ᠪᠤᠷᠵᠢᠬᠢᠨ ᠡᠭᠦᠯᠡᠴᠢ | | | ᠠᠪᠤ ᠶᠢᠨ ᠬᠦᠤ ᠶᠢᠨ ᠠᠩᠬᠠᠨ ᠤ ᠬᠠᠶᠢᠷ᠎ᠠ ᠶᠢ᠂ | ᠴᠠᠬᠢᠭᠤᠷ ᠤᠨ ᠤᠴᠢ ᠰᠢᠭ ᠬᠡᠷᠡᠯᠳᠤᠭᠦᠯᠵᠤ᠂ | ᠵᠠᠶᠠᠭ᠎ᠠ ᠳᠦᠰᠢᠭᠰᠡᠨ ᠬᠤᠷᠸ᠎ᠠ ᠳᠤ᠂ | ᠠᠮᠢᠳᠤᠷᠠᠯ ᠤᠨ ᠠᠶᠠᠰ ᠢᠶᠠᠷ ᠤᠶᠠᠩᠭᠠᠯᠠᠨ᠎ᠠ᠃ | ᠡᠮᠵᠢᠭ ᠰᠡᠳᠬᠢᠯ ᠤᠨ ᠰᠢᠷᠬ᠎ᠠ ᠶᠢ | ᠳᠦᠷᠡᠯᠵᠢᠮᠡ ᠬᠠᠶᠢᠷ᠎ᠠ ᠪᠠᠷ ᠠᠰᠠᠭᠠᠵᠦ᠂ | ᠵᠢᠷᠭᠠᠯ ᠲᠡᠷᠡᠯᠡᠭᠰᠡᠨ ᠦᠷᠦᠬᠡᠨ ᠳᠡᠭᠡᠨ᠂ | ᠦᠷᠦᠪᠴᠢᠬᠡᠨ ᠵᠢᠷᠦᠬᠡᠨ ᠠᠴᠠ ᠴᠠᠬᠢᠯᠤᠨᠡ᠃ | ᠤᠶᠠᠬᠠᠨ ᠬᠤᠩᠭᠤᠷ ᠠᠭᠠᠰᠢᠨ ᠳᠤᠨᠢ᠂ | ᠬᠠᠳᠠᠨ ᠬᠦᠷᠬᠢᠷ᠎ᠡ ᠰᠢᠭ ᠠᠰᠬᠠᠷᠡᠵᠤ᠂ | ᠴᠤᠤᠷᠠᠢ ᠳᠤᠩᠭᠠᠯᠠᠭ ᠳᠠᠭᠤᠨ ᠤ᠂ | ᠨᠠᠨᠳᠢᠨ ᠪᠦᠬᠦᠨ ᠦᠮᠴᠢᠯᠡᠭᠳᠡᠨ᠎ᠡ᠃ | ᠮᠦᠰᠢᠶᠡᠯᠳᠤ ᠳᠤᠯᠠᠭᠠᠨ ᠬᠠᠴᠠᠷ ᠳᠤᠨᠢ᠂ | ᠰᠤᠷᠤᠨᠵᠢᠨ ᠬᠤᠨᠳᠠᠭ᠎ᠠ ᠳᠤᠳᠤᠷᠠᠵᠦ᠂ | ᠰᠤᠳᠤᠨ ᠬᠤᠶᠠᠷ ᠮᠡᠯᠮᠡᠢ ᠳᠤᠨᠢ | ᠬᠤᠵᠢᠮ ᠤᠨ ᠳᠤᠷᠠᠳᠬᠠᠯ ᠮᠦᠩᠬᠡᠷᠡᠬᠦ ᠶᠤᠮ᠃ | ᠠᠩᠬᠠᠨ ᠤ ᠬᠠᠶᠢᠷ᠎ᠠ ᠶᠢ ᠲᠦᠷᠡᠯᠵᠢᠬᠦᠯᠦᠭᠰᠡᠨ᠂ | ᠠᠯᠳᠠᠷᠠᠶᠢᠬᠠᠨ ᠪᠤᠷᠤ ᠨᠢᠳᠦᠨ ᠮᠢᠨᠢ ᠡ᠃ | | ᠮᠤᠷᠢ ᠮᠢᠨᠤ ᠬᠡᠶᠢᠮᠤᠷᠢ | ᠠᠬᠢ ᠪᠠᠨ ᠬᠦᠨᠳᠡᠯ ᠦᠬᠡᠢ ᠬᠦᠩᠬᠡᠬᠡᠨ ᠴᠠᠪᠴᠢᠯᠠᠳᠠᠭ᠂ | ᠳᠤᠭᠤᠷᠠᠢ ᠴᠢᠨᠢ ᠮᠢᠨᠤ ᠠᠯᠳᠠᠷ᠃ | ᠠᠭᠠᠷ ᠶᠢᠨ ᠰᠤᠴᠢᠭᠠᠬᠤ ᠦᠬᠡᠢ ᠵᠦᠬᠡᠯᠡᠬᠡᠨ ᠱᠤᠤᠬᠢᠳᠠᠭ᠂ | ᠳᠡᠯ ᠴᠢᠨᠢ ᠮᠢᠨᠤ ᠬᠡᠶᠢᠮᠤᠷᠢ᠃ | ᠬᠤᠶᠠᠷ ᠰᠤᠭᠤᠨ ᠳᠤ ᠴᠢᠨᠢ ᠵᠢᠬᠦᠷ ᠤᠷᠭᠤᠬᠤ᠂ | ᠤᠭᠰᠠᠭᠠᠨ ᠤ ᠶᠠᠭᠠᠨ ᠬᠡᠬᠡ᠃ | ᠬᠤᠷᠸ᠎ᠠ ᠳᠡᠯᠡᠬᠡᠢ ᠳᠤ ᠴᠢᠮ᠎ᠠ ᠲᠠᠢ ᠪᠠᠨ ᠬᠢᠩᠭᠠᠯᠠᠬᠤ᠂ | ᠤᠳᠤᠮ ᠤᠨ ᠮᠢᠨᠢ ᠪᠤᠰᠤᠭ᠎ᠠ ᠰᠤᠶᠤᠯ᠃ | | ᠴᠢ ᠮᠢᠨᠢ | ᠠᠩᠬᠠᠨ ᠤ ᠳᠤᠷᠯᠠᠯ ᠳᠤ ᠤᠴᠢ ᠪᠤᠯᠤᠭᠰᠠᠨ᠂ | ᠤᠶᠠᠬᠠᠨ ᠨᠠᠯᠠᠩᠬᠠᠢ ᠪᠤᠷᠤ ᠨᠢᠳᠦᠨ ᠮᠢᠨᠢ᠃ | ᠦᠬᠡᠷ᠎ᠡ ᠪᠤᠰᠤᠳ ᠠᠴᠠ ᠬᠠᠷᠠᠮᠠᠯᠠᠵᠤ ᠶᠠᠪᠤᠭᠰᠠᠨ᠂ | ᠤᠴᠢᠷᠳᠠᠶᠢᠬᠠᠨ ᠳᠦᠷᠦᠭᠰᠡᠨ ᠠᠯᠳᠠᠷᠠᠢ ᠮᠢᠨᠢ᠃ | ᠬᠠᠶᠢᠷ᠎ᠠ ᠶᠢᠨ ᠰᠠᠬᠢᠭᠤᠰᠤ ᠶᠢᠨ ᠰᠢᠳᠢ ᠲᠠᠢ᠂ | ᠬᠠᠶᠢᠷᠠᠳᠠᠶᠢᠬᠠᠨ ᠮᠢᠨᠤ ᠠᠮᠠᠷᠠᠭ ᠮᠢᠨᠢ᠃ | ᠬᠦᠰᠡᠯ ᠤᠨ ᠳᠡᠭᠷᠢ ᠶᠢᠨ ᠳᠠᠬᠢᠨᠢ ᠬᠡᠵᠦ᠂ | ᠬᠦᠮᠦᠨ ᠠᠴᠠ ᠨᠢᠭᠤᠵᠦ ᠴᠢᠮᠠᠳᠤ ᠰᠢᠪᠡᠨᠡᠶ᠎ᠡ᠃ | ᠢᠷᠡᠬᠡᠳ ᠪᠤᠴᠠᠬᠤ ᠤᠷᠴᠢᠯᠠᠩ ᠳᠤ᠂ | ᠦᠵᠡᠰᠬᠦᠯᠡᠩ ᠳᠦᠷᠦᠭᠰᠡᠨ ᠴᠡᠴᠡᠭ ᠮᠢᠨᠢ᠃ | ᠦᠨᠡᠨᠴᠢ ᠰᠡᠳᠬᠢᠯ ᠤᠨ ᠵᠢᠷᠦᠬᠡ ᠬᠡᠵᠦ᠂ | ᠡᠬᠦᠷᠢᠳᠡ ᠴᠢᠮ᠎ᠡ ᠶᠢ ᠪᠠᠨ ᠴᠤᠤᠷᠠᠶᠢᠯᠠᠶᠠ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |