ᠬᠤᠯᠪᠤᠭᠲᠠᠭᠤᠯᠤᠨ ᠵᠠᠷᠢᠮ ᠠᠪᠢᠶ᠎ᠠ ᠲᠤᠬᠢᠶ᠎ᠠ ᠶᠢᠨ ᠤᠳᠬ᠎ᠠ ᠪᠦᠬᠦᠢ ᠰᠢᠨᠵᠢ | ᠶᠢ ᠰᠤᠲᠤᠯᠬᠤ ᠲᠤᠬᠠᠢ ᠮᠦᠴᠢᠳᠯᠡᠪᠡᠯ | ᠮᠤᠩᠭᠤᠯ ᠦᠭᠡ ᠨᠢ ᠵᠠᠯᠭᠠᠮᠠᠯ ᠦᠶ᠎ᠡ ᠲᠠᠢ᠂ ᠵᠤᠩᠬᠢᠯᠠᠬᠤ ᠲᠤᠭᠠᠨ ᠤ ᠦᠭᠡ ᠶᠢ ᠬᠡᠲᠦ ᠬᠡᠲᠦᠨ ᠠᠳᠡᠯᠢ ᠪᠤᠰᠤ | ᠠᠪᠢᠶᠠᠨ ᠤ ᠬᠡᠰᠡᠭ ᠪᠤᠯᠭᠠᠨ ᠰᠢᠨᠵᠢᠯᠡᠵᠦ ᠪᠤᠯᠤᠨ᠎ᠠ᠂ ᠲᠡᠲᠡᠭᠡᠷ ᠠᠪᠢᠶ᠎ᠠ ᠨᠢ ᠦᠭᠡ ᠦᠰᠦᠭ ᠤᠨ ᠬᠠᠷᠢᠴᠠᠭ᠎ᠠ | ᠬᠤᠯᠪᠤᠭᠠᠨ ᠤ ᠲᠤᠮᠲᠠ ᠵᠦᠩᠳᠡᠭᠡᠨ ᠤᠷᠤᠰᠢᠭᠰᠠᠭᠠᠷ ᠪᠠᠶᠢᠭ᠎ᠠ ᠲᠤᠯᠨ ᠡᠨᠡᠬᠦ ᠬᠠᠷᠢᠴᠠᠭ᠎ᠠ ᠬᠤᠯᠪᠤᠭᠠᠨ ᠤ ᠲᠤᠮᠲᠠ | ᠠᠴᠠ ᠪᠢᠳᠡ ᠠᠪᠢᠶ᠎ᠠ ᠲᠤᠬᠢᠶ᠎ᠠ ᠨᠤᠭᠤᠳ ᠤᠨ ᠤᠵᠢᠭᠤᠷ ᠳᠡᠬᠡᠲᠦ ᠴᠠᠭ ᠦᠶ᠎ᠡ ᠳᠠᠬᠢ ᠤᠳᠬ᠎ᠠ ᠪᠦᠬᠦᠢ ᠰᠢᠨᠵᠢ ᠶᠢ | ᠰᠤᠪᠢᠵᠤ ᠮᠦᠷᠲᠡᠵᠦ ᠪᠤᠯᠬᠤ ᠶᠤᠮ᠃ | ︽ᠰᠤ᠋᠂ ᠰ᠊︾ ᠠᠪᠢᠶ᠎ᠠ ᠪᠠᠷ ᠦᠭᠡᠰ ᠤᠨ ᠠᠳᠠᠭ ᠢ ᠬᠤᠯᠪᠤᠭᠲᠠᠭᠤᠯᠤᠨ ᠰᠤᠲᠤᠯᠵᠤ ᠲᠡᠷᠡᠬᠦ ᠠᠪᠢᠶᠠᠨ ᠤ ᠤᠳᠬ᠎ᠠ | ᠪᠦᠬᠦᠢ ᠰᠢᠨᠵᠢ ᠶᠢ ᠮᠦᠷᠲᠡᠵᠦ ᠦᠵᠡᠪᠡᠯ᠄ | ᠤᠰᠤ ᠪᠤᠯ ᠬᠦᠮᠦᠨ ᠪᠠ ᠠᠮᠢᠲᠠᠨ ᠳᠤ ᠮᠠᠰᠢ ᠴᠢᠬᠤᠯᠠᠴᠢᠯᠠᠭᠲᠠᠬᠤ ᠵᠦᠢᠯ ᠶᠤᠮ᠃ ᠬᠦᠮᠦᠰ ᠳᠡᠬᠦᠨ ᠲᠠᠢ | ᠤᠶᠢᠷᠠᠳᠤᠭᠰᠠᠨ ᠤ ᠳᠠᠷᠠᠭ᠎ᠠ ᠳᠡᠬᠦᠨ ᠢ ᠠᠯᠢ ᠡᠷᠳᠡ ᠳᠡᠨᠢᠵᠤ ᠨᠠᠷᠡᠯᠡᠵᠤ ᠳᠡᠮᠳᠡᠭᠯᠡᠭᠰᠡᠨ ᠨᠢ ᠮᠡᠳᠡᠬᠡᠵᠢ ᠶᠤᠮ᠃ ᠡᠨᠡᠬᠦ | ᠤᠮᠳᠠᠭᠠᠨ ᠢ ᠮᠤᠩᠭᠤᠯ ᠦᠬᠡ ᠬᠡᠯᠡᠳᠡᠳ ︽ᠤᠰᠤ︾ ᠭᠡᠵᠤ ᠨᠡᠷᠡᠯᠡᠵᠤ ᠳᠡᠮᠳᠡᠭᠯᠡᠵᠡᠢ᠃ ᠬᠡᠬᠦ ᠳᠡᠭᠡᠨ ᠡᠨᠡᠬᠦ ᠦᠬᠡ | ᠶᠢᠨ ᠤᠳᠬ᠎ᠠ ᠶᠢᠨ ᠭᠤᠤᠯᠳᠠᠯᠭ᠎ᠠ ᠨᠢ ︽ᠰᠤ᠋᠂ ᠰ᠊︾ ᠠᠪᠢᠶ᠎ᠠ ᠳᠡᠬᠡᠷ᠎ᠠ ᠪᠠᠶᠢᠭ᠎ᠠ ᠬᠡᠳᠡᠭ ᠢ ᠪᠢᠳᠡ ᠰᠤᠳᠤᠯᠵᠤ | ᠤᠯᠵᠤ ᠪᠤᠯᠬᠤ ᠶᠤᠮ᠃ | ᠤᠰᠤ᠂ ᠰᠦ᠂ ᠴᠢᠰᠤ᠂ ᠰᠢᠯᠦᠰᠦ᠂ ᠨᠢᠰᠤ᠂ ᠬᠦᠯᠦᠰᠦ᠂ ᠲᠤᠰᠤ᠂ ᠰᠢᠭᠦᠰᠦ᠂ ᠱᠦᠭᠦᠰᠦ᠂ ᠰᠢᠭᠡᠰᠦ᠂ ᠰᠡᠪᠡᠰᠦ᠂ | ᠨᠢᠯᠪᠤᠰᠤ᠂ ᠰᠦᠮᠦᠰᠦ᠂ ᠰᠦᠰᠦ᠂ ᠰᠢᠷᠡᠰᠦ᠂ ᠲᠡᠷᠡᠰᠦ᠂ ᠰᠤᠪᠰᠤ᠂ ᠵᠠᠶᠢᠯᠳᠠᠰᠤ᠂ ᠤᠬᠢᠶᠠᠲᠠᠰᠤ᠂ ᠪᠤᠯᠠᠭᠲᠠᠰᠤ ᠭᠡᠬᠦ | ᠮᠡᠲᠦ ᠦᠭᠡᠰ ᠨᠢ ᠪᠦᠷ ᠰᠢᠩᠭᠡᠨ ᠪᠡᠶᠡᠲᠦ ᠶᠢ ᠵᠢᠭᠠᠭᠰᠠᠨ ᠤᠳᠬ᠎ᠠ ᠲᠠᠢ ᠪᠠᠶᠢᠭ᠎ᠠ ᠪᠠ ᠡᠲᠡᠭᠡᠷ ᠦᠭᠡᠰ ᠲᠤ ᠨᠢᠭᠡ | ᠨᠡᠶᠢᠳᠡᠯᠢᠭ ᠠᠪᠢᠶ᠎ᠠ — ︽ᠰᠤ᠋︾ ᠭᠡᠵᠦ ᠪᠠᠶᠢᠲᠠᠭ᠃ ᠡᠭᠦᠨ ᠠᠴᠠ ᠪᠢᠳᠡ ᠮᠤᠩᠭᠤᠯ ᠬᠡᠯᠡᠨ ᠳᠠᠬᠢ ︽ᠰᠤ᠋︾ | ᠠᠪᠢᠶ᠎ᠠ ᠨᠢ ᠰᠢᠩᠭᠡᠨ ᠪᠠᠶᠠᠲᠦ ᠶᠢ ᠢᠯᠡᠳᠭᠡᠬᠦ ᠳᠤ ᠬᠡᠷᠡᠭᠯᠡᠲᠡᠭ ᠭᠤᠤᠯᠲᠠᠯᠭ᠎ᠠ ᠲᠠᠢ ᠠᠪᠢᠶ᠎ᠠ ᠪᠤᠯᠵᠤ ᠪᠠᠶᠢᠭ᠎ᠠ ᠭᠡᠵᠦ | ᠵᠦᠢᠴᠢᠯᠡᠵᠦ ᠪᠤᠯᠤᠨ᠎ᠠ᠃ ᠪᠤᠰᠤᠳ ᠠᠪᠢᠶ᠎ᠠ ᠨᠢ ︽ᠰᠤ᠋︾ ᠠᠪᠢᠶ᠎ᠠ ᠳᠤ ᠬᠠᠮᠵᠢᠨ ᠤᠳᠬ᠎ᠠ ᠶᠢᠨ ᠨᠠᠷᠢᠨ ᠢᠯᠭᠠᠭ᠎ᠠ | ᠶᠢ ᠭᠠᠷᠭᠠᠵᠤ ᠪᠠᠶᠢᠪᠠ ᠭᠡᠵᠦ ᠤᠶᠢᠯᠠᠭᠠᠲᠠᠨᠠ᠃ | ᠤᠰᠤ ᠪᠤᠯ ᠪᠠᠶᠢᠭᠠᠯᠢ ᠠᠴᠠ ᠢᠷᠡᠯᠳᠡ ᠲᠠᠢ᠂ ᠬᠡᠶ᠎ᠡ ᠤᠰᠤ ᠨᠢ ᠮᠥᠨ ᠰᠦ᠂ ᠴᠢᠰᠤ᠂ ᠬᠦᠯᠦᠰᠦ ᠵᠡᠷᠭᠡ ᠵᠡᠷᠭᠡ | ᠰᠢᠩᠭᠡᠨ ᠪᠡᠶᠡᠳᠦ ᠬᠡᠷᠡᠭ ᠪᠤᠲᠠᠰ ᠤᠨ ᠢᠷᠡᠯᠳᠡ ᠳᠤ ᠨᠢᠭᠲᠠ ᠬᠤᠯᠪᠤᠭᠲᠠᠨ᠎ᠠ᠃ ᠮᠥᠨ ᠡᠭᠦᠨ ᠠᠴᠠ ᠪᠤᠯᠵᠤ | ᠤᠲᠠᠰᠤᠯᠢᠭ ᠰᠢᠨᠵᠢ ᠬᠡᠯᠪᠡᠷᠢ ᠲᠠᠢ ᠬᠡᠷᠡᠭ ᠪᠤᠲᠠᠰ ᠦᠵᠡᠭᠲᠡᠯ ᠵᠢᠴᠢ ᠰᠢᠯᠤᠭᠤᠨ ᠰᠤᠪᠤᠲᠠᠭ ᠵᠦᠢᠯᠡᠰ ᠢ ᠨᠡᠷᠡᠯᠡᠬᠦ | ᠳᠡᠭᠡᠨ ᠴᠦ ︽ᠰᠤ᠋︾ ᠠᠪᠢᠶ᠎ᠠ ᠶᠢ ᠭᠤᠤᠯᠴᠢᠯᠠᠨ ᠭᠡᠷᠡᠭᠯᠡᠬᠦ ᠪᠤᠯᠤᠭᠰᠠᠨ ᠰᠢᠭ᠋᠃ ᠲᠤᠬᠠᠶᠢᠯᠠᠪᠠᠯ᠄ | ᠰᠤᠲᠠᠯ᠂ ᠰᠤᠲᠠᠰᠤ᠂ ᠰᠢᠷᠪᠤᠰᠤ᠂ ᠨᠤᠭᠤᠰᠤ᠂ ᠨᠢᠭᠤᠷᠰᠤ᠂ ᠦᠰᠦ᠂ ᠰᠤᠷᠮᠤᠰᠤ᠂ ᠬᠢᠯᠭᠠᠰᠤ᠂ ᠨᠤᠤᠰᠤ᠂ ᠤᠲᠠᠰᠤ | ᠂ ᠲᠠᠭᠡᠰᠦ᠂ ᠲᠠᠮᠠᠰᠤ᠂ ᠤᠶᠠᠭᠠᠰᠤ᠂ ᠬᠦᠯᠢᠶᠡᠰᠦ᠂ ᠡᠷᠢᠶᠡᠰᠦ᠂ ᠮᠢᠨᠲᠠᠰᠤ᠂ ᠰᠡᠮᠡᠲᠡᠰᠦ᠂ ᠰᠢᠯᠦᠰᠦ ︵ᠠᠭᠠᠯᠵᠢᠨ | ᠤ︶ ᠤᠶᠠᠰᠤ᠂ ᠡᠪᠭᠡᠰᠦ᠂ ᠴᠢᠪᠬᠠᠲᠠᠰᠤ᠂ ᠬᠠᠩᠬᠢᠰᠤ᠂ ᠬᠡᠷᠦᠲᠡᠰᠦ᠂ ᠤᠭᠤᠰᠤᠷ᠂ ᠪᠦᠰᠨ᠂ ᠬᠡᠯᠬᠢᠶᠡᠰᠦ᠂ | ᠬᠤᠯᠪᠤᠭᠠᠰᠤ ᠵᠡᠷᠭᠡ᠃ ᠪᠤᠷᠭᠠᠰᠤ᠂ ᠬᠤᠯᠤᠰᠤ᠂ ᠵᠡᠭᠡᠰᠦ᠂ ᠡᠪᠡᠰᠦ᠂ ᠲᠠᠷᠠᠰᠤ᠂ ᠤᠯᠤᠰᠤ᠂ ᠦᠨᠳᠦᠰᠦ᠂ ᠮᠦᠰᠦ ︵ | ᠲᠠᠪᠤᠨ ᠮᠦᠰᠦ︶᠂ ᠵᠤᠷᠪᠤᠰ᠂ ᠬᠤᠨᠢᠶᠠᠰᠤ᠂ ᠵᠦᠰᠦᠮ᠂ ᠦᠷᠴᠢᠯᠡᠭᠡᠰᠦ᠂ ᠵᠢᠷᠤᠭᠠᠰᠤ᠂ ᠵᠠᠭᠠᠲᠠᠰᠤ᠂ ᠵᠤᠷᠡᠲᠡᠰᠦ᠂ | ᠵᠦᠷᠡᠮᠳᠡᠰᠦ᠂ ᠬᠠᠳᠬᠠᠰᠤ ᠵᠡᠷᠭᠡ᠃ | ᠪᠦᠰ᠂ ᠴᠢᠬᠢᠷᠰᠦ᠂ ᠢᠰᠡᠭᠡᠢ ᠵᠡᠷᠭᠡ ᠨᠢ ᠨᠢᠮᠭᠡᠨ ᠬᠠᠪᠲᠠᠭᠠᠶᠢᠯᠵᠢᠨ ᠰᠢᠨᠵᠢ ᠲᠠᠢ ᠪᠠᠶᠢᠲᠠᠭ᠃ ᠪᠦᠰ ᠢ ᠤᠲᠠᠰᠤᠯᠢᠭ | ᠰᠢᠷᠭᠡᠭ ᠢᠶᠠᠷ ᠨᠡᠭᠡᠵᠦ ᠪᠦᠲᠦᠭᠡᠵᠡᠢ᠃ ᠴᠢᠬᠢᠷᠠᠰᠦ ᠶᠢ ᠬᠤᠯᠤᠰᠤ ᠰᠤᠭᠠᠢ ᠵᠡᠷᠭᠡ ᠠᠴᠠ ᠪᠤᠯᠪᠠᠰᠤᠷᠠᠭᠤᠯᠵᠤ ᠠᠪᠤᠭᠰᠠᠨ | ᠰᠢᠯᠦᠭᠤᠯᠢᠭ ᠵᠦᠢᠯᠡᠰ᠂ ᠲᠠᠷᠤᠢ ᠴᠤᠭᠤᠲᠠᠰᠤ ᠬᠠᠳᠬᠠᠰᠤ ᠮᠠᠲᠤᠰ ᠢᠶᠠᠷ ᠰᠦᠯᠵᠢᠨ ᠭᠠᠷᠭᠠᠵᠠᠢ᠃ ᠢᠰᠡᠭᠡᠢ ᠶᠢ ᠮᠠᠰᠢ | ᠤᠯᠠᠨ ᠰᠢᠷᠭᠡᠭ ᠦᠰᠦ ᠨᠤᠤᠰᠤ ᠪᠠᠷ ᠪᠤᠯᠪᠠᠰᠤᠷᠠᠭᠤᠯᠤᠨ ᠬᠡᠪᠰᠢᠭᠦᠯᠵᠡᠢ᠃ | ᠠᠳᠡ ᠨᠢᠮᠭᠡᠨ ᠬᠠᠪᠲᠠᠭᠠᠶᠢᠯᠵᠢᠨ ᠰᠢᠨᠵᠢ ᠲᠠᠢ ᠪᠦᠰ᠂ ᠢᠰᠡᠭᠡᠢ᠂ ᠴᠢᠬᠢᠷᠰᠦ ᠮᠡᠲᠦ ᠵᠦᠢᠯᠡᠰ ᠨᠢ ᠤᠳᠡᠰᠦ᠂ ᠨᠤᠤᠰᠤ | ᠂ ᠴᠤᠭᠤᠲᠠᠰᠤ ᠮᠡᠲᠦᠰ ᠲᠠᠢ ᠬᠤᠯᠪᠤᠭᠲᠠᠯ ᠲᠠᠢ ᠪᠠᠶᠢᠭ᠎ᠠ᠂ ᠡᠭᠦᠨ ᠠᠴᠠ ᠪᠤᠯᠵᠤ ᠨᠢᠮᠭᠡᠨ ᠬᠠᠪᠲᠠᠰᠤᠯᠢᠭ ᠪᠤᠶᠤ | ᠬᠠᠪᠲᠠᠭᠠᠢ ᠵᠦᠢᠯᠡᠰ ᠢ ᠨᠡᠷᠡᠯᠡᠬᠦ ᠳᠤ ︽ᠰᠤ᠋︾ ᠠᠪᠢᠶ᠎ᠠ ᠶᠢ ᠬᠡᠷᠡᠭᠯᠡᠬᠦ ᠪᠤᠯᠤᠮᠵᠢ ᠲᠠᠢ ᠪᠤᠯᠤᠭᠰᠠᠨ ᠰᠢᠭ᠋᠃ | ᠲᠤᠬᠠᠶᠢᠯᠠᠪᠠᠯ᠂ ᠢᠰᠡᠭᠡᠢ᠂ ᠢᠰᠦ᠂ ᠪᠦᠰ᠂ ᠴᠦᠰᠡ᠂ ᠴᠢᠬᠢᠷᠰᠦ᠂ ᠠᠷᠠᠰᠤ᠂ ᠬᠦᠷᠦᠰᠦ᠂ ᠵᠤᠯᠪᠤᠲᠠᠰᠤ᠂ | ᠰᠤᠷᠰᠦᠨ᠂ ᠬᠠᠯᠢᠰᠤ᠂ ᠬᠠᠶᠢᠷᠰᠤ᠂ ᠬᠤᠯᠢᠰᠤ᠂ ᠳᠤᠷᠡᠰᠦ᠂ ᠲᠤᠤᠰ᠂ ᠬᠤᠴᠢᠶᠠᠰᠤ᠂ ᠬᠤᠪᠴᠠᠰᠤ᠂ ᠬᠦᠲᠦᠰᠦ᠂ | ᠤᠶᠢᠮᠤᠰᠤ᠂ ᠬᠠᠪᠢᠰᠤ᠂ ᠴᠠᠭᠠᠰᠤ᠂ ᠴᠠᠰᠤ᠂ ᠮᠦᠰᠦ᠂ ᠬᠦᠭᠡᠰᠦ᠂ ᠵᠢᠩᠭᠢᠰᠦ᠂ ᠬᠢᠮᠤᠰᠤ᠂ ᠰᠠᠭᠰᠤ᠂ ᠬᠤᠯᠲᠤᠰᠤ᠂ | ᠬᠠᠷᠠᠭᠤᠯᠲᠠᠰᠤ᠂ ᠬᠠᠭᠤᠲᠠᠰᠤ᠂ ᠬᠠᠷᠪᠢᠰᠤ᠂ ᠪᠠᠭᠯᠠᠭᠠᠰᠤ᠂ ᠨᠦᠬᠦᠭᠡᠰᠦ᠂ ᠢᠯᠳᠡᠰᠦ᠂ ᠪᠦᠷᠢᠶᠠᠰᠦ᠂ ᠪᠦᠷᠬᠦᠬᠡᠰᠦ᠂ | ᠬᠠᠶᠢᠰᠤ᠂ ᠰᠢᠪᠠᠭᠠᠰᠤ᠂ ᠬᠠᠨᠲᠠᠭᠠᠰᠤ᠂ ᠬᠦᠬᠡ ᠰᠡᠷᠢᠰᠦ᠂ ᠰᠡᠷᠢᠰᠦ᠂ ᠬᠠᠪᠲᠠᠰᠤ᠂ ᠬᠡᠯᠲᠡᠰ᠂ ᠬᠠᠨᠢᠰᠤ᠂ ᠬᠠᠩᠬᠢᠰᠤ | ᠭᠡᠬᠦ ᠮᠡᠲᠦ᠃ | ᠰᠢᠨᠵᠢᠭᠦᠯᠡ᠂ ᠮᠤᠩᠭᠤᠯ ᠬᠡᠯᠡᠨ ᠲᠡᠭᠡᠷ᠎ᠡ ᠠᠯᠢ ᠨᠢᠭᠡᠨ ᠴᠠᠭ ᠦᠶ᠎ᠡ ᠳᠤ ︽ᠰᠤ᠋︾ ᠭᠡᠬᠦ ᠠᠪᠢᠶ᠎ᠠ ᠪᠦᠷᠢᠯᠲᠦᠨ | ᠳᠤᠭᠳᠠᠭᠠᠳ ᠵᠤᠬᠢᠬᠤ ᠤᠳᠬ᠎ᠠ ᠶᠢ ᠢᠯᠡᠳᠭᠡᠵᠦ ᠪᠠᠶᠢᠭᠰᠠᠨ ᠢᠶᠠᠨ ᠪᠦᠲᠦᠭᠡᠯᠴᠢ ᠰᠡᠳᠬᠢᠬᠦᠢ ᠶᠢᠨ ᠦᠢᠡᠯᠲᠦᠯ | ᠲᠤᠤᠷ᠎ᠠ᠂ ᠲᠡᠷᠨ ᠨᠢ ᠨᠡᠩ ᠤᠯᠠᠨ ᠬᠡᠷᠡᠭ ᠦᠵᠡᠭᠲᠡᠯ ᠢ ᠢᠯᠡᠳᠭᠡᠵᠦ ᠪᠤᠯᠬᠤᠶᠢᠴᠠ ᠴᠢᠲᠠᠮᠠᠭᠠᠢ ᠦᠢᠯᠡᠲᠦᠯ ᠲᠠᠢ | ᠠᠪᠢᠶ᠎ᠠ ᠪᠤᠯᠵᠠᠢ᠃ ᠡᠨᠡ ᠨᠢ ᠮᠤᠩᠭᠤᠯᠴᠤᠳ ᠤᠨ ᠬᠡᠷᠡᠭ ᠪᠤᠲᠠᠰ ᠦᠵᠡᠭᠲᠡᠯ ᠤᠨ ᠲᠤᠲᠤᠭᠠᠲᠤ ᠬᠤᠯᠪᠤᠭᠠᠨ ᠤ | ᠲᠤᠬᠠᠢ ᠲᠠᠨᠢᠯᠲᠡ ᠶᠢᠨ ᠬᠦᠨᠵᠡᠭᠡᠶᠢᠷᠡᠯ ᠲᠠᠢ ᠨᠢᠭᠲᠠ ᠬᠤᠯᠪᠤᠭ᠎ᠠ ᠲᠠᠢ ᠪᠤᠯᠬᠤ ᠨᠢ ᠮᠡᠲᠡᠭᠡᠵᠢ ᠶᠤᠮ᠃ | ᠲᠦᠷᠪᠡ᠂ ᠦᠭᠡᠰ ᠤᠨ ᠡᠯ᠎ᠡ ᠬᠡᠰᠡᠭ ᠤᠨ ᠬᠤᠯᠪᠤᠭᠲᠠᠯ ᠠᠴᠠ ᠠᠪᠢᠶ᠎ᠠ ᠲᠤᠬᠢᠶᠠᠨ ᠤ ᠤᠳᠬ᠎ᠠ ᠪᠦᠬᠦᠢ ᠰᠢᠨᠵᠢ | ᠶᠢ ᠰᠤᠲᠤᠯᠬᠤ ᠲᠤᠬᠠᠢ ᠮᠦᠴᠢᠳᠯᠡᠪᠡᠯ | ᠮᠤᠩᠭᠤᠯᠴᠤᠳ ᠠᠪᠢᠶ᠎ᠠ ᠲᠤᠬᠢᠶ᠎ᠠ ᠶᠢ ᠬᠠᠮᠵᠢᠭᠤᠯᠤᠨ ᠬᠡᠷᠡᠭᠯᠡᠵᠦ ᠪᠤᠲᠤᠯᠢᠶᠠᠨᠲᠠᠢ ᠤᠳᠬ᠎ᠠ ᠶᠢ ᠢᠯᠡᠳᠭᠡᠬᠦ ᠲᠤᠮᠲᠠ | ᠵᠦᠢᠴᠡᠯᠲᠦ ᠰᠡᠳᠭᠢᠭᠦᠢ ᠪᠠᠨ ᠤᠯᠠᠮ ᠪᠠᠶᠠᠯᠢᠭᠵᠢᠭᠤᠯᠵᠤ ᠪᠠᠶᠢᠭᠰᠠᠨ ᠨᠢ ᠮᠡᠲᠡᠭᠡᠵᠢ ᠶᠤᠮ᠃ ᠬᠦᠮᠦᠰ ᠤᠨ ᠪᠡᠶ᠎ᠡ | ᠭᠠᠵᠠᠷ ᠲᠤ ᠪᠠᠶᠢᠪᠠᠴᠤ᠂ ᠬᠠᠷᠠᠭ᠎ᠠ ᠲᠡᠭᠷᠢ ᠳᠤ ᠬᠦᠷᠲᠡᠭ ᠪᠠᠶᠢᠨ᠎ᠠ᠃ ᠲᠡᠶᠢᠨᠬᠦ ᠰᠡᠳᠬᠢᠭᠦᠢ ᠳᠡᠭᠡᠨ ᠲᠡᠭᠷᠢ ᠪᠠ ᠲᠡᠯᠡᠬᠡᠢ | ᠶᠢ ᠬᠠᠷᠢᠴᠠᠭᠤᠯᠤᠨ ᠰᠡᠳᠬᠢᠬᠦ ᠪᠤᠯᠤᠮᠵᠢ ᠲᠠᠢ ᠪᠤᠯᠵᠠᠢ᠃ ᠬᠡᠰᠡᠭ ᠪᠦᠯᠦᠭ ᠦᠭᠡᠰ ᠲᠤ ᠲᠤᠰᠬᠠᠭᠲᠠᠵᠤ ᠪᠠᠶᠢᠬᠤ ᠠᠴᠠ | ᠠᠵᠢᠭᠯᠠᠪᠠᠯ᠂ ᠮᠤᠩᠭᠤᠯᠴᠤᠳ ᠬᠠᠷᠢᠴᠠᠩᠭᠤᠢ ᠲᠡᠭᠡᠭᠰᠢᠲᠡ ᠪᠦᠬᠦᠢ ᠬᠡᠷᠡᠭ ᠦᠵᠡᠭᠲᠡᠯ ᠢ ᠨᠡᠷᠡᠯᠡᠬᠦ ᠳᠡᠭᠡᠨ ︽ᠷ᠊︾ | ᠠᠪᠢᠶ᠎ᠠ ᠶᠢ ᠬᠡᠷᠡᠭᠯᠡᠵᠦ ᠪᠠᠶᠢᠭᠰᠠᠨ ᠰᠢᠭ᠋ ᠰᠠᠨᠠᠭᠲᠠᠬᠤ ᠪᠠ ᠬᠠᠷᠢᠴᠠᠩᠭᠤᠢ ᠲᠤᠷᠤᠭᠰᠢᠳᠠ ᠪᠠᠶᠢᠭ᠎ᠠ ᠬᠡᠷᠡᠭ ᠦᠵᠡᠭᠲᠡᠯ ᠢ | ᠨᠡᠷᠡᠯᠡᠬᠦ ᠳᠡᠭᠡᠨ ︽ᠯ᠊︾ ᠠᠪᠢᠶ᠎ᠠ ᠶᠢ ᠬᠡᠷᠡᠭᠯᠡᠵᠦ ᠪᠠᠶᠢᠭᠰᠠᠨ ᠰᠢᠭ᠋ ᠰᠠᠨᠠᠭᠲᠠᠨ᠎ᠠ᠃ ᠲᠠᠷᠣᠢ ︽ᠷ᠊᠂ ᠯ᠊︾ ᠠᠪᠢᠶ᠎ᠠ ᠪᠠᠷ | ᠬᠠᠷᠢᠴᠠᠩᠭᠤᠢ ᠤᠳᠬ᠎ᠠ ᠶᠢ ᠢᠯᠡᠳᠭᠡᠲᠡᠭ ᠰᠢᠭ᠃ | ᠲᠤᠬᠠᠶᠢᠯᠠᠪᠠᠯ᠄ ᠲᠡᠭᠡᠭᠰᠢᠲᠡ — ᠲᠡᠭᠷᠢ᠂ ᠨᠠᠷᠠ᠂ ᠰᠠᠷᠨ᠂ ᠭᠠᠷᠠᠭ᠂ ᠬᠤᠷᠮᠤᠰᠤᠲᠠ᠂ ᠰᠠᠨᠰᠠᠷ᠂ ᠤᠭᠲᠠᠷᠭᠤᠢ᠂ | ᠰᠤᠯᠢᠷ᠂ ᠠᠭᠠᠷ᠂ ᠠᠭᠤᠷ᠂ ᠬᠤᠷ᠎ᠠ᠂ ᠪᠤᠷᠤᠭᠠᠨ ᠮᠡᠲᠦᠰ ᠪᠤᠢ᠃ ᠲᠤᠷᠤᠭᠰᠢᠳᠠ — ᠲᠠᠯ᠎ᠠ᠂ ᠲᠡᠯᠡᠬᠡᠢ᠂ ᠲᠠᠯᠠᠢ᠂ | ᠯᠤᠤᠰ᠂ ᠪᠤᠯᠠᠭ ᠮᠡᠲᠦᠰ ᠪᠤᠢ᠃ ᠡᠶᠢᠨᠬᠦ ᠲᠤᠰᠬᠠᠯ ᠢ ᠴᠤᠭᠴᠠᠲᠤ ᠪᠡᠶ᠎ᠡ ᠲᠡᠭᠡᠷ᠎ᠡ ᠠᠴᠠ ᠡᠷᠢᠪᠡᠯ᠄ ᠡᠪᠡᠷ — | ᠰᠡᠭᠦᠯ᠂ ᠭᠠᠷ — ᠬᠦᠯ᠂ ᠲᠡᠷᠢᠭᠦᠨ — ᠰᠠᠭᠤᠲᠠᠯ᠂ ᠰᠡᠭᠡᠷ — ᠲᠠᠯᠤ᠂ ᠨᠢᠷᠤᠭᠤ — ᠬᠡᠪᠡᠯᠢ᠂ ᠤᠷᠠᠨ | ᠲᠠᠩᠨᠠᠢ — ᠬᠡᠯᠨ᠂ ᠠᠲᠠᠷ — ᠱᠠᠯᠨ᠂ ᠤᠷᠤᠢ — ᠤᠯᠨ᠂ ᠲᠦᠷᠡᠢ — ᠵᠤᠯᠤᠭ ᠭᠡᠬᠦ ᠮᠡᠲᠦ ᠪᠠᠷ | ᠲᠤᠰᠬᠠᠭᠲᠠᠨᠠ᠃ | ᠤᠳᠤᠬᠠᠨ ᠳᠤ ᠬᠠᠷᠢᠴᠠᠩᠭᠤᠢ ᠤᠳᠬ᠎ᠠ ᠶᠢ ᠢᠯᠡᠳᠬᠡᠬᠦ ᠳᠡᠭᠡᠨ ︽ᠷ᠊︾ ᠠᠪᠢᠶ᠎ᠠ ᠶᠢ ᠵᠦᠩᠳᠡᠬᠡᠨ ᠬᠡᠷᠡᠭᠯᠡᠵᠤ ᠪᠠᠶᠢᠭ᠎ᠠ | ᠃ ᠳᠤᠬᠠᠶᠢᠯᠠᠪᠠᠯ᠄ ᠳᠡᠬᠡᠷ᠎ᠠ ᠳᠤᠤᠷ᠎ᠠ᠂ ᠳᠡᠭᠷᠢ ᠭᠠᠵᠠᠷ᠂ ᠠᠷᠤ ᠦᠪᠤᠷ᠂ ᠤᠷᠲᠦ ᠤᠬᠤᠷ᠂ ᠤᠷᠬᠢᠯ ᠬᠤᠷᠮᠤᠢ᠂ | ᠦᠷᠯᠦᠬᠡ ᠤᠷᠤᠢ᠂ ᠬᠢᠷᠠᠭ᠎ᠠ ᠪᠦᠷᠦᠢ᠂ ᠡᠪᠡᠷ ᠳᠤᠭᠤᠷᠡᠢ᠂ ᠬᠤᠩᠰᠢᠶᠠᠷ ᠪᠤᠷᠪᠢ᠂ ᠳᠠᠷᠬᠠᠭᠰᠠᠨ ᠴᠤᠭᠯᠠᠷᠠᠭᠰᠠᠨ᠂ | ᠪᠤᠳᠠᠷᠠᠭᠰᠠᠨ ᠲᠦᠪᠯᠡᠷᠡᠭᠰᠡᠨ᠂ ᠰᠠᠷᠨᠢᠭᠰᠠᠨ ᠬᠤᠷᠠᠭᠰᠠᠨ᠂ ᠭᠠᠷ ᠤᠷᠤ᠂ ᠢᠷ᠎ᠠ ᠬᠦᠷ᠂ ᠢᠷ ᠮᠦᠷᠦ᠂ ᠲᠦᠷᠬᠡᠨ | ᠠᠯᠭᠤᠷ᠂ ᠦᠷᠡᠵᠢᠬᠦ ᠬᠤᠷᠤᠭᠳᠡᠬᠤ᠂ ᠳᠤᠳᠤᠷᠡᠬᠤ ᠪᠠᠯᠠᠷᠡᠬᠤ ᠬᠡᠬᠦ ᠮᠡᠲᠦ ᠵᠦᠩᠳᠡᠬᠡᠨ ᠳᠤᠬᠢᠶᠠᠯᠳᠤᠨ᠎ᠠ᠃ | ᠨᠢᠭᠡᠨᠲᠡ ᠦᠭᠡ ᠬᠡᠯᠨ ᠲᠡᠭᠡᠷ᠎ᠡ ᠠᠪᠴᠤ ᠬᠡᠷᠡᠭᠯᠡᠭᠰᠡᠨ ᠠᠪᠢᠶ᠎ᠠ ᠲᠤᠬᠢᠶ᠎ᠠ ᠶᠢ ᠤᠯᠠᠮ ᠪᠦᠲᠦᠭᠡᠯᠴᠢ ᠪᠠᠷ ᠬᠡᠷᠡᠭᠯᠡᠵᠦ | ᠴᠢᠲᠠᠪᠠᠯ ᠲᠡᠭᠦᠨ ᠤ ᠬᠡᠷᠡᠭ ᠦᠵᠡᠭᠲᠡᠯ ᠢ ᠢᠯᠡᠳᠭᠡᠬᠦ ᠴᠢᠲᠠᠪᠬᠢ ᠶᠢ ᠤᠯᠠᠮ ᠦᠷᠭᠡᠳᠭᠡᠵᠦ ᠨᠡᠩ ᠦᠷᠭᠡᠨ ᠬᠡᠪᠴᠢᠶᠡᠨ | ᠤ ᠤᠳᠬ᠎ᠠ ᠶᠢ ᠲᠤᠰᠬᠠᠬᠤ ᠳᠤ ᠦᠢᠯᠡᠴᠢᠯᠡᠭᠦᠯᠵᠦ ᠴᠢᠲᠠᠨ᠎ᠠ᠃ | — ︽ᠷ᠊︾ ᠠᠪᠢᠶ᠎ᠠ ᠶᠢ ᠲᠤᠭᠤᠷᠢᠨ ᠬᠦᠷᠢᠶᠡᠯᠡᠭᠰᠡᠨ ᠬᠡᠷᠡᠭ ᠦᠵᠡᠭᠲᠡᠯ ᠬᠦᠲᠡᠯᠭᠡᠭᠡᠨ ᠶᠠᠪᠤᠲᠠᠯ ᠵᠡᠷᠭᠡ ᠶᠢ | ᠢᠡᠯᠳᠭᠡᠬᠦ ᠲᠡᠭᠡᠷ᠎ᠡ ᠦᠷᠭᠡᠳᠭᠡᠨ ᠭᠡᠷᠡᠭᠯᠡᠵᠦ ᠪᠠᠶᠢᠪᠠ᠃ ᠲᠤᠬᠠᠶᠢᠯᠠᠪᠠᠯ᠄ | ᠲᠤᠭᠤᠷᠢᠭ᠂ ᠴᠠᠭᠠᠷᠢᠭ᠂ ᠲᠦᠭᠦᠷᠢᠭ᠂ ᠲᠡᠷᠭᠡᠯ᠂ ᠨᠠᠷᠠ᠂ ᠰᠠᠷ᠎ᠠ᠂ ᠵᠡᠭᠡᠷᠡᠩᠬᠡᠢ᠂ ᠪᠦᠭᠡᠷᠡᠩᠬᠡᠢ᠂ ᠬᠦᠷᠢᠶ᠎ᠡ᠂ ᠬᠦᠷᠲᠦ | ᠂ ᠭᠠᠷᠬ᠎ᠠ᠂ ᠭᠤᠷᠬᠢ᠂ ᠲᠦᠷᠦᠭᠡ᠂ ᠡᠷᠢᠬᠡ᠂ ᠤᠷᠠᠬ᠎ᠠ᠂ ᠤᠷᠭ᠎ᠠ᠂ ᠠᠮᠰᠠᠷ᠂ ᠦᠷᠢᠯ᠂ ᠲᠠᠷᠪᠤᠰ᠂ ᠲᠡᠭᠡᠷᠮ᠎ᠡ᠂ | ᠦᠲᠦᠷᠮ᠎ᠡ᠂ ᠪᠦᠮᠪᠦᠷ᠂ ᠬᠠᠷᠠᠩᠭ᠎ᠠ᠂ ᠬᠡᠩᠭᠡᠷᠭᠡ᠂ ᠡᠭᠡᠷᠦᠦᠯ᠂ ᠪᠡᠭᠡᠷᠦᠦᠯ᠂ ᠰᠤᠷᠬᠢᠷᠠᠢ᠂ ᠡᠷᠬᠢᠬᠦ᠂ ᠲᠤᠭᠤᠷᠢᠬᠤ᠂ | ᠡᠷᠬᠢ᠂ ᠱᠤᠷᠠᠭ᠂ ᠤᠷᠢᠶᠠᠬᠤ᠂ ᠬᠤᠷᠠᠶᠢᠯᠠᠬᠤ᠂ ᠬᠤᠷᠭᠤᠬᠤ ᠭᠡᠬᠦ ᠮᠡᠲᠦ᠃ | ᠤᠷᠴᠢᠯᠠᠩ ᠳᠠᠬᠢ ᠮᠠᠰᠢ ᠤᠯᠠᠨ ᠦᠵᠡᠭᠲᠡᠯ ᠨᠢ ᠬᠦᠮᠦᠰ ᠤᠨ ᠬᠠᠷᠠᠭᠠᠨ ᠳᠤ ᠲᠤᠭᠤᠷᠢᠭ ᠬᠦᠷᠢᠶ᠎ᠡ ᠲᠦᠷᠰᠦ ᠪᠤᠯᠵᠤ | ᠬᠠᠷᠠᠭᠲᠠᠲᠠᠭ᠃ ᠨᠠᠷᠨ ᠰᠠᠷᠨ ᠪᠤᠯ ᠲᠡᠷᠨ ᠴᠢᠭ ᠲᠡᠭᠡᠨ ᠲᠤᠭᠤᠷᠢᠭ ᠲᠦᠷᠰᠦ ᠪᠤᠯᠵᠤ ᠬᠠᠷᠠᠭᠲᠠᠵᠤ ᠪᠠᠶᠢᠲᠠᠭ᠃ | ᠲᠡᠭᠷᠢ ᠶᠢᠨ ᠬᠤᠷᠮᠤᠢ ᠪᠠ ᠲᠠᠯ᠎ᠠ ᠶᠢᠨ ᠬᠦᠪᠡᠭᠡ ᠨᠢ ᠬᠠᠷᠠᠭᠠᠨ ᠠᠴᠠ ᠬᠡᠲᠦᠢ ᠬᠤᠯᠠᠲᠠᠬᠤ ᠲᠤᠲᠤᠮ ᠢᠶᠠᠨ ᠲᠤᠭᠤᠷᠢᠭ | ᠬᠦᠷᠢᠶ᠎ᠡ ᠪᠤᠯᠵᠤ ᠬᠠᠷᠠᠭᠲᠠᠲᠠᠭ᠃ ᠡᠶᠢᠨᠬᠦ ᠦᠵᠡᠭᠲᠡᠯ ᠲᠤᠰᠬᠠᠯ ᠠᠴᠠ ᠪᠤᠶᠤ ᠡᠰᠡᠭᠦᠯ᠎ᠡ ᠡᠭᠦᠨ ᠠᠴᠠ ᠨᠡᠩ ᠬᠦᠨᠵᠡᠭᠡᠢ | ᠰᠡᠳᠬᠢᠬᠦᠢ ᠶᠢᠨ ᠲᠤᠰᠬᠠᠯ ᠠᠴᠠ ᠪᠤᠯᠵᠤ ︽ᠤᠷᠴᠢᠬᠤ᠂ ᠤᠷᠴᠢᠯᠠᠩ᠂ ᠰᠠᠨᠰᠠᠷ᠂ ᠤᠭᠲᠠᠷᠭᠤᠢ᠂ ᠲᠡᠭᠷᠢ᠂ ᠭᠠᠵᠠᠷ᠂ | ᠪᠦᠮᠪᠦᠷᠴᠡᠭ︾ ᠭᠡᠬᠦ ᠮᠡᠲᠦ ᠤᠬᠠᠭᠲᠠᠬᠤᠨ ᠳᠤ ︽ᠷ᠊︾ ᠠᠪᠢᠶ᠎ᠠ ᠶᠢ ᠬᠡᠷᠡᠭᠯᠡᠵᠦ ᠲᠦᠭᠦᠷᠢᠭ ᠪᠤᠶᠤ ᠲᠤᠭᠤᠷᠢᠯᠳᠠ | ᠶᠢᠨ ᠤᠷᠴᠢᠯ ᠪᠦᠬᠦᠢ ᠤᠨᠴᠠᠯᠢᠭ ᠢ ᠲᠤᠰᠬᠠᠬᠤ ᠬᠡᠰᠡᠨ ᠵᠤᠷᠢᠯᠭ᠎ᠠ ᠲᠠᠢ ᠭᠡᠵᠦ ᠪᠤᠲᠤᠭᠲᠠᠨᠠ᠃ ᠭᠡᠷᠪᠡ ᠲᠡᠶᠢᠮᠦ ᠪᠤᠯ | ᠮᠤᠩᠭᠤᠯᠴᠤᠳ ᠤᠷᠴᠢᠯᠠᠩ ᠳ᠋ᠡᠬᠢᠨ ᠳᠠᠬᠢ ᠤᠲᠤ ᠭᠠᠷᠠᠭ ᠤᠨ ᠤᠷᠴᠢᠯᠳᠠ ᠡᠷᠬᠢᠯᠳᠡ ᠶᠢᠨ ᠲᠤᠬᠠᠢ ᠨᠡᠩ ᠡᠷᠲᠡ ᠳᠤ | ᠮᠠᠭᠠᠳ ᠲᠠᠨᠢᠯᠳᠠ ᠲᠠᠢ ᠪᠤᠯᠴᠢᠬᠠᠭᠰᠠᠨ ᠪᠠᠶᠢᠵᠤ ᠮᠡᠲᠡᠨ᠎ᠡ᠃ | ︽ᠷ᠊︾ ᠠᠪᠢᠶ᠎ᠠ ᠶᠢ ᠪᠠᠰᠨ ᠭᠠᠭᠴᠠ ᠪᠤᠰᠤ ᠵᠦᠢᠯ ᠢ ᠲᠤᠰᠬᠠᠬᠤ ᠳᠤ ᠬᠡᠷᠡᠭᠯᠡᠵᠦ ᠪᠠᠶᠢᠵᠠᠢ᠃ ᠲᠤᠬᠠᠶᠢᠯᠠᠪᠠᠯ᠄ | ᠦᠷᠦᠭᠡᠰᠦᠨ ᠭᠡᠬᠦ ᠦᠭᠡ ᠨᠢ ᠬᠡᠲᠦᠶᠢᠪᠡᠷ ᠭᠠᠭᠴᠠᠬᠠᠨ ᠪᠤᠲᠠᠭᠠᠯᠢ ᠶᠢ ᠵᠢᠭᠠᠵᠤ ᠪᠠᠶᠢᠪᠠᠴᠤ᠂ ᠲᠡᠷᠨ ᠨᠢ ᠬᠤᠶᠠᠷ ᠪᠤᠶᠤ | ᠬᠤᠶᠠᠷ ᠠᠴᠠ ᠲᠡᠭᠡᠭᠰᠢᠬᠢ ᠢᠵᠢᠯ ᠲᠦᠷᠦᠯ ᠤᠨ ᠬᠡᠷᠡᠭ ᠪᠤᠲᠠᠰ ᠤᠨ ᠲᠤᠲᠤᠷᠠᠬᠢ ᠨᠢᠭᠡ ᠶᠢ ᠵᠢᠭᠠᠲᠠᠭ᠃ ᠵᠢᠱᠢᠶ᠎ᠡ᠄ | ᠦᠷᠦᠭᠡᠰᠦᠨ ᠡᠪᠡᠷ᠂ ᠦᠷᠦᠭᠡᠰᠦᠨ ᠰᠠᠪᠬ᠎ᠠ ᠭᠡᠬᠦ ᠮᠡᠲᠦ᠃ | ᠲᠠᠪᠬᠤᠷ᠂ ᠢᠬᠢᠷ᠎ᠠ᠂ ᠵᠦᠢᠷᠡᠢ᠂ ᠬᠤᠶᠠᠷ᠂ ᠬᠠᠪᠢᠷᠭ᠎ᠠ᠂ ᠪᠦᠭᠡᠷ᠎ᠡ᠂ ᠭᠠᠷ᠂ ᠬᠤᠷᠤᠭᠤ᠂ ᠵᠡᠷᠭᠡᠴᠡᠭᠡ᠂ ᠠᠷᠠᠯ ﹇ | ᠲᠡᠷᠭᠡ﹈ ᠭᠡᠬᠦ ᠮᠡᠲᠦ ᠤᠬᠠᠭᠲᠠᠬᠤᠨ ᠨᠢ ᠲᠠᠷᠤᠢ ᠨᠢᠭᠡ ᠪᠤᠰᠤ ᠵᠦᠢᠯᠡᠰ ᠢ ᠲᠤᠰᠬᠠᠲᠠᠭ᠃ ᠬᠠᠮᠠᠷ ᠭᠡᠬᠦ ᠤᠬᠠᠭᠲᠠᠬᠤᠨ | ᠨᠢ ᠬᠡᠲᠦᠶᠢᠪᠡᠷ ᠨᠢᠭᠡ ᠴᠤᠭᠴᠠ ᠪᠡᠶ᠎ᠡ ᠶᠢ ᠵᠢᠭᠠᠵᠤ ᠪᠠᠶᠢᠭ᠎ᠠ ᠪᠤᠯᠪᠠᠴᠤ ᠲᠡᠭᠦᠨ ᠳᠤ ᠬᠠᠷᠢᠨ ᠨᠢᠭᠡ ᠬᠤᠤᠰ | ᠠᠮᠢᠰᠬᠤᠬᠤ ᠰᠦᠪᠡ ᠪᠤᠢ᠃ ᠰᠤᠷᠮᠤᠤᠰᠤ ᠪᠤᠯ ᠦᠨᠳᠦᠰᠨ ᠳᠡᠭᠡᠨ ᠲᠡᠭᠡᠷ᠎ᠡ ᠲᠤᠤᠷ᠎ᠠ ᠬᠤᠶᠠᠷ ᠠᠩᠬᠢ ᠪᠤᠯᠵᠤ | ᠪᠠᠶᠢᠷᠢᠯᠠᠵᠠᠢ᠃ ᠡᠨᠡᠴᠢᠯᠡᠨ ᠬᠠᠮᠠᠷ᠂ ᠰᠤᠷᠮᠤᠤᠰᠦ᠂ ᠬᠠᠷᠠᠭ᠎ᠠ᠂ ᠰᠤᠨᠤᠷ᠂ ᠬᠠᠴᠠᠷ᠂ ᠨᠢᠭᠤᠷ᠂ ᠤᠷᠤᠭᠤᠯ ᠵᠡᠷᠭᠡ | ᠦᠭᠡᠰ ᠲᠤ ᠪᠦᠷ ᠨᠢᠭᠡ ᠪᠤᠰᠤ ᠵᠦᠢᠯᠡᠰ ᠲᠤᠰᠬᠠᠭᠲᠠᠨᠠ᠃ | ᠨᠠᠶᠢᠷᠠᠭᠤᠯᠬᠤ᠂ ᠦᠷᠭᠦᠯᠵᠢ᠂ ᠲᠡᠪᠲᠡᠷ᠂ ᠰᠤᠲᠤᠷ᠂ ᠲᠡᠭᠲᠡᠷ ᠬᠡᠬᠦ ᠮᠡᠲᠦ ᠦᠭᠡᠰ ᠲᠤ ᠮᠥᠨ ᠯᠠ ᠭᠠᠭᠴᠠ ᠪᠤᠰᠤ | ᠵᠦᠢᠯᠡᠰ ᠲᠤᠰᠬᠠᠭᠲᠠᠵᠤ ᠪᠠᠶᠢᠲᠠᠭ᠃ ᠳᠡᠪᠳᠡᠷ᠂ ᠰᠤᠳᠤᠷ ᠬᠡᠬᠦ ᠦᠬᠡᠰ ᠨᠢ ᠭᠠᠭᠴᠠ ᠪᠤᠰᠤ ᠬᠠᠭᠤᠳᠡᠰᠦ ᠲᠠᠢ | ᠪᠢᠴᠢᠭ ᠬᠠᠷ᠎ᠠ ᠶᠢᠨ ᠵᠦᠢᠯ ᠢ ᠵᠢᠭᠠᠵᠤ ᠪᠠᠶᠢᠨ᠎ᠠ᠃ | ᠳᠤᠩᠭᠠᠪᠠᠯ᠄ ᠦᠷᠡᠵᠢᠬᠦ᠂ ᠲᠦᠷᠦᠬᠦ᠂ ᠦᠷᠦᠬᠦ᠂ ᠪᠠᠶᠢᠷᠢᠯᠡᠬᠤ᠂ ᠦᠷᠦᠬᠦ᠂ ᠱᠦᠷᠬᠦᠬᠡᠬᠦ᠂ ᠨᠠᠶᠢᠷᠡᠳᠡᠢ᠂ ᠬᠤᠷᠰᠢᠬᠤ᠂ | ᠨᠦᠬᠦᠷ᠂ ᠪᠠᠷᠢᠯᠳᠤᠬᠤ᠂ ᠰᠤᠪᠤᠷᠡᠬᠤ᠂ ᠴᠤᠪᠤᠷᠡᠬᠤ᠂ ᠤᠷᠢᠳᠡᠬᠤ᠂ ᠵᠦᠷᠢᠶ᠎ᠠ᠂ ᠳ᠋ᠤᠭᠠᠷ᠂ ᠴᠤᠬᠤᠷ᠂ ᠪᠢᠳᠡᠷ᠂ | ᠬᠠᠯᠳᠠᠷ᠂ ᠡᠷᠢᠶᠠᠨ᠂ ᠶᠠᠷᠦᠩᠬᠡᠢ᠂ ᠬᠤᠷᠡᠯ᠂ ᠠᠷᠪᠢᠨ᠂ ᠰᠢᠷᠤᠢ᠂ ᠭᠤᠯᠢᠷ᠂ ᠬᠤᠪᠢᠷᠡᠬᠤ᠂ ᠰᠢᠷᠡᠯᠳᠤᠬᠦ᠂ ᠰᠠᠶᠢᠷᠡᠭ | ᠬᠡᠬᠦ ᠮᠡᠲᠦᠰ ᠤᠨ ᠦᠬᠡᠰ ᠲᠤ ᠭᠠᠭᠴᠠ ᠪᠤᠰᠤ ᠵᠦᠢᠯᠡᠰ ᠠᠶᠠᠠᠳᠡᠭᠠᠨ ᠳᠤᠰᠬᠠᠭᠳᠡᠵᠤ ᠪᠠᠶᠢᠳᠠᠭ᠃ | ᠡᠨᠡ ᠮᠡᠲᠦ ᠤᠬᠠᠭᠠᠴᠢᠯᠠᠪᠠᠯ᠂ ᠤᠯᠠᠨ ᠲᠤᠭᠠᠨ ᠤ ᠲᠠᠭᠠᠪᠤᠷᠢ ︽ᠨᠠᠷ︾ ᠲᠠᠬᠢ ︽ᠷ᠊︾ ᠠᠪᠢᠶ᠎ᠠ ᠨᠢ ᠤᠯᠠᠨ ᠲᠤᠭ᠎ᠠ | ᠶᠢ ᠵᠢᠭᠠᠬᠤ ᠤᠳᠬ᠎ᠠ ᠶᠢᠨ ᠭᠤᠤᠯ ᠡᠭᠦᠷᠭᠡ ᠶᠢ ᠡᠭᠦᠷᠭᠡᠯᠡᠵᠦ ᠪᠠᠶᠢᠭ᠎ᠠ ᠰᠢᠭ᠋ ᠰᠠᠨᠠᠭᠲᠠᠨ᠎ᠠ᠃ | ᠪᠢᠷ ᠢ ᠪᠠᠰᠨ ᠮᠠᠰᠢ ᠤᠯᠠᠨ ᠲᠤᠭᠠᠨ ᠤ ᠦᠰᠦ ᠰᠤᠷ ᠢ ᠠᠪᠴᠤ ᠬᠤᠯᠤᠰᠤᠨ ᠮᠤᠲᠤᠨ ᠤ ᠦᠵᠦᠭᠦᠷ ᠲᠤ ᠪᠠᠬᠢᠯᠡᠵᠦ | ᠬᠢᠲᠡᠭ᠂ ︽ᠬᠤᠷᠢᠨ ᠨᠢᠭᠡᠲᠦ ᠲᠠᠶᠢᠯᠪᠤᠷᠢ ᠲᠤᠯᠢ︾ ᠳᠤ ︽ᠪᠢᠷ ᠪᠠᠷ ᠬᠢᠵᠦ︾᠂ ︽ᠪᠦᠷ ᠪᠠᠷ ᠭᠢᠵᠦ︾ ᠭᠡᠬᠦ | ᠦᠭᠡᠰ ᠢ ᠮᠠᠰᠢ ᠦᠯᠡᠮᠵᠢ ᠶᠢᠨ ᠪᠠᠶᠢᠲᠠᠯ᠂ ᠦᠯᠡᠮᠵᠢ ᠤᠯᠠᠨ ᠤ ᠪᠠᠶᠢᠲᠠᠯ ᠭᠡᠵᠦ ᠲᠠᠶᠢᠯᠪᠤᠷᠢᠯᠠᠵᠠᠢ᠃ ᠡᠲᠡᠭᠡᠷ ᠦᠭᠡᠰ | ᠲᠤ ︽ᠷ᠊︾ ᠠᠪᠢᠶ᠎ᠠ ᠤᠨᠴᠠᠯᠠᠭᠲᠠᠨ᠎ᠠ᠃ ︽ᠨᠠᠶᠢᠷ᠂ ᠬᠤᠷᠢᠮ᠂ ᠬᠤᠷᠠᠯ︾ ᠭᠡᠬᠦ ᠮᠡᠲᠦ ᠦᠭᠡᠰ ᠲᠤ ᠤᠯᠠᠨ ᠬᠦᠮᠦᠰ | ᠤᠨ ᠴᠤᠭᠯᠠᠭᠠᠨ ᠲᠤᠰᠬᠠᠭᠲᠠᠨᠠ᠃ ᠡᠲᠡᠭᠡᠷ ᠦᠭᠡᠰ ᠲᠤ ᠮᠥᠨ ︽ᠷ᠊︾ ᠠᠪᠢᠶ᠎ᠠ ᠤᠨᠴᠠᠯᠠᠭᠲᠠᠵᠤ ᠪᠠᠶᠢᠲᠠᠭ᠃ | — ︽ᠷ᠊︾ ᠠᠪᠢᠶ᠎ᠠ ᠶᠢᠨ ᠲᠤᠬᠠᠢ ᠨᠠᠷᠢᠨ ᠠᠵᠢᠭᠯᠠᠯᠳᠠ ᠪᠠᠷ ᠲᠠᠮᠵᠢᠭᠤᠯᠵᠤ ᠲᠡᠭᠦᠨ ᠤ ᠦᠭᠡ ᠬᠡᠯᠡᠨ ᠳᠤ | ᠦᠵᠡᠭᠦᠯᠵᠦ ᠪᠠᠶᠢᠭ᠎ᠠ ᠨᠡᠩ ᠤᠯᠠᠨ ᠦᠢᠯᠡᠲᠦᠯ ᠢ ᠲᠠᠨᠢᠵᠤ ᠪᠤᠯᠤᠨ᠎ᠠ᠃ | ᠮᠤᠩᠭᠤᠯ ᠬᠡᠯᠡᠨ ᠳᠠᠬᠢ ︽ᠬ᠋᠊︾ ᠠᠪᠢᠶ᠎ᠠ ᠨᠢ ᠴᠦ ᠨᠡᠯᠢᠶᠡᠳ ᠲᠡᠯᠭᠡᠷ ᠦᠪᠡᠷᠮᠢᠴᠡ ᠰᠢᠨᠵᠢ ᠲᠠᠢ ᠪᠤᠯᠵᠤ ᠭᠦᠭᠵᠢᠪᠡ᠃ | ᠲᠤᠬᠠᠶᠢᠯᠠᠪᠠᠯ᠄ | ᠭᠠᠯ ᠭᠡᠷᠡᠯ ᠳᠤ ᠬᠤᠯᠪᠤᠭᠲᠠᠭᠰᠠᠨ ᠵᠦᠢᠯ ᠳᠤ ︽ᠬ᠋᠊︾ ᠠᠶᠢᠮᠠᠭ ᠤᠨ ᠠᠪᠢᠶ᠎ᠠ ᠶᠢ ᠬᠡᠷᠡᠭᠯᠡᠵᠦ ᠪᠠᠶᠢᠲᠠᠭ᠃ — | ᠭᠠᠯ᠂ ᠭᠡᠷ᠂ ᠭᠠᠩᠰᠠ᠂ ᠰᠢᠲᠠᠭᠠᠬᠤ᠂ ᠴᠤᠭ᠂ ᠲᠦᠭᠡᠨ᠎ᠡ᠂ ᠬᠠᠯᠠᠭᠤᠨ᠂ ᠪᠤᠴᠠᠯᠭᠠᠬᠤ᠂ ᠰᠢᠷᠭᠠᠬᠤ᠂ ᠬᠠᠭᠤᠷᠬᠤ᠂ | ᠬᠠᠭᠠᠷᠢᠬᠤ᠂ ᠭᠡᠷᠡᠯ᠂ ᠭᠡᠭᠡ᠂ ᠬᠢᠯᠠᠰᠠᠤ᠂ ᠬᠢᠯᠭᠠᠷ᠂ ᠬᠢᠯᠪᠠᠭᠠᠨ᠂ ᠭᠡᠭᠡᠨ᠂ ᠴᠠᠭᠠᠨ᠂ ᠴᠠᠬᠢᠯᠭᠠᠨ᠂ ᠬᠢᠯ᠂ ᠬᠦᠯᠢᠭᠡᠷ᠂ | ᠭᠡᠭᠡᠷᠡᠬᠦ᠂ ᠭᠡᠭᠡᠪᠴᠢ᠂ ᠬᠢᠷᠠᠭ᠎ᠠ᠂ ᠬᠠᠶᠠᠭᠠᠷᠠᠬᠤ ᠬᠡᠬᠦ ᠮᠡᠲᠦ᠃ | ᠨᠡᠪᠲᠡᠷᠡᠯᠴᠡᠭᠡ ᠵᠡᠷᠭᠡ ᠶᠢ ᠰᠠᠭᠠᠲᠠᠭᠠᠵᠤ ᠬᠢᠵᠠᠭᠠᠷᠯᠠᠬᠤ ᠵᠦᠢᠯ ᠢ ᠨᠡᠷᠡᠯᠡᠬᠦ ᠳᠤ ︽ᠬ᠋᠊︾ ᠶᠢᠨ ᠠᠶᠢᠮᠠᠭ ᠤᠨ ᠠᠪᠢᠶ᠎ᠠ | ᠵᠦᠩᠲᠡᠭᠡᠨ ᠬᠤᠯᠪᠤᠭᠲᠠᠵᠤ ᠪᠤᠢ᠃ — ᠲᠦᠭᠵᠢᠶ᠎ᠡ᠂ ᠲᠡᠪᠡᠭᠡ᠂ ᠪᠦᠭᠡᠵᠢ᠂ ᠴᠦᠭᠴᠦᠷᠭᠡ᠂ ᠤᠭᠯᠤᠷᠭ᠎ᠠ᠂ | ᠬᠤᠯᠤᠭᠤ᠂ ᠬᠠᠭᠠᠯᠭ᠎ᠠ᠂ ᠪᠦᠭᠯᠡᠭᠡ᠂ ᠲᠠᠭᠯᠠᠭ᠎ᠠ᠃ — ᠵᠠᠭᠠᠭ᠂ ᠬᠢᠵᠠᠭᠠᠷ᠂ ᠱᠤᠭᠤᠮ᠂ ᠪᠤᠭᠤᠮᠲᠠ᠂ ᠬᠤᠷᠢᠭᠤᠯ | ᠂ ᠬᠢᠨᠲᠡᠨ ᠭᠡᠬᠦ ᠮᠡᠲᠦ᠃ | ᠲᠦᠪᠯᠡᠷᠡᠵᠦ ᠪᠦᠭᠡᠭᠨᠡᠷᠡᠨ ᠠᠭᠰᠢᠵᠤ ᠬᠠᠭᠠᠭᠲᠠᠭᠰᠠᠨ ᠪᠠᠶᠢᠲᠠᠯ ᠢ ᠲᠤᠰᠬᠠᠬᠤ ᠳᠠᠭᠠᠨ ︽ᠬ᠋᠊︾ ᠶᠢᠨ ᠠᠶᠢᠮᠠᠭ ᠤᠨ | ᠠᠪᠢᠶ᠎ᠠ ᠶᠢ ᠬᠡᠷᠡᠭᠯᠡᠲᠡᠭ᠃ — ᠲᠠᠭᠵᠢᠷᠠᠬᠤ᠂ ᠲᠦᠭᠵᠢᠬᠦ᠂ ᠲᠠᠭᠯᠠᠬᠤ᠂ ᠲᠡᠭᠡᠭᠯᠡᠬᠦ᠂ ᠵᠠᠩᠬᠢᠳᠬᠤ᠂ ᠵᠠᠩᠬᠢᠶ᠎ᠠ᠂ | ᠭᠤᠭᠴᠤᠭ᠎ᠠ᠂ ᠵᠠᠩᠬᠢᠯᠭ᠎ᠠ᠂ ᠬᠠᠭᠰᠠᠵᠤ᠂ ᠠᠭᠰᠢᠵᠤ᠂ ᠡᠭᠡᠲᠡᠵᠦ᠂ ᠪᠦᠭᠡᠮᠨᠡᠷᠡᠵᠦ᠂ ᠵᠠᠩᠬᠢᠷᠡᠵᠤ᠂ ᠪᠠᠭᠯᠠᠷᠠᠵᠤ᠂ | ᠪᠤᠭᠤᠭᠳᠡᠬᠤ᠂ ᠠᠭᠯᠠᠭ᠂ ᠢᠭᠴᠠ᠂ ᠴᠤᠭᠯᠠᠬᠤ᠂ ᠨᠢᠲᠤᠷᠭ᠎ᠠ᠂ ᠨᠢᠭᠲᠠ ᠭᠡᠬᠦ ᠮᠡᠲᠦ᠃ | ᠰᠡᠳᠬᠢᠬᠦᠢ ᠵᠡᠷᠭᠡ ᠳᠤ ᠰᠠᠭᠠᠳ ᠪᠦᠬᠦᠢ ᠦᠶᠡᠰ ᠤᠨ ᠪᠠᠶᠢᠲᠠᠯ ᠢ ᠢᠯᠡᠳᠭᠡᠬᠦ ᠳᠤ ᠴᠦ ︽ᠭ᠊᠂ ᠭ᠊︾ ᠠᠪᠢᠶ᠎ᠠ ᠶᠢ | ᠬᠡᠷᠡᠭᠯᠡᠵᠦ ᠪᠤᠢ᠃ ᠲᠤᠬᠠᠶᠢᠯᠠᠪᠠᠯ᠄ ᠲᠠᠲᠠᠭᠠᠯᠵᠠᠬᠤ᠂ ᠡᠭ ᠮᠠᠭ᠂ ᠢᠲᠠᠭ ᠶᠠᠲᠠᠭ᠂ ᠲᠦᠲᠡᠭᠡᠯᠵᠡᠬᠦ᠂ ᠲᠦᠪᠡᠭᠰᠢᠶᠡᠬᠦ᠂ | ᠡᠭᠡᠲᠡᠷᠡᠵᠦ᠂ ᠲᠦᠭᠡᠷᠢᠬᠦ ᠵᠡᠷᠭᠡ ᠪᠠ ᠬᠦᠭᠰᠡᠵᠦ᠂ ᠪᠦᠭᠰᠢᠵᠦ᠂ ᠡᠭᠰᠢᠵᠤ᠂ ᠮᠡᠭᠰᠢᠵᠦ᠂ ᠪᠡᠭᠲᠡᠷᠡᠵᠦ᠂ ᠤᠭᠰᠢᠵᠤ᠂ | ᠯᠤᠭᠰᠢᠵᠤ᠂ ᠲᠦᠭᠰᠢᠵᠦ ᠯᠦᠭᠰᠢᠵᠦ᠂ ᠬᠠᠭᠰᠢᠵᠤ᠂ ᠠᠭᠰᠠᠵᠤ ᠭᠡᠬᠦ ᠮᠡᠲᠦ᠃ | ᠬᠤᠲᠤᠭᠤᠷ ᠰᠢᠨᠵᠢ ᠪᠠᠶᠢᠲᠠᠯ ᠬᠤᠯᠪᠤᠭᠲᠠᠭᠰᠠᠨ ᠵᠦᠢᠯ ᠢ ᠨᠡᠷᠡᠯᠡᠵᠦ ᠲᠡᠮᠲᠡᠭᠯᠡᠬᠦ ᠳᠡᠭᠡᠨ ︽ᠬ᠋᠊᠂ ᠭ᠊︾ ᠠᠪᠢᠶ᠎ᠠ ᠶᠢ | ᠵᠦᠩᠲᠡᠭᠡᠨ ᠬᠡᠷᠡᠭᠯᠡᠵᠦ ᠪᠠᠶᠢᠪᠠ᠃ — ᠠᠯᠠᠭ᠎ᠠ᠂ ᠬᠤᠨᠲᠠᠭ᠎ᠠ᠂ ᠬᠠᠯᠪᠠᠭ᠎ᠠ᠂ ᠰᠢᠨᠠᠭ᠎ᠠ᠂ ᠠᠶᠠᠭ᠎ᠠ᠂ ᠲᠤᠭᠤᠭ᠎ᠠ᠂ | ᠰᠠᠭᠤᠯᠭ᠎ᠠ᠂ ᠠᠭᠠᠷᠤ᠂ ᠬᠦᠨᠦᠭ᠂ ᠬᠤᠪᠤᠭᠤ᠂ ᠠᠷᠤᠭ᠂ ᠰᠠᠭᠰᠤ᠂ ᠬᠤᠳᠲᠤᠭ᠂ ᠬᠦᠨ᠂ ᠭᠤᠤ᠂ ᠭᠠᠩᠭ᠎ᠠ᠂ | ᠠᠭᠤᠢ᠂ ᠭᠤᠤᠯ᠂ ᠭᠤᠷᠤᠬ᠎ᠠ᠂ ᠬᠤᠲᠤᠭᠤᠷ᠂ ᠨᠠᠭᠤᠷ᠂ ᠲᠤᠭᠤᠷᠢᠮ᠂ ᠴᠦᠬᠦᠷᠦᠮ᠂ ᠰᠠᠭᠠᠲᠠᠭ᠂ ᠬᠤᠭᠤᠯᠠᠢ᠂ | ᠭᠤᠤᠷᠰᠤ᠂ ᠤᠭᠤᠷ᠂ ᠤᠭᠤᠲᠠ᠂ ᠰᠢᠭᠤᠲᠠᠢ᠂ ᠬᠠᠪᠲᠠᠭ᠎ᠠ᠂ ᠬᠤᠲᠤᠭᠤᠲᠤ᠂ ᠴᠦᠮᠦᠭᠡ᠂ ᠭᠤᠲᠤᠯ ﹇ᠭᠤᠲᠤᠰᠤ﹈ | ᠭᠡᠬᠦ ᠮᠡᠲᠦ᠃ ᠬᠠᠷᠢᠴᠠᠩᠭᠤᠢ ᠪᠠᠷ ᠰᠡᠳᠬᠢᠵᠦ᠂ ᠬᠡᠪ ᠤᠨ ᠪᠠᠶᠢᠲᠠᠯ ᠠᠴᠠ ᠴᠤᠬᠤᠶᠢᠭᠰᠠᠨ ᠲᠤᠪᠤᠭᠤᠷ ᠰᠢᠨᠵᠢ | ᠪᠠᠶᠢᠲᠠᠯ ᠬᠤᠯᠪᠤᠭᠲᠠᠭᠰᠠᠨ ᠵᠦᠢᠯᠡᠰ ᠢ ᠨᠡᠷᠡᠯᠡᠵᠦ ᠲᠡᠮᠲᠡᠭᠯᠡᠬᠦ ᠳᠡᠭᠡᠨ ᠴᠦ ︽ᠬ᠋᠊᠂ ᠭ᠊︾ ᠠᠪᠢᠶ᠎ᠠ ᠶᠢ ᠵᠦᠩᠳᠡᠭᠡᠨ | ᠬᠡᠷᠡᠭᠯᠡᠵᠦ ᠪᠠᠶᠢᠭᠰᠠᠨ ᠮᠡᠲᠦ᠃ — ᠱᠠᠭ᠎ᠠ᠂ ᠠᠰᠢᠭ᠂ ᠲᠤᠪᠤᠭᠤᠷ᠂ ᠬᠦᠲᠦᠭᠦᠷ᠂ ᠭᠤᠵᠤᠭᠤᠷ᠂ ᠪᠤᠰᠤᠭ᠎ᠠ᠂ | ᠤᠪᠤᠭ᠎ᠠ᠂ ᠲᠤᠪᠤᠴᠠᠭ᠂ ᠤᠷᠬᠢᠯ᠂ ᠠᠰᠬ᠎ᠠ᠂ ᠠᠭᠤᠯᠨ᠂ ᠠᠪᠤᠷᠭᠤ᠂ ᠨᠢᠷᠤᠭᠤ᠂ ᠬᠢᠩᠭ᠎ᠠ᠂ ᠲᠠᠪᠠᠭ᠎ᠠ ᠭᠡᠬᠦ ᠮᠡᠲᠦ᠃ | ᠤᠯᠠᠨ ᠲᠠᠪᠠᠭ᠎ᠠ ᠨᠢ ᠲᠠᠪᠷᠠᠭᠠ ᠪᠤᠯᠵᠤ ᠬᠠᠷᠠᠭᠲᠠᠨ᠎ᠠ᠃ ᠡᠨᠡᠴᠢᠯᠡᠨ ᠲᠠᠪᠠᠷᠠᠭᠠ᠂ ᠲᠤᠯᠬᠢᠶᠠᠯᠢᠭ ᠰᠢᠨᠵᠢ ᠪᠠᠶᠢᠲᠠᠯ | ᠬᠤᠯᠪᠤᠭᠲᠠᠭᠰᠠᠨ ᠵᠦᠢᠯᠡᠰ ᠢ ᠨᠡᠷᠡᠯᠵᠦ ᠲᠡᠮᠲᠡᠭᠯᠡᠬᠦ ᠳᠡᠭᠡᠨ ︽ᠬ᠋᠊᠂ ᠭ᠊︾ ᠠᠪᠢᠶ᠎ᠠ ᠶᠢ ᠤᠨᠴᠠᠯᠠᠨ ᠬᠡᠷᠡᠭᠯᠡᠵᠦ | ᠪᠠᠶᠢᠭᠰᠠᠨ ᠰᠢᠭ᠋᠃ — ᠬᠠᠶᠠᠯᠭ᠎ᠠ᠂ ᠰᠤᠯᠤᠩᠭ᠎ᠠ᠂ ᠵᠡᠷᠭᠡᠯᠭᠡᠨ᠂ ᠬᠦᠷᠪᠡᠯᠵᠡᠨ᠂ ᠮᠤᠰᠬᠢᠯᠲᠤᠬᠤ᠂ ᠤᠭᠠᠯᠵᠨ᠂ | ᠭᠡᠭᠦᠯᠵᠡᠨ᠂ ᠭᠤᠬᠢᠯᠵᠡᠨ᠂ ᠴᠠᠯᠬᠢᠶᠠᠨ᠂ ᠲᠤᠯᠬᠢᠶᠠᠨ᠂ ᠲᠠᠪᠠᠯᠭᠠᠨ ᠭᠡᠬᠦ ᠮᠡᠲᠦ᠃ ᠰᠠᠯᠬᠢᠨ ᠤ ᠲᠠᠭᠠᠤ ᠴᠢᠮᠡᠭᠡ ᠵᠡᠷᠭᠡ | ᠶᠢ ︽ᠱᠤᠤᠭᠢᠶᠠᠨ︾ ᠭᠡᠵᠦ ᠨᠡᠷᠡᠯᠡᠵᠦ ᠲᠡᠮᠲᠡᠭᠯᠡᠬᠦ ᠳᠡᠭᠡᠨ ᠮᠥᠨ ᠦᠭᠡᠨ ᠳᠤ ︽ᠭ᠊︾ ᠠᠪᠢᠶ᠎ᠠ ᠶᠢ ᠬᠡᠷᠡᠭᠯᠡᠵᠦ | ᠪᠠᠶᠢᠭ᠎ᠠ ᠨᠢ ᠲᠠᠭᠤ ᠴᠢᠮᠡᠭᠡ ᠪᠤᠯ ᠲᠤᠯᠬᠢᠶᠠᠨ ᠬᠡᠯᠪᠡᠷᠢ ᠪᠠᠷ ᠲᠠᠮᠵᠢᠭᠲᠠᠨ ᠪᠠᠶᠢᠭ᠎ᠠ ᠶᠢ ᠲᠠᠳᠬᠠᠯ ᠤᠨ ᠠᠪᠢᠶ᠎ᠠ ᠪᠠᠷ | ᠢᠯᠡᠳᠭᠡᠬᠦ ᠵᠤᠷᠢᠯᠭ᠎ᠠ ᠲᠠᠢ ᠠᠴᠠ ᠪᠤᠯᠤᠭᠰᠠ ᠰᠢᠭ᠋ ᠰᠠᠨᠠᠭᠲᠠᠨ᠎ᠠ᠃ ᠮᠥᠨ ᠬᠦ ︽ᠲᠠᠭᠤ ᠴᠢᠮᠡᠭᠡ︾ ᠭᠡᠬᠦ ᠦᠭᠡᠨ ᠳᠤ | ᠪᠠᠰᠨ ︽ᠬ᠋᠊᠂ ᠭ᠊︾ ᠠᠪᠢᠶ᠎ᠠ ᠠᠴᠢᠶᠠᠯᠠᠭᠲᠠᠵᠤ ᠪᠠᠶᠢᠬᠤ ᠨᠢ ᠠᠩᠬᠠᠷᠤᠭᠲᠠᠨᠠ᠃ | ᠮᠤᠩᠭᠤᠯᠴᠤᠳ ᠤᠨ ᠬᠡᠶᠢᠰᠪᠦᠷᠢᠯᠡᠨ ᠬᠤᠷᠢᠶᠠᠩᠭᠤᠶᠢᠯᠠᠬᠤ ᠴᠢᠲᠠᠪᠤᠷᠢ ᠤᠨᠴᠠ ᠰᠠᠶᠢᠨ ᠪᠠᠶᠢᠲᠠᠭ ᠲᠤᠯᠨ ᠦᠭᠡ ᠬᠡᠯᠡᠨ | ᠤ ᠪᠠᠭᠲᠠᠭᠠᠮᠵᠢ ᠨᠢ ᠤᠨᠴᠠ ᠪᠠᠶᠠᠯᠢᠭ ᠪᠠᠶᠢᠲᠠᠭ᠃ ︽ᠬ᠋᠊᠂ ᠭ᠊︾ ᠠᠪᠢᠶ᠎ᠠ ᠶᠢᠨ ᠬᠡᠯᠡᠨ ᠤ ᠦᠢᠯᠡᠲᠦᠯ ᠢ ᠦᠷᠭᠡᠳᠭᠡᠬᠦ | ᠳᠡᠭᠡᠨ ᠨᠡᠩ ᠶᠡᠭᠡ ᠤᠷᠤᠨ ᠵᠠᠢ ᠳᠤ ᠬᠠᠨᠲᠤᠵᠤ ︽ᠠᠭᠠᠷ︾ ᠭᠡᠬᠦ ᠵᠡᠷᠭᠡ ᠦᠭᠡ ᠶᠢ ᠪᠦᠲᠦᠭᠡᠵᠦ ᠬᠡᠷᠡᠭᠯᠡᠭᠰᠡᠨ | ᠪᠠᠶᠢᠨ᠎ᠠ᠃ ᠬᠠᠷᠠᠬᠤ ᠳᠤ ᠬᠤᠪ ᠬᠤᠭᠤᠰᠤᠨ ᠰᠢᠭ᠋ ᠤᠭᠳᠠᠷᠭᠤᠢ ᠶᠢ ᠮᠤᠩᠭᠤᠯᠴᠤᠳ ᠶᠡᠷᠦᠨᠢ ᠬᠤᠭᠤᠰᠤᠨ ᠭᠡᠵᠦ | ᠦᠵᠡᠭᠰᠡᠨ ᠦᠭᠡᠢ ᠬᠠᠷᠢᠨ ᠮᠠᠰᠢ ᠶᠡᠭᠡ ᠲᠦᠷᠰᠦᠯᠡᠨ ᠪᠤᠲᠤᠬᠤᠢ ᠶᠢᠨ ᠬᠦᠴᠦᠨ ᠳᠤ ᠲᠦᠰᠢᠭᠯᠡᠨ᠂ ᠤᠭᠲᠠᠷᠭᠤᠢ | ᠶᠢᠨ ᠴᠡᠭᠡᠯ ᠳᠠᠬᠢ ᠪᠠᠶᠢᠲᠠᠯ ᠢ ᠮᠠᠰᠢ ᠲᠦᠷᠰᠦᠯᠢᠭ ᠢᠶᠠᠷ ᠬᠡᠶᠢᠰᠪᠦᠷᠢᠯᠡᠨ ᠬᠠᠷᠢᠶᠠᠩᠭᠤᠯᠠᠵᠤ᠂ ︽ᠠᠭᠠᠷ︾ ᠬᠡᠲᠡᠭ | ᠨᠡᠷ᠎ᠡ ᠬᠠᠶᠢᠷᠠᠯᠠᠵᠠᠢ᠃ ᠡᠭᠦᠨ ᠳᠤ ︽ᠠ᠊᠂ ᠬ᠋᠊᠂ ᠷ︾ ᠵᠡᠷᠭᠡ ᠭᠤᠷᠪᠠᠨ ᠵᠦᠢᠯ ᠤᠨ ᠠᠪᠢᠶᠠᠨ ᠤ ᠦᠭᠡ ᠬᠡᠯᠡᠨ ᠳᠠᠬᠢ | ᠵᠠᠷᠢᠮ ᠰᠢᠨᠵᠢ ᠶᠢ ᠠᠰᠢᠭᠯᠠᠵᠤ ᠨᠡᠷᠡᠯᠡᠭᠰᠡᠨ ᠭᠡᠵᠦ ᠰᠠᠨᠠᠭᠲᠠᠨ᠎ᠠ᠃ ᠲᠤᠬᠠᠶᠢᠯᠠᠪᠠᠯ᠂ ︽ᠠ᠊︾ ᠨᠢ ︽ᠶᠡᠭᠡ᠂ ᠶᠡᠭᠡ | ᠦᠨᠲᠦᠷ᠂ ᠶᠡᠭᠡ ᠬᠦᠨᠵᠡᠭᠡᠢ᠂ ᠶᠡᠭᠡ ᠤᠷᠤᠨ ᠵᠠᠢ ᠳᠠᠬᠢ︾ ᠭᠡᠰᠡᠨ ᠰᠠᠨᠠᠭ᠎ᠠ ᠠᠬᠤᠢ ᠶᠢ᠂ ︽ᠬ᠋᠊︾ ᠨᠢ ︽ᠲᠠᠪᠠᠯᠭᠠᠨ | ᠂ ᠲᠤᠯᠬᠢᠶᠠᠯᠢᠭ᠂ ᠠᠤᠭ᠎ᠠ︾ ᠬᠡᠰᠡᠨ ᠰᠠᠨᠠᠭ᠎ᠠ ᠠᠬᠤᠢ ᠶᠢ᠂ ︽ᠷ︾ ᠨᠢ ︽ᠳᠡᠬᠡᠷ᠎ᠠ᠂ ᠤᠷᠴᠢᠬᠤ᠂ ᠡᠷᠬᠢᠯᠳᠤᠨ᠂ | ᠬᠤᠶᠢᠯᠠᠷᠠᠭᠰᠠᠨ︾ ᠬᠡᠳᠡᠭ ᠰᠠᠨᠠᠭ᠎ᠠ ᠠᠬᠤᠢ ᠶᠢ ᠳᠤᠰ ᠳᠤᠰ ᠢᠯᠡᠷᠡᠬᠦᠯᠵᠤ ᠪᠠᠶᠢᠭ᠎ᠠ ᠰᠢᠭ᠋ ᠰᠠᠨᠠᠭᠳᠡᠨ᠎ᠠ᠃ ᠳᠡᠶᠢᠮᠤ | ᠪᠤᠯ ︽ᠠᠭᠠᠷ︾ ᠭᠡᠬᠦ ᠦᠭᠡ ᠨᠢ ︽ᠲᠡᠭᠡᠭᠦᠷ᠂ ᠶᠡᠭᠡ ᠤᠷᠤᠨ ᠵᠠᠢ ᠳᠤ᠂ ᠲᠠᠪᠠᠯᠭᠠᠯᠠᠨ ᠤᠷᠴᠢᠵᠤ᠂ ᠡᠷᠬᠢᠯᠲᠦᠨ | ᠬᠤᠶᠢᠯᠠᠷᠠᠭᠰᠠᠨ︾ ᠭᠡᠬᠦ ᠤᠳᠬ᠎ᠠ ᠠᠭᠤᠯᠭ᠎ᠠ ᠶᠢ ᠠᠴᠢᠶᠠᠯᠠᠵᠤ ᠪᠠᠶᠢᠨ᠎ᠠ ᠭᠡᠵᠦ ᠦᠵᠡᠬᠦ ᠳᠤ ᠢᠯᠡᠭᠦᠲᠡᠮᠡ ᠦᠭᠡᠢ | ᠰᠠᠨᠠᠭᠲᠠᠨ᠎ᠠ᠃ | ᠬᠡᠯᠨ ᠪᠠ ᠰᠡᠳᠬᠢᠬᠦᠢ ᠨᠢᠭᠲᠠ ᠲᠦᠰᠢᠯᠴᠡᠭᠡ ᠲᠠᠢ᠃ ᠮᠤᠩᠭᠤᠯᠴᠤᠳ ᠦᠭᠡ ᠬᠡᠯᠡᠨ ᠤ ᠪᠠᠨ ᠬᠦᠨ ᠲᠠᠪᠬᠤᠷᠭ᠎ᠠ ᠶᠢ | ᠠᠭᠤᠲᠠᠯᠠᠨ ᠰᠤᠲᠤᠯᠬᠤ ᠬᠡᠯᠨ ᠰᠡᠳᠬᠢᠬᠦᠢ ᠶᠢᠨ ᠨᠦᠭᠦᠴᠡᠯ ᠢᠶᠠᠷ ᠲᠠᠪᠠᠭᠤᠯᠢᠭ ᠪᠠᠶᠢᠨ᠎ᠠ᠃ ᠪᠢᠲᠡ ᠦᠭᠡ ᠬᠡᠯᠡᠨ ᠤ | ᠪᠠᠨ ᠭᠠᠶᠢᠬᠠᠮᠰᠢᠭ ᠢ ᠢᠯᠡᠷᠡᠭᠦᠯᠵᠦ ᠴᠢᠲᠠᠭᠠᠳ ᠰᠠᠶ᠋ᠢ᠂ ᠲᠠᠬᠢᠨ ᠦᠭᠡ ᠬᠡᠯᠡᠨ ᠤ ᠭᠠᠶᠢᠬᠠᠮᠰᠢᠭ ᠢ ᠡᠭᠦᠲᠦᠨ | ᠪᠦᠲᠦᠭᠡᠵᠦ ᠴᠢᠲᠠᠨ᠎ᠠ᠃ | ᠬᠥᠮᠣᠨ ᠲᠥᠷᠣᠯᠬᠢᠲᠠᠨ ᠤ ᠲᠡᠦᠬᠡ ᠪᠤᠯ ᠪᠠᠶᠢᠭᠠᠯᠢ ᠨᠡᠶᠢᠭᠡᠮ ᠤᠨ ᠲᠤᠬᠠᠢ ᠲᠠᠨᠢᠯᠲᠠ ᠶᠢᠨ ᠲᠡᠦᠬᠡ ᠮᠥᠨ᠃ ᠨᠢᠭᠡᠨ | ᠰᠢᠨᠵᠢᠯᠡᠬᠦ ᠤᠬᠠᠭᠠᠠᠴᠢ ᠴᠢᠨᠠᠷ ᠲᠠᠢ ᠦᠬᠡ ᠬᠡᠯᠨ ᠨᠢ ᠪᠠᠶᠢᠭᠠᠯᠢ ᠨᠡᠶᠢᠭᠡᠮ ᠤᠨ ᠲᠤᠬᠠᠢ ᠲᠠᠨᠢᠯᠲᠡ ᠶᠢᠨ ᠠᠷᠭ᠎ᠠ ᠮᠠᠶ᠋ᠶ᠋ᠭ | ᠢ ᠰᠣᠷᠠᠭ ᠳᠤᠬᠢᠶᠠᠴᠢᠯᠠᠨ ᠠᠴᠢᠶᠠᠯᠠᠵᠣ ᠴᠢᠳᠠᠳᠠᠭ ᠪᠠᠶᠢᠨ᠎ᠠ᠃ ᠲᠡᠶᠢᠮᠣ ᠳᠤ᠂ ᠦᠭᠡ ᠬᠡᠯᠡᠨ ᠤ ᠲᠤᠬᠠᠢ ᠰᠤᠳᠣᠯᠭᠠᠨ | ᠨᠢ ᠳᠡᠤᠬᠡ ᠰᠤᠳᠤᠯᠭᠠᠨ ᠤ ᠣᠮᠳᠠᠭᠠᠶᠢᠯᠠᠵᠣ ᠪᠣᠯᠣᠰᠢ ᠦᠭᠡᠢ ᠬᠡᠰᠩ ᠪᠣᠯᠬᠤ ᠶᠤᠮ ᠪᠠᠶᠢᠨ᠎ᠠ᠃ | ᠮᠣᠩᠭᠤᠯ ᠦᠬᠡ ᠬᠡᠯᠠᠨ ᠳᠠᠬᠢ ᠡᠭᠡᠰᠢᠭ ᠭᠡᠶᠢᠭᠦᠯᠦᠭᠴᠢ ᠠᠪᠢᠶ᠎ᠠ ᠪᠠ ᠲᠡᠳᠡᠭᠡᠷ ᠤᠨ ᠣᠶᠠᠯᠳᠣᠯ ᠠᠴᠠ ᠪᠦᠲᠦᠭᠰᠡᠨ | ᠦᠶ᠎ᠡ ᠭᠡᠬᠦ ᠮᠡᠳᠣᠰ ᠤᠨ ᠠᠪᠢᠶ᠎ᠠ ᠲᠣᠬᠢᠶ᠎ᠠ ᠨᠤᠭᠤᠳ ᠨᠢ ᠮᠣᠩᠭᠤᠯ ᠦᠭᠡ ᠬᠡᠯᠡᠨ ᠤ ᠬᠥᠭᠵᠢᠯ ᠤᠨ ᠶᠠᠪᠣᠴᠨ ᠳᠤ | ᠢᠮᠬᠠᠲᠠ ᠠᠮᠢᠳᠣ ᠦᠢᠯᠡᠲᠦᠯ ᠦᠵᠡᠭᠦᠯᠦᠭᠰᠡᠭᠡᠷ ᠪᠠᠶᠢᠭᠰᠠᠨ ᠶᠤᠮ᠃ ᠡᠨᠡ ᠮᠡᠲᠦᠰ ᠤᠨ ᠠᠪᠢᠶ᠎ᠠ ᠲᠤᠬᠢᠶ᠎ᠠ ᠶᠢᠨ | ᠲᠤᠬᠠᠢ ᠡᠷᠬᠢᠴᠡᠭᠦᠯᠬᠦ ᠳᠤ᠄ | ᠦᠭᠡ ᠬᠡᠯᠨ ᠪᠦᠷᠢᠯᠲᠦᠨ ᠲᠤᠭᠲᠠᠨᠢᠬᠤ ᠮᠰᠢ ᠪᠤᠲᠤᠯᠢᠶᠠᠨᠳᠠᠢ ᠶᠠᠪᠤᠴᠠ ᠳᠤ ᠡᠭᠡᠰᠢᠭ ᠬᠡᠶᠢᠭᠦᠯᠦᠭᠴᠢ ᠪᠠ ᠵᠢᠴᠢ | ᠲᠡᠲᠡᠭᠡᠷ ᠤᠨ ᠤᠶᠠᠯᠲᠤᠯ ᠠᠴᠠ ᠪᠦᠲᠦᠭᠰᠡᠨ ᠦᠶ᠎ᠡ ᠮᠡᠲᠦᠰ ᠨᠢ ᠤᠳᠬ᠎ᠠ ᠪᠦᠬᠦᠢ ᠰᠢᠨᠵᠢ ᠶᠢ ᠢᠯᠡᠷᠡᠭᠦᠯᠵᠦ | ᠪᠠᠶᠢᠭᠰᠠᠨ ᠪᠤᠯᠤᠮᠵᠢ ᠲᠠᠢ᠃ | ᠲᠤᠰ ᠦᠭᠦᠯᠡᠮᠵᠢ ᠳᠠᠬᠢ ᠬᠡᠰᠡᠭ ᠰᠢᠨᠵᠢᠯᠡᠭᠡ ᠠᠴᠠ ᠦᠵᠡᠪᠡᠯ ᠮᠤᠩᠭᠤᠯ ᠬᠡᠯᠡᠨ ᠤ ᠵᠠᠷᠢᠮ ᠠᠪᠢᠶ᠎ᠠ ᠲᠤᠬᠢᠶ᠎ᠠ ᠨᠢ | ᠬᠡᠷᠡᠭ ᠪᠤᠲᠠᠰ ᠦᠵᠡᠭᠲᠡᠯ ᠤᠨ ᠨᠡᠶᠢᠲᠡᠯᠢᠭ ᠰᠢᠨᠵᠢ ᠶᠢ ᠲᠤᠰᠬᠠᠬᠤᠶᠢᠴᠠ ᠴᠢᠲᠠᠯ ᠦᠢᠯᠡᠲᠦᠯ ᠲᠠᠢ ᠪᠠᠶᠢᠲᠠᠭ᠃ ᠡᠨᠡ | ᠬᠤᠪᠢ ᠠᠴᠠ ᠰᠢᠨᠵᠢᠪᠡᠯ ᠮᠤᠩᠭᠤᠯ ᠬᠡᠯᠡᠨ ᠤ ᠵᠠᠷᠢᠮ ᠠᠪᠢᠶ᠎ᠠ ᠲᠤᠬᠢᠶ᠎ᠠ ᠨᠢ ᠮᠥᠨ ᠯᠠ ᠤᠳᠬ᠎ᠠ ᠪᠦᠬᠦᠢ ᠰᠢᠨᠵᠢ ᠲᠠᠢ | ᠪᠠᠶᠢᠲᠠᠭ᠃ ᠨᠡᠯᠢᠶᠡᠳ ᠬᠡᠲᠦᠨ ᠠᠳᠠᠯᠢ ᠪᠤᠰᠤ ᠲᠦᠷᠦᠯ ᠤᠨ ᠬᠡᠷᠡᠭ ᠪᠤᠲᠠᠰ ᠦᠵᠡᠭᠲᠡᠯ ᠤᠨ ᠨᠡᠶᠢᠲᠡᠯᠢᠭ ᠰᠢᠨᠵᠢ ᠶᠢ | ᠢᠯᠡᠳᠭᠡᠬᠦ ᠳᠤ ᠢᠵᠢᠯ ᠨᠢᠭᠡ ᠠᠪᠢᠶ᠎ᠠ ᠲᠤᠬᠢᠶ᠎ᠠ ᠶᠢ ᠭᠤᠤᠯᠴᠢᠯᠠᠨ ᠬᠡᠷᠡᠭᠯᠡᠵᠦ ᠪᠤᠯᠲᠠᠭ᠃ ᠡᠨᠡ ᠬᠤᠪᠢ ᠠᠴᠠ | ᠰᠢᠨᠵᠢᠪᠡᠯ ᠮᠤᠩᠭᠤᠯ ᠬᠡᠯᠡᠨ ᠤ ᠵᠠᠷᠢᠮ ᠠᠪᠢᠶ᠎ᠠ ᠲᠤᠬᠢᠶ᠎ᠠ ᠶᠢᠨ ᠤᠳᠬ᠎ᠠ ᠪᠦᠬᠦᠢ ᠰᠢᠨᠵᠢ ᠨᠢ ᠦᠷᠭᠦᠯᠵᠢᠯᠡᠨ | ᠦᠷᠭᠡᠵᠢᠵᠦ ᠲᠡᠭᠦᠯᠲᠡᠷᠵᠢᠵᠦ ᠪᠠᠶᠢᠵᠠᠢ᠃ | ᠮᠤᠩᠭᠤᠯ ᠬᠡᠯᠡᠨ ᠤ ᠦᠭᠡ ᠪᠠ ᠵᠠᠷᠢᠮ ᠠᠪᠢᠶ᠎ᠠ ᠲᠤᠬᠢᠶ᠎ᠠ ᠶᠢ ᠤᠳᠬ᠎ᠠ ᠰᠢᠨᠵᠢ ᠶᠢᠨ ᠬᠤᠪᠢ ᠳᠤ ᠬᠠᠷᠢᠴᠠᠭᠤᠯᠵᠤ | ᠦᠵᠡᠪᠡᠯ᠂ ᠦᠭᠡ ᠶᠢᠨ ᠤᠳᠬ᠎ᠠ ᠪᠤᠲᠠᠲᠤ ᠴᠢᠨᠠᠷ ᠲᠠᠢ᠂ ᠲᠦᠪᠯᠡᠷᠡᠩᠭᠦᠢ᠂ ᠬᠠᠷᠢᠴᠠᠩᠭᠤᠢ ᠬᠢᠵᠠᠭᠠᠷᠲᠠᠮᠠᠯ ᠤᠨᠴᠠᠯᠢᠭ | ᠲᠠᠢ᠂ ᠬᠠᠷᠢᠴᠠᠩᠭᠤᠢ ᠲᠤᠭᠲᠠᠭᠤᠨ ᠰᠢᠨᠵᠢ ᠲᠠᠢ᠃ ᠠᠪᠢᠶ᠎ᠠ ᠲᠤᠬᠢᠶ᠎ᠠ ᠶᠢᠨ ᠤᠳᠬ᠎ᠠ ᠪᠦᠬᠦᠢ ᠰᠢᠨᠵᠢ ᠨᠢ ᠵᠠᠷᠢᠮᠲᠤᠭ᠂ | ᠬᠡᠶᠢᠰᠪᠦᠷᠢ ᠪᠠᠭᠲᠠᠭᠠᠮᠵᠢᠲᠤ ᠴᠢᠨᠠᠷ ᠲᠠᠢ᠃ ᠲᠡᠯᠭᠡᠷᠡᠩᠭᠦᠢ ᠠᠮᠢᠲᠤᠯᠢᠭ ᠤᠨᠴᠠᠯᠢᠭ ᠲᠠᠢ᠂ ᠬᠤᠪᠢᠰᠤᠮᠠᠬᠠᠢ ᠰᠢᠨᠵᠢ | ᠲᠠᠢ ᠪᠠᠶᠢᠲᠠᠭ᠃ ᠦᠭᠡ ᠶᠢᠨ ᠤᠳᠬ᠎ᠠ ᠨᠢ ᠦᠭᠡᠰ ᠤᠨ ᠰᠠᠩ ᠤᠨ ᠪᠤᠲᠠᠲᠤ ᠦᠷᠭᠡᠳᠭᠡᠯ ᠪᠤᠯᠲᠠᠭ᠃ ᠠᠪᠢᠶ᠎ᠠ | ᠲᠤᠬᠢᠶ᠎ᠠ ᠶᠢᠨ ᠤᠳᠬ᠎ᠠ ᠪᠦᠬᠦᠢ ᠰᠢᠨᠵᠢ ᠨᠢ ᠦᠭᠡ ᠬᠡᠯᠡᠨ ᠤ ᠬᠦᠭᠵᠢᠯ ᠤᠨ ᠪᠡᠯᠡᠬᠡᠨ ᠮᠠᠲ᠋ᠧᠷᠢᠶᠠᠯ ᠬᠦᠲᠡᠯᠦᠩᠬᠦᠢ | ᠬᠦᠴᠦᠨ ᠵᠦᠢᠯ ᠤᠨ ᠨᠢᠭᠡ ᠪᠤᠯᠲᠠᠭ᠃ | ᠮᠤᠩᠭᠤᠯ ᠦᠭᠡ ᠬᠡᠯᠡᠨ ᠳᠠᠬᠢ ᠡᠭᠡᠰᠢᠭ ᠭᠡᠶᠢᠭᠦᠯᠦᠭᠴᠢ ᠵᠢᠴᠢ ᠲᠡᠲᠡᠭᠡᠷ ᠤᠨ ᠤᠶᠠᠯᠲᠤᠯ ᠠᠴᠠ ᠪᠦᠲᠦᠭᠰᠡᠨ ᠦᠶ᠎ᠡ | ᠮᠡᠲᠦᠰ ᠤᠨ ᠠᠪᠢᠶ᠎ᠠ ᠲᠤᠬᠢᠶ᠎ᠠ ᠨᠤᠭᠤᠳ ᠨᠢ ᠦᠭᠡ ᠯᠦᠭᠡ ᠰᠠᠯᠤᠰᠢ ᠦᠭᠡᠢ ᠴᠤᠭᠴᠠ ᠪᠤᠯᠵᠤ ᠪᠦᠷᠢᠯᠲᠦᠨ | ᠲᠤᠭᠲᠠᠯᠴᠠᠵᠤ ᠪᠤᠢ᠃ ᠲᠡᠭᠡᠪᠡᠯ ᠮᠤᠩᠭᠤᠯ ᠦᠭᠡ ᠨᠢ ᠵᠤᠬᠢᠬᠤ ᠲᠠᠯ᠎ᠠ ᠪᠠᠷ ᠬᠡᠶᠢᠰᠪᠦᠷᠢ ᠤᠳᠬ᠎ᠠ ᠪᠠ ᠪᠤᠲᠠᠲᠤ | ᠤᠳᠬ᠎ᠠ ᠶᠢ ᠬᠠᠮᠲᠤᠳᠬᠠᠭᠰᠠᠨ ᠦᠪᠡᠷᠮᠢᠴᠡ ᠤᠨᠴᠠᠭᠠᠢ ᠪᠦᠬᠦᠯᠢ ᠴᠤᠭᠴᠠ ᠪᠤᠯᠤᠨ᠎ᠠ᠃ ᠡᠨᠡ ᠨᠢ ᠮᠤᠩᠭᠤᠯ ᠦᠭᠡ | ᠬᠡᠯᠨ ᠶᠢ ᠬᠦᠭᠵᠢᠭᠦᠯᠬᠦ ᠳᠤ ᠪᠠᠷᠢᠮᠲᠠᠯᠠᠬᠤ ᠪᠠᠰᠨ ᠨᠢᠭᠡᠨ ᠴᠢᠬᠤᠯᠨ ᠵᠢᠮ᠎ᠡ ᠪᠤᠯᠵᠤ ᠰᠡᠷᠡᠭᠲᠡᠨᠡ᠃ | ᠰᠤᠲᠤᠯᠭᠠᠨ ᠳᠤ ᠨᠢᠭᠡ ᠨᠡᠶᠢᠳᠡ ᠶᠢᠨ ᠤᠨᠴᠠᠯᠢᠭ ᠲᠠᠢ ᠪᠠᠶᠢᠲᠠᠭ᠃ ᠲᠡᠷᠨ ᠨᠢ ᠲᠠᠷᠤᠢ ᠰᠤᠲᠤᠯᠭᠠᠨ ᠤ ᠠᠯᠢᠪᠠ | ᠶᠠᠪᠤᠴᠠ ᠪᠤᠯ ᠴᠦᠮ ᠡᠬᠢᠯᠡᠯᠳᠡ ᠪᠤᠯᠤᠨ᠎ᠠ᠂ ᠬᠠᠷᠢᠨ ᠦᠷ᠎ᠡ ᠳ᠋ᠦᠩ ᠪᠢᠰᠢ ᠪᠤᠯᠬᠤ ᠳᠤ ᠤᠷᠤᠰᠢᠨ᠎ᠡ᠃ ᠡᠨᠡ ᠨᠢᠭᠡ | ᠬᠤᠪᠢ ᠦᠭᠦᠯᠡᠮᠵᠢ ᠳᠤ᠂ ᠮᠤᠩᠭᠤᠯ ᠦᠭᠡ ᠬᠡᠯᠨ ᠲᠡᠭᠡᠷ᠎ᠡ ᠢᠯᠡᠷᠡᠵᠦ ᠪᠠᠶᠢᠭ᠎ᠠ ᠲᠦᠭᠡᠮᠡᠯ ᠬᠤᠯᠪᠤᠭᠲᠠᠯ ᠤᠨ | ᠲᠤᠲᠤᠷᠠᠬᠢ ᠮᠠᠰᠢ ᠢᠯᠨ ᠲᠤᠲᠤᠷᠬᠠᠢ ᠲᠤᠩ ᠦᠴᠦᠭᠡᠨ ᠭᠡᠰᠡᠭ ᠠᠴᠠ ᠬᠦᠢᠭᠡᠨ ᠰᠢᠨᠵᠢᠵᠦ ᠲᠦᠭᠦᠮᠭᠡᠨ | ᠲᠤᠭᠠᠴᠢᠭᠰᠠᠨ ᠶᠤᠮ᠃ ᠮᠤᠩᠭᠤᠯ ᠬᠡᠯᠨ ᠭᠡᠲᠡᠭ ᠡᠨᠡᠬᠦ ᠲᠡᠤᠬᠡ ᠶᠢᠨ ᠠᠤᠭ᠎ᠠ ᠬᠡᠷᠡᠭ ᠦᠵᠡᠭᠲᠡᠯ ᠳᠤ ᠨᠡᠩ ᠤᠯᠠᠨ | ᠲᠦᠭᠡᠮᠡᠯ ᠬᠤᠯᠪᠤᠭ᠎ᠠ᠂ ᠮᠠᠰᠢ ᠨᠢᠭᠤᠴᠠ ᠲᠠᠯᠲᠠ ᠲᠤᠲᠤᠭᠠᠲᠤ ᠬᠠᠷᠢᠴᠠᠭ᠎ᠠ ᠲᠠᠢ ᠪᠠᠶᠢᠬᠤ ᠨᠢ ᠮᠡᠲᠡᠭᠡᠵᠢ ᠶᠤᠮ᠃ | ᠲᠡᠲᠡᠭᠡᠷ ᠠᠴᠠ ᠨᠢᠭᠡ ᠬᠤᠪᠢ ᠢᠡᠯᠷᠡᠭᠦᠯᠦᠭᠰᠡᠨ ᠴᠦ ᠯᠤᠲᠤ ᠶᠡᠭᠡ ᠲᠡᠤᠬᠡ ᠰᠤᠶᠤᠯ ᠤᠨ ᠦᠨ᠎ᠡ ᠴᠡᠨ᠎ᠡ ᠲᠠᠢ ᠪᠤᠯᠬᠤ | ᠶᠤᠮ᠃ | ᠲᠠᠪᠤ᠂ ᠢᠵᠠᠭᠤᠷ ᠤᠨ ᠪᠦᠯᠦᠭ ᠤᠨ ᠲᠠᠨᠢᠯᠲᠡ ᠪᠠᠷ ᠰᠢᠨᠵᠢᠯᠡᠪᠡᠯ | ᠡᠮᠦᠨ᠎ᠡ ᠬᠡᠰᠡᠭ ᠲᠤ ︽ᠠᠮ︾ ᠠᠶᠢᠮᠠᠭ ᠤᠨ ᠠᠪᠢᠶ᠎ᠠ ᠲᠤᠬᠢᠶ᠎ᠠ ᠶᠢᠨ ᠲᠤᠭᠤᠷᠢᠨ ᠤ ᠬᠡᠲᠦᠨ ᠪᠦᠯᠦᠭ ᠦᠭᠡᠰ ᠤᠨ | ᠪᠦᠲᠦᠭᠡᠬᠦ ᠰᠡᠳᠬᠢᠮᠵᠢ ᠪᠠ ᠢᠯᠡᠳᠭᠡᠬᠦ ᠤᠳᠬ᠎ᠠ ᠶᠢᠨ ᠬᠤᠪᠢ ᠳᠠᠬᠢ ᠪᠦᠯᠦᠭᠵᠢᠵᠦ ᠪᠠᠶᠢᠬᠤ ᠤᠨᠴᠠᠯᠢᠭ ᠢ ᠠᠩᠬᠠᠷᠪᠠ | ᠃ | ᠮᠤᠩᠭᠤᠯ ᠬᠡᠯᠡᠨ ᠳᠠᠬᠢ ︽ᠠᠭᠤ᠋᠂ ᠡᠭᠦ᠂ ᠢᠭᠦ᠂ ᠤᠭᠤ᠋᠂ ᠤᠭᠤ᠋᠂ ᠦᠭᠦ︾ ᠵᠡᠷᠭᠡ ᠨᠢᠭᠡᠨ ᠠᠶᠢᠮᠠᠭ ᠠᠪᠢᠶ᠎ᠠ | ᠲᠤᠬᠢᠶ᠎ᠠ ᠨᠢ ᠮᠤᠩᠭᠤᠯ ᠬᠡᠯᠡᠨ ᠳᠤ ᠬᠡᠰᠡᠭ ᠦᠭᠡ ᠪᠦᠲᠦᠭᠡᠬᠦ ᠵᠢᠴᠢ ᠤᠳᠬ᠎ᠠ ᠲᠤᠭᠲᠠᠭᠠᠬᠤ ᠢᠵᠠᠭᠤᠷ ᠤᠨ ᠪᠦᠯᠦᠭ | ᠤᠨ ᠰᠢᠨᠵᠢ ᠢᠯᠡᠷᠡᠯ ᠲᠠᠢ ᠪᠠᠶᠢᠭ᠎ᠠ ᠰᠢᠭ ᠪᠠᠶᠢᠨ᠎ᠠ᠃ ᠲᠤᠬᠠᠶᠢᠯᠠᠪᠠᠯ᠄ ᠵᠠᠭᠤᠴᠢ᠂ ᠵᠡᠭᠦᠦ᠂ ᠵᠢᠭᠦᠷ᠂ ᠵᠤᠭᠤᠰ᠂ | ᠵᠤᠭᠤᠭᠠ᠂ ᠵᠦᠭᠦᠷᠮᠡᠭ ᠵᠡᠷᠭᠡ ᠦᠭᠡᠰ ᠲᠤ ︽ᠠᠭᠤ᠋︾ ᠠᠶᠢᠮᠠᠭ ᠤᠨ ᠨᠢᠭᠡᠨ ᠪᠦᠯᠦᠭ ᠠᠪᠢᠶ᠎ᠠ ᠲᠤᠬᠢᠶ᠎ᠠ ᠤᠷᠤᠰᠢᠵᠤ | ᠪᠠᠶᠢᠭ᠎ᠠ ᠪᠠ ᠲᠡᠲᠡᠭᠡᠷ ᠦᠭᠡᠰ ᠨᠢ ᠶᠠᠮᠠᠷ ᠨᠢᠭᠡᠨ ᠦᠢᠯᠨ ᠪᠠᠶᠢᠲᠠᠯ ᠳᠠᠬᠢ ᠵᠠᠭᠤᠴᠢ ᠶᠢ ᠵᠢᠭᠠᠵᠤ ᠨᠡᠷᠡᠯᠡᠭᠰᠡᠨ ᠦᠭᠡ | ᠪᠤᠯᠵᠤ ᠪᠤᠢ᠃ | ᠵᠠᠭᠤᠴᠢ ᠪᠤᠯ ᠬᠦᠮᠦᠨ ᠠᠮᠢᠲᠠᠨ ᠭᠡᠷᠡᠭ ᠪᠤᠲᠠᠰ ᠤᠨ ᠬᠤᠭᠤᠷᠤᠨᠳᠡᠬᠢ ᠬᠠᠷᠢᠴᠠᠭ᠎ᠠ ᠬᠤᠯᠪᠤᠭ᠎ᠠ᠂ ᠬᠤᠪᠢᠷᠠᠯᠳᠠ | ᠬᠦᠭᠵᠢᠯᠲᠡ ᠵᠡᠷᠭᠡ ᠳᠤ ᠡᠶᠢᠮᠦ ᠲᠡᠶᠢᠮᠦ ᠦᠢᠯᠡᠲᠦᠯ ᠦᠵᠡᠭᠦᠯᠦᠭᠴᠢ ᠪᠤᠯᠤᠨ᠎ᠠ᠃ ᠵᠡᠭᠦᠦ ᠪᠤᠯ ᠤᠲᠠᠰᠤ ᠪᠠ ᠤᠶᠤᠲᠠᠯ | ᠤᠨ ᠬᠤᠭᠤᠷᠤᠨᠳᠡᠬᠢ ᠵᠠᠭᠤᠴᠢ ᠪᠤᠯᠤᠨ᠎ᠠ᠃ ᠵᠢᠭᠦᠷ ᠪᠤᠯ ᠠᠭᠠᠷ ᠪᠠ ᠰᠢᠪᠠᠭᠤᠨ ᠤ ᠪᠡᠶ᠎ᠡ ᠶᠢᠨ ᠬᠤᠭᠤᠷᠤᠨᠳᠡᠬᠢ | ᠵᠠᠭᠤᠴᠢ ᠪᠤᠯᠵᠤ ᠨᠢᠰᠬᠦ ᠦᠢᠯᠨ ᠶᠢ ᠬᠦᠢᠴᠡᠳᠭᠡᠭᠦᠯᠲᠡᠭ᠃ ᠵᠤᠭᠤᠰ ᠵᠤᠭᠤᠭᠠ ᠪᠤᠯ ᠮᠠᠰᠢ ᠤᠯᠠᠨ ᠵᠦᠢᠯ ᠳᠤ | ᠵᠠᠭᠤᠴᠢᠯᠠᠭᠴᠢ᠃ ᠵᠦᠭᠦᠷᠮᠡᠭ ᠨᠢ ᠬᠦᠮᠦᠨ ᠤ ᠨᠡᠶᠢᠭᠡᠮ ᠪᠠ ᠪᠤᠰᠤᠳ ᠨᠢᠭᠡᠨ ᠴᠤᠭᠴᠠ ᠶᠢᠨ ᠬᠤᠭᠤᠷᠤᠨᠳᠡᠬᠢ ᠰᠠᠶᠢᠨ | ᠵᠠᠭᠤᠴᠢ ᠪᠠᠶᠢᠭ᠎ᠠ᠃ ᠡᠲᠡᠭᠡᠷ ᠦᠬᠡᠰ ︽ᠠᠭᠤ᠋︾ ᠠᠶᠢᠮᠠᠭ ᠤᠨ ᠬᠡᠲᠦᠨ ᠠᠪᠢᠶ᠎ᠠ ᠲᠤᠬᠢᠶ᠎ᠠ ᠶᠢᠨ ᠲᠤᠭᠤᠷᠢᠨ ᠳᠤ | ᠪᠦᠲᠦᠵᠦ ᠪᠦᠷᠢᠯᠲᠦᠭᠰᠡᠨ ᠪᠠ ︽ᠵᠠᠭᠤᠴᠢ︾ ᠭᠡᠬᠦ ᠦᠭᠡ ᠶᠢᠨ ᠦᠨᠳᠦᠰᠦᠨ ᠤᠳᠬ᠎ᠠ ᠶᠢ ᠬᠠᠲᠠᠭᠠᠯᠠᠵᠠᠢ᠃ | ︽ᠠᠯ᠂ ᠡᠯ᠂ ᠢᠯ᠂ ᠤᠯ᠂ ᠦᠯ︾ ᠵᠡᠷᠭᠡ ᠨᠢᠭᠡᠨ ᠠᠶᠢᠮᠠᠭ ᠠᠪᠢᠶ᠎ᠠ ᠲᠤᠬᠢᠶ᠎ᠠ ᠶᠢᠨ ᠲᠤᠭᠤᠷᠢᠨ ᠳᠤ ᠦᠵᠡᠶ᠎ᠡ᠄ | ᠵᠠᠯᠭᠠᠬᠤ᠂ ᠰᠡᠯᠭᠦᠭᠦ᠂ ᠰᠡᠯᠪᠢᠬᠦ᠂ ᠬᠡᠯᠬᠢᠬᠦ᠂ ᠵᠡᠯ᠎ᠡ᠂ ᠵᠠᠯᠯᠠᠨ᠂ ᠡᠯᠬᠦᠬᠦ᠂ ᠵᠢᠯ᠂ ᠨᠡᠶᠢᠯᠡᠬᠦ᠂ ᠵᠤᠯᠭᠤᠬᠤ᠂ ᠬᠤᠯᠪᠤᠬᠤ | ᠂ ᠠᠭᠤᠯᠵᠠᠬᠤ᠂ ᠵᠤᠯᠤᠭ᠂ ᠵᠦᠯᠭᠡᠲᠡᠬᠦ᠂ ᠵᠦᠯᠬᠦᠬᠦ᠂ ᠬᠦᠯᠢᠬᠦ᠂ ᠰᠦᠯᠪᠡᠭᠡ ᠭᠡᠬᠦ ᠵᠡᠷᠭᠡ ᠦᠭᠡᠰ ᠨᠢ ︽ᠠᠯ︾ | ᠠᠶᠢᠮᠠᠭ ᠤᠨ ᠠᠪᠢᠶ᠎ᠠ ᠲᠤᠬᠢᠶᠠᠨ ᠤ ᠲᠤᠭᠤᠷᠢᠨ ᠳᠤ ᠪᠦᠲᠦᠵᠦ᠂ ᠨᠡᠶᠢᠯᠡᠵᠦ ᠬᠦᠷᠦᠯᠴᠡᠭᠰᠡᠨ ᠬᠤᠷᠰᠢᠵᠤ | ᠵᠠᠯᠭᠠᠯᠲᠤᠭᠰᠠᠨ ᠪᠠᠶᠢᠲᠠᠯ ᠢ ᠲᠤᠰᠬᠠᠬᠤ ᠦᠨᠳᠦᠰᠦᠨ ᠤᠳᠬ᠎ᠠ ᠶᠢᠨ ᠲᠤᠭᠤᠷᠢᠨ ᠳᠤ ᠪᠤᠢ ᠪᠤᠯᠵᠠᠢ᠃ ᠰᠢᠪᠠᠭᠤᠳ | ᠵᠠᠯᠯᠠᠨ ᠨᠢᠰᠬᠦ ᠳᠡᠭᠡᠨ ᠨᠢᠬᠡ ᠠᠴᠠ ᠨᠦᠬᠦᠬᠡ ᠳᠤ ᠵᠠᠯᠭᠠᠨ ᠦᠷᠬᠦᠯᠵᠢᠯᠡᠭᠰᠡᠨ ᠪᠠᠶᠢᠳᠡᠯ ᠲᠠᠢ᠃ ᠵᠢᠯ ᠬᠡᠳᠡᠭ ᠪᠤᠯ | ᠡᠲᠦᠷ ᠬᠤᠨᠤᠭ ︵ᠪᠦᠮᠪᠤᠷᠴᠡᠭ︶ ᠶᠠᠪᠤᠨ ᠶᠠᠪᠤᠭᠰᠠᠭᠠᠷ ᠳᠡᠬᠡᠷ᠎ᠠ ᠵᠢᠯ ᠤᠨ ᠳᠤᠭᠳᠠᠭᠰᠠᠨ ᠴᠠᠭ ᠤᠷᠤᠨ ᠳᠤ ᠬᠦᠷᠴᠤ | ︵ᠵᠦᠪᠬᠡᠨ ᠳᠡᠨᠢᠯᠳᠡ ᠶᠢᠨ ᠳᠡᠯ᠎ᠠ ᠪᠠᠷ ᠯᠨ ᠡᠶᠢᠮᠤ︶ ᠰᠢᠨ᠎ᠠ ᠤᠨ ᠤ ᠡᠲᠦᠷ ᠬᠤᠨᠤᠭ ᠤᠳ ᠨᠢ ᠦᠩᠬᠡᠷᠡᠭᠰᠡᠨ ᠤᠨ | ᠵᠢᠯ ᠤᠳ ᠤᠨ ᠳᠤᠭᠠᠯᠠᠵᠤ ᠳᠡᠭᠤᠰᠤᠰᠢ ᠦᠭᠡᠢ ᠦᠵᠢᠯ ᠤᠯᠨ ᠮᠦᠷ ᠲᠠᠢ ᠵᠠᠯᠭᠠᠯᠳᠤᠭᠰᠠᠨ ᠬᠡᠳᠡᠭ ᠢ ᠵᠢᠭᠠᠵᠠᠢ᠃ | ᠰᠢᠨ᠎ᠠ ᠪᠦᠬᠡᠳᠡᠯᠠ ᠬᠠᠭᠤᠴᠢᠷᠠᠭᠰᠠᠳ ᠵᠠᠯᠯᠠᠨ ᠦᠷᠬᠦᠯᠵᠢᠯᠡᠭᠰᠡᠨ ᠢ ᠳᠤᠰᠬᠠᠵᠤ ᠪᠠᠶᠢᠨ᠎ᠠ᠃ ᠴᠠᠭ ᠬᠤᠭᠤᠴᠠᠭ᠎ᠠ ᠪᠤᠯ | ᠭᠱᠠᠨ ᠳᠤ ᠰᠢᠨ᠎ᠠ᠂ ᠬᠤᠷᠤᠮ ᠳᠤ ᠬᠠᠭᠤᠴᠢᠨ ᠤ ᠮᠡᠰᠢ ᠲᠦᠷᠬᠡᠨ ᠰᠤᠯᠢᠭᠳᠠᠯ ᠤᠨ ᠤᠷᠴᠢᠯ ᠦᠷᠬᠦᠯᠵᠢᠯᠡᠯ ᠮᠥᠨ᠃ | ᠵᠢᠯ ᠬᠡᠳᠡᠭ ᠨᠢ ᠴᠠᠭ ᠬᠤᠭᠤᠴᠠᠭ᠎ᠠ ᠶᠢ ᠵᠢᠭᠠᠭᠰᠠᠨ ᠤᠡᠴᠠᠭᠠᠢ ᠤᠬᠠᠭᠳᠡᠬᠤᠨ ᠪᠤᠯᠤᠭᠰᠠᠨ ᠤ ᠬᠤᠪᠢ ᠳᠤ ᠡᠷᠬᠡᠬᠦᠢ | ᠭᠤᠷᠪᠠᠨ ᠴᠠᠭ ᠢ ᠰᠤᠡᠳᠡᠯᠡᠨᠠ᠃ ᠳᠠᠷᠤᠢ ᠦᠩᠬᠡᠷᠡᠭᠰᠡᠨ ᠤᠳᠤ ᠢᠷᠡᠬᠡᠲᠦᠢ ᠬᠠᠷᠢᠯᠴᠠᠨ ᠵᠠᠯᠭᠠᠯᠳᠤᠵᠤ ᠵᠠᠯᠯᠠᠨ | ᠤᠷᠴᠢᠬᠤ ᠶᠢ ᠵᠢᠭᠠᠵᠤ ᠪᠠᠶᠢᠨ᠎ᠠ᠃ | ᠡᠨᠡᠬᠦ ︽ᠠᠯ︾ ᠠᠶᠢᠮᠠᠭ ᠠᠪᠢᠶ᠎ᠠ ᠳᠤᠬᠢᠶ᠎ᠠ ᠶᠢᠨ ᠳᠤᠭᠤᠷᠢᠨ ᠳᠤ᠄ ᠵᠤᠯᠠᠬᠤ᠂ ᠵᠤᠯᠭᠠᠭᠠᠬᠤ᠂ ᠨᠦᠬᠦᠯᠡᠬᠡᠬᠦ᠂ ᠡᠯᠳᠡᠬᠦ | ᠂ ᠱᠤᠯᠤᠬᠤ᠂ ᠬᠠᠷᠡᠭᠤᠯᠳᠡᠬᠤ᠂ ᠮᠦᠯᠡᠬᠦ᠂ ᠮᠦᠯᠵᠢᠬᠦ᠂ ᠬᠠᠯᠴᠠᠭᠠᠶᠢᠯᠠᠬᠤ᠂ ᠱᠠᠯᠳᠠᠩᠯᠠᠬᠤ᠂ ᠱᠠᠭᠠᠯᠠᠬᠤ᠂ ᠱᠠᠯᠪᠤᠯᠠᠬᠤ | ᠂ ᠱᠠᠯᠵᠠᠯᠠᠬᠤ᠂ ᠰᠢᠯᠪᠤᠷᠡᠬᠤ ᠵᠡᠷᠬᠡ ᠦᠬᠡᠰ ᠪᠦᠲᠦᠵᠡᠢ᠃ ᠡᠳᠡᠬᠡᠷ ᠦᠬᠡᠰ ᠦᠡᠲᠦᠰᠦᠨ ᠳᠡᠭᠡᠨ ᠨᠢᠬᠡᠨ ᠳᠡᠪᠬᠤᠷᠭ᠎ᠠ | ᠶᠢᠨ ᠰᠢᠡᠵᠢ ᠲᠠᠢ ᠡᠪᠳᠡᠭᠳᠡᠯ ᠢ ᠳᠤᠰᠬᠠᠵᠠᠢ᠃ | ᠮᠥᠨ ︽ᠠᠯ︾ ᠠᠶᠢᠮᠠᠭ ᠤᠨ ᠠᠪᠢᠶ᠎ᠠ ᠳᠤᠬᠢᠶ᠎ᠠ ᠶᠢᠨ ᠳᠤᠭᠤᠷᠢᠨ ᠳᠤ᠄ ᠰᠠᠯᠭᠠᠬᠤ᠂ ᠰᠠᠯᠪᠠᠷᠡᠬᠤ᠂ ᠬᠠᠭᠠᠯᠠᠬᠤ᠂ | ᠵᠤᠴᠠᠯᠠᠬᠤ᠂ ᠪᠠᠯᠪᠠᠷᠡᠬᠤ᠂ ᠬᠡᠯᠳᠡᠷᠡᠬᠦ᠂ ᠳᠡᠯᠪᠡᠷᠡᠬᠦ᠂ ᠪᠡᠯᠡᠨ᠂ ᠪᠠᠯᠪᠠᠰᠤᠨ᠂ ᠦᠶᠡᠯᠡᠬᠦ᠂ ᠮᠦᠴᠢᠯᠡᠬᠦ᠂ ᠪᠤᠯᠭᠤᠷᠡᠬᠤ᠂ | ᠪᠤᠯᠵᠤᠬᠤ᠂ ᠪᠤᠯᠳᠤᠷᠡᠬᠤ᠂ ᠮᠤᠯᠳᠤᠯᠠᠬᠤ᠂ ᠮᠤᠯᠭᠤᠷᠡᠬᠤ᠂ ᠮᠦᠯᠲᠦᠷᠡᠬᠦ᠂ ᠪᠦᠯᠲᠦᠷᠡᠬᠦ ᠭᠡᠬᠦ ᠮᠡᠲᠦ ᠦᠬᠡᠰ | ᠪᠦᠷᠢᠯᠲᠦᠭᠰᠡᠨ ᠰᠢᠭ᠃ ᠳᠡᠳᠡᠬᠡᠷ ᠨᠢ ᠦᠡᠲᠦᠰᠦᠨ ᠳᠡᠭᠡᠨ ᠬᠦᠨ ᠳᠡᠪᠬᠤᠷᠭ᠎ᠠ ᠶᠢᠨ ᠪᠠ ᠨᠤᠴᠢᠳᠡᠢ ᠡᠪᠳᠡᠭᠳᠡᠯ | ᠬᠤᠬᠢᠷᠡᠯ ᠢ ᠳᠤᠰᠬᠠᠵᠠᠢ᠃ | ᠵᠠᠷᠢᠮ ᠳᠡᠯ᠎ᠠ ᠪᠠᠷ ᠠᠩᠬᠠᠷᠬᠤ ᠳᠤ᠄ ᠮᠤᠩᠭᠤᠯ ᠦᠬᠡ ᠨᠢ ᠬᠡᠷᠡᠭ ᠪᠤᠳᠡᠰ ᠢ ᠵᠢᠭᠠᠨ ᠨᠡᠷᠡᠯᠡᠬᠦ ᠶᠢᠨ ᠵᠡᠷᠬᠡ ᠳᠤ ᠳᠡᠷᠡᠬᠦ | ᠬᠡᠷᠡᠭ ᠪᠤᠳᠡᠰ ᠠᠴᠠ ᠢᠯᠡᠷᠡᠭᠰᠡᠨ ᠪᠡᠯᠬᠡ ᠳᠡᠮᠳᠡᠭ ᠢ ᠴᠦ ᠵᠢᠭᠠᠨ ᠳᠤᠰᠬᠠᠬᠤ ᠴᠢᠳᠡᠪᠬᠢᠳᠡᠢ ᠪᠠᠶᠢᠭ᠎ᠠ᠃ ᠨᠠᠷᠨ ᠰᠠᠷᠨ | ᠨᠢ ᠪᠠᠶᠢᠭᠠᠯᠢ ᠶᠢᠨ ᠤᠳᠤ ᠭᠠᠷᠠᠭ ᠪᠤᠯᠤᠨ᠎ᠠ᠂ ᠳᠡᠳᠡᠬᠡᠷ ᠨᠢ ᠬᠡᠷᠡᠯ ᠰᠠᠴᠤᠷᠡᠭᠤᠯᠳᠠᠭ ᠦᠪᠡᠷᠮᠢᠴᠠ ᠪᠡᠯᠬᠡ ᠳᠡᠮᠳᠡᠭ | ᠲᠠᠢ᠂ ᠡᠬᠦᠨ ᠳᠤ ︽ᠷᠨ︾ ᠨᠢ ᠶᠠᠭ ᠳᠡᠷᠡᠬᠦ ᠪᠡᠯᠬᠡ ᠳᠡᠮᠳᠡᠭ ᠢ ᠵᠢᠭᠠᠨ ᠳᠤᠰᠬᠠᠭᠴᠢ ᠠᠪᠢᠶ᠎ᠠ ᠮᠥᠨ ᠰᠢᠭ ᠪᠠᠶᠢᠨ᠎ᠠ᠃ | ᠳᠤᠬᠠᠶᠢᠯᠠᠪᠠᠯ᠂ ᠰᠠᠴᠤ᠋ + ᠷᠨ— ᠰᠠᠴᠤᠷᠨ᠃ ᠡᠬᠦᠨ ᠳᠠᠬᠢ ᠡᠮᠦᠨ᠎ᠠ ᠬᠡᠰᠡᠭ ᠨᠢ ᠰᠠᠴᠤᠬᠤ᠂ ᠬᠤᠶᠢᠨ᠎ᠠ ᠬᠡᠰᠡᠭ | ᠨᠢ ᠬᠡᠷᠡᠯ ᠢ ᠳᠤᠰ ᠳᠤᠰ ᠵᠢᠭᠠᠨ ᠳᠤᠰᠬᠠᠭᠰᠠᠨ ᠰᠢᠭ᠋ ᠪᠠᠶᠢᠨ᠎ᠠ᠃ ᠠᠳᠡ ᠬᠡᠷᠡᠯ ᠬᠡᠬᠡ ᠲᠠᠢ ᠬᠤᠯᠪᠤᠭᠳᠠᠭᠰᠠᠨ ︽ᠷ᠊︾ | ᠬᠡᠶᠢᠬᠦᠯᠦᠭᠴᠢ ᠪᠦᠬᠦᠢ ᠬᠡᠰᠡᠭ ᠦᠬᠡᠰ ᠢ ᠳᠡᠮᠳᠡᠭᠯᠡᠵᠤ ᠪᠤᠯᠤᠨ᠎ᠠ᠃ ᠳᠠᠷᠤᠢ᠂ ᠰᠠᠴᠤᠷᠨ᠂ ᠨᠠᠷᠨ᠂ ᠰᠠᠷᠨ᠂ ᠤᠳᠤ | ᠭᠠᠷᠠᠭ᠂ ᠦᠷ᠂ ᠬᠢᠷᠭ᠎ᠠ᠂ ᠦᠷᠯᠦᠬᠡ᠂ ᠡᠷᠳᠡ᠂ ᠡᠲᠦᠷ᠂ ᠤᠷᠤᠢ᠂ ︵ᠪᠦᠷᠳᠡ︶᠂ ᠪᠦᠷᠦᠢ᠂ ᠪᠦᠷᠬᠦᠭ᠂ ᠪᠦᠷᠦᠭ | ᠪᠠᠷᠤᠭ᠂ ᠬᠡᠷ ᠭᠠᠯ᠂ ᠬᠡᠷᠡᠯ ᠰᠡᠬᠦᠳᠡᠷ᠂ ᠰᠤᠷ ᠵᠡᠷᠬᠡ᠃ ᠡᠳᠡᠬᠡᠷ ᠨᠢ ︽ᠠᠷ᠂ ᠡᠷ᠂ ᠢᠷ᠂ ᠤᠷ᠂ ᠦᠷ︾ ᠵᠡᠷᠬᠡ | ᠨᠢᠬᠡᠨ ᠠᠶᠢᠮᠠᠭ ᠠᠪᠢᠶ᠎ᠠ ᠳᠤᠬᠢᠶ᠎ᠠ ᠶᠢᠨ ᠳᠤᠭᠤᠷᠢᠨ ᠳᠤ ᠪᠦᠲᠤᠯᠠ ᠬᠡᠳᠡᠭ ᠨᠢ ᠠᠩᠬᠠᠷᠤᠭᠳᠡᠨᠠ᠃ ᠳᠡᠳᠡᠬᠡᠷ ᠨᠢ | ᠠᠳᠡᠯᠢ ᠪᠤᠰᠤ ᠬᠡᠮ ᠤᠨ ᠬᠡᠷᠡᠯ ᠬᠡᠬᠡ ᠶᠢ ᠵᠢᠭᠠᠨ ᠳᠤᠰᠬᠠᠵᠤ᠂ ᠠᠳᠡᠯᠢ ᠪᠤᠰᠤ ᠬᠡᠮ ᠤᠨ ᠪᠡᠯᠬᠡ ᠳᠡᠮᠳᠡᠭ ᠢ | ᠢᠯᠡᠷᠡᠬᠦᠯᠦᠨ᠎ᠠ᠃ | ᠳᠡᠶᠢᠮᠤ ᠪᠤᠯ ᠮᠤᠩᠭᠤᠯᠴᠤᠳ ᠦᠩᠬᠡ ᠪᠤᠳᠤᠭ ᠵᠢᠴᠢ ᠦᠩᠬᠡ ᠵᠢᠰᠦᠮ ᠢ ᠴᠦ ᠬᠡᠷᠡᠯ ᠬᠡᠬᠡ ᠲᠠᠢ ᠬᠤᠯᠪᠤᠭ᠎ᠠ ᠲᠠᠢ ᠪᠠᠷ | ᠦᠵᠡᠵᠤ ᠪᠠᠶᠢᠪᠠ᠃ ᠵᠢᠱᠢᠶ᠎ᠠ᠄ ᠬᠠᠷ᠎ᠠ᠂ ᠰᠢᠷ᠎ᠠ᠂ ᠤᠯᠠᠪᠢᠷ᠂ ᠪᠤᠷᠤ᠂ ᠬᠦᠷᠡᠩ᠂ ᠪᠠᠷᠡᠭᠠᠨ᠃ ᠰᠠᠷᠡᠯ᠂ ᠵᠡᠬᠡᠷᠳᠡ᠂ | ᠬᠡᠬᠡᠷ᠂ ᠬᠤᠩᠭᠤᠷ᠂ ᠳᠡᠷᠢᠬᠢ ᠬᠤᠩᠭᠤᠷ᠂ ᠤᠷᠤᠭ ᠰᠢᠩᠬᠤᠯᠤᠨ᠂ ᠰᠢᠷᠭ᠎ᠠ ᠵᠡᠷᠬᠡ᠃ ᠡᠳᠡᠬᠡᠷ ᠨᠢ ᠮᠥᠨ ︽ᠠᠷ︾ | ᠠᠶᠢᠮᠠᠭ ᠤᠨ ᠠᠪᠢᠶ᠎ᠠ ᠳᠤᠬᠢᠶ᠎ᠠ ᠶᠢᠨ ᠳᠤᠭᠤᠷᠢᠨ ᠳᠤ ᠵᠢᠭᠰᠠᠭᠠᠭᠳᠡᠨᠠ᠃ ᠪᠠᠰᠠ᠄ ᠬᠠᠷᠰᠢᠯᠠᠬᠤ᠂ ᠬᠡᠷᠦᠬᠦ᠂ ᠳᠤᠤᠷ᠂ | ᠳᠤᠷᠮᠤᠰ᠂ ᠳᠤᠷᠭᠤᠭᠠᠬᠤ᠂ ᠤᠷᠭ᠎ᠠ᠂ ᠤᠷᠬ᠎ᠠ᠂ ᠱᠦᠷᠬᠡ᠂ ᠲᠦᠷᠦ᠂ ᠬᠠᠵᠠᠭᠠᠷ᠂ ᠬᠦᠮᠤᠯᠳᠤᠷᠬᠡ᠂ ᠴᠤᠯᠪᠤᠭᠤᠷ᠂ | ᠰᠠᠭᠠᠯᠳᠤᠷᠭ᠎ᠠ᠂ ᠪᠤᠭᠤᠯᠳᠤᠷᠭᠠ᠂ ᠡᠬᠡᠯᠲᠦᠷᠬᠡ᠂ ᠪᠤᠶᠢᠷᠭᠤᠯᠵᠢ᠂ ᠬᠤᠳᠤᠷᠠᠭᠠ᠂ ᠲᠦᠷᠦᠬᠡ᠂ ᠭᠤᠷᠬᠢ᠂ ᠵᠢᠷᠢᠮ᠂ | ᠦᠷᠦᠬᠡᠯ᠂ ᠴᠢᠲᠦᠷ ᠵᠡᠷᠬᠡ᠃ ᠡᠳᠡᠬᠡᠷ ᠦᠬᠡᠰ ︽ᠠᠷ︾ ᠠᠶᠢᠮᠠᠭ ᠤᠨ ᠠᠪᠢᠶ᠎ᠠ ᠳᠤᠬᠢᠶ᠎ᠠ ᠶᠢᠨ ᠬᠤᠪᠢ ᠳᠤ | ᠪᠦᠯᠦᠭᠵᠢᠨ᠂ ᠳᠤᠷᠭᠤᠭᠠᠵᠤ ᠳᠤᠭᠳᠡᠭᠠᠬᠤ ᠵᠡᠷᠬᠡ ᠦᠡᠲᠦᠰᠦᠨ ᠤᠳᠬ᠎ᠠ ᠶᠢᠨ ᠳᠤᠭᠤᠷᠢᠨ ᠳᠤ ᠪᠦᠲᠦᠵᠤ | ᠪᠦᠷᠢᠯᠲᠦᠭᠰᠡᠨ ᠪᠠᠶᠢᠨ᠎ᠠ᠃ | ᠮᠥᠨ ︽ᠠᠷ︾ ᠠᠶᠢᠮᠠᠭ ᠤᠨ ᠠᠪᠢᠶ᠎ᠠ ᠳᠤᠬᠢᠶ᠎ᠠ ᠶᠢᠨ ᠳᠤᠭᠤᠷᠢᠨ ᠳᠤ᠂ ᠤᠯᠤᠰ ᠬᠡᠷ᠂ ᠨᠤᠳᠤᠭ ᠳᠡᠪᠢᠰᠬᠡᠷ ᠬᠡᠬᠦ | ᠦᠡᠲᠦᠰᠦᠨ ᠤᠳᠬ᠎ᠠ ᠶᠢ ᠬᠠᠷᠡᠭᠤᠯᠤᠭᠰᠠᠨ ᠦᠬᠡᠰ ᠤᠨ ᠪᠦᠯᠦᠭ ᠪᠦᠷᠢᠯᠲᠦᠭᠰᠡᠨ ᠪᠠᠶᠢᠳᠠᠭ᠃ ᠳᠠᠷᠤᠢ᠄ ᠬᠢᠵᠠᠭᠠᠷ᠂ | ᠬᠡᠷ᠂ ᠭᠠᠵᠠᠷ ᠰᠢᠷᠤᠢ᠂ ᠤᠷᠤᠨ᠂ ᠬᠦᠷ᠂ ᠬᠦᠷᠤᠨ ᠵᠡᠷᠬᠡ᠃ ᠬᠢᠵᠠᠭᠠᠷ— ᠬᠢᠯᠢ ᠬᠢᠵᠠᠭᠠᠷ ᠢ ᠵᠢᠭᠠᠬᠤ ᠶᠢᠨ ᠵᠡᠷᠬᠡ | ᠳᠤ ᠳᠡᠬᠦᠨ ᠳᠤ ᠬᠦᠷᠢᠶᠡᠯᠡᠭᠳᠡᠭᠰᠡᠨ ᠨᠤᠳᠤᠭ ᠳᠡᠪᠢᠰᠬᠡᠷ ᠢ ᠳᠤᠳᠤᠷᠬᠠᠶᠢᠯᠠᠳᠠᠭ᠃ ᠬᠡᠷ — ᠮᠤᠩᠭᠤᠯ ᠬᠡᠯᠡᠨ ᠳᠠᠬᠢ | ︽ᠤᠯᠤᠰ ᠬᠡᠷ︾ ᠢ ᠵᠢᠭᠠᠭᠰᠠᠨ ᠠᠯᠢ ᠡᠷᠳᠡᠨ ᠤ ᠦᠬᠡ ᠪᠠᠶᠢᠵᠤ ᠪᠤᠯᠤᠨ᠎ᠠ᠃ ︽ᠬᠡᠷ︾ ᠬᠡᠰᠡᠨ ᠦᠬᠡ ᠬᠡᠷᠡᠯ ᠠᠴᠠ | ᠢᠷᠡᠨ᠎ᠠ᠂ ᠬᠡᠷᠡᠯ ᠨᠢ ᠭᠠᠯ ᠲᠠᠢ ᠬᠤᠯᠪᠤᠭᠳᠡᠨᠠ᠃ ᠡᠷᠳᠡᠨ ᠤ ᠬᠦᠮᠦᠰ ᠲᠤ ᠠᠪᠴᠤ ᠬᠡᠯᠡᠪᠡᠯ᠂ ᠭᠠᠯ ᠲᠦᠯᠡᠵᠤ | ᠳᠠᠯᠪᠢᠭᠰᠠᠨ ᠭᠠᠵᠠᠷ ᠪᠤᠯ ᠳᠠᠷᠤᠢ ︽ᠬᠡᠷ︾ ᠮᠥᠨ᠃ ᠳᠤᠬᠠᠶᠢᠯᠠᠪᠠᠯ᠄ ᠠᠩ ᠰᠢᠪᠠᠭᠤᠨ ᠠᠴᠠ ᠤᠷᠤᠶᠢᠳᠡᠵᠤ | ᠪᠤᠴᠠᠭᠰᠠᠳ ᠭᠠᠯ ᠲᠦᠯᠡᠭᠰᠡᠨ ᠪᠠᠶᠢᠴᠠ ᠪᠠᠨ ᠠᠩᠬᠠᠷᠴᠤ᠂ ︽ᠬᠡᠷᠡᠯ ᠬᠠᠮᠢᠭ᠎ᠠ︖ ᠬᠡᠷ ᠬᠠᠮᠢᠭ᠎ᠠ︖︾ ᠭᠡᠵᠤ | ᠪᠤᠴᠠᠳᠠᠭ ᠪᠠᠶᠢᠭ᠎ᠠ᠃ ᠬᠦᠮᠦᠰ ᠤᠨ ᠵᠢᠯ ᠤᠨ ᠡᠬᠡᠯᠵᠢᠨ ᠳᠤ ᠨᠡᠬᠦᠵᠤ ᠵᠦᠬᠡᠬᠡᠵᠤ ᠠᠮᠢᠳᠤᠷᠡᠬᠤ ᠳᠠᠭᠠᠨ᠂ ᠨᠢᠬᠡ | ᠶᠡᠭᠡ ᠨᠤᠳᠤᠭ ᠳᠡᠪᠢᠰᠬᠡᠷ ᠤᠨ ᠬᠠᠮᠢᠭ᠎ᠠ ᠪᠤᠯᠭᠠᠨ ᠳᠤ ᠭᠠᠯ ᠳᠦᠯᠡᠵᠤ᠂ ᠬᠠᠮᠢᠭ᠎ᠠ ᠪᠤᠯᠭᠠᠨ ᠢᠶᠠᠷ ᠬᠡᠷ ᠢᠶᠠᠨ ᠪᠤᠯᠭᠠᠵᠤ | ᠪᠠᠶᠢᠭᠰᠠᠨ ᠤᠴᠢᠷ ᠲᠠᠢ᠃ ᠳᠡᠶᠢᠡᠬᠦ ︽ᠬᠡᠷ︾ ᠬᠡᠬᠦ ᠦᠬᠡ ᠨᠢ ᠶᠠᠪᠤᠭᠠᠨ ᠳᠠᠭᠠᠨ ᠶᠡᠭᠡ ᠨᠤᠳᠤᠭ ᠳᠡᠪᠢᠰᠬᠡᠷ — | ︽ᠤᠯᠤᠰ ᠬᠡᠷ︾ ᠢ ᠲᠦᠯᠦᠬᠡᠯᠡᠨ ᠵᠢᠭᠠᠬᠤ ᠴᠢᠳᠡᠪᠬᠢ ᠲᠠᠢ ᠪᠤᠯᠵᠤ ᠪᠤᠯᠤᠨ᠎ᠠ᠃ ᠤᠳᠤ ᠴᠦ ᠬᠡᠰᠡᠨ ᠶᠠᠷᠤ ᠳᠡᠭᠡᠨ ︽ | ᠤᠯᠤᠰ ᠬᠡᠷ︾ ᠭᠡᠵᠤ ᠬᠤᠯᠪᠤᠨ ᠶᠠᠷᠢᠭᠰᠠᠭᠠᠷ ᠪᠠᠶᠢᠭ᠎ᠠ᠃ ᠭᠠᠵᠠᠷ ᠰᠢᠷᠤᠢ — ︽ᠭᠠᠵᠠᠷ ᠰᠢᠷᠤᠢ ᠶᠢᠨ ᠲᠦᠯᠦᠬᠡ | ︾ ᠭᠡᠵᠤ ᠬᠡᠯᠡᠪᠡᠯ᠂ ᠳᠠᠷᠨ ᠨᠢ ᠳᠠᠷᠤᠢ ︽ᠤᠯᠤᠰ ᠲᠦᠮᠡᠨ᠂ ᠤᠰᠤ ᠨᠤᠳᠤᠭ ᠤᠨ ᠲᠦᠯᠦᠬᠡ︾ ᠬᠡᠳᠡᠭ ᠰᠠᠨᠠᠭ᠎ᠠ᠃ | ᠤᠷᠤᠨ— ᠤᠯᠤᠰ ᠤᠷᠤᠨ᠃ ᠬᠦᠷ— ᠬᠦᠷ ᠤᠯᠤᠰ᠂ ᠬᠦᠷᠤᠨ— ᠬᠦᠷᠤᠨ ᠲᠦᠷᠦ᠃ | ᠳᠠᠷᠡᠭᠠᠬᠢ ᠦᠬᠡᠰ ᠲᠤ ︽ᠢ᠊︾ ᠡᠬᠡᠰᠢᠭ ᠤᠡᠴᠠᠯᠠᠭᠳᠡᠨᠠ᠃ ᠰᠢᠪᠡᠵᠢ᠂ ᠵᠢᠵᠢᠭ᠂ ᠨᠠᠷᠢᠨ᠂ ᠰᠢᠵᠢᠮ᠂ ᠰᠢᠯᠪᠢ᠂ | ᠨᠢᠮᠬᠡᠨ᠂ ᠰᠢᠷᠬᠢᠬᠦ᠂ ᠰᠢᠩᠬᠡᠨ᠂ ᠢᠮᠡᠷᠡᠬᠦ᠂ ᠴᠢᠮᠬᠢᠬᠦ᠂ ᠨᠢᠳᠠᠷᠡᠬᠦ᠂ ᠨᠢᠳᠬᠡᠬᠦ᠂ ᠨᠢᠴᠠᠯᠠᠬᠤ᠂ ᠰᠢᠡᠵᠢᠬᠦ᠂ ᠰᠢᠮᠳᠡᠨ᠂ | ᠰᠢᠷᠢᠯᠲᠦᠬᠦ᠂ ᠵᠢᠮᠬᠢᠨ᠂ ᠵᠢᠭᠬᠢᠨ᠂ ᠵᠢᠷ ᠬᠢᠨ᠂ ᠨᠢᠮᠪᠡᠢ᠂ ᠴᠢᠮᠪᠡᠢ᠂ ᠰᠢᠬᠡᠵᠢ᠂ ᠰᠢᠭᠰᠢᠯᠡᠬᠦ ᠬᠡᠲᠦ ᠮᠡᠲᠦ᠃ ᠡᠳᠡᠬᠡᠷ | ᠨᠢ ᠬᠡᠮᠵᠢᠶ᠎ᠠ ᠪᠠᠷ ᠪᠠᠭ᠎ᠠ ᠪᠤᠶᠤ ᠨᠠᠷᠢᠨ ᠨᠢᠭᠳᠠ ᠦᠢᠯᠨ ᠬᠡᠷᠡᠭ ᠢ ᠳᠤᠰᠬᠠᠵᠠᠢ᠃ ᠡᠬᠦᠨ ᠳᠤ ︽ᠢ᠊︾ ᠡᠬᠡᠰᠢᠭ ᠨᠢ | ᠪᠦᠯᠦᠭᠵᠢᠯ ᠤᠨ ᠦᠢᠯᠡᠳᠤᠯ ᠭᠠᠷᠭᠠᠭᠰᠠᠨ ᠰᠢᠭ᠋ ᠪᠠᠶᠢᠨ᠎ᠠ᠃ | ᠳᠠᠷᠡᠴᠢᠯᠠᠨ᠂ ᠮᠤᠩᠭᠤᠯ ᠬᠡᠯᠡᠨ ᠳᠤ ᠦᠨᠡᠡᠬᠦ ᠢᠵᠠᠭᠤᠷ ᠤᠨ ᠪᠦᠯᠦᠭ ᠪᠤᠢ ᠠᠵᠤ᠂ ᠳᠡᠬᠦᠨ ᠤ ᠳᠤᠭᠤᠷᠢᠨ ᠳᠤ | ᠠᠳᠡᠯᠢ ᠪᠤᠰᠤ ᠦᠡᠲᠦᠰᠦᠨ ᠤᠳᠬ᠎ᠠ ᠪᠦᠬᠦᠢ ᠦᠬᠡᠰ ᠤᠨ ᠪᠦᠯᠦᠭ ᠢ ᠲᠦᠷᠦᠭᠳᠡᠬᠦᠯᠵᠤ ᠴᠢᠳᠡᠵᠤ ᠪᠠᠶᠢᠭᠰᠠᠨ ᠪᠤᠯ | ᠳᠠᠷᠨ ᠨᠢ ᠮᠤᠩᠭᠤᠯ ᠬᠡᠯᠡᠨ ᠤ ᠦᠬᠡᠰ ᠤᠨ ᠰᠠᠩ ᠤᠨ ᠪᠠᠶᠠᠯᠢᠭᠵᠢᠯ ᠳᠤ ᠵᠢᠱᠢᠬᠦᠢ ᠦᠢᠯᠡᠳᠤᠯ ᠦᠵᠡᠬᠦᠯᠵᠤ | ᠪᠠᠶᠢᠭᠰᠠᠨ ᠪᠠᠶᠢᠬ᠎ᠠ⁈ | ᠰᠠᠷᠡᠭᠳᠡᠬᠦ ᠵᠦᠢᠯ᠄ ᠶᠠᠷᠤ ᠨᠢ ᠨᠢᠬᠡᠨᠳᠡ ᠲᠦᠯᠦᠪᠰᠢᠷᠡᠭᠰᠡᠨ ᠢᠵᠠᠭᠤᠷ ᠤᠨ ᠪᠦᠯᠦᠭ ᠲᠠᠬᠢ ᠠᠳᠡᠯᠢ ᠪᠤᠰᠤ ᠠᠪᠢᠶ᠎ᠠ | ᠳᠤᠬᠢᠶᠠᠨ ᠤ ᠡᠮᠦᠨ᠎ᠠ ᠬᠤᠶᠢᠨ᠎ᠠ ᠪᠤᠰᠤᠳ ᠪᠦᠷᠢᠯᠲᠦᠬᠦᠨ ᠢ ᠨᠠᠮᠠᠵᠤ ᠤᠳᠬ᠎ᠠ ᠶᠢᠨ ᠢᠯᠭᠠᠭ᠎ᠠ ᠶᠢ ᠳᠤᠳᠤ ᠳᠡᠬᠦᠯᠳᠡᠷ | ᠪᠤᠯᠭᠠᠵᠤ ᠪᠤᠯᠳᠠᠭ᠃ ᠦᠬᠡ ᠬᠡᠯᠡᠨ ᠤ ᠠᠳᠡᠯᠢ ᠪᠤᠰᠤ ᠡᠯᠧᠮᠧᠨ᠋ᠲ ᠶᠢ ᠪᠠᠶᠢᠭᠠᠯᠢ ᠨᠠᠶᠢᠬᠡᠮ ᠤᠨ ᠠᠳᠡᠯᠢ ᠪᠤᠰᠤ | ᠦᠵᠡᠭᠳᠡᠯ ᠵᠢᠴᠢ ᠠᠳᠡᠯᠢ ᠪᠤᠰᠤ ᠪᠡᠯᠬᠡ ᠳᠡᠮᠳᠡᠭ ᠳᠡᠬᠡᠷ᠎ᠠ ᠬᠡᠷᠡᠭᠯᠡᠵᠤ ᠵᠤᠬᠢᠴᠠᠭᠤᠯᠳᠠᠭ ᠬᠡᠯᠡᠨ ᠤ ᠵᠠᠩ ᠦᠢᠯᠨ ᠨᠢ | ᠬᠡᠯᠡᠨ ᠤ ᠡᠯᠧᠮᠧᠨ᠋ᠲ ᠶᠢᠨ ᠤᠳᠬ᠎ᠠ ᠪᠦᠬᠦᠢ ᠰᠢᠡᠵᠢ ᠢᠯᠡᠷᠡᠬᠦᠯᠬᠦ ᠴᠢᠳᠡᠪᠬᠢ ᠶᠢ ᠨᠡᠮᠡᠭᠳᠡᠬᠦᠯᠵᠤ ᠪᠠᠶᠢᠳᠠᠭ᠃ ᠢᠩᠬᠢᠵᠤ | ᠶᠠᠷᠢᠬᠤ ᠶᠢᠨ ᠤᠴᠢᠷ ᠬᠡᠪᠡᠯ᠂ ᠠᠳᠡᠯᠢ ᠪᠤᠰᠤ ᠬᠡᠯᠡᠨ ᠤ ᠬᠦᠭᠵᠢᠯᠳᠡ ᠶᠢᠨ ᠳᠡᠤᠬᠡᠨ ᠠᠴᠠ ᠬᠡᠯᠡᠨ ᠤ ᠳᠤᠬᠠᠢ ᠠᠳᠡᠯᠢ | ᠪᠤᠰᠤ ᠤᠨᠤᠯ ᠤᠨ ᠰᠢᠰᠲ᠋ᠧᠮ ᠢ ᠮᠡᠳᠡᠷᠡᠵᠤ ᠪᠤᠯᠳᠠᠭ ᠠᠴᠠ᠃ | ᠠᠯᠢᠪᠠ ᠦᠡᠲᠦᠰᠦᠳᠡᠨ ᠤ ᠦᠬᠡ ᠬᠡᠯᠨ ᠪᠤᠯ ᠴᠦᠮ ᠳᠡᠤᠬᠡᠨ ᠪᠦᠲᠦᠬᠡᠭᠳᠡᠬᠦᠨ ᠮᠥᠨ᠃ ᠳᠡᠳᠡᠬᠡᠷ ᠨᠢ ᠳᠡᠤᠬᠡ ᠶᠢ | ᠨᠦᠯᠦᠬᠡᠯᠡᠵᠤ᠂ ᠳᠡᠤᠬᠡᠨ ᠳᠤ ᠤᠯᠠᠨ ᠮᠦᠷ ᠢᠶᠠᠨ ᠦᠯᠡᠳᠡᠬᠡᠳᠡᠭ᠃ ᠠᠯᠢ ᠨᠢᠬᠡ ᠦᠡᠲᠦᠰᠦᠳᠡᠨ ᠤ ᠬᠡᠯᠨ ᠬᠡᠳ | ᠪᠤᠰᠤᠳ ᠦᠡᠲᠦᠰᠦᠳᠡᠨ ᠤ ᠬᠡᠯᠨ ᠶᠢ ᠨᠦᠯᠦᠬᠡᠯᠡᠵᠤ ᠳᠡᠡᠳᠡ ᠤᠯᠨ ᠮᠦᠷ ᠢᠶᠠᠨ ᠦᠯᠡᠳᠡᠬᠡᠵᠤ ᠪᠤᠯᠳᠠᠭ᠃ | ᠶᠠᠷᠤᠳᠡ ᠶᠢᠨ ᠠᠩᠬᠠᠷᠤᠯ ᠳᠤ ᠰᠠᠭᠤᠭᠳᠠᠭᠰᠠᠨ ᠢ ᠠᠳᠡ ᠳᠡᠮᠳᠡᠭᠡᠯᠡᠪᠡᠯ᠄ ᠮᠤᠩᠭᠤᠯ᠂ ᠠᠩᠭ᠍ᠯᠢ᠂ ᠶᠠᠫᠤᠨ ᠬᠡᠯᠡᠨ ᠳᠤ | ︽ᠮᠤᠷᠡᠯ︾ ᠬᠡᠬᠦ ᠦᠬᠡ ᠪᠤᠢ᠂ ᠳᠡᠳᠡᠬᠡᠷ ᠨᠢ ︽ᠶᠤᠰᠤ ᠮᠤᠷᠡᠯ︾ ᠬᠡᠬᠦ ᠠᠳᠡᠯᠢᠬᠠᠨ ᠤᠳᠬ᠎ᠠ ᠲᠠᠢ ᠪᠠᠶᠢᠪᠠ᠃ | ᠮᠤᠩᠭᠤᠯ᠂ ᠶᠠᠫᠤᠨ ᠬᠡᠯᠡᠨ ᠳᠤ ︽ᠠᠷᠡᠡᠰᠢᠨ︾ ᠬᠡᠬᠦ ᠦᠬᠡ ᠪᠤᠢ᠂ ᠠᠳᠡᠯᠢᠬᠠᠨ ︽ᠵᠠᠩ ᠵᠠᠩᠰᠢᠯ︾ ᠬᠡᠬᠦ ᠤᠳᠬ᠎ᠠ | ᠲᠠᠢ᠃ ᠮᠤᠩᠭᠤᠯ ᠬᠡᠯᠡᠨ ᠳᠠᠬᠢ ︽ᠰᠤᠩᠬᠢᠨ᠎ᠠ︾ ᠬᠡᠬᠦ ᠤᠷᠭᠤᠮᠠᠯ ᠤᠨ ᠨᠡᠷ᠎ᠠ ᠶᠢ ᠲᠦᠪᠡᠳ ᠲᠤ ︽ᠼᠦᠩ︾᠂ | ᠬᠢᠳᠡᠳ ᠲᠤ ︽ᠼᠦᠩ︾ ᠬᠡᠳᠡᠭ᠃ ᠮᠤᠩᠭᠤᠯᠴᠤᠳ ᠪᠤᠷᠭᠠᠰᠦ ᠪᠠᠷ ᠬᠦᠷᠤᠵᠤ ᠳᠤᠭᠤᠯ ᠤᠨ ᠰᠢᠪᠡᠭᠡ ᠪᠠᠷᠢᠬᠤ | ᠵᠡᠷᠬᠡ ᠳᠤ ᠬᠡᠷᠡᠭᠯᠡᠳᠡᠭ ᠡᠳ᠋ ᠢ ︽ᠪᠠ︾ ᠭᠡᠵᠤ ᠬᠡᠯᠡᠳᠡᠭ᠂ ᠵᠠᠷᠢᠮ ᠨᠤᠳᠤᠭ ᠢᠶᠠᠷ ︽ ᠪᠠᠷ ︵ᠪᠤᠷ︶︾ ᠭᠡᠵᠤ | ᠪᠦᠲᠦᠭᠰᠡᠨ ᠡᠳ᠋ ᠲᠠᠢ ᠨᠢ ᠤᠶᠠᠯᠳᠤᠭᠤᠯᠵᠤ ᠬᠡᠯᠡᠳᠡᠭ ᠬᠡᠯᠴᠡᠳᠡᠭ᠃ ᠠᠮᠧᠷᠢᠺᠠ ᠬᠡᠯᠡᠨ ᠳᠤ ︽ᠪᠠ ᠡᠯ︾ ᠬᠡᠬᠦ | ᠦᠬᠡ ᠪᠠᠶᠢᠳᠠᠭ᠂ ᠳᠠᠷᠨ ᠨᠢ ᠪᠤᠷᠭᠠᠰᠦ ᠪᠠᠷ ᠬᠦᠷᠦᠵᠤ ᠮᠠᠯ ᠤᠨ ᠬᠠᠰᠢᠶ᠎ᠠ ᠪᠠᠷᠢᠳᠠᠭ ᠡᠳ᠋ ᠢ ᠵᠢᠭᠠᠵᠡᠢ᠃ ᠮᠤᠩᠭᠤᠯ | ᠬᠡᠯᠡᠨ ᠳᠠᠬᠢ ︽ᠬᠦᠮᠦᠨ︾ ᠬᠡᠬᠦ ᠦᠬᠡ ᠨᠢ ᠭᠠᠭᠴᠠ ᠳᠤᠭ᠎ᠠ᠂ ᠤᠯᠠᠨ ᠳᠤᠭ᠎ᠠ ᠶᠢ ᠪᠦᠷ ᠵᠢᠭᠠᠨ᠎ᠠ᠂ ᠠᠮᠧᠷᠢᠺᠠ | ᠬᠡᠯᠡᠨ ᠳᠠᠬᠢ ︽ᠬᠦᠮᠦᠨ︾ ᠬᠡᠬᠦ ᠦᠬᠡ ᠨᠢ ︽ᠬᠡᠷ ᠪᠦᠯᠢ︾ ᠬᠡᠬᠦ ᠤᠳᠬ᠎ᠠ ᠲᠠᠢ᠃ ᠮᠤᠩᠭᠤᠯ᠂ ᠬᠢᠳᠡᠳ ᠬᠡᠯᠡᠨ | ᠳᠠᠬᠢ ︽ᠮᠦᠬᠦ︾ ᠬᠡᠬᠦ ᠦᠬᠡ ᠨᠢ ᠤᠳᠬ᠎ᠠ ᠠᠳᠡᠯᠢᠬᠠᠨ ᠪᠠᠶᠢᠳᠠᠭ᠃ ᠡᠨᠠᠴᠢᠯᠠᠨ ᠵᠠᠷᠢᠮ ᠦᠬᠡ ᠶᠢ ᠬᠡᠨ ᠨᠢ ᠬᠡᠨ | ᠠᠴᠠ ᠪᠠᠨ ᠵᠢᠬᠡᠯᠡᠭᠰᠡᠨ ᠬᠡᠳᠡᠭ ᠢ ᠳᠤᠳᠤᠯᠠᠬᠤ ᠳᠤ ᠪᠡᠷᠬᠡ ᠲᠠᠢ ᠶᠤᠮ᠃ ᠬᠡᠶ᠎ᠠ ᠵᠠᠷᠢᠮ ᠦᠬᠡᠰ ᠨᠢ ᠶᠠᠮᠠᠷ ᠨᠢᠬᠡᠨ | ᠢᠵᠠᠭᠤᠷ ᠤᠨ ᠪᠦᠯᠦᠭ ᠠᠴᠠ ᠲᠦᠷᠦᠭᠳᠡᠭᠰᠡᠨ ᠪᠠᠶᠢᠪᠠᠯ ᠳᠠᠷᠤᠢ ᠠᠯᠢ ᠬᠡᠯᠡᠨ ᠤ ᠬᠢ ᠬᠡᠳᠡᠭ ᠢ ᠲᠦᠰᠦᠬᠡᠯᠡᠵᠤ ᠪᠤᠯᠬᠤ | ᠪᠠᠶᠢᠵᠤ ᠮᠡᠳᠡᠨ᠎ᠠ᠃ | ᠠᠩᠬᠠᠷᠴᠤ ᠳᠡᠮᠳᠡᠭᠯᠡᠭᠰᠡᠨ ᠬᠡᠳᠤᠨ ᠦᠬᠡᠰ᠄ ᠮᠤᠩᠭᠤᠯ ᠦᠬᠡ ᠪᠠ ᠬᠢᠳᠡᠳ ᠦᠬᠡᠨ ᠳᠤ ᠳᠡᠭᠤᠳᠠᠯᠭᠠ | ᠲᠦᠰᠦᠬᠡᠷᠬᠦᠨ᠂ ᠤᠳᠬ᠎ᠠ ᠤᠶᠢᠷᠡᠳᠤᠭᠰᠠᠨ ᠦᠬᠡᠰ ᠨᠠᠯᠢᠶᠠᠳ ᠪᠠᠶᠢᠳᠠᠭ ᠶᠤᠮ᠃ | ᠰᠢᠨ᠎ᠠ —新᠂ ᠮᠤᠳᠤ — 木头᠂ ᠪᠢᠰᠢ— 不是᠂ ᠪᠦᠪᠠᠢ—宝贝᠂ ᠮᠤᠤᠷ— 猫 | ᠂ ᠭᠤᠤ—沟᠂ ᠰᠢᠡᠵᠢ性质᠂ ᠮᠠᠶ᠋ᠢᠭ— 模样᠂ ᠡᠳ᠋ — 物质᠂ ᠪᠢᠷ — 笔᠂ | ᠡᠬᠦᠷ—窝᠃ ᠵᠢᠴᠢ—及其᠂ ᠯᠠᠪᠠᠢ—喇叭᠂ ᠴᠤᠬᠤᠢ —石灰᠂ ᠵᠢᠭ᠎ᠠ—教 | ᠂ ᠠᠩᠭᠠᠶᠢᠬᠤ— 张开᠂ ᠬᠤᠷᠤᠢ ᠬᠤᠷᠤᠢ—回来回来᠂ ᠴᠢᠩᠭ᠎ᠠ—强᠂ | ᠳᠡᠶᠢᠪᠤᠩ— 太平᠂ ᠬᠡᠮ—感冒᠂ ᠪᠠᠶᠢᠯᠳᠤᠭᠠᠨ—摆战᠂ ᠰᠠᠭᠤ—坐᠂ | ᠰᠢᠯᠤᠭᠤᠨ—顺利᠂ ᠰᠢᠭᠤᠳ ᠰᠢᠯᠤᠭᠤᠨ᠂ ᠳᠡᠵᠢᠨ—大战᠂ ᠳᠡᠶᠢᠨ ᠳᠡᠵᠢᠨ ᠭᠡᠵᠤ ᠬᠤᠯᠪᠤᠨ | ᠶᠠᠷᠢᠳᠠᠭ᠃ ᠴᠤᠬᠤᠮ— 专门᠂ ᠶᠠᠷᠢᠶᠠᠨ ᠳᠤ ︽ᠴᠤᠬᠤᠮᠠᠨ︾ ᠭᠡᠵᠤ ᠬᠡᠯᠡᠳᠡᠭ᠃ ᠬᠡᠷ—阁᠂ | ᠬᠠᠭᠠᠯᠭ᠎ᠠ ᠪᠠᠷ ᠬᠠᠨ᠎ᠠ ᠶᠢᠨ ᠨᠢᠲᠦ ᠪᠠ ᠳᠤᠯᠭ᠎ᠠ ᠵᠡᠷᠬᠡ ᠨᠢ ᠬᠠᠷᠠᠭᠳᠡᠵᠤ ᠪᠤᠢ᠃ ᠳᠤᠭᠤᠨᠤ —通᠂ ᠨᠢᠬᠡᠲᠦᠬᠡᠷ | ᠵᠢᠷᠤᠯᠭ᠎ᠠ ᠨᠢ ᠰᠡᠬᠦᠭᠳᠡᠭᠰᠡᠨ ᠡᠷᠦᠬᠡ ᠶᠢᠨ ᠪᠠᠶᠢᠴᠠ ᠲᠠᠢ᠂ ᠳᠠᠷᠠᠭ᠎ᠠ ᠬᠡᠲᠦᠨ ᠵᠢᠷᠤᠯᠭ᠎ᠠ ᠨᠢ ᠤᠯᠠᠮᠵᠢᠯᠠᠯᠲᠦ ᠮᠤᠳᠤᠨ | ᠳᠤᠭᠤᠨᠤ ᠶᠢᠨ ᠲᠦᠷᠢ ᠲᠠᠢ᠂ ᠨᠡᠪᠳᠡᠷᠡᠬᠦ ᠬᠡᠬᠦ ᠤᠳᠬ᠎ᠠ ᠲᠠᠢ᠃ ᠳᠤᠭᠤᠨᠤ ᠨᠢ ᠳᠠᠷᠤᠢ ᠠᠭᠤᠷ ᠤᠳᠤᠭ᠎ᠠ ᠰᠡᠯᠬᠢ | ᠵᠢᠪᠡᠷ ᠢ ᠭᠠᠳᠠᠭᠰᠢᠯᠠᠭᠤᠯᠤᠨ ᠳᠤᠭᠤᠬᠤ ᠨᠦᠬᠡ ᠨᠢᠲᠦ ᠪᠠᠶᠢᠭ᠎ᠠ᠃ ᠬᠦᠢ— 会᠂ ᠬᠤᠷᠡᠵᠤ ᠴᠤᠭᠯᠠᠭᠰᠠᠨ ᠬᠡᠬᠦ | ᠤᠳᠬ᠎ᠠ ᠲᠠᠢ ᠦᠬᠡ ᠨᠢ ᠬᠦᠢ ᠨᠢᠬᠡᠲᠦᠯ ᠤᠨ ᠬᠦᠢ ᠲᠠᠢ ᠤᠳᠬ᠎ᠠ ᠤᠶᠢᠷ᠎ᠠ ᠪᠠᠶᠢᠭ᠎ᠠ᠃ ᠬᠦᠷ—火热᠂ | ᠬᠦᠭᠵᠢᠶᠠᠨ ᠨᠡᠷᠬᠢᠶᠠᠨ ᠦᠡᠲᠦᠷᠵᠢᠵᠤ ᠬᠠᠯᠠᠭᠤᠨ ᠴᠢᠭ᠋ ᠲᠡᠭᠡᠨ ᠬᠦᠷᠦᠭᠰᠡᠨ ᠢ ︽ᠬᠦᠷ︾ ᠬᠡᠳᠡᠭ ᠪᠠᠶᠢᠭ᠎ᠠ᠃ | ᠬᠢᠳᠡᠳ ᠬᠡᠯᠡᠨ ᠤ ᠵᠠᠷᠢᠮ ᠦᠬᠡᠰ ᠨᠢ ᠮᠤᠩᠭᠤᠯ ᠦᠬᠡ ᠶᠢᠨ ᠳᠡᠬᠡᠷ᠎ᠠ ᠬᠡᠰᠡᠭ ᠪᠤᠶᠤ ᠳᠤᠤᠷ᠎ᠠ ᠬᠡᠰᠡᠭ ᠠᠴᠠ | ᠳᠠᠰᠤᠯᠠᠵᠤ ᠠᠪᠤᠭᠰᠠᠨ ᠪᠠᠶᠢᠴᠠ ᠲᠠᠢ᠃ ᠳᠤᠬᠠᠶᠢᠯᠠᠪᠠᠯ᠄ | ᠠᠷᠡᠨ—人᠂ ᠦᠭᠡᠢ—无᠂未᠂ ᠦᠨᠤᠷ—味儿᠂ ᠦᠷᠦᠬᠡ — 屋᠂ ᠦᠨᠤᠰᠬᠦ — | 吻᠂ ᠴᠢᠨᠠ — 煎᠂ ᠶᠠᠷᠦᠡᠳᠡᠭ—药᠂ ᠢᠳᠡᠰᠢ—食᠂ ᠡᠴᠢ ︵ᠤᠴᠢ︶ —去᠂ | ᠳᠡᠬᠡᠲᠦ —爹᠂ ᠤᠯᠠᠨ ᠳᠡᠬᠡᠷ᠎ᠠ ᠦᠶ᠎ᠠ ᠶᠢᠨ ᠠᠪᠤ ᠨᠡᠷ᠂ ᠳᠡᠬᠡᠲᠦᠰ᠃ ᠦᠭᠬᠦᠶ᠎ᠠ—给᠂ | ᠤᠷᠢᠶᠠᠬᠤ— 绕᠂ ᠱᠤᠤᠯᠠᠬᠤ— 笑᠂ ᠬᠦᠡᠳᠡᠢ ︵ᠺᠦᠡᠳᠡᠢ︶ —空的᠂ ᠰᠢᠩᠬᠡᠨ —稀᠂ | ᠵᠦᠬᠡᠯ—咒᠂ ᠰᠦᠡᠳᠡᠷᠯᠡᠬᠦ —耸᠂ ᠰᠡᠳᠬᠢᠬᠦ — 思᠂ ᠮᠦᠬᠦᠯᠢᠭ 粒᠂ ᠵᠢᠮ—经᠂ | ᠬᠢᠶᠠᠨ ᠬᠢ ᠵᠢᠮ— 山海经᠂ ᠯᠤᠭ—垃圾᠂ ᠲᠦᠭᠳᠡᠶᠢᠬᠦ—凸᠂ ᠳᠡᠪᠠᠭᠠ— 坝᠂ | ᠦᠵᠢᠯ—久᠂ ᠤᠩᠭᠤᠴᠠᠨ —船᠂ ᠴᠠ ︵ᠠᠴᠨ︶ — 杈᠂ ᠮᠠᠩᠯᠠᠢ—蒙᠂ ᠬᠤᠭᠤᠷ | —胡᠂ ᠦᠪᠡᠷ—我᠂ ᠪᠠᠷᠢᠭᠤᠯ—把儿᠂ ᠰᠤᠩᠬᠢᠨ᠎ᠠ—葱᠂ ᠬᠡᠷᠪᠡ — 若᠂ | ᠠᠷᠴᠠ— 擦᠂ ᠱᠠᠬᠠᠢ— 鞋᠂ ᠦᠵᠡᠨ— 见᠂ ᠤᠯᠵᠨ— 捞着᠂ ᠰᠠᠭᠤᠷᠢ—所᠂ | ᠳᠡᠬᠢᠬᠤ —叠᠂ ᠰᠠᠴᠤᠬᠤ—洒᠂ ᠪᠠᠳᠠᠷᠨ — 发达᠂ ᠵᠠᠬᠢ᠂ ᠵᠠᠬᠢᠷᠨ— 指挥᠂ | ᠬᠦᠳᠡᠯ — 活动᠂ ᠳᠤᠷᠤᠢ — 弱᠂ ᠴᠢᠪᠬᠢᠨ —恰好᠂ ᠴᠢᠬᠡᠵᠢᠯᠨ —记住了 | ᠂ ᠵᠢᠩᠬᠢᠨᠢ—精᠂ ᠵᠢᠭᠠᠬᠠᠨ —点᠂ ᠬᠤᠨ —皇᠂ ᠬᠦᠷ —国᠂ ᠬᠦᠷ ᠤᠯᠤᠰ᠂ ᠬᠦᠷᠤᠨ᠃ | ᠂ ᠠᠤᠭ᠎ᠠ— 伟大᠂ ᠦᠷᠯᠦᠭ ᠳᠡᠶᠢᠴᠢᠨ᠂ ᠶᠠᠭᠤ ᠴᠦ — 又是᠂ ᠠᠨ᠎ᠠ —焊 ᠬᠡᠬᠦ ᠮᠡᠲᠦ | ᠵᠦᠩᠳᠡᠬᠡᠨ ᠳᠤᠬᠢᠶᠠᠯᠳᠤᠨ᠎ᠠ᠃ ᠡᠳᠡᠬᠡᠷ ᠨᠢ ᠮᠥᠨ ᠳᠡᠭᠤᠳᠠᠯᠭᠠ ᠤᠳᠬ᠎ᠠ ᠪᠦᠷ ᠤᠶᠢᠷᠡᠳᠤᠵᠤ ᠪᠠᠶᠢᠨ᠎ᠠ᠃᠂ ᠠᠳᠡ | ᠠᠴᠠ ᠨᠠᠭᠠᠲᠦ ᠵᠠᠬ᠎ᠠ ᠳᠠᠭᠠᠨ ᠬᠡᠯᠡᠨ ᠤ ᠨᠦᠯᠦᠭᠡ ᠶᠢ ᠤᠯᠵᠤ ᠬᠠᠷᠠᠲᠠᠭ᠃ | ᠮᠤᠩᠭᠤᠯ ᠬᠡᠯᠡᠨ ᠤ ᠨᠢᠭᠡᠲᠦᠭᠡᠷ ᠦᠶ᠎ᠡ ᠶᠢᠨ ᠲᠡᠭᠡᠷ᠎ᠡ ︽ᠬ᠊︾ ᠪᠠᠷ ᠬᠠᠯᠬᠠᠯᠠᠬᠤ ᠦᠵᠡᠭᠲᠡᠯ ᠪᠠᠶᠢᠭᠰᠠᠨ᠃ ᠵᠢᠱᠢᠶ᠎ᠡ᠄ | ᠤᠯᠠᠭᠠᠨ — ᠬᠤᠯᠠᠭᠠᠨ᠂ ᠦᠭᠡᠯᠦᠨ — ᠬᠦᠭᠡᠯᠦᠨ᠂ ᠤᠵᠢᠭᠤᠷ — ᠬᠤᠵᠢᠭᠤᠷ᠂ ᠠᠨ᠎ᠠ — ᠬᠠᠨ᠎ᠠ᠂ | ᠤᠬᠠᠭᠠᠨ —— ᠬᠤᠬᠠᠭᠠᠨ ᠵᠡᠷᠭᠡ᠃ ᠶᠠᠷᠢᠶᠠᠨ ᠳᠤ᠂ ︽ᠠ᠊᠂ ᠡ᠊︾ ᠪᠠᠷ ᠬᠠᠯᠬᠠᠯᠠᠬᠤ ᠦᠵᠡᠭᠲᠡᠯ ᠴᠦ ᠪᠤᠢ᠃ | ᠴᠠ — ᠠᠴᠠ᠂ ᠷᠠᠰᠢᠶᠠᠨ — ᠠᠷᠰᠢᠶᠠᠨ᠂ ᠷᠠᠰᠢ — ᠠᠷᠰᠢ᠂ ᠷᠠᠳᠨ᠎ᠠ — ᠡᠷᠲᠡᠨᠢ᠂ ᠷᠢᠨᠴᠢᠨ — | ᠡᠷᠢᠡᠴᠢᠨ᠂ ᠰᠲ᠋ᠠᠯᠢᠨ — ᠡᠰᠲ᠋ᠠᠯᠢᠨ᠂ ᠯᠢᠲᠡᠷᠢ — ᠰᠯᠢᠳᠡᠷᠢ ᠭᠡᠬᠦ ᠮᠡᠲᠦ᠃ ᠬᠡᠯᠡᠨ ᠤ ᠲᠤᠬᠠᠢ ᠵᠢᠭᠠᠬᠠᠨ | ᠲᠤᠬᠢᠶ᠎ᠠ ᠨᠢ ᠴᠦ ᠬᠡᠯᠨ ᠰᠤᠲᠤᠯᠭᠠᠨ ᠤ ᠴᠢᠬᠤᠯᠨ ᠰᠦᠪᠡᠭᠴᠢ ᠪᠠᠶᠢᠵᠤ ᠮᠡᠲᠡᠨ᠎ᠡ᠃ ᠰᠢᠨᠵᠢᠪᠡᠯ᠄ ᠠᠨ᠎ᠠ —焊᠃ | ᠶᠠᠭ ︽ᠠᠨ᠎ᠠ︾ ᠭᠡᠬᠦ ᠦᠭᠡ ᠶᠢᠨ ᠲᠡᠭᠡᠷ᠎ᠡ ︽ᠬ᠊︾ ᠪᠠᠷ ᠬᠠᠯᠬᠠᠯᠠᠵᠤ ᠡᠷᠲᠡᠨ ᠤ ᠲᠠᠭᠤᠲᠠᠯᠭ᠎ᠠ ᠪᠠᠷ ᠨᠢ ︽ᠬᠠᠨ᠎ᠠ︾ | ᠭᠡᠵᠦ ᠶᠠᠷᠢᠭᠰᠠᠨ ᠰᠢᠭ᠋ ᠪᠠᠶᠢᠨ᠎ᠠ᠃ ᠦᠭᠡᠷ᠎ᠡ ᠪᠠᠷ ᠬᠡᠯᠡᠪᠡᠯ ᠤᠤᠯ ᠦᠭᠡ ᠶᠢᠨ ᠡᠷᠲᠡᠨ ᠤ ᠲᠠᠭᠤᠲᠠᠯᠭ᠎ᠠ ᠪᠠ | ᠤᠳᠬ᠎ᠠ ᠨᠢ ᠬᠢᠲᠡᠳ ᠬᠡᠯᠡᠨ ᠳᠤ ᠮᠥᠨ ᠶᠤᠰᠤᠭᠠᠷ ᠢᠶᠠᠨ ᠬᠠᠲᠠᠭᠠᠯᠠᠭᠲᠠᠵᠤ ᠪᠠᠶᠢᠪᠠ᠃ ᠲᠤᠬᠠᠶᠢᠯᠠᠪᠠᠯ᠂ ᠤᠤᠯ | ᠬᠡᠯᠡᠨ ᠳᠡᠭᠡᠨ ᠪᠠᠶᠢᠭᠰᠠᠨ ︽ᠬᠠᠨ᠎ᠠ᠂ ᠬᠤᠯᠠᠭᠠᠨ᠂ ᠬᠤᠬᠠᠭᠠᠨ︾ ᠵᠡᠷᠭᠡ ᠦᠬᠡᠰ ᠨᠢ ᠡᠬᠢᠨ ᠤ ᠬᠡᠶᠢᠭᠦᠯᠦᠭᠴᠢ ᠪᠠᠨ | ᠬᠠᠶᠠᠵᠤ ︽ᠠᠨ᠎ᠠ᠂ ᠤᠯᠠᠭᠠᠨ᠂ ᠤᠬᠠᠭᠠᠨ︾ ᠪᠤᠯᠵᠤ ᠲᠠᠭᠤᠲᠠᠭᠲᠠᠪᠠ᠃ ᠰᠡᠷᠡᠵᠦ ᠤᠯᠬᠤ ᠨᠢ᠄ ᠬᠠᠷᠢ ᠬᠡᠯᠨ ᠶᠢ | ᠨᠦᠯᠦᠭᠡᠯᠡᠵᠦ ᠤᠴᠢᠭᠰᠠᠨ ᠦᠭᠡ ᠨᠢ ᠲᠠᠭᠤᠲᠠᠯᠭ᠎ᠠ ᠪᠠ ᠤᠳᠬ᠎ᠠ ᠶᠢᠨ ᠬᠤᠪᠢ ᠳᠤ ᠨᠡᠯᠢᠶᠡᠳ ᠲᠤᠭᠲᠠᠭᠤᠨ | ᠪᠠᠶᠢᠲᠠᠭ ᠶᠤᠮ ᠪᠠᠶᠢᠨ᠎ᠠ᠃ ᠬᠡᠶ᠎ᠡ ᠬᠡᠯᠡᠨ ᠤ ᠠᠰᠠᠭᠤᠲᠠᠯ ᠡᠶᠢᠮᠦ ᠬᠢᠯᠪᠡᠷ ᠢᠶᠠᠷ ᠲᠤᠩᠭᠠᠭᠲᠠᠬᠤ ᠪᠢᠰᠢ᠂ ᠬᠠᠷᠢᠨ ᠡᠭᠦᠨ | ᠠᠴᠠ ᠨᠡᠩ ᠪᠤᠲᠤᠯᠢᠶᠠᠨᠲᠠᠢ ᠪᠠᠶᠢᠵᠤ ᠲᠠᠭᠠᠷᠠᠨ᠎ᠠ᠃ ᠲᠤᠬᠠᠶᠢᠯᠠᠪᠠᠯ᠂ ᠨᠠᠭᠠᠯᠲᠤᠭᠤᠯᠵᠤ ᠵᠤᠯᠭᠤᠭᠤᠯᠬᠤ ᠶᠢ ︽ᠨᠠᠭ᠎ᠠ︾ | ᠭᠡᠵᠦ ᠲᠡᠮᠲᠡᠭᠯᠡᠲᠡᠭ᠂ ᠶᠠᠷᠢᠶᠠᠨ ᠳᠤ ᠰᠢᠭᠤᠳ ︽ᠨᠠ︾ ᠭᠡᠵᠦ ᠬᠡᠯᠡᠲᠡᠭ ᠪᠠᠶᠢᠨ᠎ᠠ᠃ ᠡᠨᠡᠬᠦ ᠦᠭᠡ ᠶᠢ ︽ᠬᠠᠨ᠎ᠠ | — ᠠᠨ᠎ᠠ — ᠨᠠ︾ ᠭᠡᠬᠦ ᠲᠠᠷᠠᠭᠠᠯᠠᠯ ᠢᠶᠠᠷ ᠬᠤᠪᠢᠷᠠᠯ᠎ᠠ ᠭᠡᠵᠦ ᠦᠵᠡᠪᠡᠯ᠂ ᠤᠤᠯ ᠦᠭᠡ ᠨᠢ ᠤᠷᠢᠲᠠᠪᠡᠷ ︽ᠬ᠊ | ︾ ᠪᠠᠨ ᠤᠷᠬᠢᠵᠤ᠂ ᠲᠠᠷᠠᠭ᠎ᠠ ᠨᠢ ︽ᠠ᠊︾ ᠪᠠᠨ ᠤᠷᠬᠢᠵᠤ᠂ ︽ᠨᠠ︾ ᠪᠤᠯᠤᠯ᠎ᠠ ᠭᠡᠵᠤ ᠦᠵᠡᠨ᠎ᠠ᠃ ᠬᠡᠳᠡᠯ᠎ᠠ ︽ | ᠨᠠ— ᠠᠨ᠋ᠨ— ᠬᠠᠨ᠎ᠠ︾ ᠬᠡᠬᠦ ᠳᠠᠷᠡᠭᠠᠯᠠᠯ ᠢᠶᠠᠷ ᠬᠤᠪᠢᠷᠡᠯᠠ ᠭᠡᠵᠤ ᠦᠵᠡᠪᠡᠯ᠂ ᠤᠤᠯ ᠦᠬᠡ ᠨᠢ ᠤᠷᠢᠳᠡᠪᠡᠷ | ︽ᠠ᠊︾ ᠵᠢᠬᠢᠷᠢᠭᠯᠡᠵᠤ᠂ ᠳᠠᠷᠠᠭ᠎ᠠ ᠨᠢ ︽ᠬ᠊︾ ᠨᠡᠮᠡᠭᠳᠡᠵᠤ ︽ᠬᠠᠨ᠋ᠨ︾ ᠪᠤᠯᠤᠯ᠎ᠠ ᠭᠡᠵᠤ ᠦᠵᠡᠨ᠎ᠠ᠃ ᠦᠨᠡᠨ ᠳᠡᠭᠡᠨ | ᠶᠠᠮᠠᠷ ᠴᠢᠭᠯᠡᠯ ᠢᠶᠠᠷ ᠬᠤᠪᠢᠷᠡᠯᠠ ᠬᠡᠳᠡᠭ ᠢ ᠳᠤᠩᠭᠠᠬᠤ ᠳᠤ ᠪᠡᠷᠬᠡ ᠪᠠᠶᠢᠳᠠᠭ᠂ ᠮᠥᠨ ᠴᠦ ᠳᠡᠶᠢᠮᠦᠷᠬᠦ ᠵᠢᠮ᠎ᠠ ᠪᠠᠶᠢᠬᠤ | ᠦᠭᠡᠢ ᠴᠦ ᠪᠤᠯᠤᠨ᠎ᠠ᠃ ᠬᠠᠷᠢᠨ ᠠᠳᠡ ᠨᠢᠬᠡᠨ ︽ᠨ᠊︾ ᠠᠪᠢᠶ᠎ᠠ ᠤᠡᠴᠠᠯᠠᠭᠳᠡᠵᠤ ᠪᠠᠶᠢᠭ᠎ᠠ ᠶᠢ ᠦᠵᠡᠵᠤ ᠭᠠᠷᠤᠨ᠎ᠠ᠃ | ᠬᠡᠲᠦᠢ ︽ᠬ᠊᠂ ᠠ᠊︾ ᠨᠡᠮᠡᠭᠳᠡᠭᠰᠡᠨ ᠴᠦ ᠪᠤᠯᠤᠭ᠂ ᠡᠰᠡᠬᠦᠯ᠎ᠠ ᠤᠷᠬᠢᠭᠳᠠᠭᠰᠠᠨ ᠴᠦ ᠪᠤᠯᠤᠭ᠂ ︽ᠨ᠊︾ ᠠᠪᠢᠶ᠎ᠠ | ᠬᠠᠷᠢᠨ ᠢᠮᠠᠭᠳᠡ ᠳᠤᠭᠳᠡᠭᠤᠨ ᠤᠷᠤᠰᠢᠵᠤ ᠪᠠᠶᠢᠨ᠎ᠠ᠃ ᠡᠨ᠋ᠨ ᠮᠠᠳᠤᠴᠢᠯᠠᠨ ︽ᠬᠠᠨ᠋ᠨ᠂ ᠠᠨ᠋ᠨ᠂ ᠨᠠ᠂ ᠨᠠᠭ᠎ᠠ᠂ | ᠨᠠᠭᠠᠬᠤ᠂ ᠠᠨᠠᠭᠠᠬᠤ᠂ ᠠᠨᠢ᠂ ᠨᠦᠬᠦᠬᠦ᠂ ᠨᠡᠬᠡᠬᠦ᠂ ᠨᠠᠶᠢᠯᠠᠬᠦ᠂ ᠨᠠᠶᠢᠴᠡᠬᠦ᠂ ᠨᠢᠬᠡᠳᠬᠦ᠂ ᠨᠢᠬᠢᠳᠬᠡᠬᠦ᠂ ᠨᠢᠭᠳᠠᠷᠡᠬᠤ᠂ | ᠨᠠᠶᠢᠷᠡᠮᠳᠡᠬᠤ᠂ ᠨᠠᠶᠢᠷ ᠨᠠᠭᠠᠳᠤᠮ᠂ ᠨᠠᠶᠢᠷᠡᠯ᠂ ᠨᠠᠶᠢᠵᠨ᠂ ᠨᠦᠬᠦᠷ᠂ ᠨᠠᠮ᠂ ᠬᠠᠨᠢ᠂ ᠢᠨᠠᠭ᠂ ᠡᠨᠡᠷᠢᠯ᠂ ᠳᠤᠳᠤᠨᠤ︾ | ᠵᠡᠷᠬᠡ ᠦᠬᠡᠰ ᠲᠦᠷᠦᠭᠳᠡᠨ ᠬᠦᠭᠵᠢᠯᠠ ᠭᠡᠵᠤ ᠦᠵᠡᠵᠤ ᠪᠤᠯᠬᠤ ᠮᠡᠲᠦ᠃ ︽ᠨᠠ︾ ᠠᠪᠢᠶ᠎ᠠ ᠪᠦᠯᠦᠭᠵᠢᠯ ᠤᠨ | ᠦᠢᠯᠡᠳᠤᠯ ᠭᠠᠷᠭᠠᠭᠰᠠᠨ ᠪᠠᠶᠢᠵᠤ ᠪᠤᠯᠤᠨ᠎ᠠ᠃ ᠠᠳᠡᠬᠢ ︽ᠨᠠ︾ ᠠᠪᠢᠶ᠎ᠠ ᠶᠢᠨ ᠤᠳᠬ᠎ᠠ ᠠᠭᠤᠯᠭ᠎ᠠ ᠨᠢ ᠬᠡᠯᠨ | ᠳᠡᠩᠨᠠᠢ ᠶᠢᠨ ᠨᠡᠶᠢᠯᠡᠭᠰᠡᠨ ᠲᠦᠷᠢ ᠲᠦᠷᠬᠦ ᠲᠠᠢ ᠰᠢᠭᠤᠳ ᠬᠤᠯᠪᠤᠭ᠎ᠠ ᠲᠠᠢ ᠰᠢᠭ᠋ ᠪᠠᠶᠢᠨ᠎ᠠ᠃ ᠮᠤᠩᠭᠤᠯ ᠬᠡᠯᠡᠨ ᠤ | ᠡᠨ᠋ᠨ ᠮᠡᠲᠦ ᠦᠵᠡᠭᠳᠡᠯ ᠨᠢ ᠬᠡᠯᠡᠨ ᠤ ᠠᠪᠢᠶ᠎ᠠ ᠪᠤᠯᠭᠠᠨ ᠳᠤ ᠳᠤᠩᠭᠠᠭᠠᠯᠳᠡ ᠬᠢᠬᠦ ᠶᠢ ᠱᠠᠭᠠᠷᠳᠡᠵᠤ ᠪᠠᠶᠢᠭ᠎ᠠ᠂ ᠵᠢᠴᠢ | ᠬᠡᠯᠡᠨ ᠤ ᠪᠦᠷᠢᠯᠲᠦᠨ ᠳᠤᠭᠳᠡᠨᠢᠬᠤ ᠳᠤ ᠬᠡᠴᠢᠨᠠᠨ ᠶᠡᠭᠡ ᠰᠡᠳᠬᠢᠯ ᠤᠶᠤᠨ ᠤ ᠦᠷᠡᠭᠳᠡᠯ ᠭᠠᠷᠭᠠᠭᠰᠠᠨ ᠬᠡᠳᠡᠭ ᠢ | ᠬᠠᠷᠡᠭᠤᠯᠵᠤ ᠪᠠᠶᠢᠭ᠎ᠠ᠃ ᠬᠡᠲᠦᠢ ᠶᠡᠭᠡ ᠤᠶᠤᠨ ᠤ ᠪᠡᠯᠨ ᠤᠷᠤᠭᠤᠯᠤᠯᠳᠡ ᠲᠠᠢ ᠪᠦᠲᠦᠬᠡᠭᠳᠡᠬᠦᠨ ᠢ ᠳᠤᠩᠭᠠᠭᠠᠬᠤ ᠳᠤ | ᠨᠡᠩᠳᠡ ᠶᠡᠭᠡ ᠤᠶᠤᠨ ᠤ ᠬᠦᠳᠡᠯᠮᠤᠷᠢ ᠵᠠᠷᠤᠴᠠᠭᠤᠯᠬᠤ ᠤᠴᠢᠷ ᠲᠠᠢ᠃ | ︽ᠨᠠ᠊︾ ᠠᠪᠢᠶ᠎ᠠ ᠶᠢᠨ ᠦᠬᠡ ᠬᠡᠯᠡᠨ ᠳᠠᠬᠢ ᠴᠢᠳᠡᠪᠬᠢ ᠨᠢ ᠦᠬᠡᠷ᠎ᠠ ᠨᠢᠬᠡ ᠳᠡᠯ᠎ᠠ ᠪᠠᠷ ᠪᠠᠰᠠ ᠠᠩᠬᠠᠷᠤᠭᠳᠡᠵᠤ | ᠪᠠᠶᠢᠨ᠎ᠠ᠃ ︽ᠨᠠ᠊︾ ᠶᠢ ᠶᠡᠭᠡ ᠬᠦᠡᠲᠦᠳᠬᠡᠨ ᠳᠡᠬᠡᠲᠦᠯᠡᠭᠰᠡᠨ ᠳᠡᠭᠤᠳᠠᠯᠭᠠ ᠳᠤ ᠬᠡᠷᠡᠭᠯᠡᠵᠤ ᠪᠠᠶᠢᠪᠠ᠃ | ᠮᠤᠩᠭᠤᠯᠴᠤᠳ ᠤᠷᠴᠢᠯᠠᠩ ᠶᠢᠷᠲᠢᠡᠴᠤ ᠶᠢᠨ ᠬᠠᠮᠤᠭ ᠤᠨ ᠡᠷᠬᠢᠮ ᠳᠡᠬᠡᠲᠦ ᠡᠷᠳᠡᠨᠢ ᠶᠢ ︽ᠨᠠ᠊︾ ᠭᠡᠵᠤ ᠨᠡᠷᠡᠯᠡᠬᠡᠳ | ᠳᠡᠬᠦᠨ ᠤ ᠬᠡᠷᠡᠯ ᠰᠠᠴᠤᠷᠠᠭᠤᠯᠳᠠᠭ ᠪᠡᠯᠬᠡ ᠳᠡᠮᠳᠡᠭ ᠢ ᠢᠯᠡᠳᠬᠡᠬᠦ ᠪᠠᠷ ︽ᠷᠨ︾ ᠵᠠᠯᠭᠠᠨ ᠳᠡᠭᠤᠳᠡᠪᠡ᠃ ᠳᠠᠷᠤᠢ ︽ | ᠨᠠᠷᠨ︾᠂ ᠡᠨᠡᠴᠢᠯᠠᠨ᠂ ᠡᠷᠬᠢᠮ ᠦᠨᠡᠲᠦ᠂ ᠬᠦᠡᠲᠦᠳᠡᠢ ᠵᠦᠢᠯ ᠢ ᠵᠢᠭᠠᠵᠤ ᠨᠡᠷᠡᠯᠡᠬᠦ ᠳᠤ ︽ᠨᠠ᠊︾ ᠶᠢ ᠵᠦᠩᠳᠡᠬᠡᠨ | ᠬᠡᠷᠡᠭᠯᠡᠵᠤ ᠪᠠᠶᠢᠪᠠ᠃ ︽ᠨᠠᠷᠨ᠂ ᠨᠠᠠᠳᠢᠨ᠂ ᠡᠷᠳᠡᠨᠢ᠂ ᠴᠢᠡᠳᠡᠮᠤᠨᠢ᠂ ᠦᠨ᠎ᠠ᠂ ᠴᠠᠨ᠎ᠠ᠂ ᠴᠢᠡᠰᠠᠭ᠎ᠠ᠂ ᠴᠢᠨᠡᠷ᠂ ᠨᠡᠷ᠎ᠡ | ︵ᠨᠡᠷ᠎ᠡ ᠲᠦᠷᠦ︶᠂ ᠨᠤᠶᠠᠨ᠂ ᠨᠤᠲᠤᠭ ︵ᠡᠬᠡ ᠨᠤᠲᠤᠭ︶ ᠭᠡᠬᠦ ᠮᠡᠲᠦ᠃ ᠡᠬᠡ ᠶᠢᠨ ᠲᠦᠷᠦᠯ ᠰᠠᠲᠤᠨ ᠢ ᠶᠡᠭᠡ | ᠬᠦᠨᠲᠦᠳᠭᠡᠵᠦ᠂ ᠨᠡᠷ᠎ᠡ ᠲᠠᠭᠤᠲᠠᠯᠭ᠎ᠠ ᠶᠢᠨ ᠬᠢᠨᠢ ᠡᠮᠦᠨ᠎ᠡ ᠳᠤ ︽ᠨᠠᠭᠠᠴᠤ᠂ ᠨᠠᠭ᠎ᠠ︾ ᠭᠡᠬᠦ ᠵᠡᠷᠭᠡ | ᠦᠭᠡᠰ ᠢᠶᠠᠷ ᠵᠠᠰᠠᠲᠠᠭ ᠪᠠᠶᠢᠨ᠎ᠠ᠃ ᠲᠠᠷᠤᠢ᠂ ᠨᠠᠭᠠᠴᠤ ᠠᠪᠤ᠂ ᠨᠠᠭ᠎ᠠ ᠠᠭ᠎ᠠ᠂ ᠨᠠᠭᠠᠲᠤᠮ ᠭᠡᠬᠦ ᠮᠡᠲᠦ ᠵᠦᠩᠲᠡᠭᠡᠨ᠃ | ᠡᠭᠡ ᠶᠢᠨ ᠲᠦᠷᠦᠯ ᠳᠤ ᠬᠠᠮᠢᠶᠠᠲᠠᠭᠤᠯᠤᠭᠰᠠᠨ ᠡᠮᠡᠭᠲᠡᠢ ᠬᠦᠮᠦᠰ ᠤᠨ ᠲᠠᠭᠤᠲᠠᠯᠭ᠎ᠠ ᠳᠤ ︽ᠨᠢᠶᠠ︾ ᠶᠢ ᠠᠪᠴᠤ | ᠬᠡᠷᠡᠭᠯᠡᠲᠡᠭ᠂ ᠭᠡᠬᠦ ᠳᠡᠭᠡᠨ ︽ᠠ᠊᠂ ᠡ᠊᠂ ᠢ᠊᠂ ᠤ᠊᠂ ᠦ᠊︾ ᠪᠦᠯᠦᠭ ᠲᠤ ᠢᠯᠭᠠᠨ ᠳᠠᠭᠤᠳᠠᠳᠠᠭ᠃ ᠲᠠᠷᠤᠢ᠂ ︽ | ᠠᠨᠢᠶ᠎ᠠ᠂ ᠡᠨᠢᠶᠡ᠂ ᠢᠨᠢᠶᠡ︾ ᠵᠡᠷᠭᠡ᠃ ᠡᠲᠡᠭᠡᠷ ᠲᠠᠭᠤᠲᠠᠯᠭ᠎ᠠ ᠡᠬᠡᠴᠢᠯᠡᠯ ᠤᠨ ᠤᠪᠤᠭ ᠲᠦᠷᠦᠯ ᠤᠨ ᠦᠶ᠎ᠡ ᠶᠢᠨ | ᠦᠩᠭᠡ ᠪᠤᠲᠤᠭ ᠲᠠᠢ ᠪᠠᠶᠢᠭ᠎ᠠ ᠶᠢ ᠦᠵᠡᠵᠦ ᠭᠠᠷᠴᠤ ᠪᠤᠯᠤᠨ᠎ᠠ᠃ ᠲᠠᠷᠤᠢ᠂ ᠡᠮ᠎ᠡ ᠬᠦᠢᠰᠦᠲᠡᠨ ᠢ ᠲᠡᠮᠲᠡᠭᠯᠡᠭᠰᠡᠨ | ᠲᠠᠭᠤᠲᠠᠯᠭ᠎ᠠ ᠳᠤ᠂ ︽ᠠᠨᠢᠶ᠎ᠠ᠂ ᠡᠨᠢᠶᠡ᠂ ᠢᠨᠢᠶᠡ᠂ ᠤᠨᠢᠶᠠ᠂ ᠦᠨᠢᠶ᠎ᠡ᠂ ᠢᠩᠭᠡ᠂ ︵ᠬᠤᠨᠢ︶︾ ᠵᠡᠷᠭᠡ ᠪᠤᠢ᠃ | ᠦᠨᠢᠶ᠎ᠡ — ᠬᠦᠮᠦᠰ ᠲᠡᠭᠦᠨ ᠤ ᠰᠦ ᠶᠢ ᠤᠤᠭᠤᠲᠠᠭ ᠢᠶᠠᠷ ᠢᠶᠠᠨ ᠡᠭᠡ ᠶᠢᠨ ᠲᠦᠷᠦᠯ ᠤᠨ ᠬᠢᠨ ᠤ ᠲᠠᠭᠤᠲᠠᠯᠭ᠎ᠠ | ᠳᠤ ᠢᠵᠢᠯᠢᠲᠦᠭᠦᠯᠦᠨ ᠮᠠᠰᠢ ᠬᠦᠨᠲᠦᠳᠭᠡᠨ ᠲᠠᠭᠤᠲᠠᠭᠰᠠᠨ ᠨᠢ ᠢᠯᠡᠭᠡᠨ ᠪᠠᠶᠢᠨ᠎ᠠ᠃ | ᠤᠨᠢᠶᠠ — ᠤᠨᠤᠭᠤ — ᠨᠠᠮᠠᠭ᠎ᠠ ︵ᠨᠠᠪᠴᠢ︶᠂ ᠤᠮᠠᠶᠢᠭᠠ᠂ ᠤᠮᠠᠢ᠂ ᠠᠮᠰᠠᠷ᠂ ᠡᠮ᠎ᠡ ︵ᠡᠮᠴᠢ᠂ ᠤᠮᠠᠶᠢᠴᠢ | ︶᠂ ᠡᠮᠭᠡ᠂ ᠡᠮᠧ᠂ ᠮᠡᠭᠡᠵᠢ᠂ ᠢᠮᠠᠭ᠎ᠠ᠂ ᠦᠮᠧ᠂ ᠮᠦᠮᠦ᠂ ᠬᠦᠮᠦ᠂ ᠬᠦᠮᠦᠨ ᠭᠡᠬᠦ ᠮᠡᠲᠦ ᠲᠦᠷᠦᠭᠲᠡᠨ | ᠪᠦᠯᠦᠭᠵᠢᠭᠰᠡᠨ ᠪᠠᠶᠢᠵᠤ ᠮᠡᠲᠡᠨ᠎ᠡ᠃ ᠦᠨᠳᠦᠰᠦᠨ ᠳᠡᠭᠡᠨ ︽ᠠᠮ᠂ ᠡᠮ᠂ ᠢᠮ᠂ ᠤᠮ᠂ ᠦᠮ︾ ᠤᠨ ᠲᠤᠭᠤᠷᠢᠨ | ᠳᠤ ᠪᠦᠯᠦᠭᠵᠢᠨ ᠡᠮ᠎ᠡ ᠬᠦᠢᠰᠦᠲᠡᠨ ᠠᠴᠠ ᠡᠰᠢᠯᠡᠭᠰᠡᠨ ᠨᠢᠭᠡᠨ ᠪᠦᠯᠦᠭ ᠲᠠᠭᠤᠲᠠᠯᠭ᠎ᠠ ᠶᠢ ᠪᠦᠲᠦᠭᠡᠭᠰᠡᠨ ᠰᠢᠭ | ᠪᠠᠶᠢᠨ᠎ᠠ᠃ ᠤᠮᠠᠶᠢᠭᠠ — ᠤᠮᠤᠭ᠂ ᠤᠪᠤᠭ᠂ ᠤᠪᠤᠭ᠎ᠠ ᠭᠡᠬᠦ ᠮᠡᠲᠦ ᠤᠯᠠᠷᠢᠵᠤ ᠢᠷᠡᠭᠰᠡᠨ ᠪᠠᠶᠢᠵᠤ ᠮᠡᠲᠡᠨ᠎ᠡ᠃ | ᠲᠡᠭᠡᠬᠦ ᠳᠤ᠂ ᠤᠪᠤᠭ᠎ᠠ ᠨᠢ ᠡᠴᠦᠰ ᠲᠡᠭᠡᠨ ᠮᠥᠨ ᠯᠠ ᠡᠭᠡ ᠶᠢᠨ ᠲᠦᠷᠦᠯ᠂ ᠡᠮ᠎ᠡ ᠬᠦᠢᠰᠦ ᠶᠢ ᠲᠡᠭᠡᠲᠦᠯᠡᠭᠰᠡᠨ | ᠪᠡᠯᠭᠡ ᠲᠡᠮᠲᠡᠭ ᠪᠤᠯᠵᠤ᠂ ᠰᠡᠴᠡ ᠲᠠᠢ ᠤᠪᠤᠭ᠎ᠠ ᠨᠢ ᠲᠠᠷᠤᠢ ᠨᠢᠭᠡᠨ ᠪᠦᠷᠢᠨ ᠪᠦᠲᠦᠨ ︽ᠪᠡᠯᠭᠡ︾ ᠲᠡᠮᠲᠡᠭ ᠢ | ᠢᠯᠡᠳᠭᠡᠬᠦ ᠪᠠᠷ ᠵᠤᠷᠢᠭᠰᠠᠨ᠂ ᠡᠭᠡᠴᠢᠯᠡᠯ ᠤᠨ ᠤᠪᠤᠭ ᠲᠦᠷᠦᠯ ᠤᠨ ᠦᠶᠡᠰ ᠤᠨ ᠰᠤᠶᠤᠯ ᠲᠡᠮᠲᠡᠭ ᠢ ᠬᠠᠲᠠᠭᠠᠯᠠᠵᠤ | ᠪᠠᠶᠢᠭ᠎ᠠ ᠰᠢᠭ᠋᠃ | ᠨᠠᠷᠠ ᠪᠤᠯ ᠲᠠᠷᠤᠢ ᠤᠪᠤᠭ᠎ᠠ ᠮᠥᠨ᠂ ᠲᠡᠷᠨ ᠮᠦᠷᠲᠡᠭᠡᠨ ᠰᠡᠴᠡ ᠲᠠᠢ ᠤᠪᠤᠭ᠎ᠠ ᠪᠤᠯᠬᠤ ᠶᠤᠮ ᠪᠠᠶᠢᠨ᠎ᠠ᠃ ︽ᠨᠠᠷᠠᠨ | ᠤ ᠭᠡᠷᠡᠯ ᠰᠠᠴᠤᠷᠠᠨ᠎ᠠ︾ ᠭᠡᠲᠡᠭ ᠦᠭᠡ ᠶᠢ ᠪᠢᠲᠡ ᠬᠡᠴᠢᠨᠡᠨ ᠦᠶ᠎ᠡ ᠠᠮᠠᠨ ᠲᠠᠷᠨᠢ ᠰᠢᠭ᠋ ᠤᠯᠠᠮᠵᠢᠯᠠᠨ ᠶᠠᠷᠢᠭᠰᠠᠭᠠᠷ | ᠢᠷᠡᠭᠰᠡᠨ ᠶᠤᠮ᠂ ᠡᠭᠦᠨ ᠳᠤ ︽ᠨᠠᠷᠠ᠂ ᠭᠡᠷᠡᠯ᠂ ᠰᠡᠴᠡ︾ ᠭᠤᠷᠪᠠᠨ ᠦᠭᠡ ᠲᠤᠲᠤᠷᠠᠵᠤ ᠪᠠᠶᠢᠨ᠎ᠠ᠃ ᠠᠳᠡ ᠠᠴᠠ | ᠪᠠᠰᠨ ᠨᠢᠭᠡᠨ ᠲᠤᠲᠤᠷᠬᠠᠢ ᠰᠤᠷᠠᠭ ᠲᠤᠬᠢᠶ᠎ᠠ ᠢᠯᠡᠷᠡᠬᠦ ᠪᠤᠯᠤᠨ᠎ᠠ᠃ ᠲᠠᠷᠤᠢ᠄ ︽ᠨᠡᠷ᠎ᠡ ︵ᠤᠪᠤᠭ᠎ᠠ︶ ᠭᠡᠷᠡᠯ | ᠰᠡᠴᠡ ᠲᠠᠢ︾᠃ ᠨᠡᠷ᠎ᠡ— ᠲᠦᠭ ᠲᠦᠮᠡᠨ ᠢ ᠲᠦᠷᠦᠵᠦ ᠲᠦᠯᠵᠢᠭᠦᠯᠦᠭᠴᠢ ᠡᠭᠡ ᠨᠡᠷ᠎ᠡ ᠮᠥᠨ᠃ | ᠰᠠᠶ᠋ᠢ ᠪᠢᠲᠡ ︽ᠨᠡᠷᠨ — ᠤᠪᠤᠭ᠎ᠠ — ᠨᠡᠷ᠎ᠡ︾ ᠬᠦᠷᠲᠡᠯ᠎ᠡ ᠡᠷᠬᠢᠴᠡᠭᠦᠯᠦᠨ ᠲᠤᠩᠭᠠᠵᠤ᠂ ︽ᠮᠤᠩᠭᠤᠯᠴᠤᠳ | ᠨᠢ ᠨᠡᠷ᠎ᠡ ᠶᠢ ᠪᠠᠰᠠ ᠤᠪᠤᠭ᠎ᠠ ᠭᠡᠵᠦ ᠦᠵᠡᠵᠦ ᠪᠠᠶᠢᠪᠠ︾ ᠭᠡᠲᠡᠭ ᠰᠡᠷᠡᠯᠲᠡ ᠤᠯᠪᠠ᠃ ᠡᠨᠡ ᠬᠤᠭᠤᠷᠤᠨᠲᠤ ᠬᠡᠲᠦᠨ | ᠠᠪᠢᠶ᠎ᠠ ︽ᠨ᠊᠂ ᠮ᠊᠂ ᠪᠡ᠊︾ ᠰᠡᠯᠭᠦᠨ ᠬᠤᠪᠢᠷᠠᠵᠤ ᠦᠭᠡᠰ ᠤᠨ ᠰᠠᠩ ᠪᠠᠶᠠᠯᠢᠭᠵᠢᠪᠠ᠃ ᠲᠠᠭᠠᠤ ᠳᠤᠨᠢ ᠡᠭᠡ ᠶᠢᠨ | ᠲᠦᠷᠦᠯ᠂ ᠡᠮ᠎ᠡ ᠬᠦᠢᠰᠦ ᠶᠢᠨ ᠪᠡᠯᠭᠡ ᠲᠡᠮᠲᠡᠭ ᠨᠢ ᠤᠤᠯ ᠦᠭᠡᠰ ᠤᠨ ᠤᠳᠬ᠎ᠠ ᠶᠢ ᠬᠠᠲᠠᠭᠠᠯᠠᠬᠤ ᠳᠤ ᠢᠮᠠᠭᠲᠠ | ᠦᠢᠯᠡᠲᠦᠯ ᠦᠵᠡᠭᠦᠯᠦᠭᠰᠡᠭᠡᠷ ᠪᠠᠶᠢᠪᠠ᠃ ᠲᠡᠭᠡᠪᠡᠯ᠄ ︽ᠨ᠊᠂ ᠮ᠊᠂ ᠪᠡ᠊︾ ᠶᠢ ᠢᠵᠠᠭᠤᠷ ᠤᠨ ᠪᠦᠯᠦᠭ ᠭᠡᠵᠦ ᠦᠵᠡᠬᠦ | ᠤᠤ⁈ ᠡᠰᠡᠭᠦᠯ᠎ᠡ᠂ ᠪᠠᠶᠢᠭᠠᠯᠢ ᠶᠢᠨ ᠪᠡᠯᠭᠡ ᠲᠡᠮᠲᠡᠭ ᠨᠢ ᠪᠦᠯᠦᠭᠵᠢᠯ ᠤᠨ ᠦᠢᠯᠡᠲᠦᠯ ᠭᠠᠷᠭᠠᠯ᠎ᠠ ᠭᠡᠬᠦ ᠤᠤ⁈ | ᠬᠡᠯᠡᠨ ᠤ ᠦᠵᠡᠭᠲᠡᠯ ᠠᠴᠠ ᠠᠪᠴᠤ ᠦᠵᠡᠪᠡᠯ ︽ᠨ᠊᠂ ᠮ᠊᠂ ᠪᠡ᠊︾ ᠨᠢ ᠪᠦᠯᠦᠭᠵᠢᠯ ᠤᠨ ᠦᠢᠯᠡᠲᠦᠯ ᠭᠠᠷᠭᠠᠯ᠎ᠠ ᠭᠡᠵᠦ | ᠪᠤᠯᠬᠤ ᠮᠡᠲᠦ᠃ ᠤᠳᠬ᠎ᠠ ᠲᠤᠭᠲᠠᠭᠠᠭᠰᠠᠨ ᠰᠢᠨᠵᠢ ᠠᠴᠠ ᠨᠢ ᠠᠪᠴᠦ ᠦᠵᠡᠪᠡᠯ ᠪᠠᠶᠢᠭᠠᠯᠢ ᠳᠠᠬᠢ ᠲᠦᠰᠦᠭᠡᠲᠡᠢ | ᠪᠡᠯᠭᠡ ᠲᠡᠮᠲᠡᠭ ᠨᠢ ᠪᠦᠯᠦᠭᠵᠢᠯ ᠤᠨ ᠦᠢᠯᠡᠲᠦᠯ ᠭᠠᠷᠭᠠᠯ᠎ᠠ ᠭᠡᠵᠦ ᠪᠤᠯᠬᠤ ᠮᠡᠲᠦ᠃ ᠲᠡᠭᠡᠬᠦ ᠳᠤ ᠬᠦᠷᠪᠡᠯ᠂ ︽ | ᠮᠤᠩᠭᠤᠯ ᠬᠡᠯᠡᠨ ᠤ ᠵᠠᠷᠢᠮ ᠦᠭᠡᠰ ᠤᠨ ᠪᠦᠷᠢᠯᠲᠦᠯ ᠵᠢᠴᠢ ᠲᠡᠲᠡᠭᠡᠷ ᠤᠨ ᠤᠳᠬ᠎ᠠ ᠨᠢ ᠤᠯᠠᠨ ᠢᠵᠠᠭᠤᠷ ᠤᠨ | ᠪᠦᠯᠦᠭ ᠠᠴᠠ ᠰᠢᠯᠲᠠᠭᠠᠯᠠᠭᠲᠠᠨᠠ︾ ᠬᠡᠲᠡᠭ ᠲᠡᠨᠢᠯᠲᠡ ᠪᠤᠢ ᠪᠤᠯᠵᠤ ᠪᠤᠯᠤᠨ᠎ᠠ᠃ | ᠮᠤᠩᠭᠤᠯᠴᠤᠳ᠂ ᠨᠡᠷᠡᠨ ᠤ ᠲᠤᠬᠠᠢ ᠰᠤᠶᠤᠯ ᠢᠶᠠᠨ ᠡᠬᠡ ᠶᠢᠨ ᠲᠦᠷᠦᠯ ᠤᠨ ᠲᠤᠬᠠᠢ ᠰᠤᠶᠤᠯ᠂ ᠠᠮᠢᠲᠠᠨ ᠤᠷᠭᠤᠮᠠᠯ | ᠤᠨ ᠲᠤᠬᠠᠢ ᠰᠤᠶᠤᠯ᠂ ᠠᠭᠤᠯᠨ ᠤᠪᠤᠭ᠎ᠠ ᠶᠢᠨ ᠲᠤᠬᠠᠢ ᠰᠤᠶᠤᠯ ᠲᠠᠢ ᠪᠠᠨ ᠨᠢᠭᠲᠠ ᠤᠶᠠᠯᠲᠤᠭᠤᠯᠵᠤ ᠦᠭᠡ ᠬᠡᠯᠡᠨ | ᠤ ᠲᠤᠬᠠᠢ ᠰᠤᠶᠤᠯ ᠢᠶᠠᠨ ᠬᠦᠭᠵᠢᠭᠦᠯᠦᠭᠰᠡᠨ ᠨᠢ ᠶᠠᠭ ᠨᠠᠶᠢᠷᠡᠯ ᠬᠦᠭᠵᠢᠮ ᠡᠭᠦᠰᠭᠡᠬᠦ ᠳᠤ ᠪᠡᠯᠡᠳᠭᠡᠭᠰᠡᠨ ᠡᠯᠳᠡᠪ | ᠡᠭᠡᠰᠢᠯᠭᠡᠲᠦ ᠬᠦᠭᠵᠢᠮ ᠤᠨ ᠪᠠᠭᠠᠵᠢᠳ ᠬᠡᠮᠡᠷ ᠦᠭᠡᠰ ᠤᠨ ᠪᠦᠯᠦᠭ ᠪᠤᠯᠵᠤ ᠲᠤᠲᠤᠷᠠᠵᠤ ᠪᠠᠶᠢᠲᠠᠭ᠃ ᠡᠨᠡᠬᠦ | ᠪᠠᠶᠢᠭᠠᠯᠢ᠂ ᠠᠮᠢᠲᠤᠷᠠᠯ᠂ ᠰᠤᠶᠤᠯ ᠵᠠᠩᠰᠢᠯ᠂ ᠦᠭᠡ ᠬᠡᠯᠨ ᠲᠡᠭᠡᠲᠦ ᠬᠡᠮᠵᠢᠶᠡᠨ ᠳᠤ ᠤᠶᠠᠯᠲᠤᠭᠰᠠᠨ ᠴᠢᠩᠭ᠎ᠠ ᠨᠢᠭᠲᠠ | ᠬᠡᠯᠡᠨ ᠤ ᠲᠤᠭᠲᠠᠯᠴᠠᠭ᠎ᠠ ᠨᠢ᠂ ᠮᠦᠨ ᠬᠡᠯᠡᠨ ᠤ ᠬᠦᠭᠵᠢᠯᠲᠡ ᠶᠢᠨ ᠲᠡᠤᠬᠡ᠂ ᠵᠢᠮ᠎ᠡ᠂ ᠤᠷ᠎ᠠ ᠵᠡᠷᠭᠡ ᠵᠡᠷᠭᠡ ᠶᠢᠨ | ᠲᠤᠬᠠᠢ ᠤᠯᠠᠨ ᠲᠠᠯ᠎ᠠ ᠶᠢᠨ ᠰᠤᠷᠠᠭ ᠵᠠᠩᠬᠢ ᠶᠢ ᠲᠤᠰᠬᠠᠵᠤ ᠪᠠᠶᠢᠨ᠎ᠠ᠃ ᠠᠳᠡ ᠠᠴᠠ ᠪᠠᠰᠨ ᠦᠭᠡ ᠬᠡᠯᠡᠨ ᠤ | ᠰᠢᠨᠵᠢᠯᠡᠭᠡ ᠰᠤᠲᠤᠯᠭᠠᠨ ᠤ ᠵᠠᠷᠢᠮ ᠲᠠᠯ᠎ᠠ ᠶᠢᠨ ᠵᠢᠮ᠎ᠡ ᠵᠦᠢ ᠶᠢ ᠠᠩᠬᠠᠷᠴᠤ ᠤᠯᠲᠠᠭ ᠪᠠᠶᠢᠨ᠎ᠠ᠃ | ᠬᠤᠯᠪᠤᠭ᠎ᠠ ᠦᠭᠡᠨ ᠠᠴᠠ ᠬᠡᠯᠡᠨ ᠤ ᠵᠠᠷᠢᠮ ᠦᠵᠡᠭᠲᠡᠯ ᠢ ᠠᠵᠢᠭᠯᠠᠵᠤ ᠪᠤᠯᠤᠨ᠎ᠠ᠃ ᠠᠨᠠᠭᠠᠬᠤ ᠤᠬᠠᠭᠠᠨ — ᠡᠨᠡᠬᠦ | ᠬᠤᠯᠪᠤᠭ᠎ᠠ ᠦᠭᠡ ᠶᠢᠨ ᠬᠤᠪᠢᠷᠠᠯᠳᠠ ᠤᠨᠴᠠᠭᠠᠢ ᠪᠠᠶᠢᠨ᠎ᠠ᠃ ᠪᠤᠴᠠᠭᠠᠨ ᠪᠤᠲᠤᠪᠠᠯ᠂ ᠤᠤᠯ ᠬᠤᠯᠪᠤᠭ᠎ᠠ ᠦᠭᠡ ᠨᠢ ︽ | ᠠᠨ᠎ᠠ ᠬᠤᠬᠠᠭᠠᠨ︾ ᠭᠡᠲᠡᠭ ᠦᠬᠡ ᠪᠠᠶᠢᠭᠰᠠᠨ ᠢᠶᠠᠨ ᠬᠤᠵᠢᠮ ᠳᠠᠭᠠᠨ ᠬᠤᠪᠢᠷᠠᠭᠠᠳ ︽ᠠᠨᠠᠭᠠᠬᠤ ᠤᠬᠠᠭᠠᠨ︾ | ᠪᠤᠯᠤᠭᠰᠠᠨ ᠰᠢᠭ᠋᠃ ᠦᠭᠡᠷ᠎ᠡ ᠪᠠᠷ ᠬᠡᠯᠡᠪᠡᠯ ︽ᠬᠤᠬᠠᠭᠠᠨ︾ ᠭᠡᠬᠦ ᠦᠭᠡ ᠶᠢᠨ ᠳᠡᠬᠡᠷᠡᠬᠢ ︽ᠬ᠊︾ ᠨᠢ ᠡᠮᠦᠨᠡᠬᠢ ︽ | ᠠᠨ᠎ᠠ︾ ᠶᠢᠨ ᠲᠤᠤᠷ᠎ᠠ ᠤᠴᠢᠵᠤ ᠨᠡᠶᠢᠯᠡᠭᠰᠡᠨ ᠰᠢᠭ ᠪᠠᠶᠢᠨ᠎ᠠ᠃ ᠦᠰᠦᠭ ᠪᠢᠴᠢᠭ ᠪᠤᠢ ᠪᠤᠯᠬᠤ ᠠᠴᠠ ᠡᠮᠦᠨ᠎ᠡ᠂ | ᠦᠭᠡ ᠬᠡᠯᠡᠨ ᠳᠤ ᠨᠡᠩᠳᠡ ᠤᠯᠠᠨ ᠪᠤᠲᠤᠯᠢᠶᠠᠨ ᠲᠠᠢ ᠦᠵᠡᠭᠲᠡᠯ ᠪᠠᠶᠢᠭᠰᠠᠨ ᠨᠢ ᠮᠠᠭᠠᠳ ᠲᠠᠢ᠃ ᠶᠡᠷᠦ ᠨᠢ | ᠮᠤᠩᠭᠤᠯᠴᠤᠳ ᠪᠤᠯ ᠰᠢᠯᠦᠭᠴᠢᠨ ᠦᠨᠳᠦᠰᠦᠲᠡᠨ᠂ ᠠᠮᠠᠨ ᠰᠢᠯᠦᠭᠴᠢ ᠭᠡᠵᠦ ᠬᠡᠯᠡᠭᠡᠳ ᠯᠠ ᠪᠠᠶᠢᠭᠰᠠᠨ ᠨᠢ ᠨᠢᠭᠡ | ᠬᠤᠪᠢ ᠳᠠᠭᠠᠨ ᠬᠡᠯᠡᠨ ᠤ ᠤᠷᠴᠢᠨ ᠢᠶᠠᠨ ᠪᠦᠷᠢᠯᠲᠦᠭᠦᠯᠬᠦ ᠶᠢᠨ ᠲᠦᠯᠦᠭᠡ᠂ ᠢᠯᠡᠳᠭᠡᠬᠦ ᠤᠳᠬ᠎ᠠ ᠶᠢᠨ ᠤᠷᠴᠢᠨ | ᠢᠶᠠᠨ ᠰᠡᠷᠡᠭᠲᠡᠭᠦᠯᠬᠦ ᠶᠢᠨ ᠡᠭᠦᠲᠡᠨ ᠠᠴᠠ ᠴᠦ ᠰᠢᠯᠦᠭ ᠶᠠᠷᠢᠵᠤ ᠯᠠ ᠪᠠᠶᠢᠬᠤ ᠤᠴᠢᠷ ᠲᠠᠢ ᠪᠠᠶᠢᠭᠰᠠᠨ ᠭᠡᠵᠦ | ᠰᠠᠨᠠᠭᠲᠠᠨ᠎ᠠ᠃ | ᠲᠡᠷᠭᠡ —车᠃ ᠬᠢᠲᠡᠳ ᠬᠡᠯᠡᠨ ᠳᠤ ᠨᠦᠯᠦᠭᠡᠯᠡᠵᠦ ᠤᠴᠢᠭᠰᠠᠨ ᠦᠭᠡ ᠪᠠᠶᠢᠵᠤ ᠮᠡᠲᠡᠨ᠎ᠡ᠃ ᠭᠡᠷᠪᠡ ᠲᠡᠶᠢᠮᠦ | ᠪᠤᠯ ︽车︾ ᠨᠢ ︽ᠲᠡᠷᠭᠡ︾ ᠭᠡᠬᠦ ᠦᠭᠡ ᠶᠢᠨ ᠤᠵᠠᠭᠤᠷ ᠲᠠᠭᠤᠲᠠᠯᠭ᠎ᠠ ᠪᠤᠶᠤ ᠤᠳᠬ᠎ᠠ ᠶᠢ ᠦᠨᠳᠦᠰᠦᠨ ᠳᠡᠭᠡᠨ | ᠬᠠᠲᠠᠭᠠᠯᠠᠵᠤ ᠪᠤᠯᠤᠨ᠎ᠠ᠃ ︽ᠲ᠊᠂ ᠴ᠊︾ ᠰᠡᠯᠭᠦᠴᠡᠲᠡᠭ᠃ ᠲᠡᠷᠭᠡ ᠭᠡᠬᠦ ᠦᠭᠡ ᠶᠢᠨ ᠤᠳᠬ᠎ᠠ ᠶᠢᠨ ᠢᠷᠡᠯᠲᠡ ︽ᠴ᠊︾ | ᠠᠪᠢᠶ᠎ᠠ ᠲᠠᠢ ᠬᠤᠯᠪᠤᠭ᠎ᠠ ᠲᠠᠢ ᠪᠠᠶᠢᠵᠤ ᠮᠡᠲᠡᠨ᠎ᠡ᠃ ᠦᠭᠡᠷ᠎ᠡ ᠪᠠᠷ ᠬᠡᠯᠪᠡᠯ ︽ᠴ᠊︾ ᠠᠪᠢᠶ᠎ᠠ ᠨᠢ ᠶᠠᠭ ᠰᠠᠶᠢᠬᠠᠨ | ᠠᠴᠢᠵᠤ ᠲᠡᠭᠡᠭᠡᠬᠦ ᠤᠳᠬ᠎ᠠ ᠲᠡᠭᠡᠷ᠎ᠡ ᠵᠦᠩᠳᠡᠭᠡᠨ ᠬᠤᠯᠪᠤᠭᠲᠠᠵᠤ ᠪᠠᠶᠢᠲᠠᠭ᠃ ᠡᠪᠡᠰᠦ ᠲᠦᠯᠡᠭᠡ ᠦᠯᠢᠵᠦ ᠠᠪᠲᠠᠭ | ᠪᠠᠭᠠᠵᠢ ᠶᠢ ︽ᠴᠡ ︵ᠠᠴᠠ︶︾ ᠭᠡᠲᠡᠭ᠃ ᠮᠠᠯ ᠤᠨᠤᠭ᠎ᠠ ᠶᠢᠨ ᠨᠢᠷᠤᠭᠤᠨ ᠲᠡᠭᠡᠷ᠎ᠡ ᠡᠳ᠋ ᠬᠡᠷᠡᠭᠰᠡᠯ | ᠵᠤᠬᠢᠴᠠᠭᠤᠯᠤᠨ ᠲᠦᠪᠬᠢᠨᠡᠭᠦᠯᠬᠦ ᠶᠢ ︽ᠠᠴᠠᠬᠤ︾ ᠭᠡᠲᠡᠭ᠂ ᠠᠴᠠ ᠡᠪᠡᠷ ᠲᠠᠢ ᠪᠤᠭᠤ ᠶᠢ ︽ᠴᠠ︾ ᠪᠤᠭᠤ ᠭᠡᠲᠡᠭ᠂ | ᠴᠠ ᠪᠤᠭᠤᠨ ᠳᠤ ᠡᠳ᠋ ᠬᠡᠷᠡᠭᠰᠡᠯ ᠠᠴᠢᠵᠤ ᠵᠦᠭᠡᠭᠡᠲᠡᠭ᠂ ᠴᠠ ᠪᠤᠭᠤ ᠪᠠᠷ ᠴᠠᠷᠭ᠎ᠠ ᠴᠢᠷᠦᠭᠦᠯᠲᠡᠭ᠃ ᠴᠠ ᠪᠤᠭᠤ | ᠭᠡᠰᠡᠨ ᠨᠢ ᠠᠴᠢᠶᠠᠨ ᠤ ᠪᠤᠭᠤ ᠭᠡᠰᠡᠨ ᠤᠳᠬ᠎ᠠ ᠲᠠᠢ ᠪᠠᠶᠢᠵᠤ ᠮᠡᠲᠡᠨ᠎ᠡ᠂ ︽ᠴᠠᠷᠭ᠎ᠠ︾ ᠭᠡᠲᠡᠭ ᠨᠢ ︽ᠴᠠ ᠠᠷᠭ᠎ᠠ | ᠂ ᠠᠴᠠ ᠠᠷᠭ᠎ᠠ᠂ ᠠᠴᠠᠬᠤ ᠠᠷᠭ᠎ᠠ︾ ᠭᠡᠰᠡᠨ ᠦᠭᠡ ᠶᠢᠨ ᠲᠤᠪᠴᠢ ᠬᠡᠯᠡᠯᠭᠡ ᠪᠠᠶᠢᠵᠤ ᠮᠡᠲᠡᠨ᠎ᠡ᠃ ︽ᠴᠠ︾ ᠶᠢ | ᠬᠢᠲᠡᠳ ᠬᠡᠯᠡᠨ ᠲᠡᠭᠡᠷ᠎ᠡ ︽ᠴᠧ︾ ᠭᠡᠵᠦ ᠶᠠᠷᠢᠬᠤ ᠵᠢᠱᠢᠶ᠎ᠡ ᠪᠠᠰᠨ ᠪᠠᠶᠢᠨ᠎ᠠ᠃ ᠴᠠ ᠪᠤᠭᠤ ᠲᠡᠵᠢᠭᠡᠲᠡᠭ ᠨᠢᠭᠡᠨ | ᠤᠭᠰᠠᠭ᠎ᠠ ᠶᠢ ︽ᠴᠠᠴᠢᠨ︾ ᠭᠡᠲᠡᠭ᠃ ᠬᠢᠲᠡᠳ ᠬᠡᠯᠨ ᠲᠡᠭᠡᠷ᠎ᠡ ᠰᠢᠭᠤᠳ ︽ᠴᠧᠴᠧᠨ︾ ᠭᠡᠵᠦ ᠲᠠᠭᠤᠲᠠᠵᠤ | ᠪᠠᠶᠢᠨ᠎ᠠ᠃ ᠲᠡᠭᠡᠪᠡᠯ᠂ ︽ᠲᠡᠷᠭᠡ᠂ ᠴ᠊᠂车︾ ᠶᠢᠨ ᠬᠤᠯᠪᠤᠭᠲᠠᠯ ᠳᠤ ᠵᠤᠷᠢᠭᠤᠯᠵᠤ ︽ᠴ᠊︾ ᠠᠪᠢᠶ᠎ᠠ ᠪᠦᠬᠦᠢ | ᠬᠡᠰᠡᠭ ᠦᠭᠡᠰ ᠠᠴᠠ ᠡᠷᠴᠢᠮ ᠡᠷᠢᠶ᠎ᠡ᠃ ᠴᠢᠬᠢ ᠪᠤᠯ ᠦᠭᠡ ᠲᠠᠭᠤ ᠶᠢ ᠲᠡᠭᠡᠭᠡᠵᠦ ᠠᠴᠠᠵᠤ ᠠᠪᠲᠠᠭ᠂ ᠴᠢᠩᠨᠠᠬᠤ | ᠪᠤᠯ ᠲᠠᠷᠤᠢ ᠴᠢᠬᠢᠨ ᠤ ᠡᠭᠦᠷᠭᠡ ᠮᠥᠨ᠂ ᠪᠤᠭᠴᠤ ᠪᠤᠯ ᠨᠤᠮ ᠲᠡᠪᠲᠡᠷ ᠢ ᠠᠴᠢᠶᠠᠯᠠᠲᠠᠭ᠂ ᠪᠢᠴᠢᠭ ᠪᠤᠯ ᠦᠭᠡ | ᠦᠰᠦᠭ ᠦᠯᠢᠭᠡᠷ ᠲᠡᠤᠬᠡ ᠶᠢ ᠠᠴᠢᠶᠠᠯᠠᠲᠠᠭ᠂ ᠮᠦᠴᠢ ᠪᠤᠯ ᠡᠵᠡᠨ ᠪᠡᠶ᠎ᠡ ᠪᠠᠨ ᠠᠴᠢᠶᠠᠯᠠᠲᠠᠭ᠃ ᠤᠩᠭᠤᠴᠠᠨ᠂ | ᠨᠢᠰᠬᠦ ᠤᠩᠭᠤᠴᠠᠨ ᠵᠡᠷᠭᠡ ᠨᠢ ᠲᠠᠯᠠᠢ ᠪᠠ ᠠᠭᠠᠷ ᠢᠶᠠᠷ ᠠᠶᠠᠯᠠᠬᠤ ᠳᠤ ᠡᠳ᠋ ᠬᠡᠷᠡᠭᠰᠡᠯ ᠵᠡᠷᠭᠡ ᠶᠢ ᠠᠴᠠᠲᠠᠭ᠃ ᠴᠠᠭ | ᠪᠤᠯ ᠮᠥᠨ ᠯᠠ ᠠᠴᠢᠶᠠᠯᠠᠭᠴᠢ ᠪᠤᠯᠬᠤ ᠪᠠᠶᠢᠨ᠎ᠠ᠃ ᠤᠷᠤᠨ ᠵᠠᠢ᠂ ᠭᠡᠷᠡᠯ ᠭᠡᠭᠡ᠂ ᠠᠮᠢ ᠨᠠᠰᠤ ᠮᠡᠲᠦ ᠠᠯᠢᠪᠠ ᠶᠢ | ᠠᠴᠢᠶᠠᠯᠠᠵᠤ ᠪᠠᠶᠢᠭ᠎ᠠ᠃ ᠴᠠᠭ ᠲᠠᠢ ᠬᠤᠯᠪᠤᠭᠲᠠᠭᠰᠠᠨ ᠮᠦᠴᠨ ᠬᠤᠭᠤᠴᠠᠭ᠎ᠠ ᠬᠡᠬᠦ ᠦᠭᠡᠰ ᠲᠤ ᠪᠠᠰᠨ ᠪᠦᠷ ︽ᠴ᠊︾ | ᠠᠪᠢᠶ᠎ᠠ ᠪᠠᠶᠢᠯᠴᠠᠨ᠎ᠠ᠃ ᠡᠲᠡᠭᠡᠷ ︽ᠴᠠ᠂ ᠠᠴᠠ᠂ ᠠᠴᠠᠬᠤ᠂ ᠴᠠ ᠪᠤᠭᠤ᠂ ᠴᠠᠨ᠎ᠠ᠂ ᠴᠠᠷᠭ᠎ᠠ᠂ ᠴᠢᠬᠢ᠂ | ᠴᠢᠩᠨᠠᠬᠤ᠂ ᠪᠤᠭᠴᠤ᠂ ᠪᠢᠴᠢᠭ᠂ ᠮᠦᠴᠢ᠂ ᠤᠩᠭᠤᠴᠠᠨ᠂ ᠨᠢᠰᠬᠦ ᠤᠩᠭᠤᠴᠠᠨ᠂ ᠴᠠᠭ᠂ ᠮᠦᠴᠡ᠂ ᠬᠤᠭᠤᠴᠠᠭ᠎ᠠ︾ | ᠵᠡᠷᠭᠡ ᠦᠭᠡᠰ ᠨᠢ ︽ᠴ᠊︾ ᠠᠪᠢᠶ᠎ᠠ ᠶᠢᠨ ᠲᠤᠭᠤᠷᠢᠨ ᠳᠤ ᠪᠦᠯᠦᠭᠵᠢᠵᠤ᠂ ᠠᠴᠠᠬᠤ ᠲᠡᠭᠡᠭᠡᠬᠦ ᠭᠡᠰᠡᠨ ᠦᠨᠳᠦᠰᠦᠨ | ᠤᠳᠬ᠎ᠠ ᠶᠢᠨ ᠲᠤᠭᠤᠷᠢᠨ ᠳᠤ ᠪᠦᠷᠢᠯᠲᠦᠵᠡᠢ᠃ ᠲᠡᠭᠡᠪᠡᠯ᠂ ︽ᠡᠭᠡᠴᠢ︾ ᠭᠡᠬᠦ ᠦᠭᠡᠨ ᠳᠠᠬᠢ ︽ᠴᠢ︾ ᠠᠪᠢᠶ᠎ᠠ ᠨᠢ | ᠤᠤᠯ ᠦᠭᠡ ᠶᠢ ︽ᠡᠬᠡ ᠪᠡᠶ᠎ᠡ ᠶᠢ ᠠᠴᠢᠶᠠᠯᠠᠭᠴᠢ᠂ ᠡᠬᠡ ᠡᠭᠦᠰᠦᠯ ᠢ ᠠᠴᠢᠶᠠᠯᠠᠭᠴᠢ︾ ᠭᠡᠰᠡᠨ ᠤᠳᠬ᠎ᠠ ᠲᠠᠢ | ᠪᠤᠯᠭᠠᠵᠠᠢ᠃ ᠲᠡᠭᠦᠨ ᠤ ᠤᠯᠠᠮ ᠠᠴᠠ ︽ᠴᠢ︾ ᠠᠪᠢᠶ᠎ᠠ ᠶᠢ ᠶᠠᠮᠠᠷ ᠨᠢᠭᠡᠨ ᠠᠪᠢᠶ᠎ᠠ ᠲᠤᠬᠢᠶᠠᠨ ᠤ ᠲᠠᠷᠠᠭ᠎ᠠ ᠵᠠᠯᠭᠠᠵᠤ | ᠶᠠᠮᠠᠷ ᠨᠢᠭᠡᠨ ᠵᠦᠢᠯ ᠢ ᠲᠠᠭᠠᠭᠠᠵᠤ ᠠᠴᠢᠶᠠᠯᠠᠭᠴᠢ ᠭᠡᠬᠦ ᠤᠳᠬ᠎ᠠ ᠶᠢ ᠢᠯᠡᠳᠭᠡᠵᠦ ᠪᠤᠯᠬᠤ ᠪᠤᠯᠤᠭᠰᠠᠨ ᠰᠢᠭ᠋᠃ | ᠵᠢᠱᠢᠶ᠎ᠡ ︽ᠮᠠᠨᠠᠭᠠᠴᠢ᠂ ᠤᠶᠤᠲᠠᠯᠴᠢ᠂ ᠬᠠᠭᠠᠯᠭᠠᠴᠢ᠂ ᠭᠠᠯᠴᠢ᠂ ᠡᠮᠴᠢ᠂ ᠵᠦᠴᠢ᠂ ᠡᠭᠡᠴᠢ᠂ ᠮᠠᠯᠴᠢᠨ᠂ | ᠠᠲᠤᠭᠤᠴᠢᠨ ᠭᠡᠬᠦ ᠮᠡᠲᠦ᠃ ᠴᠤᠬᠤᠰ ᠶᠠᠷᠢᠯᠴᠠᠪᠠᠯ᠄ ᠭᠠᠯᠴᠢ — ᠭᠠᠯ ᠲᠤᠭᠤᠭᠠᠨ ᠤ ᠠᠵᠢᠯ ᠢ ᠠᠴᠢᠶᠠᠯᠠᠭᠴᠢ᠂ | ᠡᠮᠴᠢ — ᠡᠮ ᠲᠤᠮ᠂ ᠡᠪᠡᠳᠴᠢᠨ ᠬᠡᠮ ᠤᠨ ᠲᠤᠬᠠᠢ ᠠᠵᠢᠯ ᠠᠴᠢᠶᠠᠯᠠᠭᠴᠢ᠂ ᠵᠦᠴᠢ — ︽ᠵᠤᠴᠢᠨ︾ ᠭᠡᠬᠦ | ᠦᠭᠡ ᠠᠴᠠ ᠪᠠᠭ᠋ᠠᠨ ᠵᠠᠶᠢᠯᠠᠰᠬᠢᠵᠠᠢ᠂ ᠭᠡᠲᠡᠯ᠎ᠡ ᠲᠡᠭᠦᠨ ᠲᠠᠢ ᠤᠶᠢᠷᠡᠬᠠᠨ ᠪᠠᠶᠢᠨ᠎ᠠ᠃ ᠲᠠᠷᠤᠢ ︽ᠵᠤᠴᠢᠨ ᠢ ᠬᠦᠯᠢᠶᠡᠨ | ᠤᠭᠲᠤᠨ ᠲᠤᠬᠢᠨᠠᠭᠤᠯᠤᠭᠴᠢ᠂ ᠵᠦᠢ ᠶᠢ ᠮᠡᠲᠡᠭᠴᠢ︾ ᠭᠡᠰᠡᠨ ᠤᠳᠬ᠎ᠠ ᠲᠠᠢ ᠪᠠᠶᠢᠵᠤ ᠪᠤᠯᠤᠨ᠎ᠠ᠃ ᠤᠲᠤ ᠪᠠᠷ | ᠬᠡᠯᠡᠪᠡᠯ ︽ᠭᠠᠲᠠᠭᠠᠲᠤ ᠬᠠᠷᠢᠯᠴᠠᠭᠠᠨ ᠤ ᠠᠵᠢᠯ ᠶᠠᠪᠤᠲᠠᠯ ᠢ ᠡᠷᠬᠢᠯᠡᠨ ᠬᠠᠷᠢᠭᠤᠴᠠᠭᠴᠢ︾ ᠭᠡᠰᠡᠨ | ᠤᠳᠬ᠎ᠠ ᠲᠠᠢ ᠭᠡᠵᠦ ᠦᠵᠡᠨ᠎ᠡ᠃ ᠠᠩᠬᠠᠷᠤᠯ ᠳᠤ ᠤᠷᠤᠬᠤ ᠨᠢ᠄ ᠡᠮᠦᠨᠡᠭᠡᠨ ᠬᠠᠰᠢᠯᠲᠠ ᠳᠠᠬᠢ ᠦᠭᠦᠯᠡᠪᠦᠷᠢ ᠶᠢ | ᠦᠶᠡᠴᠢᠯᠡᠨ ᠲᠤᠭᠠᠯᠠᠪᠠᠯ ᠬᠤᠷᠢᠨ ᠭᠤᠷᠪᠠᠨ ᠦᠶ᠎ᠡ ᠪᠤᠯᠤᠨ᠎ᠠ᠂ ︽ᠵᠦᠴᠢ︾ ᠭᠡᠬᠦ ᠦᠭᠡ ᠬᠤᠶᠠᠷᠬᠠᠨ ᠦᠶ᠎ᠡ ᠲᠠᠢ᠂ | ᠡᠭᠦᠨᠴᠡ ᠬᠠᠷᠠᠬᠤ ᠳᠤ᠂ ᠨᠢᠭᠡᠨᠳᠡ ᠲᠤᠭᠲᠠᠭᠰᠠᠨ ᠠᠪᠢᠶ᠎ᠠ ᠲᠤᠬᠢᠶᠠᠨ ᠤ ᠤᠳᠬ᠎ᠠ ᠪᠦᠬᠦᠢ ᠰᠢᠨᠵᠢ ᠶᠢ ᠬᠦᠢᠴᠡᠳ | ᠠᠰᠢᠭᠯᠠᠵᠤ ᠴᠢᠲᠠᠪᠠᠯ ᠦᠭᠡ ᠬᠡᠯᠨ ᠶᠢ ᠬᠤᠷᠴᠠ ᠤᠨᠤᠪᠴᠢᠲᠠᠢ ᠲᠤᠪᠴᠢ ᠠᠪᠰᠠᠷ ᠬᠡᠷᠡᠭᠯᠡᠵᠦ᠂ ᠤᠳᠬ᠎ᠠ ᠰᠠᠨᠠᠭ᠎ᠠ | ᠶᠢ ᠬᠠᠩᠭᠠᠮᠵᠢᠲᠠᠢ ᠢᠯᠡᠳᠭᠡᠵᠦ ᠪᠤᠯᠲᠠᠭ᠃ ︽ᠵᠦᠴᠢ︾ ᠭᠡᠲᠡᠭ ᠨᠢ ︽ᠨᠢᠭᠤᠴᠠ ᠲᠤᠪᠴᠢᠶᠠᠨ︾ ᠳᠠᠬᠢ ᠦᠭᠡ | ᠶᠤᠮ ᠲᠤᠯᠨ ᠦᠭᠡᠷ᠎ᠡ ᠨᠢᠭᠤᠴᠠ ᠤᠳᠬ᠎ᠠ ᠪᠠᠰᠨ ᠪᠠᠶᠢᠵᠤ ᠪᠤᠯᠤᠨ᠎ᠠ᠂ ︽ᠵᠦᠭ ᠢ ᠮᠡᠲᠡᠭᠴᠢ᠂ ᠵᠦᠭᠴᠢ︾ ᠭᠡᠬᠦ | ᠮᠡᠲᠦ ᠪᠠ ᠪᠤᠰᠤᠳ᠃ ᠤᠴᠢᠷ ᠨᠢ ᠲᠡᠮᠦᠵᠢᠨ ᠮᠡᠷᠬᠢᠳ ᠲᠤ ᠡᠷᠬᠡᠪᠰᠢ ᠴᠡᠷᠢᠭ ᠤᠷᠤᠬᠤ ᠳᠤ ᠵᠦᠭ ᠢ ᠲᠠᠲᠠᠭᠴᠢ ᠨᠢ | ᠲᠠᠷᠤᠢ ᠵᠦᠴᠢ ᠮᠦᠨ ᠪᠤᠯᠤᠨ᠎ᠠ᠃ ᠲᠡᠶᠢᠮᠦ ᠮᠦᠷᠲᠡᠭᠡᠨ ᠲᠡᠮᠦᠵᠢᠨ ᠠᠩᠬ᠎ᠠ ᠶᠡᠭᠡ ᠲᠠᠶᠢᠨ ᠤ ᠢᠯᠡᠯᠳᠡ ᠤᠯᠬᠤ ᠵᠦᠭ | ᠢ ᠴᠦ ᠵᠦᠴᠢ ᠲᠠᠲᠠᠵᠤ ᠨᠡᠭᠡᠭᠡᠵᠡᠢ᠃ ᠲᠡᠶᠢᠨᠬᠦ ᠶᠡᠭᠡ ᠬᠠᠷᠢᠴᠠᠭ᠎ᠠ ᠬᠤᠯᠪᠤᠭᠠᠨ ᠲᠡᠭᠡᠷ᠎ᠡ ᠲᠠᠯᠪᠢᠭᠲᠠᠵᠤ ︽ᠵᠦᠴᠢ︾ | ᠨᠡᠷ᠎ᠡ ᠪᠤᠢ ᠪᠤᠯᠬᠤᠨᠠ᠃ | ᠪᠦᠮᠪᠦᠷᠴᠡᠭ ᠪᠤᠯ ᠮᠦᠨ ᠨᠢᠭᠡᠨ ᠲᠤᠮᠤ ᠠᠴᠢᠶᠠᠯᠠᠭᠴᠢ ᠮᠦᠨ᠃ ᠪᠢᠲᠡ ᠡᠮᠦᠨ᠎ᠡ ᠬᠡᠰᠡᠭ ᠢᠶᠠᠷ ︽ᠪᠦ᠊᠂ ᠷ᠊᠂ ᠴ᠊᠂ ᠬ᠋᠊ | ︾ ᠵᠡᠷᠭᠡ ᠠᠪᠢᠶ᠎ᠠ ᠨᠤᠭᠤᠳ ᠤᠨ ᠵᠠᠷᠢᠮ ᠤᠨᠴᠠᠯᠢᠭ ᠢ ᠲᠤᠰᠪᠤᠷᠢ ᠠᠩᠬ᠎ᠠ ᠠᠯᠬᠤᠮ ᠰᠤᠲᠤᠯᠵᠤ ᠦᠩᠭᠡᠷᠡᠵᠡᠢ᠃ | ᠤᠲᠤ ᠡᠨᠡᠬᠦ ︽ᠪᠦᠮᠪᠦᠷᠴᠡᠭ︾ ᠬᠡᠬᠦ ᠤᠬᠠᠭᠲᠠᠬᠤᠨ ᠳᠠᠬᠢ ᠡᠯ᠎ᠡ ᠡᠯᠧᠮᠧᠨ᠋ᠲ ᠶᠢ ᠠᠩᠬᠠᠷᠴᠤ ᠤᠩᠰᠢᠬᠤ ᠦᠶ᠎ᠡ ᠳᠤ᠂ | ᠲᠡᠭᠦᠨ ᠳᠠᠬᠢ ᠠᠭᠤᠯᠬᠤᠨ ᠪᠠᠭ᠎ᠠ ᠪᠤᠰᠤ ᠭᠡᠲᠡᠭ ᠨᠢ ᠰᠡᠷᠡᠭᠲᠡᠨᠡ᠃ ᠶᠠᠭᠤ ᠴᠦ ᠲᠡᠭᠦᠨ ᠤ ᠪᠦᠮᠪᠦᠷᠢᠭᠡᠨ ᠬᠡᠯᠪᠡᠷᠢ | ᠲᠠᠢ ᠪᠠᠶᠢᠬᠤ᠂ ᠶᠠᠭᠤ ᠴᠦ ᠲᠡᠭᠦᠨ ᠤ ᠪᠦᠮᠪᠦᠷᠴᠦ ᠡᠷᠬᠢᠵᠦ ᠪᠠᠶᠢᠬᠤ᠂ ᠲᠡᠭᠦᠨ ᠤ ᠲᠤᠭᠤᠷᠢᠭ ᠮᠦᠷ ᠢᠶᠠᠷ ᠵᠠᠮᠨᠠᠬᠤ᠂ | ᠬᠡᠢ ᠦᠨᠲᠦᠷ ᠲᠤ ᠤᠷᠤᠰᠢᠬᠤ᠂ ᠠᠴᠢᠶᠠᠯᠠᠭᠴᠢ ᠪᠤᠯᠵᠤ ᠪᠠᠶᠢᠭ᠎ᠠ ᠬᠡᠬᠦ ᠮᠡᠲᠦ ᠲᠤᠰᠬᠠᠯ ᠢ ᠰᠡᠷᠡᠵᠦ ᠤᠯᠵᠤ ᠪᠤᠯᠤᠨ᠎ᠠ | ᠃ ᠬᠡᠰᠡᠭᠯᠡᠨ ᠰᠢᠨᠵᠢᠪᠡᠯ᠄ ᠪᠦᠮᠪᠦ — ᠪᠦᠮᠪᠦᠶᠢᠭᠰᠡᠨ ᠪᠡᠶ᠎ᠡ ᠪᠤᠯᠬᠤ᠃ ᠪᠦᠮᠪᠦᠷ᠊ — ᠪᠦᠮᠪᠦᠷᠴᠦ ᠡᠷᠬᠢᠵᠦ | ᠪᠠᠶᠢᠬᠤ᠃ ᠷ᠊ — ᠬᠡᠢ ᠦᠨᠲᠦᠷ ᠲᠤ᠂ ᠬᠦᠷᠢᠶ᠎ᠡ ᠴᠠᠭᠠᠷᠢᠭ᠃ ᠷᠴᠡ᠊ — ᠤᠷᠴᠢᠬᠤ ᠲᠠᠪᠲᠠᠭᠲᠠᠬᠤ᠃ ᠴᠡ᠊ — | ᠠᠴᠠ᠂ ᠠᠴᠢᠶᠠᠯᠠᠭᠴᠢ ᠪᠡᠶ᠎ᠡ ᠪᠤᠯᠵᠤ ᠪᠠᠶᠢᠬᠤ᠃ ᠴᠡᠭ —— ᠴᠠᠭ ᠤᠨ ᠡᠷᠬᠡᠲᠡᠨ᠃ ᠭ᠌ — ᠠᠭᠰᠢᠵᠤ | ᠨᠢᠭᠡᠲᠦᠵᠦ ᠪᠦᠭᠡᠭᠨᠡᠷᠡᠭᠰᠡᠨ᠃ ᠭᠡᠬᠦ ᠮᠡᠲᠦ ᠤᠯᠠᠨ ᠤᠯᠠᠨ ᠰᠤᠷᠠᠭ ᠵᠠᠩᠬᠢ ᠬᠠᠲᠠᠭᠠᠯᠠᠭᠲᠠᠵᠤ ᠪᠠᠶᠢᠭ᠎ᠠ ᠶᠤᠮ ᠪᠠᠶᠢᠨ᠎ᠠ᠃ | ᠲᠤᠬᠠᠶᠢᠯᠠᠪᠠᠯ᠄ ︽ᠴ᠊︾ ᠠᠪᠢᠶ᠎ᠠ ᠳᠤ ᠡᠶᠢᠨᠬᠦ ᠰᠢᠡᠵᠢ ᠬᠡᠯᠡᠨ ᠤ ᠬᠦᠭᠵᠢᠯᠲᠡ ᠶᠢᠨ ᠲᠡᠤᠬᠡ ᠶᠢᠨ ᠶᠤᠰᠤᠭᠠᠷ ᠯᠠ | ᠰᠢᠩᠭᠡᠲᠡᠭ᠂ ᠲᠡᠭᠡᠬᠦ ᠳᠡᠭᠡᠨ ︽ᠴ᠊︾ ᠨᠢ ᠲᠡᠶᠢᠨᠬᠦ ᠤᠳᠬ᠎ᠠ ᠪᠦᠬᠦᠢ ᠰᠢᠨᠵᠢ ᠶᠢ ᠢᠯᠡᠷᠡᠭᠦᠯᠬᠦ ᠶᠤᠰᠤᠲᠠᠢ ᠪᠤᠯᠵᠤ | ᠲᠤᠭᠲᠠᠯᠴᠠᠲᠠᠭ᠃ — ᠬᠡᠯᠡᠨ ᠤ ᠲᠡᠤᠬᠡ ᠶᠢᠨ ᠪᠡᠯᠭᠡ ᠲᠡᠮᠲᠡᠭ ᠨᠢ ᠪᠤᠯ ᠤᠶᠤᠨ ᠤᠬᠠᠭᠠᠨ ᠤ ᠬᠦᠴᠦᠨ ᠤ ᠪᠡᠯᠭᠡ | ᠲᠡᠮᠲᠡᠭ ᠮᠦᠨ ᠪᠤᠯᠤᠨ᠎ᠠ᠃ ᠶᠠᠮᠠᠷᠪᠠ ᠬᠡᠯᠨ ᠨᠢ ᠲᠡᠷᠡᠬᠦ ᠬᠡᠯᠡᠨ ᠤ ᠬᠡᠰᠢᠭᠦᠨ᠂ ᠲᠡᠷᠡᠬᠦ ᠬᠡᠯᠡᠨ ᠤ ᠬᠦᠮᠦᠨ ᠪᠡᠶ᠎ᠡ ᠶᠢ | ᠬᠦᠮᠦᠨ ᠰᠤᠶᠤᠯ ᠵᠦᠭ ᠴᠠᠭ ᠢᠮᠠᠭᠲᠠ ᠬᠦᠲᠦᠯᠦᠨ ᠲᠠᠳᠬᠠᠯᠠᠵᠢᠭᠤᠯᠬᠤ ᠡᠭᠦᠷᠭᠡ ᠶᠢ ᠤᠶᠤᠨ ᠤᠬᠠᠭᠠᠯᠢᠭ ᠬᠦᠴᠦᠨ | ᠳᠡᠭᠡᠨ ᠲᠦᠰᠢᠭᠯᠡᠵᠦ ᠬᠦᠢᠴᠡᠳᠭᠡᠵᠦ ᠪᠠᠶᠢᠲᠠᠭ᠃ ᠬᠡᠯᠨ ᠨᠢ ᠤᠶᠤᠨ ᠤᠬᠠᠭᠠᠯᠢᠭ ᠪᠠᠶᠢᠲᠠᠭ ᠤᠴᠢᠷ ᠠᠴᠠ ᠲᠡᠭᠦᠨ ᠤ | ᠬᠦᠭᠵᠢᠯᠲᠡ ᠶᠢᠨ ᠠᠷᠭ᠎ᠠ ᠮᠠᠶ᠋ᠢᠭ ᠨᠢ ᠴᠦ ᠨᠠᠷᠢᠨ ᠪᠤᠲᠤᠯᠢᠶᠠᠨ ᠲᠠᠢ᠂ ᠤᠯᠠᠨ ᠶᠠᠩᠵᠤᠲᠤ ᠴᠢᠨᠠᠷ ᠲᠠᠢ ᠪᠤᠯᠵᠤ | ᠴᠢᠲᠠᠪᠠ᠃ ᠲᠡᠶᠢᠨᠬᠦ ᠬᠡᠯᠨ ᠶᠢ ᠲᠠᠨᠢᠵᠤ ᠤᠶᠢᠯᠭᠠᠬᠤ ᠳᠤ ᠠᠮᠢᠲᠤ ᠬᠦᠲᠡᠯᠦᠩᠭᠦᠢ ᠠᠷᠭ᠎ᠠ ᠵᠤᠭᠰᠤᠴᠠ | ᠱᠠᠭᠠᠷᠳᠠᠭᠳᠡᠨᠠ᠃ ᠬᠡᠯᠨ ᠶᠢ ᠨᠢᠭᠡᠨᠲᠡ ᠤᠶᠤᠨ ᠤᠬᠠᠭᠠᠯᠢᠭ ᠭᠡᠵᠦ ᠦᠵᠡᠭᠰᠡᠨ ᠪᠠᠶᠢᠲᠠᠯ ᠲᠤᠤᠷ᠎ᠠ᠂ ᠬᠡᠯᠡᠨ ᠤ | ᠶᠠᠮᠠᠷᠪᠠ ᠨᠢᠭᠡᠨ ᠨᠠᠷᠢᠨ ᠰᠢᠵᠢᠮ᠂ ᠪᠡᠯᠴᠢᠷ ᠨᠢ ᠲᠡᠷᠡᠬᠦ ᠬᠡᠯᠡᠨ ᠤ᠂ ᠮᠥᠨ ᠴᠦ ᠲᠡᠷᠡᠬᠦ ᠬᠡᠯᠡᠲᠡᠳ ᠤᠨ ᠲᠡᠤᠬᠡᠨ | ᠦᠵᠡᠭᠲᠡᠯ ᠤᠨ ᠲᠤᠬᠠᠢ ᠰᠤᠷᠠᠭ ᠲᠤᠬᠢᠶ᠎ᠠ ᠮᠦᠨ ᠭᠡᠵᠦ ᠲᠠᠨᠢᠨ᠎ᠠ᠃ | ᠨᠤᠮᠤᠬᠠᠨ ᠲᠠᠯᠠᠢ — ᠡᠨᠡ ᠦᠭᠡᠨ ᠤ ᠲᠤᠬᠠᠢ ᠬᠦᠮᠦᠰ ᠶᠠᠷᠢᠯᠴᠠᠪᠠ᠃ — ︽ᠮᠤᠩᠭᠤᠯᠴᠤᠳ ᠮᠠᠰᠢ ᠶᠡᠭᠡ | ᠰᠠᠯᠬᠢ ᠲᠠᠪᠠᠯᠭᠠᠨ ᠲᠠᠢ ᠲᠠᠯᠠᠢ ᠢ ᠶᠠᠭᠠᠬᠢᠭᠠᠳ ᠨᠤᠮᠤᠬᠠᠨ ᠲᠠᠯᠠᠢ ᠭᠡᠰᠡᠨ ᠪᠤᠢ︖︾ ᠭᠡᠵᠡᠢ᠃ — ︽ᠪᠡᠯᠭᠡ | ᠲᠡᠮᠪᠡᠷᠢᠯ ᠢ ᠡᠷᠬᠢᠮᠯᠡᠵᠦ᠂ ᠲᠠᠶᠢᠪᠤᠭᠤᠨ ᠨᠤᠮᠤᠬᠠᠨ ᠪᠠᠶᠢᠬᠤ ᠶᠢ ᠵᠦᠩᠨᠡᠭᠡᠳ ᠲᠠᠭᠡᠵᠦ ᠨᠡᠷᠡᠯᠡᠵᠡᠢ︾ ᠭᠡᠪᠡ᠃ ᠨᠤᠮᠤ | + ᠬᠠᠨ — ᠨᠤᠮᠤᠬᠠᠨ᠃ ᠨᠤᠮᠤ ᠬᠡᠯᠪᠡᠷᠢ ᠲᠠᠢ ᠪᠤᠯᠪᠠᠴᠤ ᠲᠡᠷᠨ ᠨᠢ ᠶᠡᠯᠢᠬᠦᠶᠢᠭᠡᠨ ᠬᠡᠬᠦ ᠤᠳᠬ᠎ᠠ ᠲᠠᠢ᠂ ᠦᠭᠡᠷ᠎ᠡ | ᠪᠠᠷ ᠬᠡᠯᠡᠪᠡᠯ ᠡᠨᠡᠬᠦ ᠲᠠᠯᠠᠢ ᠶᠢᠨ ᠭᠠᠲᠠᠷᠭᠤ ᠶᠠᠯᠢᠮ ᠦᠭᠡᠶᠢᠭᠡᠨ ᠨᠤᠮᠤ ᠬᠡᠯᠪᠡᠷᠢ ᠲᠠᠢ ᠭᠡᠲᠡᠭ ᠢ ᠲᠤᠲᠤᠷᠬᠠᠶᠢᠯᠠᠨ | ᠲᠤᠰᠬᠠᠵᠤ ᠪᠤᠢ᠃ ᠡᠮᠦᠨᠡᠬᠢ ᠶᠠᠷᠢᠯᠴᠠᠭ᠎ᠠ ᠳᠤ ᠪᠡᠯᠭᠡ ᠲᠡᠮᠪᠡᠷᠢᠯ ᠪᠤᠢ᠂ ᠬᠤᠶᠢᠨᠠᠬᠢ ᠵᠠᠲᠠᠯᠤᠯᠳᠠ ᠨᠢ ᠦᠨᠡᠨ ᠤ | ᠬᠤᠪᠢ ᠳᠤ ᠴᠢᠭᠯᠡᠵᠡᠢ᠃ ᠲᠠᠯᠠᠶᠢᠴᠢᠨ ᠤ ᠲᠤᠷᠰᠢᠯᠭ᠎ᠠ ᠦᠭᠡᠢ ᠪᠤᠯ ᠲᠠᠯᠠᠢ ᠶᠢᠨ ᠭᠠᠲᠠᠷᠬᠤ ᠨᠢ ᠬᠠᠷᠠᠭᠠᠨ ᠳᠤ ᠶᠠᠮᠠᠷ | ᠰᠢᠤᠬᠠᠨ ᠦᠵᠡᠭᠲᠡᠨ᠎ᠡ ᠭᠡᠲᠡᠭ ᠢ ᠵᠦᠪ ᠲᠤᠭᠠᠴᠠᠵᠤ ᠴᠢᠲᠠᠬᠤ ᠦᠭᠡᠢ ᠶᠤᠮ᠃ ᠮᠤᠩᠭᠤᠯᠴᠤᠳ ᠢ ᠵᠦᠪᠬᠡᠨ ᠲᠠᠯ᠎ᠠ | ᠨᠤᠲᠤᠭ ᠤᠨ ᠮᠠᠯᠴᠢᠨ ᠦᠨᠳᠦᠰᠦᠲᠡᠨ ᠭᠡᠵᠦ ᠦᠵᠡᠭᠡᠳ ᠬᠠᠷᠢᠨ ᠲᠡᠲᠡ ᠢ ᠲᠠᠯᠠᠶᠢᠴᠢᠨ ᠦᠨᠳᠦᠰᠦᠲᠡᠨ᠂ | ᠲᠠᠷᠢᠶᠠᠴᠢᠨ ᠦᠨᠳᠦᠰᠦᠲᠡᠨ ᠭᠡᠵᠦ ᠦᠵᠡᠬᠦ ᠦᠭᠡᠢ ᠪᠤᠯ ᠲᠡᠲᠡᠨ ᠤ ᠲᠡᠤᠬᠡ ᠶᠢ ᠲᠡᠤᠭᠡ ᠵᠦᠭ ᠲᠤᠨᠢ ᠤᠯᠵᠤ | ᠬᠠᠷᠠᠭᠰᠠᠨ ᠦᠭᠡᠢ ᠪᠤᠯᠬᠤ ᠳᠤ ᠬᠦᠷᠲᠡᠭ᠃ ᠮᠤᠩᠭᠤᠯᠴᠤᠳ ᠲᠠᠯᠠᠶᠢᠴᠢᠨ ᠦᠨᠳᠦᠰᠦᠲᠡᠨ ᠪᠠᠶᠢᠵᠤ ᠪᠤᠯᠤᠨ᠎ᠠ᠃ ︽ | ᠲᠠᠩᠬᠢᠰ ᠬᠡᠲᠦᠯᠡᠵᠦ ᠢᠷᠡᠪᠡ︾ ᠭᠡᠵᠦ ᠲᠡᠤᠬᠡ ᠰᠤᠲᠤᠷ ᠠᠴᠠ ᠴᠦ ᠲᠤᠭᠤᠯᠲᠠᠵᠤ ᠪᠠᠶᠢᠪᠠ᠃ ᠮᠤᠩᠭᠤᠯ ᠦᠭᠡᠰ ᠤᠨ | ᠰᠠᠩ ᠳᠤ ᠲᠠᠯᠠᠢ ᠲᠡᠭᠡᠷ᠎ᠡ ᠠᠶᠠᠯᠠᠬᠤ ᠬᠡᠷᠡᠭᠰᠡᠯ ᠤᠨ ᠲᠤᠬᠠᠢ ᠨᠡᠷᠡᠶᠢᠲᠦᠯ ᠠᠴᠠ ᠡᠬᠢᠯᠡᠭᠡᠳ ᠲᠠᠷᠢᠶ᠎ᠠ ᠲᠦᠮᠦᠰᠦᠨ ᠤ | ᠨᠡᠷᠡᠶᠢᠲᠦᠯ ᠬᠦᠷᠲᠡᠯ᠎ᠡ ᠲᠦᠷᠦᠯᠬᠢ ᠬᠡᠯᠡᠨ ᠤ ᠤᠨᠴᠠᠯᠢᠭ ᠢᠶᠠᠷ ᠢᠶᠠᠨ ᠪᠦᠷᠢᠨ ᠪᠠᠶᠢᠨ᠎ᠠ᠃ — ᠬᠦᠯᠭᠡ ᠤᠩᠭᠤᠴᠠ᠂ | ᠲᠠᠷᠪᠠᠭᠤᠯᠲᠤ ᠤᠩᠭᠤᠴᠠ᠂ ᠰᠤᠮᠤᠨ ᠤᠩᠭᠤᠴᠠ᠂ ᠵᠠᠪᠢ᠂ ᠰᠡᠯ ᠵᠡᠷᠭᠡ᠃ ᠲᠠᠯᠠᠢ ᠶᠢᠨ ᠠᠮᠢᠲᠠᠨ ᠠᠴᠠ ᠬᠠᠯᠢᠮᠤ᠂ | ᠮᠦᠷᠬᠦ᠂ ᠭᠡᠯᠲᠡᠭᠡ ᠵᠡᠷᠭᠡ᠃ ᠲᠠᠪᠤᠨ ᠲᠠᠷᠢᠶᠠᠨ ᠤ ᠲᠤᠬᠠᠢ ᠡᠷᠲᠡᠨᠢ ᠰᠢᠰᠢ᠂ ᠨᠤᠶᠠᠨ ᠰᠢᠰᠢ᠂ ᠰᠢᠰᠢ᠂ ᠮᠤᠩᠭᠤᠯ | ᠠᠮᠤ᠂ ᠮᠤᠯᠤᠷ ᠠᠮᠤ᠂ ᠬᠤᠨᠤᠭ ᠠᠮᠤ᠂ ᠨᠠᠷᠢᠮᠤ᠂ ᠲᠤᠲᠤᠷᠭ᠎ᠠ᠂ ᠪᠤᠭᠤᠲᠠᠢ᠂ ᠰᠠᠭᠠᠭ᠂ ᠰᠢᠯᠦᠭᠢ᠂ ᠨᠠᠩᠭᠢ ᠵᠡᠷᠭᠡ᠃ | ᠮᠤᠩᠭᠤᠯᠴᠤᠳ ᠶᠠᠮᠠᠷ ᠨᠢᠭᠡᠨ ᠲᠠᠯᠠᠢ ᠬᠠᠪᠢᠲᠠᠵᠤ᠂ ᠠᠷᠠᠯ ᠤᠯᠲᠤᠷᠢᠭ ᠢᠶᠠᠷ ᠤᠷᠤᠡᠰᠢᠵᠤ ᠬᠡᠷᠰᠢᠨ᠂ ᠲᠠᠷᠢᠶᠠᠯᠠᠩ | ᠠᠵᠤ ᠵᠡᠷᠭᠡ ᠶᠢ ᠤᠶᠠᠯᠲᠤᠭᠤᠯᠵᠤ ᠠᠮᠢᠲᠤᠷᠠᠭᠰᠠᠨ ᠲᠡᠤᠬᠡ ᠲᠠᠢ ᠪᠠᠶᠢᠵᠤ ᠮᠡᠲᠡᠨ᠎ᠡ᠃ | ᠬᠡᠯᠡᠨ ᠤ ᠰᠤᠷᠠᠭ ᠵᠠᠩᠬᠢ ᠶᠢ ᠰᠠᠶᠢᠲᠤᠷ ᠵᠠᠲᠠᠯᠬᠤ ᠴᠢᠲᠠᠪᠤᠷᠢ ᠨᠢ ᠬᠡᠯᠡᠨ ᠤ ᠮᠠᠲ᠋ᠧᠷᠢᠶᠠᠯ ᠢ ᠤᠶᠢᠯᠭᠠᠬᠤ ᠶᠢᠨ ᠰᠠᠭᠤᠷᠢ | ᠮᠥᠨ᠂ ᠬᠡᠯᠡᠨ ᠤ ᠮᠠᠲ᠋ᠧᠷᠢᠶᠠᠯ ᠢ ᠤᠶᠢᠯᠭᠠᠬᠤ ᠲᠤᠲᠤᠮ ᠢᠶᠠᠨ ᠬᠡᠯᠡᠨ ᠤ ᠰᠤᠷᠠᠭ ᠵᠠᠩᠭᠢ ᠳᠤ ᠤᠯᠠᠮ ᠰᠡᠷᠬᠡᠭ | ᠪᠤᠯᠲᠠᠭ᠃ ᠲᠤᠬᠠᠶᠢᠯᠠᠪᠠᠯ᠄ ᠨᠢᠭᠤᠴᠠ — ᠤᠤᠯ ᠦᠭᠡ ᠶᠢ ᠬᠦᠮᠦᠰ ᠶᠡᠷᠦ ᠳᠡᠭᠡᠨ ︽ᠨᠢᠭᠤᠴᠠ ᠲᠠᠯᠲᠠ᠂ | ᠪᠤᠰᠤᠳ ᠲᠤ ᠮᠡᠲᠡᠭᠦᠯᠬᠦ ᠦᠭᠡᠢ ᠵᠦᠢᠯ︾ ᠭᠡᠬᠦ ᠡᠭᠦᠲᠡᠨ ᠠᠴᠠ ᠠᠩᠬᠠᠷᠴᠤ ᠠᠪᠲᠠᠭ ᠪᠠᠶᠢᠨ᠎ᠠ᠃ ᠬᠠᠷᠢᠨ ᠨᠡᠩ | ᠪᠤᠲᠠᠲᠠᠢ ᠲᠡᠭᠡᠷ᠎ᠡ ᠪᠠᠨ ᠤᠤᠯ ᠦᠭᠡᠨ ᠳᠤ ︽ᠤᠶᠢᠯᠭᠠᠬᠤ ᠳᠤ ᠬᠦᠴᠢᠷ᠂ ᠲᠠᠯᠲᠠ ᠨᠦᠭᠡᠴᠡᠭᠡᠨ᠂ ᠪᠡᠷᠭᠡ ᠡᠴᠢᠨ᠎ᠡ | ᠠᠭᠤᠯᠭ᠎ᠠ ᠪᠤᠢ︾ ᠭᠡᠬᠦ ᠰᠤᠷᠠᠭ ᠵᠠᠩᠬᠢ ᠯᠠᠪᠲᠠᠢ ᠠᠴᠢᠶᠠᠯᠠᠭᠲᠠᠵᠤ ᠪᠠᠶᠢᠲᠠᠭ᠃ ᠲᠡᠭᠡᠪᠡᠯ ︽ᠮᠤᠩᠭᠤᠯ ᠤᠨ | ᠨᠢᠭᠤᠴᠠ ᠲᠤᠪᠴᠢᠶᠠᠨ︾ ᠭᠡᠵᠦ ᠶᠠᠷᠢᠬᠤ ᠦᠶ᠎ᠡ ᠳᠤ᠂ ᠠᠳᠡᠬᠢ ︽ᠨᠢᠭᠤᠴᠠ︾ ᠬᠡᠬᠦ ᠦᠭᠡᠨ ᠳᠤ ᠬᠠᠷᠢᠨ ᠦᠭᠡᠷ᠎ᠡ | ᠨᠢᠭᠡᠨ ᠰᠤᠷᠠᠭ ᠵᠠᠩᠬᠢ ᠨᠡᠮᠡᠭᠲᠡᠨᠡ᠃ ᠲᠠᠷᠤᠢ᠂ ᠠᠷᠭ᠎ᠠ ᠪᠤᠲᠤᠯᠭ᠎ᠠ ᠶᠢᠨ ᠦᠢᠯᠡᠲᠦᠯ ᠲᠠᠢ ᠪᠤᠯᠲᠠᠭ᠃ ᠶᠠᠭᠤᠨ ᠭᠡᠪᠡᠯ | ᠂ ︽ᠨᠢᠭᠤᠴᠠ ᠲᠤᠪᠴᠢᠶᠠᠨ︾ ᠤ ᠠᠭᠤᠯᠭ᠎ᠠ ᠪᠤᠯ ᠶᠡᠷᠦ ᠨᠢ ᠨᠢᠭᠤᠵᠤ ᠪᠤᠯᠠᠰᠢᠯᠠᠬᠤ ᠭᠡᠰᠡᠨ ᠵᠦᠢᠯ ᠤᠭᠲᠤ ᠪᠢᠰᠢ᠂ | ᠬᠠᠷᠢᠨ ᠬᠦᠮᠦᠰ ᠲᠤ ᠲᠦᠭᠡᠭᠡᠵᠦ ᠮᠡᠲᠡᠭᠦᠯᠦᠨ ᠦᠶ᠎ᠡ ᠶᠢᠨ ᠦᠶ᠎ᠡ ᠤᠯᠠᠮᠵᠢᠯᠠᠬᠤ ᠵᠤᠷᠢᠯᠭ᠎ᠠ ᠲᠠᠢ ᠵᠦᠢᠯᠡᠰ ᠮᠥᠨ᠃ | ᠶᠠᠭ ᠲᠡᠶᠢᠮᠦ ᠳᠡᠭᠡᠨ᠂ ︽ᠨᠢᠭᠤᠴᠠ︾ ᠭᠡᠬᠦ ᠦᠭᠡ ᠨᠢ ᠬᠦᠮᠦᠰ ᠤᠨ ᠰᠤᠨᠢᠭᠤᠴᠠ ᠰᠡᠳᠭᠢᠴᠡ ᠶᠢ ᠡᠷᠭᠡᠵᠦ ᠤᠭ | ᠵᠤᠷᠢᠯᠭ᠎ᠠ ᠳᠤ ᠬᠦᠷᠬᠦ ᠶᠢᠨ ᠠᠷᠭ᠎ᠠ ᠰᠠᠮᠪᠠᠭ᠎ᠠ ᠶᠢ ᠠᠴᠢᠶᠠᠯᠠᠭᠴᠢ ᠪᠤᠯᠵᠠᠢ᠃ ᠮᠡᠳᠡᠬᠡᠵᠢ ︽ᠨᠢᠭᠤᠴᠠ ᠲᠤᠪᠴᠢᠶᠠᠨ︾ | ᠳᠤ ᠤᠶᠢᠯᠠᠭᠠᠬᠤ ᠳᠤ ᠬᠦᠴᠢᠷ ᠠᠭᠤᠯᠭ᠎ᠠ ᠵᠢᠴᠢ ᠤᠬᠠᠭᠲᠠᠬᠤᠨ ᠨᠤᠭᠤᠳ ᠵᠦᠩᠲᠡᠭᠡᠨ ᠪᠠᠶᠢᠲᠠᠭ᠃ ᠲᠤᠬᠠᠶᠢᠯᠠᠪᠠᠯ᠂ | ᠲᠤᠮᠤᠭ ᠵᠢᠴᠢ ᠬᠦᠮᠦᠨ ᠤ ᠨᠡᠷ᠎ᠡ᠂ ᠭᠠᠵᠠᠷ ᠤᠰᠤᠨ ᠤ ᠨᠡᠷ᠎ᠡ ᠵᠡᠷᠭᠡ ᠳᠤ᠃ ᠲᠡᠶᠢᠨᠬᠦ ︽ᠮᠤᠩᠭᠤᠯ ᠤᠨ ᠨᠢᠭᠤᠴᠨ | ᠲᠤᠪᠴᠢᠶᠠᠨ︾ ᠭᠡᠬᠦ ᠨᠡᠷ᠎ᠡ ᠳᠤ᠂ ︽ᠨᠢᠭᠤᠴᠠ︾ ᠭᠡᠬᠦ ᠦᠭᠡ ᠶᠢ ᠠᠪᠴᠤ ᠬᠡᠷᠡᠭᠯᠡᠬᠦ ᠶᠢᠨ ᠰᠢᠯᠲᠠᠭᠠᠨ ᠴᠦᠭᠡᠨ | ᠦᠭᠡᠢ ᠠᠵᠠᠢ᠃ | ︽ᠨᠢᠭᠤᠴᠠ ᠲᠤᠪᠴᠢᠶᠠᠨ︾ ᠤ ᠡᠭᠢᠨ ᠤ ᠪᠦᠯᠦᠭ ᠤᠨ ᠲᠤᠮᠤᠭ ᠲᠤ ︽ᠪᠦᠷᠲᠡ᠂ ᠴᠢᠨ᠋ᠸ᠎ᠠ᠂ ᠬᠤᠸᠠ᠂ ᠮᠡᠷᠡᠯ︾ | ᠵᠡᠷᠭᠡ ᠭᠡᠲᠦᠨ ᠨᠢᠭᠤᠴᠠ ᠤᠬᠠᠭᠲᠠᠬᠤᠨ ᠢᠯᠡᠷᠡᠲᠡᠭ ᠪᠠᠶᠢᠨ᠎ᠠ᠃ ᠡᠲᠡᠭᠡᠷ ᠤᠨ ᠲᠤᠬᠠᠢ ᠨᠢᠭᠡ ᠪᠦᠯᠦᠭ ᠡᠷᠲᠡᠮᠲᠡᠳ | ᠪᠠ ᠡᠭᠡᠯᠴᠤᠳ ᠵᠦᠢᠯ ᠤᠨ ᠲᠠᠶᠢᠯᠪᠤᠷᠢ ᠬᠢᠵᠦ ᠦᠵᠡᠪᠡ᠃ ᠲᠦᠰᠦᠭᠡᠲᠡᠢ ᠨᠢᠭᠡ ᠵᠦᠢᠯ ᠪᠤᠯ᠄ ︽︿ᠬᠤᠶᠠᠷ﹀ ᠠᠴᠠ | ᠭᠡᠲᠦᠯᠵᠦ ᠡᠰᠡ ᠴᠢᠲᠠᠭᠰᠠᠨ︾ ᠪᠠᠶᠢᠵᠠᠢ᠃ ᠲᠠᠷᠤᠢ᠂ ᠬᠤᠶᠠᠷ ᠬᠦᠮᠦᠨ ᠤ ᠨᠡᠷ᠎ᠡ ᠭᠡᠬᠦ ᠪᠤᠶᠤ ᠬᠤᠶᠠᠷ ᠠᠮᠢᠲᠠᠨ ᠤ | ᠨᠡᠷ᠎ᠡ ᠬᠡᠬᠦ ᠠᠴᠠ᠃ ᠪᠠᠰᠨ ᠨᠢᠭᠡ ᠵᠦᠢᠯ ᠭᠡᠪᠡᠯ᠄ ᠦᠨᠳᠦᠰᠦᠨ ᠳᠡᠭᠡᠨ ᠡᠴᠢᠭᠡᠴᠢᠯᠡᠯ ᠤᠨ ᠤᠪᠤᠭ ᠲᠦᠷᠦᠯ ᠤᠨ | ᠲᠤᠭᠲᠠᠯᠴᠠᠭᠠᠨ ᠤ ᠱᠠᠲᠤᠨ ᠳᠤ ᠲᠠᠯᠪᠢᠵᠤ ᠰᠢᠨᠵᠢᠯᠡᠭᠰᠡᠨ ᠪᠠ ᠲᠠᠯ᠎ᠠ ᠨᠤᠲᠤᠭ᠂ ᠮᠠᠯᠵᠢᠬᠤ ᠰᠤᠶᠤᠯ᠂ ᠠᠩ ᠠᠩᠨᠠᠯ | ᠲᠠᠢ ᠮᠠᠰᠢ ᠤᠶᠢᠷ᠎ᠠ ᠳᠤ ᠲᠠᠯᠪᠢᠵᠤ ᠰᠤᠲᠤᠯᠬᠤ ᠶᠢ ᠠᠶᠠᠨᠲᠠᠭᠠᠨ ᠪᠠᠷᠢᠮᠲᠠᠯᠠᠵᠠᠢ᠃ — ᠲᠡᠷᠡᠬᠦ ︽︿ᠬᠤᠶᠠᠷ﹀ | ᠠᠴᠠ ᠭᠡᠲᠦᠯᠵᠦ ᠡᠰᠡ ᠴᠢᠲᠠᠭᠰᠠᠨ︾ ᠲᠠᠨᠢᠯᠲᠠ ᠶᠢᠨ ᠬᠡᠪᠰᠢᠯ ᠨᠢ ᠬᠤᠵᠢᠮ ᠤᠨ ᠬᠦᠮᠦᠰ ᠤᠨ ᠡᠨᠡ ᠲᠠᠯ᠎ᠠ ᠪᠠᠷ ᠬᠢ | ᠰᠢᠨᠵᠢᠯᠡᠭᠡ ᠶᠢᠨ ᠬᠦᠷᠢᠶ᠎ᠡ ᠴᠠᠷ᠎ᠠ ᠶᠢ ᠬᠢᠵᠠᠭᠠᠷᠯᠠᠭᠰᠠᠭᠠᠷ ᠪᠠᠶᠢᠪᠠ᠃ ᠬᠡᠲᠦᠢ᠂ ᠬᠡᠯᠡᠨ ᠤ ᠰᠤᠷᠠᠭ ᠵᠠᠩᠬᠢ ᠡᠷᠢᠭᠰᠡᠨ | ᠴᠦ ᠲᠡᠷᠨ᠂ ᠲᠤᠮᠤᠭ ᠤᠨ ᠠᠭᠤᠯᠭ᠎ᠠ ᠶᠢ ᠰᠢᠨᠵᠢᠯᠡᠭᠰᠡᠨ ᠴᠦ ᠲᠡᠷᠨ᠂ ᠢᠮᠠᠭᠲᠠ ︽ᠪᠦᠷᠲᠡ ᠴᠢᠨ᠋ᠸ᠎ᠡ᠂ ᠬᠤᠸᠠ | ᠮᠡᠷᠡᠯ︾ ᠭᠡᠭᠴᠢ ᠪᠤᠯ ᠬᠤᠶᠠᠷ ᠤᠬᠠᠭᠲᠠᠬᠤᠨ ᠮᠥᠨ᠂ ᠡᠷ᠎ᠡ ᠡᠮ᠎ᠡ ᠬᠤᠶᠠᠭᠤᠯᠨ ᠶᠢ ᠵᠢᠭᠠᠵᠤ ᠪᠤᠢ ᠭᠡᠬᠦ ᠲᠠᠨᠢᠯᠲᠠ | ᠶᠢᠨ ᠬᠤᠪᠢ ᠳᠤ ᠶᠡᠬᠡᠬᠡᠨ ᠡᠷᠬᠢᠴᠡᠭᠡᠳ ᠪᠠᠶᠢᠪᠠ᠃ ᠬᠠᠷᠢᠨ ᠬᠠᠷᠢᠴᠠᠩᠭᠤᠢ ᠪᠠᠷ ︽ᠲᠡᠭᠡᠷ᠎ᠡ ᠲᠡᠭᠷᠢ ᠠᠴᠠ ᠵᠠᠶᠠᠭᠠᠲᠤ︾ | ᠭᠡᠬᠦ ᠠᠭᠤᠯᠭ᠎ᠠ ᠶᠢᠨ ᠲᠤᠬᠠᠢ ᠬᠠᠶᠢᠬᠤᠷᠤᠮᠵᠢ ᠪᠠᠭᠠᠳᠡᠵᠡᠢ ᠭᠡᠵᠦ ᠰᠠᠨᠠᠭᠲᠠᠨ᠎ᠠ᠃ ᠤᠤᠯ ᠲᠤᠮᠤᠭ ᠲᠤ᠄ ︽ᠴᠢᠩᠭᠢᠰ | ᠬᠠᠭᠠᠨ ᠤ ᠤᠵᠠᠭᠤᠷ᠂ ᠲᠡᠭᠡᠷ᠎ᠡ ᠲᠡᠭᠷᠢ ᠠᠴᠠ ᠵᠠᠶᠠᠭᠠᠲᠤ ᠲᠦᠷᠡᠭᠰᠡᠨ ᠪᠦᠷᠲᠡ ᠴᠢᠨ᠋ᠸ᠎ᠠ ᠠᠵᠤᠭᠤ᠃ ᠭᠡᠷᠭᠡᠢ ᠢᠨᠤ | ᠬᠤᠸᠠ ᠮᠡᠷᠡᠯ ᠠᠵᠠᠢ᠃ ᠲᠠᠩᠭᠢᠰ ᠬᠡᠲᠦᠯᠵᠦ ᠢᠷᠡᠪᠡ᠃ ᠤᠨᠠᠨ ᠮᠦᠷᠡᠨ ᠤ ᠲᠡᠷᠢᠭᠦᠨ᠎ᠡ ᠪᠤᠷᠬᠠᠨ ᠬᠠᠯᠲᠤᠨ᠎ᠠ | ᠨᠤᠲᠤᠭᠯᠠᠵᠤ ᠲᠦᠷᠦᠭᠰᠡᠨ ᠪᠠᠲᠠᠴᠢ ᠬᠠᠨ ᠠᠵᠤᠭᠤ︾ ᠭᠡᠵᠦ ᠲᠤᠮᠤᠭᠯᠠᠲᠠᠭ᠃ ᠲᠤᠰ ᠲᠤᠮᠤᠭ ᠢ ︽ᠲᠡᠭᠡᠷ᠎ᠡ ᠲᠡᠭᠷᠢ | ᠠᠴᠠ ᠵᠠᠶᠠᠭᠠᠲᠤ︾ ᠭᠡᠬᠦ ᠠᠭᠤᠯᠭ᠎ᠠ ᠶᠢᠨ ᠬᠤᠪᠢ ᠳᠤ ᠠᠩᠬᠠᠷᠬᠤ ᠳᠤ᠂ ᠬᠤᠶᠠᠷ ᠪᠠᠶᠢᠲᠠᠯ ᠮᠡᠲᠡᠭᠲᠡᠵᠡᠢ᠃ ᠲᠠᠷᠤᠢ | ᠲᠤᠮᠤᠭ ᠤᠨ ᠡᠬᠢ ᠠᠴᠠ ᠲᠡᠭᠦᠰᠭᠡᠯ ᠵᠦᠭ ᠬᠠᠶᠢᠬᠤ ᠳᠤ ᠲᠤᠲᠠᠭᠰᠠᠨ ᠵᠦᠢᠯ ᠨᠢᠭᠡ ᠪᠤᠢ᠂ ᠲᠡᠭᠦᠰᠭᠡᠯ ᠠᠴᠠ ᠡᠬᠢ | ᠵᠦᠭ ᠬᠠᠶᠢᠬᠤ ᠳᠤ ᠢᠯᠡᠭᠦᠲᠡᠭᠰᠡᠨ ᠵᠦᠢᠯ ᠨᠢᠭᠡ ᠪᠤᠢ᠃ ᠡᠨᠡᠬᠦ ᠵᠦᠷᠢᠴᠡᠯᠲᠦ ᠪᠠᠶᠢᠲᠠᠯ ᠨᠢ ᠲᠤᠮᠤᠭ ᠲᠠᠬᠢ ᠰᠤᠷᠠᠭ | ᠵᠠᠩᠬᠢ ᠶᠢᠨ ᠵᠠᠲᠠᠯᠤᠯᠳᠠ ᠰᠠᠶᠢᠲᠤᠷ ᠠᠪᠤᠴᠠᠯᠲᠤᠵᠤ ᠴᠢᠲᠠᠭᠠᠲᠤᠢ ᠶᠢ ᠬᠠᠷᠠᠭᠤᠯᠤᠨ᠎ᠠ᠃ ᠦᠭᠡᠷ᠎ᠡ ᠪᠠᠷ ᠬᠡᠯᠡᠪᠡᠯ᠂ | ᠠᠳᠡ ᠵᠠᠲᠠᠯᠤᠯᠳᠠ ᠬᠢᠵᠦ ᠰᠢᠨ᠎ᠡ ᠰᠤᠷᠠᠭ ᠲᠤᠬᠢᠶ᠎ᠠ ᠤᠯᠵᠤ ᠪᠤᠯᠬᠤ ᠮᠡᠲᠦ᠃ ᠰᠠᠨᠠᠯ ᠵᠦᠪᠯᠡᠯᠭᠡ ᠪᠤᠯᠭᠠᠬᠤ ᠡᠭᠦᠲᠡᠨ | ᠠᠴᠠ ᠵᠠᠲᠠᠯᠤᠯᠳᠠ ᠬᠢᠵᠦ ᠦᠵᠡᠶ᠎ᠡ᠃ | ᠤᠷᠢᠲᠠᠪᠡᠷ᠂ ︽ᠠᠯᠤᠩᠭᠤᠸ᠎ᠠ ᠡᠬᠡ ᠴᠡᠤᠬᠡᠨ ᠰᠢᠷ᠎ᠠ ᠬᠦᠮᠦᠨ ᠤ ᠲᠤᠬᠠᠢ ᠲᠤᠮᠤᠭ︾ ᠤᠨ ᠠᠭᠤᠯᠭ᠎ᠠ ᠠᠴᠠ ᠲᠤᠪᠴᠢ | ᠠᠵᠢᠭᠯᠠᠶᠠ᠃ ᠡᠨᠡ ᠲᠤᠮᠤᠭ ᠲᠤ ᠮᠠᠰᠢ ᠦᠳᠭᠡᠨ ᠰᠤᠷᠠᠭ ᠵᠠᠩᠭᠢ ᠬᠠᠲᠠᠭᠠᠯᠠᠭᠲᠠᠵᠤ ᠪᠠᠶᠢᠨ᠎ᠠ᠃ ᠠᠳᠡ ᠠᠴᠠ ᠮᠠᠨ | ᠳᠤ ᠵᠠᠷᠢᠮ ᠲᠠᠯ᠎ᠠ ᠶᠢᠨ ᠲᠠᠨᠢᠯᠲᠠ ᠶᠢᠨ ᠠᠷᠭ᠎ᠠ ᠮᠠᠶ᠋ᠢᠭ ᠢ ᠬᠠᠩᠭᠠᠵᠤ ᠦᠭᠭᠦᠨ᠎ᠡ᠃ | ᠠᠯᠤᠩᠭᠤᠸ᠎ᠠ ᠡᠬᠡ — ᠲᠡᠭᠷᠢ ᠠᠴᠠ ᠡᠰᠢ ᠲᠠᠢ ᠭᠤᠷᠪᠠᠨ ᠬᠦᠪᠡᠭᠦᠳ ᠪᠤᠲᠤᠨᠴᠢᠷ ᠮᠤᠩᠬᠠᠭ ᠵᠡᠷᠭᠡ ᠶᠢ ᠲᠦᠷᠦᠪᠡ᠃ | ᠪᠠᠰᠨ ᠢᠯᠨ ᠨᠢᠭᠡᠨ ᠪᠤᠢ᠂ ᠲᠠᠯᠲᠠ ᠨᠢᠭᠡᠨ ᠪᠤᠢ᠃ ᠢᠯᠨ ᠨᠢᠭᠡᠨ ᠪᠤᠯ ᠠᠯᠤᠩᠭᠤᠸ᠎ᠠ ᠡᠬᠡ ᠮᠥᠨ᠂ ᠲᠡᠷᠨ ᠪᠤᠯ | ᠡᠨᠡᠬᠦ ᠲᠤᠮᠤᠭ ᠤᠨ ᠡᠭᠦᠰᠦᠯ ᠪᠦᠷᠢᠯᠲᠦᠯ ᠤᠨ ᠭᠤᠤᠯ ᠲᠤᠯᠭᠠᠭᠤᠷᠢ ᠪᠡᠶ᠎ᠡ ᠪᠤᠯᠤᠨ᠎ᠠ᠃ ᠲᠠᠯᠲᠠ ᠨᠢᠬᠡᠨ ᠭᠡᠭᠴᠢ ᠪᠤᠯ | ᠪᠠᠶᠢᠭᠠᠯᠢ ᠶᠢᠨ ᠬᠦᠴᠦᠨ ᠴᠡᠤᠬᠡᠨ ᠰᠢᠷ᠎ᠠ ᠬᠦᠮᠦᠨ ᠪᠤᠯᠤᠨ᠎ᠠ᠃ ᠠᠯᠤᠩᠭᠤᠸ᠎ᠠ ᠡᠬᠡ ᠪᠤᠰᠤᠳ ᠲᠤ ᠪᠠᠶᠢᠭ᠎ᠠ ᠦᠭᠡᠢ | ᠪᠢᠯᠢᠭ ᠪᠠ ᠴᠤᠭᠴᠠ ᠪᠠᠷ ᠢᠶᠠᠨ ᠪᠠᠶᠢᠭᠠᠯᠢ ᠶᠢᠨ ᠬᠦᠴᠦᠨ ᠴᠡᠤᠬᠡᠨ ᠰᠢᠷ᠎ᠠ ᠬᠦᠮᠦᠨ ᠲᠠᠢ ᠰᠤᠷᠠᠭ ᠵᠠᠩᠬᠢ ᠨᠡᠪᠲᠡᠷᠡᠵᠦ | ᠂ ᠪᠤᠲᠤᠨᠴᠢᠷ ᠵᠡᠷᠭᠡ ᠶᠢ ᠲᠦᠷᠦᠬᠦ ᠡᠭᠦᠷᠭᠡ ᠶᠢ ᠪᠡᠶᠡᠯᠡᠭᠦᠯᠵᠡᠢ᠃ ᠲᠠᠷᠤᠢ ᠠᠯᠤᠩᠭᠤᠸ᠎ᠠ ᠡᠬᠡ ᠪᠤᠯ ᠡᠨᠡᠬᠦ ᠲᠤᠮᠤᠭ ᠲᠤ | ᠲᠤᠲᠠᠭᠲᠠᠵᠤ ᠪᠤᠯᠤᠰᠢ ᠦᠭᠡᠢ ᠪᠤᠲᠠ ᠡᠷᠬᠡᠲᠡᠨ ᠮᠥᠨ᠃ ᠴᠡᠤᠬᠡᠨ ᠰᠢᠷ᠎ᠠ ᠬᠦᠮᠦᠨ ᠨᠢ ᠠᠯᠤᠩᠭᠤᠸ᠎ᠠ ᠡᠬᠡ ᠶᠢᠨ | ᠬᠡᠪᠡᠯᠢ ᠳᠤ ᠰᠢᠩᠭᠡᠵᠦ ᠦᠯᠡᠲᠡᠬᠦ ᠳᠤ᠂ ᠬᠠᠷᠢᠨ ᠬᠦᠯᠦᠭ ᠨᠢ ᠰᠢᠷ᠎ᠠ ᠨᠤᠬᠠᠢ ︵ᠪᠤᠶᠤ ᠰᠢᠷ᠎ᠠ ᠯᠤᠤᠬᠠᠢ︶ ᠨᠠᠷᠠᠨ | ᠰᠠᠷᠨ ᠶᠢᠨ ᠬᠢᠯ ︵ᠬᠢᠯᠢ︶ ᠢᠶᠠᠷ ᠪᠤᠴᠠᠲᠠᠭ᠃ — ᠲᠤᠮᠤᠭ ᠲᠤ᠂ ᠪᠤᠲᠠ ᠡᠷᠬᠡᠲᠡᠨ᠂ ᠪᠠᠶᠢᠭᠠᠯᠢ ᠶᠢᠨ ᠬᠦᠴᠦᠨ᠂ | ᠦᠷ᠎ᠡ ᠳ᠋ᠦᠩ ᠵᠡᠷᠭᠡ ᠬᠦᠢᠴᠡᠯᠲᠦᠵᠦ ᠲᠤᠮᠤᠭ ᠤᠨ ᠵᠤᠬᠢᠶᠠᠩᠭᠤᠢ ᠡᠮᠬᠢ ᠲᠢᠭᠯᠢᠮ ᠲᠠᠢ ᠪᠤᠯᠵᠠᠢ᠃ ᠡᠶᠢᠮᠦ ᠳᠤᠮᠤᠭ | ᠡᠷᠬᠡᠪᠰᠢ ᠨᠢᠭᠡᠨ ᠦᠪᠡᠷᠮᠢᠴᠡ ᠲᠠᠯ᠎ᠠ ᠪᠠᠷ ᠢᠶᠠᠨ ᠤᠡᠴᠠᠯᠠᠭᠳᠡᠬᠤ ᠤᠴᠢᠷ ᠲᠠᠢ᠃ ᠲᠠᠷᠤᠢ᠂ ᠲᠡᠭᠷᠢ ᠠᠴᠠ ᠡᠰᠢ ᠲᠠᠢ | ᠬᠦᠪᠡᠬᠦᠳ ᠬᠡᠮᠡᠬᠦᠯ᠎ᠡ ᠨᠢᠭᠡᠨ ᠪᠤᠲᠠ ᠡᠷᠬᠡᠲᠡᠨ — ᠡᠬᠡ ᠪᠡᠶ᠎ᠡ ᠢᠯᠡᠷᠡᠬᠦ ᠤᠴᠢᠷ ᠲᠠᠢ᠂ ᠬᠠᠷᠢᠨ ᠪᠠᠰᠨ ᠨᠢᠭᠡᠨ | ᠪᠤᠲᠠ ᠡᠷᠬᠡᠲᠡᠨ — ᠡᠴᠢᠭᠡ ᠪᠡᠶ᠎ᠡ ᠢᠯᠡᠷᠡᠬᠦ ᠤᠴᠢᠷ ᠦᠭᠡᠢ᠃ ᠡᠰᠡ ᠲᠠᠶᠢᠨ ᠪᠤᠯᠬᠤᠯ᠎ᠠ ︽ᠲᠡᠭᠷᠢ ᠶᠢᠨ | ᠬᠦᠪᠡᠬᠦᠳ︾ ᠭᠡᠬᠦ ᠠᠭᠤᠯᠭ᠎ᠠ ᠲᠠᠢ ᠪᠠᠨ ᠬᠠᠷᠰᠢᠯᠲᠤᠨᠠ ᠪᠠᠶᠢᠬ᠎ᠠ᠃ | ᠪᠦᠷᠲᠡ ᠴᠢᠨ᠋ᠸ᠎ᠠ ᠬᠤᠸᠠ ᠮᠡᠷᠡᠯ — ᠡᠮᠦᠨᠡᠬᠡᠨ ᠬᠡᠰᠡᠭ ᠲᠤ ︽ᠲᠡᠭᠡᠷ᠎ᠡ ᠲᠡᠭᠷᠢ ᠠᠴᠠ ᠵᠠᠶᠠᠭᠠᠲᠤ︾ ᠭᠡᠬᠦ ᠠᠭᠤᠯᠭ᠎ᠠ | ᠶᠢᠨ ᠬᠤᠪᠢ ᠳᠤ ᠠᠵᠢᠭᠯᠠᠬᠤ ᠳᠤ᠂ ᠲᠤᠲᠠᠭᠰᠠᠨ ᠨᠢᠭᠡ᠂ ᠢᠯᠡᠭᠦᠲᠡᠭᠰᠡᠨ ᠨᠢᠭᠡ ᠪᠤᠢ ᠭᠡᠵᠡᠢ᠃ ᠤᠲᠤ ᠪᠡᠭᠡᠯᠡᠵᠦ | ᠶᠠᠷᠢᠶ᠎ᠠ᠄ ᠲᠤᠮᠤᠭ ᠲᠤ ︽ᠲᠡᠭᠡᠷ᠎ᠡ ᠲᠡᠭᠷᠢ ᠠᠴᠠ ᠵᠠᠶᠠᠭᠠᠲᠤ︾ ᠭᠡᠵᠦ ᠲᠤᠷᠠᠲᠤᠨᠠ᠂ ᠡᠨᠡ ᠨᠢ ︽ᠲᠡᠭᠷᠢ ᠶᠢᠨ | ᠬᠦᠪᠡᠭᠦᠨ︾ ᠭᠡᠬᠦ ᠲᠤᠷᠠᠲᠤᠯ ᠲᠠᠢ ᠲᠦᠰᠦᠭᠡᠲᠡᠢ᠂ ᠤᠳᠬ᠎ᠠ ᠲᠡᠭᠡᠷ᠎ᠡ ᠪᠠᠨ ᠢᠵᠢᠯᠢᠳᠤᠨᠠ᠃ ᠬᠡᠷᠪᠡ᠂ ︽ᠲᠡᠭᠷᠢ | ᠠᠴᠠ ᠵᠠᠶᠠᠭᠠᠲᠤ︾ ᠬᠦᠮᠦᠨ ᠨᠢ ᠪᠠᠲᠠᠴᠢ ᠬᠠᠨ ᠮᠥᠨ ᠪᠤᠯ ᠲᠡᠭᠦᠨ ᠢ ᠲᠤᠷᠦᠭᠰᠡᠨ ᠡᠬᠡ ᠪᠡᠶ᠎ᠡ ︵ᠡᠰᠡᠭᠦᠯ᠎ᠡ ᠬᠤᠸᠠ | ᠮᠡᠷᠡᠯ︶ ᠢᠯᠡᠷᠡᠬᠦ ᠤᠴᠢᠷ ᠲᠠᠢ᠂ ᠬᠠᠷᠢᠨ ᠪᠠᠰᠨ ᠨᠢᠭᠡᠨ ᠡᠴᠢᠭᠡ ᠪᠡᠶ᠎ᠡ ︵ᠡᠰᠡᠭᠦᠯ᠎ᠡ ᠪᠦᠷᠲᠡ ᠴᠢᠨ᠋ᠸ᠎ᠠ︶ ᠢᠯᠡᠷᠡᠬᠦ | ᠤᠴᠢᠷ ᠦᠭᠡᠢ᠃ ᠬᠡᠶ᠎ᠡ ᠠᠳᠡ ᠢᠯᠡᠭᠦᠲᠡᠭᠰᠡᠨ ᠨᠢᠭᠡ ᠪᠤᠢ᠃ ᠬᠡᠷᠪᠡ᠂ ︽ᠲᠡᠭᠷᠢ ᠠᠴᠠ ᠵᠠᠶᠠᠭᠠᠲᠤ︾ ᠬᠦᠮᠦᠨ ᠨᠢ | ᠪᠦᠷᠲᠡ ᠴᠢᠨ᠋ᠸ᠎ᠠ ᠮᠥᠨ ᠪᠤᠯ ᠲᠡᠭᠦᠨ ᠢ ᠲᠦᠷᠦᠭᠰᠡᠨ ᠡᠬᠡ ᠪᠡᠶ᠎ᠡ — ᠲᠤᠮᠤᠭ ᠤᠨ ᠡᠭᠦᠰᠦᠯ ᠪᠦᠷᠢᠯᠲᠦᠯ ᠤᠨ | ᠭᠤᠤᠯ ᠲᠤᠯᠭᠠᠭᠤᠷᠢ ︵ᠪᠤᠲᠠ ᠡᠷᠬᠡᠲᠡᠨ︶ ᠢᠯᠡᠷᠡᠬᠦ ᠤᠴᠢᠷ ᠲᠠᠢ᠂ ᠬᠡᠶ᠎ᠡ ᠠᠳᠡ ᠢᠯᠡᠷᠡᠭᠰᠡᠨ ᠦᠭᠡᠢ᠂ ᠲᠠᠷᠤᠢ | ᠲᠤᠲᠠᠭᠰᠠᠨ ᠨᠢᠭᠡ ᠪᠤᠢ᠃ ᠠᠲᠡᠬᠢ᠂ ᠢᠯᠡᠭᠦᠲᠡᠭᠰᠡᠨ ᠪᠤᠶᠤ ᠲᠤᠲᠠᠭᠰᠠᠨ ᠰᠢᠨᠵᠢ ᠨᠢ ᠲᠤᠮᠤᠭ ᠤᠨ ᠵᠤᠬᠢᠶᠠᠩᠭᠤᠢ ᠶᠢ | ᠡᠮᠬᠢ ᠦᠭᠡᠢ ᠪᠤᠯᠭᠠᠭᠰᠠᠨ ᠮᠡᠲᠦ ᠰᠠᠨᠠᠭᠲᠠᠨ᠎ᠠ᠃ ᠮᠤᠩᠭᠤᠯᠴᠤᠳ ᠪᠠᠶᠢᠭᠠᠯᠢ ᠶᠢᠨ ᠶᠠᠭᠤᠮ᠎ᠠ ᠦᠵᠡᠭᠲᠡᠯ ᠢ ᠴᠦ ᠪᠡᠶ᠎ᠡ | ᠴᠤᠭᠴᠠ ᠳᠤ ᠤᠶᠠᠯᠲᠤᠭᠤᠯᠵᠤ ᠪᠡᠶᠡᠵᠢᠭᠦᠯᠵᠦ ᠰᠢᠨᠵᠢᠲᠡᠭ᠃ ︽ᠤᠨᠤᠨ ᠮᠦᠷᠡᠨ ᠤ ᠲᠡᠷᠢᠭᠦᠨ᠎ᠡ ᠪᠤᠷᠬᠠᠨ ᠬᠠᠯᠲᠤᠨ᠎ᠠ | ︾ ᠭᠡᠲᠡᠭ ᠨᠢ ᠪᠤᠷᠬᠠᠨ ᠬᠠᠯᠲᠤᠨ ᠢ ᠤᠨᠤᠨ ᠮᠦᠷᠡᠨ ᠤ ᠲᠡᠷᠢᠭᠦᠨ ᠭᠡᠵᠦ᠂ ︽ᠪᠡᠶ᠎ᠡ ᠲᠡᠷᠢᠭᠦᠲᠦ ᠲᠡᠪᠡᠯ ᠵᠠᠬᠠᠲᠤ︾ | ᠬᠡᠬᠦ ᠵᠦᠢ ᠲᠤᠭᠲᠠᠯ ᠳᠤ ᠲᠤᠬᠢᠷᠠᠭᠤᠯᠵᠤ ᠲᠤᠭᠠᠴᠢᠵᠤ ᠪᠠᠶᠢᠭ᠎ᠠ ᠤᠴᠢᠷ ᠮᠥᠨ᠃ ᠲᠠᠶᠢᠨ ᠠᠲᠠᠯ᠎ᠠ᠂ ᠨᠢᠭᠡᠨ ᠲᠡᠤᠬᠡᠨ | ᠴᠢᠬᠤᠯᠨ ᠬᠦᠮᠦᠨ ︵ᠡᠰᠡᠭᠦᠯ᠎ᠡ ᠪᠦᠷᠲᠡ ᠴᠢᠨ᠋ᠸ᠎ᠠ︶ ᠢ ᠵᠦᠪᠬᠡᠨ ︽ᠲᠡᠭᠷᠢ ᠠᠴᠠ ᠵᠠᠶᠠᠭᠠᠲᠤ︾ ᠬᠡᠮᠡᠨ ᠬᠡᠶᠢᠰᠪᠦᠷᠢ | ᠲᠤᠷᠠᠲᠤᠭᠠᠳ᠂ ᠡᠬᠡ ᠡᠬᠦᠰᠬᠡᠯ ᠢ ᠤᠮᠲᠠᠭᠠᠶᠢᠯᠠᠨᠠ ᠭᠡᠲᠡᠭ ᠨᠢ ᠮᠠᠲᠠᠭ ᠲᠦᠷᠦᠭᠦᠯᠦᠮᠡ ᠤᠴᠢᠷ ᠪᠤᠯᠲᠠᠭ᠃ ᠡᠨᠡ ᠨᠢ | ᠮᠥᠨ ᠨᠢᠭᠤᠴᠠ᠂ ᠤᠶᠢᠯᠠᠭᠠᠬᠤ ᠳᠤ ᠬᠦᠴᠢᠷ᠂ ᠪᠡᠷᠭᠡ ᠡᠴᠢᠨ᠎ᠡ ᠠᠭᠤᠯᠭ᠎ᠠ ᠪᠠᠶᠢᠭ᠎ᠠ ᠶᠢ ᠲᠤᠰᠬᠠᠵᠤ ᠪᠠᠶᠢᠭ᠎ᠠ᠃ | ᠤᠭ ᠲᠤᠮᠤᠭ ᠤᠨ ᠲᠤᠬᠠᠢ ᠲᠡᠮᠭᠲᠡᠭᠯᠡᠭᠰᠡᠨ ᠤᠲᠤᠬᠢ ᠦᠭᠦᠯᠡᠪᠦᠷᠢ ᠳᠤ ᠨᠢᠭᠡᠯᠨ ᠵᠤᠭᠰᠤᠴᠠ ᠨᠡᠮᠡᠪᠡᠯ ᠪᠦᠬᠦᠶᠢᠯᠨ | ᠲᠤᠮᠤᠭ ᠤᠨ ᠰᠤᠷᠠᠭ ᠵᠠᠩᠬᠢ ᠳᠤ ᠶᠡᠬᠡᠭᠡᠨ ᠬᠤᠪᠢᠷᠠᠯᠳᠠ ᠭᠠᠷᠤᠨ᠎ᠠ᠃ ᠲᠠᠷᠤᠢ ︽ᠲᠡᠭᠡᠷ᠎ᠡ ᠲᠡᠭᠷᠢ ᠠᠴᠠ ᠵᠠᠶᠠᠭᠠᠲᠤ | ᠲᠦᠷᠦᠭᠰᠡᠨ ᠪᠦᠷᠲᠡ ᠴᠢᠨ᠋ᠸ᠎ᠠ ᠠᠵᠤᠭᠤ︾ ᠭᠡᠲᠡᠭ ᠦᠭᠦᠯᠡᠪᠦᠷᠢ ᠳᠤ ᠨᠢᠭᠡ ᠴᠡᠭ ᠨᠡᠮᠡᠵᠦ᠂ ︽ᠲᠡᠭᠡᠷ᠎ᠡ ᠲᠡᠭᠷᠢ ᠠᠴᠠ | ᠵᠠᠶᠠᠭᠠᠲᠤ᠂ ᠲᠦᠷᠦᠭᠰᠡᠨ ᠪᠦᠷᠲᠡ ᠴᠢᠨ᠋ᠸ᠎ᠠ ᠠᠵᠤᠭᠤ︾ ᠭᠡᠵᠦ ᠬᠤᠪᠢᠷᠠᠭᠠᠳ ᠰᠢᠨᠵᠢᠪᠡᠯ ᠲᠤᠮᠤᠭ ᠲᠠᠬᠢ ︽ᠪᠦᠷᠲᠡ | ᠴᠢᠨ᠋ᠸ᠎ᠠ᠂ ᠭᠡᠷᠭᠡᠢ᠂ ᠬᠤᠸᠠ ᠮᠡᠷᠡᠯ︾ ᠵᠡᠷᠭᠡ ᠦᠭᠡᠰ ᠨᠢ ᠤᠲᠤᠬᠢ ᠤᠶᠢᠯᠠᠭᠠᠯᠳᠠ ᠠᠴᠠ ᠦᠭᠡᠷ᠎ᠡ ᠦᠭᠡᠷ᠎ᠡ ᠰᠤᠷᠠᠭ | ᠵᠠᠩᠬᠢ ᠢᠯᠡᠷᠡᠭᠦᠯᠵᠦ ᠪᠤᠯᠤᠨ᠎ᠠ᠃ ᠲᠤᠬᠠᠶᠢᠯᠠᠪᠠᠯ᠄ ︽ᠴᠢᠩᠭᠢᠰ ᠬᠠᠭᠠᠨ ᠤ ᠢᠵᠠᠭᠤᠷ ᠲᠡᠭᠡᠷ᠎ᠡ ᠲᠡᠭᠷᠢ ᠠᠴᠠ | ᠵᠠᠶᠠᠭᠠᠲᠦ᠃︾ — ᠡᠨᠡ ᠬᠡᠰᠡᠭ ᠨᠢ ᠲᠤᠮᠤᠭ ᠤᠨ ᠢᠯᠡᠳᠭᠡᠬᠦ ᠬᠡᠰᠡᠨ ᠰᠠᠨᠠᠭ᠎ᠠ ᠶᠢ ᠨᠢᠭᠡᠨᠲᠡ ᠬᠡᠶᠢᠰᠪᠦᠷᠢᠯᠡᠨ | ᠲᠤᠰᠬᠠᠵᠠᠢ᠃ ︽ᠲᠦᠷᠦᠭᠰᠡᠨ ᠪᠦᠷᠲᠡ︾ — ᠡᠨᠡ ᠨᠢ ︽ᠪᠠᠲᠠᠴᠢ ᠬᠠᠨ ᠢ ᠲᠦᠷᠦᠭᠰᠡᠨ ᠪᠦᠷᠲᠡ︾ | ᠭᠡᠬᠦᠴᠢᠯᠡᠨ ᠰᠤᠷᠠᠭ ᠲᠤᠬᠢᠶ᠎ᠠ ᠨᠡᠶᠢᠯᠡᠵᠦ ᠪᠠᠶᠢᠬᠤ ᠰᠢᠭ᠋᠃ ᠲᠡᠶᠢᠮᠦ ᠪᠤᠯ ︽ᠴᠢᠨ᠋ᠸ᠎ᠠ︾ ᠭᠡᠲᠡᠭ ᠨᠢ ᠪᠦᠷᠲᠡ ᠶᠢᠨ | ᠠᠵᠢᠯ ᠡᠭᠦᠷᠭᠡᠯᠡᠯ᠂ ᠤᠭᠰᠠᠭ᠎ᠠ ᠭᠠᠷᠤᠯ ᠳᠤ ᠬᠤᠯᠪᠤᠭᠲᠠᠭᠰᠠᠨ ᠰᠤᠷᠠᠭ ᠵᠠᠩᠬᠢ ᠪᠠᠶᠢᠵᠤ ᠪᠤᠯᠤᠨ᠎ᠠ᠃ ᠲᠡᠭᠦᠨ ᠤ | ᠤᠯᠠᠮ ᠠᠴᠠ ︽ᠭᠡᠷᠭᠡᠢ᠂ ᠬᠤᠸᠠ ᠮᠡᠷᠡᠯ︾ ᠵᠡᠷᠭᠡ ᠨᠢ ᠪᠦᠷᠲᠡ ᠶᠢᠨ ᠤᠷᠤᠰᠢᠵᠤ ᠠᠮᠢᠲᠤᠷᠠᠵᠤ ᠪᠠᠶᠢᠭᠰᠠᠨ ᠭᠠᠵᠠᠷ | ᠤᠰᠤᠨ ᠤ ᠨᠡᠷᠡᠶᠢᠲᠦᠯ ᠳᠤ ᠬᠤᠯᠪᠤᠭᠲᠠᠭᠰᠠᠨ ᠦᠭᠡᠰ ᠪᠠᠶᠢᠵᠤ ᠪᠤᠯᠤᠨ᠎ᠠ᠃ ᠲᠡᠨᠲᠡ ᠠᠴᠠ ᠪᠠᠨ ᠲᠠᠩᠬᠢᠰ ᠭᠡᠲᠦᠯᠵᠦ | ᠢᠷᠡᠭᠰᠡᠨ ᠪᠠᠶᠢᠵᠤ ᠮᠡᠲᠡᠬᠦ᠃ — ᠡᠶᠢᠮᠦ ᠵᠠᠭᠪᠤᠷ ᠲᠡᠭᠡᠷ᠎ᠡ ᠲᠠᠯᠪᠢᠵᠤ ᠦᠵᠡᠭᠦᠯᠡᠷ᠂ ᠤᠭ ᠲᠤᠮᠤᠭ ᠲᠤ᠂ ᠪᠤᠲᠠ | ᠡᠷᠭᠡᠲᠡᠨ ︵ᠪᠦᠷᠲᠡ︶᠂ ᠪᠠᠶᠢᠭᠠᠯᠢ ᠶᠢᠨ ᠬᠦᠴᠦᠨ ︵ᠲᠡᠭᠡᠷ᠎ᠡ ᠲᠡᠭᠷᠢ︶᠂ ᠦᠷ᠎ᠡ ᠳ᠋ᠦᠩ ︵ᠪᠠᠲᠠᠴᠢ ᠬᠠᠨ︶ | ᠬᠦᠢᠴᠡᠯᠲᠦᠵᠦ᠂ ᠵᠤᠬᠢᠶᠠᠩᠭᠤᠢ ᠡᠮᠬᠢ ᠲᠢᠭᠯᠢᠮ ᠲᠠᠢ ᠪᠤᠯᠵᠤ ᠢᠷᠡᠨ᠎ᠡ᠃ ᠲᠠᠷᠤᠢ᠂ ︽ᠲᠤᠲᠠᠭᠰᠠᠨ ᠨᠢᠭᠡ᠂ | ᠢᠯᠡᠭᠦᠲᠡᠭᠰᠡᠨ ᠨᠢᠭᠡ︾ ᠭᠡᠬᠦ ᠪᠠᠶᠢᠲᠠᠯ ᠭᠠᠷᠬᠤ ᠦᠭᠡᠢ᠃ | ︽ᠪᠦᠷᠲᠡ ᠴᠢᠨ᠋ᠸ᠎ᠠ᠂ ᠭᠡᠷᠬᠡᠢ᠂ ᠬᠤᠸᠠ ᠮᠡᠷᠡᠯ︾ ᠵᠡᠷᠭᠡ ᠦᠭᠡᠰ ᠲᠤ ᠪᠠᠰᠨ ᠨᠢᠭᠡ ᠠᠯᠬᠤᠮ ᠤᠨ ᠰᠢᠨᠵᠢᠯᠡᠭᠡ ᠬᠢᠬᠦ | ᠬᠡᠯᠡᠨ ᠤ ᠨᠦᠭᠦᠴᠡᠯ ᠮᠠᠨ ᠳᠤ ᠪᠠᠶᠢᠨ᠎ᠠ᠃ ᠲᠤᠬᠠᠶᠢᠯᠠᠪᠠᠯ᠄ ᠪᠦᠷᠲᠡ — ᠭᠡᠷᠡᠯ ᠭᠡᠭᠡ ᠲᠠᠢ ᠬᠤᠯᠪᠤᠭᠲᠠᠭᠰᠠᠨ | ᠦᠭᠡ ᠪᠠᠶᠢᠵᠤ ᠪᠤᠯᠤᠨ᠎ᠠ ᠭᠡᠵᠦ ᠡᠮᠦᠨ᠎ᠡ ᠬᠡᠰᠡᠭ ᠲᠤ ᠨᠢᠭᠡᠨᠳᠡ ᠲᠡᠮᠲᠡᠭᠯᠡᠵᠦ ᠦᠩᠭᠡᠷᠡᠪᠡ᠃ ᠡᠰᠡᠭᠦᠯ᠎ᠡ ︽ᠪᠦᠷᠦᠢ | ᠠᠴᠠ ᠡᠷᠲᠡ︾ ᠶᠢᠨ ᠲᠡᠭᠷᠢ ᠶᠢᠨ ᠪᠠᠷᠡᠭᠤᠨ ᠬᠤᠶᠢᠨ᠎ᠠ ᠬᠡᠰᠡᠭ ᠢ ᠨᠡᠶᠢᠲᠡᠮ ᠬᠡᠶᠢᠭᠦᠯᠦᠭᠴᠢ ᠲᠤᠯᠤᠩ ᠲᠤᠶᠠᠭ᠎ᠠ ᠶᠢ | ᠵᠢᠭᠠᠭᠰᠠᠨ ᠪᠠᠶᠢᠵᠤ ᠪᠤᠯᠬᠤ᠃ ᠴᠢᠨ᠋ᠸ᠎ᠠ — ᠡᠨᠡ ᠦᠭᠡ ᠶᠢ ︽ᠴᠢ᠊ ᠨ᠋᠊ ᠸᠠ︾ ᠭᠡᠬᠦ ᠭᠤᠷᠪᠠᠨ ᠭᠡᠰᠡᠭ ᠲᠤ | ᠠᠵᠢᠭᠯᠠᠵᠤ ᠪᠤᠯᠤᠨ᠎ᠠ᠃ ︽ᠴ᠊︾ ᠠᠪᠢᠶ᠎ᠠ ᠶᠢᠨ ︽ᠠᠴᠠᠵᠤ ᠲᠡᠭᠡᠭᠡᠬᠦ︾ ᠲᠠᠢ ᠵᠦᠭᠲᠡᠭᠡᠨ ᠬᠤᠯᠪᠤᠭᠲᠠᠵᠤ ᠪᠠᠶᠢᠭᠰᠠᠨ | ᠨᠢᠭᠡᠨ ᠤᠨᠴᠠᠯᠢᠭ ᠢ ᠡᠮᠦᠨ᠎ᠡ ᠭᠡᠰᠡᠭ ᠲᠤ ᠠᠩᠬᠠᠷᠪᠠ᠃ ᠲᠤᠮᠤᠭ ᠲᠠᠬᠢ ︽ᠲᠠᠩᠬᠢᠰ ᠭᠡᠲᠦᠯᠵᠦ ᠢᠷᠡᠪᠡ︾ ᠭᠡᠲᠡᠭ | ᠲᠤ ᠰᠢᠯᠲᠠᠭᠠᠯᠠᠵᠤ ︽ᠤᠩᠭᠤᠴᠠ᠂ ᠤᠩᠭᠤᠴᠠᠨ︾ ᠭᠡᠬᠦ ᠤᠳᠬ᠎ᠠ ᠲᠡᠭᠡᠷ᠎ᠡ ᠪᠤᠲᠤᠯᠬᠢᠯᠠᠵᠤ ᠪᠤᠯᠬᠤ ᠮᠡᠲᠦ᠃ ︽ᠨ᠊︾ | ᠶᠢ ᠡᠮᠦᠨ᠎ᠠ ᠬᠡᠰᠡᠭ ᠲᠤ ᠠᠩᠬᠠᠷᠴᠤ ᠬᠡᠲᠦᠨ ᠵᠦᠢᠯ ᠤᠨ ᠤᠨᠴᠠᠯᠢᠭ ᠲᠠᠢ ᠪᠠᠶᠢᠭ᠎ᠠ ᠶᠢ ᠲᠠᠨᠢᠵᠤ ᠤᠯᠪᠠ᠃ ᠠᠳᠡ | ᠲᠤᠮᠤᠭ ᠲᠠᠬᠢ ᠠᠭᠤᠯᠭ᠎ᠠ ᠶᠢᠨ ᠤᠷᠴᠢᠨ ᠲᠤᠭᠤᠷᠢᠨ ᠳᠤ ᠲᠤᠯᠲᠤᠶᠢᠯᠠᠵᠤ᠂ ︽ᠨᠤᠶᠠᠨ ᠠᠬᠠᠯᠠᠭᠴᠢ︾ ᠭᠡᠬᠦ | ᠤᠳᠬ᠎ᠠ ᠲᠠᠢ ᠪᠠᠶᠢᠭᠰᠠᠨ ᠭᠡᠵᠦ ᠦᠵᠡᠵᠦ ᠪᠤᠯᠬᠤ ᠮᠡᠲᠦ᠃ ᠲᠡᠭᠡᠭᠰᠡᠭᠡᠷ ︽ᠴᠢ᠊᠂ ᠨ᠊︾ ᠭᠡᠪᠡᠯ ︽ᠤᠩᠭᠤᠴᠠᠨ ᠤ | ᠨᠤᠶᠠᠨ ᠠᠬᠠᠯᠠᠭᠴᠢ︾ ᠭᠡᠬᠦ ᠰᠠᠨᠠᠭ᠎ᠠ ᠶᠢ ᠲᠤᠰᠬᠠᠭᠰᠠᠨ ᠪᠠᠶᠢᠵᠤ ᠪᠤᠯᠤᠨ᠎ᠠ᠃ ᠸᠠ — ᠰᠤᠲᠤᠷ ᠬᠦᠷᠪᠡᠭᠦᠯᠦᠭᠴᠢ | ᠬᠠᠭᠤᠴᠢᠨ ᠶᠦᠲ᠋ᠤᠭ ᠶᠤᠨᠲᠠᠠᠭᠤᠮᠪᠤ ᠭᠡᠭᠴᠢ ᠪᠠᠶᠢᠪᠠ᠂ ᠲᠡᠭᠦᠨ ᠤ ᠲᠤᠯᠤᠲᠤᠭᠠᠷ ᠦᠶ᠎ᠡ ᠶᠢᠨ ᠠᠴᠢ ᠰᠢᠨ᠎ᠡ ᠶᠦᠲ᠋ᠤᠭ | ᠶᠤᠨᠲᠠᠠᠭᠤᠮᠪᠤ ᠭᠡᠵᠦ ᠪᠠᠶᠢᠪᠠ᠃ ᠬᠤᠶᠠᠭᠤᠯᠨ ᠶᠢ ᠬᠠᠮᠲᠤ ᠳᠤᠨᠢ ︽ᠶᠦᠲ᠋ᠤᠬᠸᠠ︾ ᠭᠡᠵᠦ ᠲᠤᠪᠴᠢᠯᠠᠨ ᠵᠢᠭᠠᠲᠠᠭ | ᠬᠡᠯᠴᠡᠲᠡᠭ᠃ ᠠᠲᠡ ᠠᠴᠠ ︽ᠸᠠ︾ ᠭᠡᠬᠦ ᠦᠭᠡ ᠨᠢ ᠢᠯᠡᠷᠬᠡᠶ᠎ᠡ ︽ᠤᠪᠤᠭ︾ ᠭᠡᠬᠦ ᠤᠳᠬ᠎ᠠ ᠲᠠᠢ ᠪᠠᠶᠢᠬᠤ ᠶᠢ | ᠤᠯᠵᠤ ᠬᠠᠷᠠᠨ᠎ᠠ᠃ ᠲᠡᠭᠡᠪᠡᠯ ︽ᠴᠢᠨ᠋ᠸ᠎ᠠ︾ ᠭᠡᠪᠡᠯ ︽ᠤᠩᠭᠤᠴᠠᠨ ᠤᠪᠤᠭ ᠲᠠᠢ︾ ᠭᠡᠰᠡᠨ ᠰᠠᠨᠠᠭ᠎ᠠ ᠶᠢ | ᠬᠠᠷᠠᠭᠤᠯᠤᠭᠰᠠᠨ ᠪᠠᠶᠢᠵᠤ ᠪᠤᠯᠬᠤ ᠮᠡᠲᠦ᠃ ᠡᠷᠲᠡᠨ ᠤ ᠬᠦᠮᠦᠰ ᠤᠨ ᠪᠦᠯᠦᠭᠯᠡᠯ ᠨᠢ ᠦᠨᠲᠦᠷ ᠪᠠᠶᠢᠷᠢ ᠰᠠᠭᠤᠷᠢᠳᠡᠨ | ᠢᠶᠠᠨ ᠲᠠᠭᠠᠵᠤ ᠤᠪᠤᠭᠰᠢᠲᠠᠭ ᠪᠠᠶᠢᠬ᠎ᠠ᠃ ᠤᠪᠤᠭ᠂ ᠠᠬᠠᠯᠠᠭᠴᠢ᠂ ᠨᠤᠶᠠᠨ ᠤ ᠠᠯᠢ ᠨᠢ ᠴᠦ ᠪᠤᠯᠤᠭ ᠶᠡᠷᠦ ᠳᠡᠭᠡᠨ | ᠨᠤᠶᠠᠯᠠᠬᠤ ᠪᠠᠶᠢᠷᠢ ᠰᠠᠭᠤᠷᠢ ᠶᠢ ᠲᠤᠰᠬᠠᠲᠠᠭ᠃ ᠲᠡᠭᠡᠪᠡᠯ ᠦᠬᠦᠯᠡᠪᠦᠷᠢ ︽ᠲᠦᠷᠡᠭᠰᠡᠨ ᠪᠦᠷᠲᠡ ᠴᠢᠨ᠋ᠸ᠎ᠠ ᠠᠵᠤᠭᠤ︾ | ᠭᠡᠲᠡᠭ ᠨᠢ ︽ᠲᠦᠷᠡᠭᠰᠡᠨ ᠪᠦᠷᠲᠡ ᠤᠩᠭᠤᠴᠠᠨ ᠨᠤᠶᠠ ᠠᠵᠤᠭᠤ︾ ᠭᠡᠰᠡᠨ ᠤᠳᠬ᠎ᠠ ᠲᠠᠢ ᠪᠠᠶᠢᠵᠤ ᠪᠤᠯᠬᠤ ᠮᠡᠲᠦ᠃ | ᠭᠡᠷᠭᠡᠢ — ᠡᠨᠡ ᠦᠭᠡ ᠤᠯᠤᠰ ᠭᠡᠷ ᠢ ᠵᠢᠭᠠᠭᠰᠠᠨ ᠦᠭᠡ ᠪᠠᠶᠢᠵᠤ ᠪᠤᠯᠤᠨ᠎ᠠ᠃ ︽ᠭᠡᠷᠭᠡᠢ︾ ᠭᠡᠰᠡᠨ ᠦᠭᠡ ︽ | ᠭᠡᠷ︾ ᠭᠡᠰᠡᠨ ᠦᠭᠡ ᠠᠴᠠ ᠢᠷᠡᠨ᠎ᠡ᠃ ᠬᠢᠵᠠᠭᠠᠷ᠂ ᠭᠡᠷ᠂ ᠤᠷᠤᠨ᠂ ᠬᠦᠷ᠂ ᠬᠦᠷᠦᠨ ᠵᠡᠷᠭᠡ ᠦᠭᠡᠰ ᠤᠨ | ᠬᠠᠷᠢᠴᠠᠭ᠎ᠠ ᠬᠤᠯᠪᠤᠭᠠᠨ ᠤ ᠲᠤᠬᠠᠢ ᠡᠮᠦᠨ᠎ᠡ ᠬᠡᠰᠡᠭ ᠲᠤ ᠠᠩᠬᠠᠷᠪᠠ᠃ ᠬᠤᠸ᠋ᠨ ᠮᠡᠷᠡᠯ — ᠭᠠᠵᠠᠷ ᠤᠨ ᠨᠡᠷ᠎ᠡ | ᠪᠠᠶᠢᠵᠤ ᠮᠡᠲᠡᠨ᠎ᠡ᠃ ᠦᠨᠳᠦᠰᠦᠨ ᠳᠡᠭᠡᠨ ︽ᠬᠠᠮ ᠠᠷᠠᠯ︾ ᠭᠡᠬᠦ ᠬᠡᠯᠡᠯᠭᠡ ᠲᠠᠢ ᠤᠶᠢᠷ᠎ᠠ ᠪᠠᠶᠢᠨ᠎ᠠ᠃ ᠡᠮᠦᠨ᠎ᠡ ᠬᠡᠰᠡᠭ | ᠢᠶᠠᠷ ᠪᠢᠲᠡ ︽ᠠᠨ᠋ᠨ ᠬᠤᠬᠠᠭᠠᠨ︾ ᠭᠡᠬᠦ ᠬᠤᠯᠪᠤᠭ᠎ᠠ ᠦᠭᠡ ᠨᠢ ︽ᠠᠨᠠᠭᠠᠬᠤ ᠤᠬᠠᠭᠠᠨ︾ ᠭᠡᠵᠦ ᠬᠤᠪᠢᠷᠠᠭᠰᠠᠨ | ᠰᠢᠭ᠋ ᠭᠡᠵᠦ ᠰᠡᠵᠢᠭ ᠲᠠᠭᠠᠮᠠᠭ ᠡᠭᠦᠰᠭᠡᠵᠡᠢ᠃ ︽ᠮᠡᠷᠡᠯ︾ ᠭᠡᠬᠦ ᠦᠭᠡᠨ ᠳᠠᠬᠢ ︽ᠮ᠊︾ ᠨᠢ ᠡᠮᠦᠨᠡᠬᠢ ᠦᠭᠡ ᠶᠢᠨ | ᠲᠤᠤᠷ᠎ᠠ ᠨᠡᠶᠢᠯᠡᠪᠡᠯ ︽ᠬᠠᠮ︾ ᠪᠤᠯᠵᠤ᠂ ᠬᠤᠯᠪᠤᠭ᠎ᠠ ᠦᠭᠡ ︽ᠬᠠᠮ ᠠᠷᠠᠯ︾ ᠭᠡᠬᠦ ᠲᠠᠭᠤᠲᠠᠯᠭ᠎ᠠ ᠪᠤᠢ ᠪᠤᠯᠵᠤ | ᠢᠷᠡᠨ᠎ᠡ᠃ ︽ᠬᠠᠮᠤᠭ ᠠᠷᠠᠯ︾᠂ ︽ᠤᠯᠠᠨ ᠠᠷᠠᠯ ᠤᠯᠲᠤᠷᠢᠭ︾ ᠭᠡᠲᠡᠭ ᠰᠠᠨᠠᠭ᠎ᠠ ᠶᠢ ᠲᠤᠰᠬᠠᠭᠰᠠᠨ ᠪᠠᠶᠢᠵᠤ | ᠪᠤᠯᠤᠨ᠎ᠠ᠃ ᠬᠡᠶ᠎ᠡ ︽ᠬ᠊᠂ ᠺᠠ᠊︾ ᠰᠡᠯᠭᠦᠵᠦ᠂ ︽ᠨ᠊᠂ ᠮ᠊︾ ᠰᠡᠯᠭᠦᠵᠦ ᠪᠠᠶᠢᠲᠠᠭ᠃ ᠲᠡᠶᠢᠮᠦ ᠪᠤᠯ ︽ᠬᠠᠮ᠂ ᠬᠤᠮ᠂ | ᠬᠦᠮ ︵ᠠᠷᠠᠯ︶︾ ᠨᠢ ︽ᠬᠠᠨ᠎ᠠ᠂ ᠬᠤᠨᠠ᠂ ᠬᠦᠨ᠎ᠡ ︵ᠠᠷᠠᠯ︶︾ ᠪᠤᠯᠵᠤ ᠲᠠᠭᠤᠲᠠᠭᠲᠠᠬᠤ ᠪᠤᠶᠤ | ᠡᠰᠡᠭᠦᠯ᠎ᠡ ︽ᠺᠠᠨᠠ᠂ ᠺᠡᠤᠨᠡ᠂ ᠺᠦᠨᠡ ︵ᠠᠷᠠᠯ︶︾ ᠭᠡᠬᠦ ᠮᠡᠲᠦ ᠲᠠᠭᠤᠲᠠᠭᠲᠠᠬᠤ ᠪᠤᠯᠤᠮᠵᠢ ᠲᠠᠢ᠃ ᠶᠠᠭᠤ ᠭᠡᠶ᠎ᠡ | ᠠᠷᠠᠯ ᠤᠯᠲᠤᠷᠢᠭ ᠢ ᠵᠢᠭᠠᠭᠰᠠᠨ ᠰᠢᠭ᠋ ᠯᠡ ᠪᠠᠶᠢᠨ᠎ᠠ᠃ ᠴᠡᠭᠴᠡ ᠲᠠᠢ ᠶᠠᠷᠢᠪᠠᠯ᠄ ︽ᠴᠢᠩᠭᠢᠰ ᠬᠠᠭᠠᠨ ᠤ ᠢᠵᠠᠭᠤᠷ | ᠲᠡᠭᠡᠷ᠎ᠡ ᠲᠡᠭᠷᠢ ᠠᠴᠠ ᠵᠠᠶᠠᠭᠠᠲᠤ᠂ ᠲᠦᠷᠦᠭᠰᠡᠨ ᠪᠦᠷᠲᠡ ︵ᠤᠩᠭᠤ᠋ —︶ ᠴᠠᠨ ᠨᠤᠶ᠋ᠨ ᠠᠵᠤᠭᠤ᠃ ᠭᠡᠷ ᠬᠢ ᠨᠢ | ᠬᠠᠮ ᠠᠷᠠᠯ ᠠᠵᠠᠢ᠃ ᠲᠠᠩᠬᠢᠰ ᠭᠡᠲᠦᠯᠵᠦ ᠢᠷᠡᠪᠡ᠃ ᠤᠨᠠᠨ ᠮᠦᠷᠡᠨ ᠤ ᠲᠡᠷᠢᠭᠦᠨ᠎ᠡ ᠪᠤᠷᠬᠠᠨ ᠬᠠᠯᠲᠤᠨ᠎ᠠ | ᠨᠤᠲᠤᠭᠯᠠᠵᠤ ᠲᠦᠷᠡᠭᠰᠡᠨ ᠪᠠᠲᠠᠴᠢ ᠬᠠᠨ ᠠᠵᠤᠭᠤ︾᠃ | ᠦᠭᠡ ᠬᠡᠯᠨ ᠪᠤᠯ ᠤᠨᠴᠠᠭᠠᠢ ᠰᠤᠶᠤᠯ ᠮᠥᠨ᠂ ᠲᠡᠷᠨ ᠨᠢ ᠤᠯᠠᠨ ᠵᠦᠢᠯ ᠤᠨ ᠤᠨᠴᠠᠭᠠᠢ ᠰᠢᠨᠵᠢ ᠶᠢ ᠢᠯᠡᠷᠡᠭᠦᠯᠲᠡᠭ᠃ | ᠦᠭᠡ ᠬᠡᠯᠨ ᠨᠢ ᠲᠡᠤᠬᠡᠨ ᠬᠦᠭᠵᠢᠯᠲᠡ ᠶᠢᠨ ᠶᠠᠪᠤᠴᠠ ᠳᠠᠭᠠᠨ ᠤᠯᠠᠨ ᠤᠯᠠᠨ ᠬᠡᠯᠨ ᠵᠦᠢ ᠶᠢᠨ ᠵᠢᠮ᠎ᠡ ᠶᠤᠰᠤ ᠶᠢ | ᠢᠯᠡᠷᠡᠭᠦᠯᠦᠭᠰᠡᠨ ᠪᠠᠶᠢᠵᠤ ᠪᠤᠯᠬᠤ᠂ ᠲᠡᠲᠡᠭᠡᠷ ᠲᠤ ᠬᠠᠷᠢᠯᠴᠠᠨ ᠠᠬᠢᠭᠤᠯᠬᠤ ᠬᠠᠷᠢᠯᠴᠠᠨ ᠭᠠᠲᠠᠭᠤᠷᠴᠢᠯᠠᠬᠤ ᠵᠦᠢ | ᠲᠤᠭᠲᠠᠯ ᠪᠤᠢ ᠪᠤᠯᠤᠭᠰᠠᠨ ᠪᠠᠶᠢᠵᠤ ᠪᠤᠯᠬᠤ᠂ ᠴᠤᠬᠤᠮ ᠶᠠᠮᠠᠷ ᠪᠤᠯᠬᠤ ᠡᠰᠡᠬᠦ ᠶᠢ ᠲᠤᠬᠠᠢ ᠶᠢᠨ ᠬᠡᠯᠡᠨ ᠤ ᠬᠦᠭᠵᠢᠯᠲᠡ | ᠶᠢᠨ ᠲᠡᠤᠬᠡᠨ ᠶᠠᠪᠤᠴᠠ ᠰᠢᠢᠳᠪᠦᠷᠢᠯᠡᠨ ᠲᠤᠭᠲᠠᠭᠠᠨ᠎ᠠ᠃ ᠬᠦᠮᠦᠰ ᠪᠠᠶᠠᠴᠢ ᠪᠠᠷ ᠶᠠᠮᠠᠷ ᠴᠦ ᠵᠦᠷᠢᠴᠡᠯ ᠦᠭᠡᠢ | ᠬᠡᠯᠪᠡᠷᠢ ᠳᠤ ᠮᠠᠭᠠᠳᠯᠠᠨ ᠲᠤᠭᠲᠠᠭᠠᠵᠤ ᠴᠢᠲᠠᠬᠤ ᠦᠭᠡᠢ᠃ ᠡᠨᠡ ᠨᠢ ᠬᠡᠯᠡᠨ ᠤ ᠪᠤᠰᠤᠳᠴᠢ ᠰᠢᠨᠵᠢ ᠶᠢᠨ ᠬᠢᠨᠢ ᠪᠠᠰᠨ | ᠨᠢᠭᠡᠨ ᠢᠯᠡᠷᠡᠯ ᠮᠥᠨ᠃ ᠬᠦᠮᠦᠨ ᠲᠦᠷᠦᠯᠬᠢᠲᠡᠨ ᠤ ᠪᠦᠲᠦᠭᠡᠭᠰᠡᠨ ᠰᠤᠶᠤᠯ ᠤᠨ ᠵᠦᠢᠯ ᠳᠤ᠂ ᠦᠭᠡ ᠬᠡᠯᠨ ᠪᠤᠯ | ᠬᠠᠮᠤᠭ ᠤᠨ ᠤᠷᠲᠤ ᠤᠲᠠᠭᠠᠨ ᠲᠡᠤᠬᠡ ᠲᠠᠢ ᠰᠤᠶᠤᠯ ᠤᠨ ᠬᠠᠭᠤᠴᠢᠳ ᠤᠨ ᠨᠢᠭᠡ ᠪᠤᠯᠤᠨ᠎ᠠ᠃ ᠶᠠᠭᠤ ᠴᠦ | ᠬᠠᠭᠤᠴᠢᠳ ᠮᠦᠷᠲᠡᠭᠡᠨ ᠪᠠᠰᠨ ᠬᠤᠪᠢᠷᠠᠵᠤ ᠬᠦᠭᠵᠢᠵᠦ ᠪᠠᠶᠢᠭ᠎ᠠ ᠰᠢᠨ᠎ᠡ ᠬᠡᠷᠡᠭ ᠦᠵᠡᠭᠲᠡᠯ ᠪᠤᠯᠤᠨ᠎ᠠ᠃ ᠲᠡᠷᠡᠴᠢᠯᠡᠨ | ᠮᠤᠩᠭᠤᠯ ᠬᠡᠯᠨ ᠪᠤᠯ ᠮᠠᠰᠢ ᠦᠷᠭᠡᠴᠡ ᠪᠠ ᠬᠦᠨᠴᠡ ᠲᠠᠢ ᠨᠢᠭᠡᠨ ᠶᠡᠭᠡ ᠠᠬᠤᠢ ᠰᠤᠶᠤᠯ ᠪᠤᠯᠤᠨ᠎ᠠ᠃ ᠮᠦᠨ ᠴᠤᠭᠴᠠ | ᠪᠠᠷ ᠢᠶᠠᠨ ᠨᠢᠭᠡᠨ ᠮᠤᠨᠲᠤᠭ ᠲᠤᠮᠤ ᠰᠤᠶᠤᠯ ᠤᠨ ᠬᠠᠭᠤᠴᠢᠳ ᠪᠤᠯᠤᠨ᠎ᠠ᠃ ᠲᠤᠰ ᠨᠢᠮᠭᠡᠨ ᠦᠭᠦᠯᠡᠯ ᠢᠶᠠᠷ ᠲᠠᠮᠵᠢᠵᠤ | ᠮᠤᠩᠭᠤᠯ ᠬᠡᠯᠡᠨ ᠤ ᠲᠤᠬᠠᠢ ᠡᠶᠢᠮᠦ ᠲᠡᠶᠢᠮᠦ ᠵᠢᠮ᠎ᠡ ᠶᠤᠰᠤ ᠶᠢ ᠦᠭᠦᠯᠡᠨ ᠲᠤᠭᠠᠴᠠᠵᠤ ᠲᠡᠶᠢᠯᠬᠦ ᠦᠭᠡᠢ ᠪᠠᠶᠢᠭ᠎ᠠ᠃ | ᠲᠠᠰᠢᠷᠠᠮ ᠢᠶᠠᠷ ᠰᠡᠷᠡᠵᠦ ᠤᠯᠤᠭᠰᠠᠨ ᠵᠦᠢᠯ ᠭᠡᠪᠡᠯ᠄ ᠮᠤᠩᠭᠤᠯ ᠬᠡᠯᠡᠨ ᠤ ᠰᠡᠳᠭᠢᠭᠦᠢ ᠠᠯᠢ ᠡᠷᠲᠡ ᠲᠦᠷᠰᠦᠯᠢᠭ | ᠰᠡᠳᠬᠢᠭᠦᠢ᠂ ᠵᠦᠢᠴᠡᠯᠲᠦ ᠰᠡᠳᠭᠢᠭᠦᠢ ᠶᠢᠨ ᠪᠤᠯᠪᠠᠰᠤᠷᠠᠩᠭᠤᠢ ᠱᠠᠲᠤᠨ ᠳᠤ ᠬᠦᠷᠪᠡ᠃ ᠡᠨᠡ ᠬᠠᠷᠢᠶᠠᠨ ᠠᠴᠠ ᠪᠤᠯᠵᠤ | ᠦᠪᠡᠷᠮᠢᠴᠡ ᠤᠨᠴᠠᠯᠢᠭ ᠲᠠᠢ ᠦᠭᠡ ᠬᠡᠯᠨ ᠪᠠᠨ ᠰᠠᠶᠢᠲᠤᠷ ᠪᠦᠷᠢᠯᠲᠦᠭᠦᠯᠵᠡᠢ᠃ ᠭᠠᠭᠴᠠ ᠦᠶᠡᠲᠦ ᠦᠭᠡ᠂ | ᠵᠦᠢᠴᠡᠯ ᠦᠶᠡᠲᠦ ᠦᠭᠡ᠂ ᠨᠢᠭᠡ ᠢᠵᠠᠭᠤᠷᠲᠤ ᠦᠭᠡᠰ ᠤᠨ ᠪᠦᠯᠦᠭ᠂ ᠢᠵᠠᠭᠤᠷ ᠤᠨ ᠪᠦᠯᠦᠭᠲᠦ ᠦᠭᠡᠰ ᠤᠨ | ᠪᠦᠯᠦᠭ ᠭᠡᠬᠦ ᠮᠡᠲᠦ ᠪᠠᠶᠠᠯᠢᠭ ᠦᠭᠡᠰ ᠤᠨ ᠰᠠᠩ ᠲᠠᠢ ᠲᠡᠭᠡᠲᠦ ᠬᠡᠮᠵᠢᠶᠡᠨ ᠤ ᠤᠷᠠᠯᠢᠭ ᠴᠢᠨᠠᠷ ᠲᠠᠢ᠂ ᠬᠦᠭᠵᠢᠯ ᠤᠨ | ᠰᠠᠭᠤᠷᠢ ᠲᠠᠢ ᠦᠭᠡ ᠬᠡᠯᠡᠨ ᠤ ᠰᠢᠰᠲ᠋ᠧᠮ ᠢ ᠪᠦᠷᠢᠯᠲᠦᠭᠦᠯᠵᠡᠢ᠃ ᠪᠠᠶᠢᠭᠠᠯᠢ ᠶᠢᠨ ᠦᠵᠡᠭᠲᠡᠯ᠂ ᠠᠵᠤ ᠠᠮᠢᠲᠤᠷᠠᠯ᠂ | ᠰᠤᠶᠤᠯ ᠵᠠᠩᠰᠢᠯ᠂ ᠦᠭᠡ ᠬᠡᠯᠡ ᠵᠡᠷᠭᠡ ᠶᠢ ᠲᠡᠭᠡᠲᠦ ᠬᠡᠮᠵᠢᠶᠡᠨ ᠳᠤ ᠠᠭᠤᠰᠤᠯᠲᠤᠭᠤᠯᠵᠤ ᠬᠡᠯᠡᠨ ᠤ ᠰᠤᠷᠠᠭ ᠵᠠᠩᠭᠢ | ᠶᠢ ᠤᠨ ᠤᠲᠠᠭᠠᠨ ᠠᠴᠢᠶᠠᠯᠠᠵᠤ ᠬᠠᠲᠠᠭᠠᠯᠠᠬᠤ ᠴᠢᠲᠠᠪᠬᠢ ᠲᠠᠢ ᠲᠡᠭᠦᠯᠲᠡᠷ ᠬᠡᠯᠨ ᠶᠢ ᠪᠦᠷᠢᠯᠲᠦᠭᠦᠯᠵᠡᠢ᠃ | ᠠᠪᠢᠶᠠᠨ ᠲᠠᠭᠤᠨ ᠤ ᠲᠦᠷᠰᠦ ᠲᠤᠲᠤᠷᠠᠭᠤᠯᠬᠤᠢ ᠶᠢ ᠮᠠᠰᠢ ᠠᠩᠬᠠᠷᠴᠤ᠂ ᠭᠡᠶᠢᠭᠦᠯᠦᠭᠴᠢ ᠠᠪᠢᠶ᠎ᠠ ᠪᠠᠷ ᠪᠤᠲᠠᠰ ᠤᠨ | ᠤᠳᠬ᠎ᠠ ᠶᠢ ᠢᠯᠡᠷᠡᠭᠦᠯᠬᠦ ᠶᠢ ᠵᠤᠷᠢᠵᠤ᠂ ᠡᠭᠡᠰᠢᠭ ᠠᠪᠢᠶ᠎ᠠ ᠪᠠᠷ ᠬᠡᠯᠡᠨ ᠳᠠᠬᠢ ᠤᠳᠬ᠎ᠠ ᠶᠢᠨ ᠬᠡᠯᠪᠡᠷᠢ ᠶᠢ | ᠲᠤᠲᠤᠷᠠᠭᠤᠯᠬᠤ ᠪᠠᠷ ᠵᠤᠷᠢᠵᠠᠢ᠃ ᠡᠨᠡ ᠨᠢ ᠬᠡᠯᠡ ᠪᠠᠷ ᠤᠳᠬ᠎ᠠ ᠶᠢ ᠢᠯᠡᠳᠭᠡᠬᠦ ᠭᠡᠭᠴᠢ ᠨᠢ ᠬᠡᠯᠨ ᠪᠠᠷ ᠣᠳᠬ᠎ᠠ ᠶᠢ | ᠢᠯᠡᠳᠭᠡᠬᠦ ᠪᠠᠷ ᠵᠤᠷᠢᠬᠤ ᠶᠠᠪᠤᠴᠠ ᠮᠥᠨ ᠭᠡᠲᠡᠭ ᠢ ᠰᠡᠷᠡᠭᠲᠡᠭᠦᠯᠵᠦ ᠪᠠᠶᠢᠨ᠎ᠠ᠃ ᠦᠭᠡᠰ ᠤᠨ ᠰᠠᠩ᠂ ᠬᠡᠯᠡᠨ ᠤ | ᠤᠷᠴᠢᠨ ᠵᠡᠷᠭᠡ ᠨᠢ ᠬᠡᠯᠨ ᠪᠠᠷ ᠤᠳᠬ᠎ᠠ ᠶᠢ ᠢᠯᠡᠳᠭᠡᠬᠦ ᠪᠠᠷ ᠵᠤᠷᠢᠬᠤ ᠶᠠᠪᠤᠴᠠ ᠶᠢᠨ ᠪᠡᠶᠡᠯᠡᠭᠲᠡᠬᠦ ᠪᠠ ᠦᠷᠭᠦᠯᠵᠢᠯᠡᠬᠦ | ᠶᠢᠨ ᠬᠡᠯᠡᠨ ᠤ ᠬᠤᠪᠢ ᠳᠠᠬᠢ ᠬᠠᠮᠤᠭ ᠤᠨ ᠤᠶᠢᠷ᠎ᠠ ᠵᠠᠭᠤᠴᠢ ᠤᠷᠴᠢᠨ ᠮᠥᠨ᠃ ᠬᠡᠯᠨ ᠶᠢ ᠬᠦᠭᠵᠢᠭᠦᠯᠬᠦ | ᠠᠰᠠᠭᠤᠲᠠᠯ ᠨᠢ ᠡᠨᠡᠬᠦ ᠵᠠᠭᠤᠴᠢ ᠤᠷᠴᠢᠨ ᠢ ᠬᠡᠷᠬᠢᠨ ᠪᠤᠲᠤᠯᠬᠢᠯᠠᠬᠤ ᠲᠠᠢ ᠮᠠᠰᠢ ᠶᠡᠭᠡ ᠬᠤᠯᠪᠤᠭ᠎ᠠ ᠲᠠᠢ ᠪᠠᠶᠢᠨ᠎ᠠ᠃ | ᠰᠤᠶᠤᠯ ᠤᠨ ᠬᠠᠭᠤᠴᠢᠳ ᠤᠨ ᠲᠤᠬᠠᠢ ᠲᠠᠨᠢᠯᠲᠡ ᠨᠢ ᠡᠷᠲᠡᠮ ᠰᠢᠨᠵᠢᠯᠡᠭᠡᠨ ᠠᠴᠠ ᠰᠠᠯᠵᠤ ᠴᠢᠲᠠᠬᠤ ᠦᠭᠡᠢ᠂ ᠰᠢᠨ᠎ᠡ | ᠬᠡᠷᠡᠭ ᠦᠵᠡᠭᠲᠡᠯ ᠨᠢ ᠰᠤᠶᠤᠯ ᠠᠮᠢᠲᠤᠷᠠᠯ ᠲᠠᠢ ᠤᠶᠠᠯᠲᠤᠬᠤ ᠶᠠᠪᠤᠴᠠ ᠳᠤ ᠬᠦᠭᠵᠢᠯᠲᠡ ᠶᠢᠨ ᠠᠷᠭ᠎ᠠ ᠬᠡᠯᠪᠡᠷᠢ ᠪᠠᠨ | ᠲᠡᠭᠦᠯᠲᠡᠷᠵᠢᠭᠦᠯᠦᠨ᠎ᠡ᠃ ᠲᠡᠶᠢᠮᠦ ᠪᠤᠯ ᠬᠡᠯᠡᠨ ᠤ ᠠᠰᠠᠭᠤᠲᠠᠯ ᠲᠡᠭᠡᠷ᠎ᠡ ᠨᠢᠭᠡᠨ ᠶᠡᠷᠦᠩᠬᠡᠶᠢᠯᠡᠭᠰᠡᠨ ᠡᠷᠲᠡᠮ ᠪᠠᠶᠢᠵᠤ | ᠪᠤᠯᠤᠨ᠎ᠠ᠃ ᠲᠠᠷᠤᠢ᠂ ᠬᠡᠯᠨ ᠶᠢ ᠬᠦᠭᠵᠢᠭᠦᠯᠬᠦ ᠤᠯᠠᠨ ᠲᠦᠮᠡᠨᠴᠢ ᠠᠵᠢᠯᠯᠠᠭ᠎ᠠ ᠪᠤᠯ ᠬᠡᠯᠡᠨ ᠤ ᠲᠤᠬᠠᠢ | ᠠᠷᠠᠳᠴᠢᠯᠠᠭᠰᠠᠨ ᠰᠢᠨᠵᠢ ᠲᠠᠢ᠂ ᠤᠲᠠᠭᠠᠨ ᠲᠠᠭᠠᠭᠠᠮᠠᠭᠠᠢ ᠡᠷᠲᠡᠮ ᠰᠢᠨᠵᠢᠯᠡᠭᠡᠨ ᠮᠥᠨ ᠭᠡᠵᠦ ᠰᠡᠷᠡᠭᠲᠡᠨᠡ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |