ᠪᠤᠷᠵᠢᠬᠢᠨ ᠡᠭᠦᠯᠡᠴᠢ | | | ᠬᠠᠶᠢᠷ᠎ᠠ ᠪᠤᠯᠢᠶᠠᠮ᠎ᠠ ᠬᠠᠷ᠎ᠠ ᠨᠢᠳᠦᠨ ᠮᠢᠨᠢ᠂ | ᠬᠠᠷᠴᠠᠳᠠᠢ ᠪᠤᠯᠭᠠᠨ ᠤ ᠨᠢᠳᠦᠨ ᠠᠴᠠ᠂ | ᠬᠠᠷᠮᠠᠯᠠᠵᠤ ᠴᠢᠮᠠᠶᠢᠢ ᠶᠢ ᠰᠠᠨᠠᠬᠤ ᠶᠤᠮ︔ | ᠬᠤᠨᠢᠨ ᠪᠤᠷᠤ ᠨᠢᠳᠦ ᠲᠠᠢ᠂ | ᠬᠤᠩᠭᠤᠷ ᠭᠤᠸ᠎ᠠ ᠪᠦᠰᠬᠦᠢ ᠴᠢ | ᠬᠦᠮᠦᠨ ᠪᠦᠬᠦᠨ ᠤ ᠠᠩᠬᠠᠷᠤᠯ ᠶᠢ ᠳᠠᠳᠠᠭᠰᠠᠨ | ᠪᠤᠯᠵᠤᠭᠠᠨ ᠤ ᠵᠢᠭᠠᠬᠠᠨ ᠠᠮᠠᠷᠠᠭ ᠮᠢᠨᠢ︔ | ᠬᠦᠰᠡᠯ ᠰᠡᠳᠬᠢᠯ ᠤᠨ ᠠᠮᠠᠷᠠᠭ | ᠬᠦᠬᠡᠷᠦᠬᠦᠨ ᠭᠤᠶᠤ ᠳᠠᠬᠢᠨᠢ ᠮᠢᠨᠢ︔ | ᠳᠦᠮᠡᠨ ᠤ ᠳᠤᠮᠳᠠ ᠪᠠᠨ ᠤᠨᠴᠤᠭᠠᠢ᠂ | ᠳᠤᠷᠤᠭᠤᠨ ᠨᠢᠳᠦᠳᠠᠢ ᠬᠡᠤᠬᠡᠨ᠂ | ᠮᠦᠩᠬᠡ ᠰᠠᠷᠠᠨ᠎ᠠ ᠴᠡᠴᠡᠭ ᠰᠢᠭ ᠮᠦᠷᠦᠬᠡᠳᠡᠯ | ᠮᠦᠩᠬᠡ ᠳᠡᠭᠷᠢ ᠶᠢᠨ ᠰᠠᠷᠠᠨ ᠰᠢᠭ | ᠮᠤᠩᠭᠤᠯ ᠬᠦᠤ ᠶᠢᠨ ᠰᠦᠯᠳᠡ ᠨᠢ ᠶᠤᠮ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |